﹇ᠰᠤᠮᠤ · ᠰᠣᠶᠣᠯ ᠤᠨ ᠰᠤᠳᠠᠰᠤ ᠰᠢᠭᠤᠶᠢᠲᠤ﹈ ᠤᠯᠠᠭᠠᠭᠴᠢᠨ ᠭᠠᠭ᠋ᠠᠢ ᠵᠢᠯ ᠤᠨ ᠵᠤᠠ ᠤ ᠳᠤᠮᠳᠠ ᠰᠠᠷ᠎ᠠ ᠳᠤ ᠰᠢᠭᠤᠶᠢᠲᠦ ᠶᠢᠨ ᠵᠣᠣ ᠤᠯᠤᠰ ᠤᠨ ᠤᠷᠲᠤ ᠴᠠᠭᠠᠨ ᠬᠡᠷᠡᠮ ᠢ ᠲᠤᠰᠬᠠᠢ ᠰᠤᠷᠪᠤᠯᠵᠢᠯᠠᠭᠰᠠᠨ ᠨᠢ
ᠨᠡᠶᠢᠲᠡᠯᠡᠭᠰᠡᠨ ᠴᠠᠭ᠄
2025/2/18
        ᠡᠰᠢ ᠲᠠᠲᠠᠬᠤ        ᠥᠪᠥᠷ ᠮᠣᠩᠭᠤᠯ ᠤᠨ ᠪᠤᠭᠤᠲᠤ ᠬᠤᠲᠠ ᠶᠢᠨ ᠰᠢᠭᠤᠶᠢᠲᠤ ᠲᠣᠭᠤᠷᠢᠭ᠂ ᠬᠤᠶᠢᠲᠤ ᠲᠠᠯ᠎ᠠ ᠨᠢ ᠬᠤᠲᠠ ᠶᠢᠨ ᠲᠤᠭᠤᠷᠢᠭ ᠠᠴᠠ 36 ᠺᠢᠯᠤᠮᠧᠲᠷ ᠵᠠᠶᠢᠲᠠᠶ ᠪᠠᠶᠢᠵᠤ᠂ ᠮᠣᠨᠢ ᠠᠭᠤᠯᠠ ᠶᠢᠨ ᠭᠦᠨ ᠳᠠᠬᠢ ᠳᠠᠯᠠᠨ ᠬᠠᠷ᠎ᠠ ᠠᠭᠤᠯᠠ ᠶᠢᠨ ᠡᠪᠦᠷ ᠳᠣᠲᠣᠷ᠎ᠠ ᠪᠠᠶᠢᠷᠢᠯᠠᠵᠤ ᠪᠠᠶᠢᠳᠠᠭ᠃ ᠰᠢᠭᠤᠶᠢᠲᠦ ᠨᠢ ᠠᠭᠤᠯᠠ ᠤᠰᠤ ᠨᠢ ᠦᠵᠡᠰᠭᠦᠯᠡᠩ ᠰᠠᠶᠢᠬᠠᠨ᠂ ᠬᠦᠮᠦᠨ ᠨᠢ ᠴᠦ ᠭᠠᠷᠮᠠᠭᠠᠢ᠂ ᠳᠡᠭᠡᠬᠦ ᠮᠦᠷᠲᠡᠭᠡᠨ ᠪᠠᠰᠠ ᠠᠭᠤᠷᠬᠠᠢ ᠶᠢᠨ ᠪᠤᠯᠠᠭᠳᠠᠴᠠ ᠨᠢ ᠴᠤ ᠦᠨᠢ ᠤᠳᠠᠭᠠᠨ ᠲᠡᠥᠬᠡ ᠲᠠᠢ ᠪᠠᠶᠢᠳᠠᠭ᠃ 15 ᠺᠢᠯᠣᠮᠧᠲᠷ ᠤᠷᠲᠤ ᠪᠠᠶᠢᠯᠳᠤᠭᠠᠨᠲᠤ ᠤᠯᠤᠰ ᠤᠨ ᠵᠤᠤ ᠤᠯᠤᠰ ᠤᠨ ᠤᠷᠲᠤ ᠴᠠᠭᠠᠨ ᠬᠡᠷᠡᠮ ᠨᠢ ᠨᠢᠭᠡᠨᠲᠡ 2300 ᠭᠠᠷᠤᠢ ᠵᠢᠯ ᠤᠨ ᠲᠡᠦᠬᠡ ᠲᠠᠢ᠃ ᠬᠡᠳᠦᠶᠢᠪᠡᠷ ᠰᠢᠷᠣᠢ ᠬᠠᠩᠳᠠᠵᠤ ᠪᠦᠲᠦᠭᠰᠡᠨ ᠪᠥᠭᠡᠳ ᠡᠪᠳᠡᠷᠡᠵᠦ ᠰᠦᠢᠳᠦᠭᠰᠡᠨ ᠨᠢ ᠬᠦᠨᠳᠦ ᠨᠣᠴᠢᠲᠠᠢ ᠪᠣᠯᠪᠠᠴᠤ᠂ ᠵᠤᠬᠢᠶᠠᠭᠴᠢᠳ ᠨᠢ ᠨᠤᠲᠤᠭ ᠤᠰᠤᠨ ᠳᠤ ᠪᠠᠨ ᠡᠷᠲᠡᠨ ᠤ ᠣᠷᠳᠣ ᠴᠠᠭᠠᠨ ᠬᠡᠷᠡᠮ ᠲᠠᠢ ᠪᠣᠯᠤᠭᠰᠠᠨ ᠳᠠᠭᠠᠨ ᠣᠮᠣᠭᠰᠢᠨ ᠣᠮᠣᠭᠰᠢᠳᠠᠭ᠃ ᠤᠴᠢᠷ ᠨᠢ ᠲᠡᠷᠡ ᠪᠣᠯ ᠮᠠᠨ ᠤ ᠠᠭᠤᠤ ᠶᠡᠭᠡ ᠡᠬᠡ ᠤᠯᠤᠰ ᠤᠨ ᠭᠡᠷᠡᠯ ᠰᠠᠴᠤᠷᠠᠩᠭᠤᠢ ᠰᠣᠶᠣᠯ ᠤᠨ ᠲᠡᠦᠬᠡ ᠶᠢᠨ ᠬᠤᠷᠢᠶᠠᠩᠭᠤᠢ ᠳᠦᠷᠰᠦ ᠮᠥᠨ᠂ ᠳᠤᠮᠳᠠᠳᠤ ᠶᠢᠨ ᠦᠨᠳᠦᠰᠦᠲᠡᠨ ᠤ ᠬᠠᠯᠠ ᠵᠤᠪᠠᠯᠠᠩ ᠢ ᠢᠯᠠᠨ ᠳᠠᠪᠠᠭ᠋ᠤ ᠶᠢᠨ ᠪᠡᠯᠭᠡ ᠲᠡᠮᠳᠡᠭ ᠮᠥᠨ᠃ ᠲᠡᠷᠡ ᠨᠢ ᠴᠠᠭ ᠢᠮᠠᠭᠲᠠ ᠵᠣᠬᠢᠶᠠᠭᠴᠢ ᠶᠢ ᠲᠠᠲᠠᠵᠤ᠂ ᠳᠤᠮᠳᠠᠳᠤ ᠤᠯᠤᠰ ᠤᠨ ᠤᠷᠲᠤ ᠴᠠᠭᠠᠨ ᠬᠡᠷᠡᠮ ᠤᠨ ᠨᠡᠶᠢᠭᠡᠮᠯᠢᠭ ᠤᠨ ᠭᠡᠰᠢᠭᠦᠨ᠂ ᠦᠨᠳᠦᠰᠦᠨ ᠱᠠᠲᠤᠨ ᠤ ᠰᠣᠶᠣᠯ ᠤᠨ ᠠᠵᠢᠯᠲᠠᠨ ᠪᠣᠯᠣᠭᠰᠠᠨ ᠤ ᠬᠤᠪᠢ ᠳᠤ ᠂ ᠵᠤᠤ ᠤᠯᠤᠰ ᠤᠨ ᠤᠷᠲᠤ ᠴᠠᠭᠠᠨ ᠬᠡᠷᠡᠮ ᠢ ᠰᠤᠳᠤᠯᠬᠤ᠂ ᠤᠬᠠᠭᠤᠯᠭ᠎ᠠ ᠬᠢᠬᠦ᠂ ᠤᠷᠲᠤ ᠴᠠᠭᠠᠨ ᠬᠡᠷᠡᠮ ᠢ ᠬᠠᠮᠠᠭᠠᠯᠠᠬᠤ ᠪᠠ ᠨᠡᠬᠡᠬᠡᠨ ᠬᠦᠭᠵᠢᠭᠦᠯᠬᠦ ᠶᠢ ᠠᠬᠢᠭᠤᠯᠬᠤ ᠳᠤ ᠠᠷᠢᠭᠤᠨ ᠳᠠᠷᠬᠠᠨ ᠡᠭᠦᠷᠭᠡ ᠬᠠᠷᠢᠭᠤᠴᠠᠯᠭ᠎ᠠ ᠶᠢ ᠡᠭᠦᠷᠭᠡᠯᠡᠵᠦ ᠪᠠᠶᠢᠳᠠᠭ᠃ ᠦᠨᠳᠦᠰᠦᠲᠡᠨ ᠤ ᠰᠢᠯᠢᠳᠡᠭ ᠤᠯᠠᠮᠵᠢᠯᠠᠯᠲᠤ ᠰᠣᠶᠣᠯ ᠢ ᠶᠡᠬᠡᠪᠡᠷ ᠪᠠᠳᠠᠷᠠᠭᠤᠯᠵᠤ᠂ ᠤᠷᠲᠤ ᠴᠠᠭᠠᠨ ᠬᠡᠷᠡᠮ ᠤᠨ ᠵᠣᠷᠢᠭ ᠰᠠᠨᠠᠭ᠎ᠠ ᠶᠢ ᠪᠠᠳᠠᠷᠠᠭᠤᠯᠤᠨ᠂ ᠤᠷᠲᠤ ᠴᠠᠭᠠᠨ ᠬᠡᠷᠡᠮ ᠤᠨ ᠬᠠᠮᠠᠭᠠᠯᠠᠯᠲᠠ ᠶᠢᠨ ᠦᠢᠯᠡᠰ ᠢ ᠰᠠᠶᠢᠲᠤᠷ ᠬᠢᠬᠦ ᠶᠢ ᠥᠪᠡᠷ ᠤᠨ ᠡᠭᠦᠷᠭᠡ  ᠪᠠᠨ ᠪᠣᠯᠭᠠᠨ᠎ᠠ᠃ ︽ᠳᠤᠮᠳᠠᠳᠤ ᠤᠯᠤᠰ  ᠢᠶᠠᠨ ᠬᠠᠶᠢᠷᠠᠯᠠᠬᠤ᠂ ᠤᠷᠲᠤ ᠴᠠᠭᠠᠨ ᠬᠡᠷᠡᠮ ᠢᠶᠠᠨ ᠵᠠᠰᠠᠬᠤ︾ ᠨᠢ ᠴᠠᠭ ᠢᠮᠠᠭᠲᠠ ᠵᠣᠬᠢᠶᠠᠭᠴᠢ ᠶᠢ ᠵᠣᠷᠢᠭᠵᠢᠭᠤᠯᠵᠤ ᠪᠠᠶᠢᠳᠠᠭ᠃        ᠤᠭ ᠦᠨᠳᠦᠰᠦ ᠶᠢ ᠨᠢ ᠡᠷᠢᠬᠦ        ᠪᠠᠶᠢᠯᠳᠤᠭᠠᠨᠲᠤ ᠤᠯᠤᠰ ᠤᠨ ᠳᠣᠯᠣᠭᠠᠨ ᠬᠦᠴᠦᠷᠬᠡᠭ ᠤᠨ ᠨᠢᠭᠡ — ᠵᠣᠣ ᠤᠯᠤᠰ ᠤᠨ ᠵᠣᠣ ᠰᠢᠶᠤᠤ ᠾᠧᠦ 326 ᠣᠨ ᠳᠤ ᠨᠠᠰᠤ ᠪᠠᠷᠠᠭᠰᠠᠨ ᠤ ᠳᠠᠷᠠᠭ᠎ᠠ᠂ ᠵᠢᠷᠭᠤᠭ᠎ᠠ ᠳᠤᠯᠤᠭᠠᠬᠠᠨ ᠨᠠᠰᠤᠲᠠᠶ ᠵᠣᠣ ᠶᠦᠩ ᠰᠠᠭᠤᠷᠢᠨ ᠢ ᠵᠠᠯᠭᠠᠮᠵᠢᠯᠠᠵᠤ᠂ ᠳᠠᠷᠤᠶ ᠵᠣᠣ ᠡᠦ ᠯᠢᠩ ᠸᠠᠩ᠂ ᠤᠯᠤᠰ ᠤᠨ ᠨᠡᠶᠢᠰᠯᠠᠯ ᠨᠢ ᠬᠠᠨᠳᠠᠨ ᠪᠣᠯᠤᠨ᠎ᠠ᠃ ᠡᠦ ᠯᠢᠩ ᠸᠠᠩ ᠤᠨ ᠲᠠᠪᠤᠳᠤᠭᠠᠷ ᠣᠨ ︵ᠡᠮᠦᠨ᠎ᠡ 321 ᠣᠨ︶ ᠳᠤ᠂ ᠬᠠᠨ ᠤᠯᠤᠰ ᠤᠨ ᠥᠬᠢᠨ ᠢᠶᠠᠷ ᠬᠠᠲᠤᠨ ᠢᠶᠠᠨ ᠪᠣᠯᠭᠠᠵᠤ᠂ ᠵᠤᠤ ᠵᠠᠩ ᠢ ︵ᠬᠦᠪᠡᠭᠦᠨ ᠵᠠᠩ︶ ᠲᠥᠷᠥᠵᠡᠢ᠂ ᠰᠡᠭᠦᠯᠡᠷ ᠨᠢ ᠳ᠋ᠠᠢ ᠠᠨ ᠶᠠᠩ ᠵᠢᠶᠦ᠋ᠨ ᠴᠣᠯᠠ ᠣᠯᠭᠤᠵᠠᠢ᠃ ᠡᠦ ᠯᠢᠩ ᠸᠠᠩ ᠤᠨ ᠠᠷᠪᠠᠨ ᠵᠢᠷᠭᠤᠳᠤᠭᠠᠷ ᠣᠨ ︵ᠡᠮᠦᠨ᠎ᠡ 310 ᠤᠨ︶ ᠳᠤ᠂ ᠵᠡᠭᠦᠳᠦᠨ ᠳᠠᠬᠢ ᠣᠷᠴᠢᠨ ᠢᠶᠠᠨ ᠳᠤᠷᠠᠰᠴᠦ᠂ ᠢᠤᠢ ᠱᠦᠨ ᠤ ᠬᠤᠶᠢᠴᠢ ᠦᠶ᠎ᠡ ᠪᠣᠯᠬᠤ ᠦ᠋ ᠭᠤᠸᠠᠩ ᠤᠨ ᠥᠬᠢᠨ ᠶᠢᠩ ᠮᠧᠩ ᠶᠣᠣ ᠶᠢ ᠾᠦᠢ ᠡᠾᠸᠤ ᠪᠣᠯᠭᠠᠵᠦ᠂ ᠵᠤᠤ ᠾᠧ ︵ᠸᠠᠩ ᠤᠨ ᠬᠥᠪᠡᠭᠦᠨ ᠾᠧ︶᠂ ᠳᠠᠷᠤᠢ ᠵᠤᠤ ᠡᠾᠦ᠋ᠢ ᠸᠧᠨ ᠸᠠᠩ ᠪᠣᠯᠣᠨ᠎ᠠ᠃        ᠡᠦ ᠯᠢᠩ ᠸᠠᠩ ᠤᠨ ᠠᠷᠪᠠ ᠶᠢᠰᠦᠳᠦᠭᠡᠷ ᠣᠨ ︵ᠡᠮᠦᠨ᠎ᠡ 307 ᠣᠨ︶ ᠳᠤ ᠲᠠᠪᠤᠨ ᠡᠳᠦᠷ ᠤᠨ ᠬᠠᠭᠠᠨ ᠤ ᠶᠡᠭᠡ ᠬᠤᠷᠠᠯ ᠢ ᠬᠤᠷᠠᠯᠳᠤᠭᠤᠯᠵᠤ᠂ ᠣᠯᠠᠨ ᠲᠦᠰᠢᠮᠡᠳ ᠲᠠᠢ ᠬᠠᠮᠲᠤ ᠪᠠᠷ ᠶᠡᠭᠡ ᠶᠠᠪᠤᠳᠠᠯ ᠢ ᠵᠥᠪᠳᠡᠪᠡ᠃ ᠡᠦ ᠯᠢᠩ ᠸᠠᠩ ᠬᠢᠵᠠᠭᠠᠷ ᠣᠷᠣᠨ ᠢᠶᠠᠨ ᠥᠷᠭᠡᠳᠬᠡᠬᠦ ᠶᠢᠨ ᠲᠥᠯᠥᠭᠡ ᠤᠮᠠᠷᠠᠲᠤ ᠶᠢᠨ ᠵᠦᠩ ᠱᠠᠨ ᠤᠯᠤᠰ ᠢ ᠲᠦᠷᠢᠮᠡᠬᠡᠢᠯᠡᠵᠦ ︵ᠪᠠᠰᠠ ᠰᠢᠶᠠᠨ ᠢᠤᠢ ᠭᠡᠵᠦ ᠨᠡᠷᠡᠶᠢᠳᠴᠦ᠂ ᠣᠳᠣ ᠶᠢᠨ ᠾᠧᠪᠸᠢ ᠮᠤᠵᠢ ᠶᠢᠨ ᠳ᠋ᠢᠩ ᠰᠢᠶᠠᠨ ᠣᠷᠴᠢᠮ︶᠂ ᠭᠡᠷ ᠪᠠᠶᠢᠰᠢᠩ ᠢ ᠨᠢ ᠰᠢᠭᠤᠳ ᠪᠤᠯᠢᠶᠠᠵᠤ ᠂ ᠳᠠᠭᠠᠤ ᠳᠤ ᠨᠢ ᠳ᠋ᠠᠢ ᠤᠯᠤᠰ ᠢ ᠣᠷᠤᠯᠠᠨ ︵ᠣᠳᠤ ᠶᠢᠨ ᠾᠧᠪᠸᠢ ᠮᠤᠵᠢ ᠶᠢᠨ ᠸᠧᠢ ᠰᠢᠶᠠᠨ ᠤ ᠪᠠᠷᠠᠭᠤᠨ ᠬᠤᠶᠢᠨ᠎ᠠ︶᠂ ᠤᠮᠠᠷᠠᠰᠢ ᠦ ᠴᠢᠶᠦᠩ ︵ᠣᠳᠤ ᠶᠢᠨ ᠾᠧᠪᠸᠢ ᠮᠤᠵᠢ ᠶᠢᠨ ᠵᠠᠩᠪᠧᠢ ᠰᠢᠶᠠᠨ ᠤ ᠡᠮᠦᠨᠡᠲᠡᠢ ︶᠂ ᠪᠠᠷᠠᠭᠤᠨᠰᠢ ᠬᠠᠲᠤᠨ ᠭᠤᠣᠯ ᠢ ᠳᠠᠪᠠᠵᠤ᠂ ᠡᠮᠦᠨᠡᠰᠢ ᠬᠤᠸᠠᠩ ᠬᠤᠸᠠ ᠱᠠᠨ ︵ᠣᠳᠤ ᠶᠢᠨ ᠾᠧᠪᠸᠢ ᠮᠤᠵᠢ ᠶᠢᠨ ᠯᠢᠨ ᠰᠢᠶᠠᠨ ᠤ ᠪᠠᠷᠠᠭᠤᠨᠲᠠᠢ︶ ᠬᠦᠷᠦᠨ᠎ᠡ ᠭᠡᠵᠡᠢ ᠃ ᠪᠠᠰᠠ ᠯᠸᠦ ᠶᠦᠸᠠᠨ ᠲᠠᠢ ᠠᠭᠤᠯᠵᠠᠵᠤ ᠄ ︽ᠪᠢ ᠰᠢᠶᠠᠨ ᠸᠠᠩ᠂ ︵ᠵᠤᠤ ᠵᠢᠶᠠᠨ ᠽᠢ᠂ ᠵᠤᠤ ᠰᠢᠶᠠᠩ ᠽᠢ ᠶᠢ ᠵᠢᠭᠠᠵᠤ ᠪᠤᠢ︶ ᠲᠠᠶᠢᠨ ᠤ ᠶᠠᠪᠤᠳᠠᠯ ᠤᠨ ᠬᠤᠪᠢᠷᠠᠯᠲᠠ ᠶᠢᠨ ᠬᠡᠷᠡᠭᠴᠡᠭᠡ ᠠᠴᠠ ᠪᠤᠯᠵᠤ᠂ ᠵᠤᠤ ᠤᠯᠤᠰ ᠤᠨ ᠬᠠᠷᠢᠶ᠎ᠠ ᠭᠠᠵᠠᠷ ᠢ ᠡᠮᠦᠨᠡᠳᠦ ᠬᠠᠷᠢᠶᠠᠨ ᠤ ᠠᠬᠠᠯᠠᠭᠴᠢ ᠨᠠᠷ ᠲᠤ ᠡᠷᠬᠦᠮᠵᠢᠯᠡᠵᠦ᠂ ᠵᠠᠩ ᠱᠦᠢ᠂ ᠹᠦ᠋ ᠱᠦᠢ ᠠᠶᠠᠨ ᠤ ᠠᠶᠤᠯ ᠢ ᠠᠰᠢᠭᠯᠠᠨ᠂ ᠤᠷᠳᠤ ᠴᠠᠭᠠᠨ ᠬᠡᠷᠡᠮ ᠢ ᠪᠠᠶᠢᠭᠤᠯᠪᠠ︔ ᠡᠭᠦᠨ ᠠᠴᠠ ᠪᠤᠯᠵᠤ ᠯᠢᠨ᠂ ᠬᠦᠸᠧ ᠯᠠᠩ ︵ᠤᠳᠤ ᠶᠢᠨ ᠱᠠᠨ ᠰᠢ ᠮᠤᠵᠢ ᠶᠢᠨ ᠱᠢ ᠰᠢᠶᠠᠨ ᠤ ᠪᠠᠷᠠᠭᠤᠨ ᠬᠤᠶᠢᠨ᠎ᠠ︶ ᠭᠠᠵᠠᠷ ᠢ ᠪᠤᠯᠢᠶᠠᠨ ᠠᠪᠴᠤ᠂ ᠭᠠᠳᠠᠨ᠎ᠠ ᠪᠠᠨ ᠬᠦᠴᠦᠷᠬᠡᠭ ᠳᠣᠲᠤᠷ᠎ᠠ ᠪᠠᠨ ᠪᠠᠭᠤᠷᠠᠢ ᠯᠢᠨ ᠬᠦᠮᠦᠨ ᠢ ᠢᠯᠠᠭᠰᠠᠨ ᠮᠥᠨ ᠯᠡ ᠡᠷᠳᠡᠮ ᠴᠢᠳᠠᠪᠤᠷᠢ ᠰᠠᠨᠠᠭᠠᠨ ᠳᠤ ᠬᠦᠷᠬᠦ ᠦᠭᠡᠢ ᠪᠠᠶᠢᠯ᠎ᠠ᠃ ᠣᠳᠣᠬᠠᠨ ᠳᠤ᠂ ᠵᠦᠩ ᠱᠠᠨ ᠤᠯᠤᠰ ᠮᠠᠨ ᠤ ᠤᠯᠤᠰ ᠤᠨ ᠴᠢᠬᠤᠯᠠ ᠭᠠᠵᠠᠷ ᠲᠤ ᠰᠠᠭᠤᠷᠢᠰᠢᠵᠤ᠂ ᠪᠢᠳᠡᠨ ᠤ ᠰᠡᠳᠬᠢᠯ ᠵᠢᠷᠦᠬᠡᠨ ᠤ ᠡᠪᠡᠳᠴᠢᠨ ᠪᠣᠯᠵᠤ ᠪᠠᠶᠢᠨ᠎ᠠ᠃ ᠤᠮᠠᠷ᠎ᠠ ᠵᠦᠭ ᠲᠤ ᠶᠠᠨ ᠤᠯᠤᠰ᠂ ᠵᠡᠭᠦᠨ ᠵᠦᠭ ᠲᠤ ᠬᠣ᠋᠂ ᠪᠠᠷᠠᠭᠤᠨ ᠵᠦᠭ ᠲᠤ ᠯᠢᠨ ᠬᠣ᠋᠂ ᠯᠧᠦ ᠹᠠᠨ᠂ ᠴᠢᠨ ᠤᠯᠤᠰ᠂ ᠺᠣᠷᠢᠶᠠ ᠶᠢᠨ ᠬᠢᠯᠢ ᠬᠢᠵᠠᠭᠠᠷ ᠪᠠᠶᠢᠨ᠎ᠠ᠂ ᠭᠡᠲᠡᠯ᠎ᠡ ᠪᠢᠳᠡᠨ ᠳᠤ ᠬᠠᠷᠢᠨ ᠰᠠᠬᠢᠵᠤ ᠠᠪᠤᠷᠠᠬᠤ ᠬᠦᠴᠦᠷᠬᠡᠭ ᠴᠡᠷᠢᠭ ᠪᠠᠶᠢᠬᠤ ᠦᠭᠡᠢ᠂ ᠵᠣᠣ ᠤᠯᠤᠰ ᠤᠨ ᠠᠮᠤᠷ ᠲᠦᠪᠰᠢᠨ ᠡᠭᠦᠨ ᠠᠴᠠ ᠪᠣᠯᠵᠤ ᠲᠤᠶᠢᠯ ᠤᠨ ᠶᠡᠭᠡ ᠰᠦᠷᠳᠡᠭᠦᠯᠦᠯ ᠳᠤ ᠤᠴᠠᠷᠠᠪᠠ᠂ ᠢᠩᠭᠢᠪᠡᠯ ᠮᠠᠨ ᠤ ᠨᠡᠶᠢᠭᠡᠮ ᠳᠠᠶᠠᠭᠠᠷ ᠤᠰᠠᠳᠤᠨ᠎ᠠ᠃ ᠣᠳᠣ ᠶᠠᠭᠠᠬᠢᠬᠤ ᠪᠣᠢ︖ ᠪᠢ ᠪᠣᠯ ᠬᠠᠷᠢᠨ ᠥᠭᠡᠷᠡᠴᠢᠯᠡᠯᠲᠡ ᠬᠢᠬᠦ ᠠᠷᠭ᠎ᠠ ᠪᠠ ᠰᠢᠨ᠎ᠡ ᠶᠢ ᠡᠭᠦᠳᠬᠦ ᠴᠤᠭ ᠵᠢᠪᠬᠤᠭ᠎ᠠ ᠲᠠᠢ ᠶᠤᠮ᠂ ᠭᠡᠪᠡᠴᠦ ᠡᠨᠡ ᠨᠢ ᠬᠠᠭᠤᠴᠢᠨ ᠵᠠᠩᠰᠢᠯ ᠢᠶᠠᠨ ᠲᠠᠶᠠᠭᠳᠠᠭᠰᠠᠨ ᠠᠴᠠ ᠪᠣᠯᠵᠤ ᠶᠢᠷᠲᠢᠨᠴᠦ ᠶᠢᠨ ᠬᠥᠮᠥᠰ ᠤᠨ ᠳᠤᠷ᠎ᠠ ᠦᠭᠡᠶᠢᠴᠡᠯ ᠢ ᠬᠦᠷᠭᠡᠨ᠎ᠡ᠃ ᠪᠢ ᠣᠳᠣ ᠶᠢᠨ ᠪᠠᠶᠢᠭ᠎ᠠ ᠬᠤᠪᠴᠠᠰᠤ ᠶᠢ ᠦᠭᠡᠷᠡᠴᠢᠯᠡᠵᠦ᠂ ᠬᠣ᠋ ᠬᠤᠪᠴᠠᠰᠤ ᠡᠮᠦᠰᠬᠦ  ᠶᠢ ᠪᠣᠳᠤᠵᠤ ᠪᠠᠶᠢᠨ᠎ᠠ︾ ᠭᠡᠪᠡ᠃ ᠯᠸᠦ ᠶᠦᠸᠠᠨ ᠄ ︽ᠪᠣᠯᠣᠨ᠎ᠠ︕︾ ᠭᠡᠪᠡ᠂ ᠭᠡᠪᠡᠴᠦ ᠪᠤᠰᠤᠳ ᠲᠦ᠋ᠰᠢᠮᠡᠳ ᠪᠦᠷ ᠵᠥᠪᠰᠢᠶᠡᠷᠡᠬᠦ ᠦᠭᠡᠢ ᠭᠡᠳᠡᠭ ᠢᠶᠠᠨ ᠢᠯᠡᠳᠬᠡᠪᠡ᠃
        ᠵᠣᠣ ᠡᠣ ᠯᠢᠩ ᠸᠠᠩ ᠬᠤᠧᠠᠩ ᠳ᠋ᠢ᠂ ᠶᠣᠣ᠂ ᠱᠦᠨ ᠪᠣᠯᠣᠨ ᠮᠠᠰᠢ ᠣᠯᠠᠨ ᠤᠷᠢᠳᠦ ᠲᠦᠷᠣ ᠶᠢᠨ ᠪᠠ ᠤᠷᠢᠳ ᠡᠵᠡᠨ ᠵᠣᠣ ᠵᠢᠶᠠᠨ ᠽᠢ᠂ ᠵᠣᠣ ᠰᠢᠶᠠᠩ ᠽᠢ ᠦᠭᠡᠷᠡᠴᠢᠯᠡᠯᠲᠠ ᠬᠢᠭᠰᠡᠨ ᠢᠶᠠᠷ ᠢᠯᠠᠯᠳᠠ ᠣᠯᠣᠭᠰᠠᠨ ᠪᠣᠳᠠᠳᠣ ᠵᠢᠱᠢᠶ᠎ᠠ ᠪᠣᠯᠣᠨ ︽ᠬᠤ᠋ ᠶᠢᠨ ᠬᠤᠪᠴᠠᠰᠣ ᠬᠠᠷᠪᠤᠵᠦ ᠨᠠᠮᠨᠠᠬᠤ︾ ᠠᠷᠭ᠎ᠠ ᠶᠢ ᠭᠡᠷᠡᠭᠯᠡᠵᠦ ᠵᠣᠣ ᠤᠯᠣᠰ ᠤᠨ ᠠᠴᠢ ᠲᠣᠰᠠ ᠳᠤ ᠣᠷᠢᠳ ᠬᠤᠵᠢᠳ ᠤᠷᠢᠳᠦ ᠸᠠᠩ ᠭᠦᠢ ᠴᠧᠨ᠂ ᠹᠧᠢ ᠢ᠂ ᠠᠪᠤᠭ᠎ᠠ ᠵᠣᠣ ᠴᠧᠨ᠂ ᠢᠵᠠᠭᠤᠷᠳᠡᠨ ᠵᠣᠣ ᠸᠧᠨ᠂ ᠵᠣᠣ ᡁᠢ᠂ ᠵᠣᠣ ᠵᠢᠶᠦ᠋ᠨ ᠪᠠ ᠶᠡᠭᠡ ᠲᠦᠰᠢᠮᠡᠯ ᠵᠧᠦ ᠱᠣᠣ ᠨᠠᠷ ᠤᠨ ᠵᠦᠪᠰᠢᠶᠠᠷᠠᠯ ᠢ ᠣᠯᠣᠭᠰᠠᠨ ᠤ ᠳᠠᠷᠠᠭ᠎ᠠ ᠂ ᠪᠦᠬᠦ ᠤᠯᠣᠰ ᠤᠨ ᠶᠡᠭᠡ ᠬᠡᠪᠴᠢᠶᠡᠨ ᠤ ᠬᠤᠪᠴᠠᠰᠣ ᠵᠠᠰᠠᠯ ᠪᠣᠯᠣᠨ ᠴᠡᠷᠢᠭ ᠤᠨ ᠶᠠᠪᠣᠳᠠᠯ ᠤᠨ ᠦᠭᠡᠷᠡᠴᠢᠯᠡᠯᠳᠠ ᠬᠢᠬᠦ ᠶᠢ ᠣᠷᠢᠶᠠᠯᠠᠵᠦ᠂ ᠪᠠᠰᠠ ᠮᠣᠷᠢᠳᠦ ᠴᠡᠷᠢᠭ ᠪᠣᠯᠣᠨ ᠬᠠᠷᠪᠤᠭᠴᠢ ᠡᠯᠰᠡᠵᠦ᠂ ︽ᠬᠤ᠋ ᠶᠢᠨ ᠬᠤᠪᠴᠠᠰᠣ ᠬᠠᠷᠪᠤᠵᠦ ᠨᠠᠮᠨᠠᠬᠤ︾ ᠵᠣᠣ ᠤᠯᠤᠰ ᠲᠤ ᠬᠡᠷᠡᠭᠵᠢᠭᠦᠯᠦᠭᠳᠡᠪᠡ᠃ ᠵᠣᠣ ᠡᠦ ᠯᠢᠩ ᠸᠠᠩ ᠱᠧᠩ ᠨᠢᠭᠤᠷ ᠳᠦᠭᠦᠷᠡᠩ ᠤᠯᠠᠭᠠᠨ ᠬᠠᠷ᠎ᠠ ᠲᠣᠯᠪᠤ ᠲᠠᠢ ᠯᠤᠤ ᠶᠢᠨ ᠭᠠᠳᠠᠷ ᠲᠠᠢ ᠪᠡᠶ᠎ᠡ ᠨᠢ ᠥᠨᠳᠥᠷ ᠲᠣᠮᠣ ᠡᠷᠡᠯᠬᠡᠭ ᠪᠠᠭᠠᠲᠤᠷ᠂ ᠬᠤᠶᠠᠷ ᠬᠥᠯ ᠨᠢ ᠤᠷᠲᠤ᠂ ᠰᠠᠨᠴᠢᠭ ᠤᠨ ᠦᠰᠦ ᠨᠢ ᠪᠤᠲᠠᠷᠠᠨ᠂ ᠰᠠᠬᠠᠯ ᠨᠢ ᠠᠷᠪᠢᠨ ᠮᠦᠷᠲᠡᠭᠡᠨ ᠬᠦᠨᠳᠦ᠂ ᠡᠩᠭᠡᠷ ᠨᠢ ᠵᠡᠭᠦᠨᠰᠢ ᠬᠠᠨᠳᠤᠨ᠂ ᠬᠤᠶᠠᠭ ᠨᠥᠮᠥᠷᠴᠦ ᠮᠣᠷᠢᠨ ᠳᠤ ᠴᠢᠳᠠᠮᠠᠭᠠᠢ ︵ᠲᠡᠭᠷᠢ ᠶᠢᠨ ᠡᠯᠴᠢ ᠱᠠᠨ ᠶᠠᠩ ᠡᠾᠸᠦ ᠤᠨ ᠦᠭᠦᠯᠡᠯᠡᠲᠡ ︶᠃ ᠲᠡᠷᠡ ᠯᠸᠦ ᠶᠦᠸᠠᠨ ᠂ ᠴᠸᠦ ᠶᠧ᠂ ᠸᠠᠩ ᠪᠧᠨ᠂ ᠹᠦ᠋ ᠳ᠋ᠢᠩ᠂ ᠵᠤᠤ ᠭᠤᠸᠠᠯᠢᠩ᠂ ᠵᠤᠤ ᠱᠣᠤ᠂ ᠰᠢᠤᠢ ᠵᠢᠶᠦ᠋ᠨ᠂ ᠵᠣᠣ ᠵᠠᠩ᠂ ᠨᠢᠦ ᠵᠢᠶᠠᠨ᠂ ᠵᠣᠣ ᠰᠢ᠂ ᠵᠧᠦ ᠱᠣᠣ ᠵᠡᠷᠭᠡ ᠴᠡᠷᠢᠭ ᠢ ᠳᠠᠭᠠᠭᠤᠯᠤᠨ ᠳᠣᠯᠣᠭᠠᠨ ᠵᠢᠯ ᠴᠢᠰᠤ ᠤᠷᠤᠰᠬᠠᠨ ᠪᠠᠶᠢᠯᠳᠤᠵᠦ᠂ ᠵᠣᠣ ᠡᠦ ᠯᠢᠩ ᠸᠠᠩ ᠤᠨ ᠬᠤᠷᠢᠨ ᠵᠢᠷᠭᠤᠳᠤᠭᠠᠷ ᠤᠨ ︵ᠡᠮᠦᠨ᠎ᠡ 300 ᠵᠢᠯ︶ ᠳᠤ ᠬᠦᠷᠴᠦ᠂ ᠵᠦᠩ ᠱᠠᠨ᠂ ᠨᠢᠩ ᠵᠢᠶᠠ ᠵᠢᠶᠠ ᠵᠤᠸᠠᠩ ︵ᠣᠳᠣ ᠶᠢᠨ ᠾᠧᠪᠧᠢ ᠮᠣᠵᠢ ᠶᠢᠨ ᠱᠢ ᠵᠢᠶᠠ ᠵᠤᠸᠠᠩ ᠬᠤᠲᠠ︶᠂ ᠬᠤ ᠳᠢ᠂ ᠢᠦᠢ ᠵᠦᠩ᠂ ᠴᠢᠦᠢ ᠶᠠᠩ ︵ᠣᠳᠣ ᠶᠢᠨ ᠾᠧᠪᠧᠢ ᠮᠣᠵᠢ ᠶᠢᠨ ᠴᠢᠦᠢ ᠶᠠᠩ ᠱᠢᠶᠠᠩ︶᠂ ᠳ᠋ᠠᠨ ᠴᠢᠦ᠂ ᠬᠤᠸᠠ ᠶᠠᠩ᠂ ᠱᠢ ᠢ ᠱᠢᠶᠠᠩ ︵ᠣᠳᠣ ᠶᠢᠨ ᠾᠧᠪᠧᠢ ᠮᠣᠵᠢ ᠶᠢᠨ ᠱᠢ ᠵᠢᠶᠠ ᠵᠤᠸᠠᠩ ᠬᠤᠲᠠ ᠶᠢᠨ ᠪᠠᠷᠠᠭᠤᠨ ᠡᠮᠦᠨ᠎ᠡ︶᠂ ᠯᠤᠤ ︵ᠣᠳᠣ ᠶᠢᠨ ᠾᠧᠪᠧᠢ ᠮᠣᠵᠢ ᠶᠢᠨ ᠶᠤᠸᠠᠨ ᠣᠪᠣᠭᠲᠤ ᠶᠢᠨ ᠱᠢᠶᠠᠩ ᠤ ᠪᠠᠷᠠᠭᠤᠨ ᠬᠤᠢᠲᠤ ᠣᠷᠣᠨ︶᠂ ᠳ᠋ᠦᠩ ᠶᠤᠸᠠᠨ ︵ᠣᠳᠣ ᠶᠢᠨ ᠾᠧᠪᠧᠢ ᠮᠣᠵᠢ ᠶᠢᠨ ᠱᠢ ᠵᠢᠶᠠ ᠵᠤᠸᠠᠩ ᠬᠤᠲᠠ ᠶᠢᠨ ᠵᠡᠭᠦᠨ ᠬᠤᠢᠲᠤ ᠣᠷᠣᠨ︶ ᠵᠡᠷᠭᠡ ᠭᠠᠵᠠᠷ ᠢ ᠳᠠᠭᠠᠷᠢᠵᠤ᠂ ᠪᠠᠰᠠ ᠮᠠᠰᠢ ᠣᠯᠠᠨ ᠡᠮᠴᠢ ᠶᠢ ᠵᠢᠦ ᠶᠤᠸᠠᠨ ︵ᠣᠳᠣ ᠶᠢᠨ ᠾᠧᠪᠧᠢ ᠮᠣᠵᠢ ᠶᠢᠨ ᠱᠢ ᠵᠢᠶᠠ ᠵᠤᠸᠠᠩ ᠬᠤᠲᠠ ᠶᠢᠨ ᠵᠡᠭᠦᠨ ᠬᠤᠢᠲᠤ ᠣᠷᠣᠨ︶ ᠤᠷᠤᠭᠤ ᠰᠢᠯᠵᠢᠭᠦᠯᠵᠦ᠂ ᠵᠠᠩᠵᠤᠨ ᠨᠣᠶᠠᠳ ᠲᠦᠰᠢᠮᠡᠯ ᠨᠠᠷ ᠢ ᠵᠠᠷᠯᠢᠭᠳᠠᠵᠠᠢ᠃ ᠢᠩᠭᠢᠭᠡᠳ᠂ ᠤᠮᠠᠷᠠᠰᠢ ᠲᠦᠷᠢᠮᠡᠬᠡᠶᠢᠯᠡᠯ ᠨᠢ ᠶᠠᠨ ᠤᠯᠤᠰ᠂ ᠳ᠋ᠠᠢ ᠤᠯᠤᠰ ᠬᠦᠷᠴᠦ᠂ ᠪᠠᠷᠠᠭᠤᠨᠰᠢ ᠲᠦᠷᠢᠮᠡᠬᠡᠶᠢᠯᠡᠯ ᠨᠢ ᠶᠦᠨ ᠵᠦᠩ ︵ᠣᠳᠣᠬᠢ ᠥᠪᠥᠷ ᠮᠣᠩᠭᠤᠯ ᠤᠨ ᠬᠥᠬᠡᠬᠤᠲᠠ ᠶᠢᠨ ᠲᠣᠭᠲᠠᠬᠤ ᠰᠢᠶᠠᠨ︶᠂ ᠵᠢᠦᠶᠤᠸᠠᠨ ︵ᠥᠨᠥ ᠶᠢᠨ ᠥᠪᠥᠷ ᠮᠣᠩᠭᠤᠯ ᠤᠨ ᠪᠤᠭᠤᠲᠤ ᠬᠤᠲᠠ ᠶᠢᠨ ᠵᠢᠦᠶᠤᠸᠠᠨ ᠲᠣᠭᠤᠷᠢᠭ︶ ᠳᠤ ᠬᠦᠷᠪᠡ᠃
        ᠡᠦ ᠯᠢᠩ ᠸᠠᠩ ᠤᠨ ᠬᠤᠷᠢᠨ ᠲᠣᠯᠣᠳᠤᠭᠠᠷ ᠣᠨ ︵299 ᠣᠨ︶ ᠤ ᠲᠠᠪᠤᠨ ᠰᠠᠷ᠎ᠠ ᠶᠢᠨ ᠰᠢᠷ᠎ᠠ ᠱᠠᠷᠢᠯ ᠤᠨ ᠡᠳᠦᠷ᠂ ᠵᠣᠣ ᠡᠣ ᠯᠢᠩ ᠸᠠᠩ ᠸᠠᠩ ᠤᠨ ᠰᠠᠭᠤᠷᠢᠨ ᠢᠶᠠᠨ ᠬᠦᠦ ᠵᠣᠣ ᠡᠾᠧ ︵ᠸᠠᠩ ᠽᠢ ᠡᠾᠧ︶ ᠳᠤ ᠣᠯᠠᠮᠵᠢᠯᠠᠨ ᠦᠭᠴᠡᠢ᠂ ᠲᠠᠷᠣᠢ ᠡᠾᠦ᠋ᠢ ᠸᠧᠨ ᠸᠠᠩ ᠡᠵᠡᠨ ᠰᠠᠭᠤᠵᠤ ᠪᠠᠶᠢᠪᠠ᠃ ᠤᠷᠦᠠ ᠢ ᠵᠠᠯᠭᠠᠮᠵᠢᠯᠠᠭᠰᠠᠨ ᠤ ᠲᠠᠷᠠᠭᠠᠬᠢ ᠡᠤ ᠯᠢᠩ ᠸᠠᠩ ᠳᠠᠷᠤᠭ᠎ᠠ ᠪᠠᠶᠢᠯᠳᠤᠭᠴᠢ᠂ ᠲᠦᠰᠢᠮᠡᠯ ᠢᠶᠠᠨ ᠳᠠᠭᠠᠭᠤᠯᠵᠤ ᠤᠮᠠᠷᠠᠰᠢ ᠬᠤ ᠶᠢᠨ ᠭᠠᠵᠠᠷ ᠢ ᠲᠦᠷᠢᠮᠡᠬᠡᠶᠢᠯᠡᠬᠦ ᠶᠢᠨ ᠵᠡᠷᠭᠡ ᠪᠠᠷ ᠶᠦᠨ ᠵᠦᠩ᠂ ᠵᠢᠦ ᠶᠣᠸᠠᠨ ᠠᠴᠠ ᠰᠢᠭᠤᠳ ᠴᠢᠨ ᠤᠯᠤᠰ ᠢ ᠳᠠᠭᠠᠷᠢᠵᠤ᠂ ᠲᠡᠭᠦᠨ ᠤ ᠭᠠᠵᠠᠷ ᠤᠨ ᠪᠠᠶᠢᠴᠠ ᠶᠢ ᠲᠤᠷᠰᠢᠨ ᠪᠠᠶᠢᠴᠠᠭᠠᠵᠤ᠂ ᠪᠠᠰᠠ ᠴᠢᠨ ᠸᠠᠩ  ᠶᠠᠪᠤᠯᠴᠠᠬᠤ ᠠᠷᠭ᠎ᠠ ᠮᠠᠶ᠋ᠢᠭ ᠢ ᠤᠶᠢᠯᠠᠭᠠᠵᠠᠢ᠂ ᠲᠡᠭᠦᠨ ᠤ ᠠᠵᠢᠯᠯᠠᠭ᠎ᠠ ᠨᠢ ᠴᠢᠨ ᠤᠯᠤᠰ ᠤᠨ ᠳᠡᠭᠡᠳᠦ ᠳᠣᠣᠷᠠᠳᠤ ᠱᠠᠲᠤ ᠶᠢ ᠰᠣᠴᠢᠭᠠᠪᠠ᠃        ᠾᠦᠢ ᠸᠧᠨ ᠸᠠᠩ ᠤᠨ ᠬᠤᠶᠠᠳᠤᠭᠠᠷ ᠣᠨ ︵ᠡᠮᠦᠨ᠎ᠡ 297 ᠣᠨ︶ ᠵᠣᠣ ᠤᠯᠤᠰ ᠯᠧᠦ ᠹᠠᠨ ᠢ ᠢᠯᠠᠵᠠᠢ᠃ ᠭᠤᠷᠪᠠᠨ ᠵᠢᠯ ᠳᠤ ᠵᠦᠩ ᠱᠠᠨ ᠤᠯᠤᠰ ᠢ ᠤᠰᠠᠳᠬᠠᠭᠰᠠᠨ ᠤ ᠳᠠᠷᠠᠭ᠎ᠠ᠂ ᠳ᠋ᠠᠢ ᠤᠯᠤᠰ ᠤᠨ ᠶᠡᠭᠡ ᠵᠠᠮ ᠨᠡᠪᠲᠡᠷᠡᠪᠡ᠃ ᠲᠦᠷᠪᠡᠨ ᠵᠢᠯ ᠳᠤ ᠭᠤᠣᠯ ᠡᠴᠢᠭᠡ ᠬᠢᠭᠡᠳ ᠡᠾᠦ᠋ᠢ ᠸᠧᠨ ᠸᠠᠩ ᠡᠯᠡᠰᠦᠨ ᠳᠣᠪᠤ ︵ᠣᠳᠣ ᠶᠢᠨ ᠡᠾᠧᠪᠧᠢ ᠮᠤᠵᠢ ᠶᠢᠨ ᠭᠤᠸᠠᠩᠽᠦᠩ ᠰᠢᠶᠠᠨ ᠤ ᠪᠠᠷᠠᠭᠤᠨ ᠬᠤᠶᠢᠨ᠎ᠠ︶ ᠶᠢ ᠪᠠᠶᠢᠴᠠᠭᠠᠨ ᠦᠵᠡᠬᠦ ᠳᠤ ᠪᠠᠨ ᠭᠦᠩᠽᠢ ᠵᠠᠩ᠂ ᠲᠢᠶᠠᠨ ᠪᠦ᠋ ᠯᠢ ᠬᠠᠷᠢᠯᠴᠠᠨ ᠡᠯᠡᠰᠦᠨ ᠳᠤ ᠰᠦᠯᠪᠡᠭᠡᠯᠡᠵᠦ ᠤᠷᠪᠠᠯᠭᠠᠨ ᠭᠠᠷᠭᠠᠭᠰᠠᠨ ᠪᠠᠶᠢᠨ᠎ᠠ᠃ ᠭᠦᠩᠽᠢ ᠴᠧᠩ ᠪᠣᠯᠤᠨ ᠯᠢ ᠳ᠋ᠦᠢ ᠴᠡᠷᠢᠭ ᠳᠠᠶᠢᠴᠢᠯᠠᠨ ᠤᠯᠤᠰ ᠤᠨ ᠨᠡᠶᠢᠰᠯᠡᠯ ᠠᠴᠠ ᠳᠠᠷᠤᠩᠭᠤᠶᠢᠯᠠᠵᠤ ᠭᠦᠩᠽᠢ ᠵᠠᠩ ᠢᠯᠠᠭᠳᠠᠭᠰᠠᠨ ᠤ ᠳᠠᠷᠠᠭ᠎ᠠ ᠭᠤᠣᠯ ᠡᠴᠢᠭᠡ ᠶᠢᠨ ᠡᠯᠡᠰᠦᠨ ᠣᠷᠳᠣᠨ ᠳᠤ ᠲᠤᠲᠠᠭᠠᠨ ᠣᠷᠣᠪᠠ᠃ ᠭᠦᠩᠽᠢ ᠴᠧᠩ ᠪᠣᠯᠣᠨ ᠯᠢ ᠨᠢ ᠲᠦᠰᠢᠮᠡᠯ ᠢ ᠤᠰᠠᠳᠬᠠᠬᠤ ᠶᠠᠪᠤᠳᠠᠯ ᠢᠶᠠᠷ ᠰᠢᠯᠲᠠᠭ ᠪᠣᠯᠭᠠᠨ ᠡᠯᠡᠰᠦ ᠮᠠᠩᠬ᠎ᠠ ᠶᠢ ᠬᠦᠷᠢᠶᠡᠯᠡᠨ ᠬᠠᠰᠢᠪᠠ᠂ ᠭᠦᠩᠽᠢ ᠵᠠᠩ ᠬᠦᠪᠡᠭᠦᠨ ᠣᠷᠳᠣᠨ ᠳᠤ ᠦᠬᠦᠵᠡᠢ᠂ ᠭᠡᠪᠡᠴᠦ ᠬᠠᠳᠠᠮ ᠠᠪᠤ ᠶᠢᠨ ᠬᠢᠨᠢ ᠴᠧᠩ ᠭᠥᠩ ᠣᠷᠳᠣᠨ ᠳᠤ ᠠᠯᠠᠭᠳᠠᠭᠰᠠᠨ ᠠᠴᠠ ᠪᠣᠯᠵᠤ ᠭᠤᠣᠯ ᠡᠴᠢᠭᠡ ᠨᠢ ᠠᠯᠠᠭᠳᠠᠵᠤ ᠠᠯᠠᠭᠳᠠᠭᠰᠠᠨ ᠪᠣᠯᠬᠤᠷ ᠦᠷᠭᠦᠯᠵᠢᠯᠡᠨ ᠡᠯᠡᠰᠦᠨ ᠳᠤ ᠭᠤᠷᠪᠠᠨ ᠰᠠᠷ᠎ᠠ ᠭᠠᠷᠤᠢ ᠪᠦᠰᠡᠯᠡᠭᠳᠡᠵᠦ ᠨᠢᠭᠡ ᠦᠶ᠎ᠡ ᠶᠢᠨ ᠪᠠᠭᠠᠲᠤᠷ ᠵᠣᠣ ᠦ᠋ ᠯᠢᠩ ᠸᠠᠩ ᠢ ᠠᠮᠢᠳᠤ ᠪᠠᠷ ᠢᠶᠠᠨ ᠡᠯᠡᠰᠦ ᠮᠠᠩᠬ᠎ᠠ ᠶᠢᠨ ᠣᠷᠳᠣᠨ ᠳᠤ ᠥᠯᠪᠡᠷᠴᠦ ᠦᠬᠦᠵᠡᠢ᠃        ᠵᠣᠣ ᠡᠦ ᠯᠢᠩ ᠸᠠᠩ ᠵᠠᠩ ᠵᠠᠩᠰᠢᠯ ᠢᠶᠠᠨ ᠥᠭᠡᠷᠡᠴᠢᠯᠡᠵᠦ ᠬᠤᠪᠴᠠᠰᠤ ᠵᠠᠰᠠᠯ ᠢᠶᠠᠨ ᠥᠭᠡᠷᠡᠴᠢᠯᠡᠨ᠂ ᠳᠠᠷᠤᠭ᠎ᠠ ᠪᠠᠶᠢᠯᠳᠤᠭᠴᠢᠳ ᠢ ᠮᠣᠷᠢ ᠤᠨᠤᠵᠤ ᠰᠤᠷ ᠬᠠᠷᠪᠤᠬᠤ ᠪᠣᠯᠪᠠᠰᠤᠷᠠᠯ ᠬᠢᠯᠭᠡᠬᠦ ᠭᠡᠵᠦ ᠵᠠᠷᠯᠢᠭᠳᠠᠵᠠᠢ᠃ ᠤᠷᠲᠤ ᠴᠠᠭᠠᠨ ᠬᠡᠷᠡᠮ ᠵᠠᠰᠠᠵᠤ ᠪᠠᠶᠢᠭᠤᠯᠤᠭᠠᠳ ᠳ᠋ᠠᠢ ᠤᠯᠤᠰ ︵ᠣᠳᠣ ᠶᠢᠨ ᠾᠧᠪᠸᠢ ᠮᠤᠵᠢ ᠶᠢᠨ ᠰᠢᠤᠸᠠᠨᠬᠤᠸᠠ ᠬᠤᠲᠠ ᠶᠢᠨ ᠬᠤᠶᠢᠨ᠎ᠠ︶ ᠠᠴᠠ ᠡᠬᠢᠯᠡᠨ᠂ ᠮᠤᠨᠢ ᠠᠭᠤᠯᠠ ︵ᠥᠨᠥ ᠶᠢᠨ ᠵᠢᠢ ᠨᠢᠩ ᠨᠠᠨ᠂ ᠵᠦᠸᠧᠽᠢ᠂ ᠬᠥᠬᠡᠬᠤᠲᠠ᠂ ᠪᠤᠭᠤᠲᠤ︶ ᠶᠢ ᠳᠠᠭᠠᠵᠤ᠂ ᠭᠤᠤ ᠴᠢᠤᠸᠠᠢ ︵ᠥᠨᠥ ᠶᠢᠨ ᠥᠪᠥᠷ ᠮᠣᠩᠭᠤᠯ ᠤᠨ ᠪᠠᠶᠠᠨᠨᠠᠭᠤᠷ ᠬᠤᠲᠠ ᠶᠢᠨ ᠬᠠᠩᠭᠢᠨ ᠬᠤᠶᠢᠲᠤ ᠬᠤᠰᠢᠭᠤᠨ ᠤ ᠵᠡᠭᠦᠨ ᠬᠤᠶᠢᠲᠤ ᠬᠡᠰᠡᠭ︶ ᠪᠠᠷ ᠪᠣᠭᠤᠮᠲᠠ ᠪᠣᠯᠭᠠᠵᠤ᠂ ᠶᠦᠨ ᠵᠦᠩ᠂ ᠶᠠᠨ ᠮᠧᠨ᠂ ᠳ᠋ᠠᠢ ᠵᠡᠷᠭᠡ ᠭᠤᠷᠪᠠᠨ ᠵᠢᠶᠦ᠋ᠨ ᠪᠠᠶᠢᠭᠤᠯᠵᠠᠢ᠃        ᠴᠢᠨ ᠱᠢ ᠬᠤᠸᠠᠩ ᠤᠨ ᠬᠤᠷᠢᠨ ᠵᠢᠷᠭᠤᠳᠤᠭᠠᠷ ᠣᠨ ︵ᠡᠮᠦᠨ᠎ᠡ 221 ᠣᠨ︶ ᠳᠤ ᠴᠢᠨ ᠤᠯᠤᠰ ᠳᠤᠮᠳᠠᠳᠤ ᠣᠷᠣᠨ ᠢ ᠨᠢᠭᠡᠳᠬᠡᠭᠰᠡᠨ ᠤ ᠳᠠᠷᠠᠭ᠎ᠠ᠂ ᠳᠡᠯᠡᠬᠡᠢ ᠳ᠋ᠠᠬᠢᠨ ᠢ 36 ᠵᠢᠶᠦ᠋ᠨ ᠭᠡᠵᠦ᠂ ᠵᠢᠦ ᠶᠤᠸᠠᠨ ᠵᠢᠶᠦ᠋ᠨ ᠪᠣᠯ ᠳᠠᠷᠤᠶ ᠲᠡᠭᠦᠨ ᠤ ᠳᠣᠲᠣᠷᠠᠬᠢ ᠨᠢᠭᠡ ᠵᠢᠶᠦ᠋ᠨ ︵ᠳᠡᠭᠡᠷᠡᠬᠢ ᠠᠭᠤᠯᠭ᠎ᠠ ᠨᠢ ︽ᠰᠤᠳᠤᠷ ᠲᠡᠮᠳᠡᠭᠯᠡᠯ · ᠵᠣᠣ ᠱᠢ ᠬᠤᠸᠠᠩ ᠪᠧᠨ ᠵᠢᠦᠸᠠᠨ᠂ ᠾᠦᠩᠨᠦ ᠶᠢᠨ ᠨᠠᠮᠲᠠᠷ︾ ᠠᠴᠠ ᠢᠷᠡᠯᠲᠡ ᠲᠠᠢ︶᠃        ᠤᠷᠲᠤ ᠴᠠᠭᠠᠨ ᠬᠡᠷᠡᠮ ᠢᠶᠠᠷ ᠶᠠᠪᠤᠭᠠᠨ ᠶᠠᠪᠤᠬᠤ        ᠠᠯᠳᠠᠷᠲᠤ ᠲᠡᠦᠬᠡᠴᠢ ᠡᠷᠳᠡᠮᠲᠡᠨ ᠵᠢᠶᠠᠨ ᠪᠦᠸᠧ ᠽᠠᠨ ᠠᠪᠤᠭᠠᠢ ᠵᠣᠣ ᠪᠧᠢ ᠤᠷᠲᠤ ᠴᠠᠭᠠᠨ ᠬᠡᠷᠡᠮ ᠳᠤ ᠨᠢᠭᠡᠨ ᠪᠠᠳᠠᠭ ︽ᠳ᠋ᠧᠩ ᠴᠢᠩ ᠱᠠᠨ ᠵᠤᠤ ᠶᠢᠨ ᠤᠷᠲᠤ ᠴᠠᠬᠠᠨ ᠬᠡᠷᠡᠮ ᠤᠨ ᠪᠠᠭᠤᠷᠢ ᠶᠢ ᠤᠶᠠᠩᠭᠠᠯᠠᠨ ᠳᠠᠭᠤᠯᠠᠪᠠ︾ ᠭᠡᠵᠦ ᠮᠠᠭᠲᠠᠨ ᠰᠠᠶᠢᠰᠢᠶᠠᠪᠠ᠃
        ᠵᠣᠬᠢᠶᠠᠭᠴᠢ ᠤᠷᠲᠤ ᠴᠠᠭᠠᠨ ᠬᠡᠷᠡᠮ ᠢ ᠪᠢᠰᠢᠷᠡᠨ ᠬᠦᠨᠳᠦᠳᠭᠡᠬᠦ ᠰᠡᠳᠬᠢᠯᠭᠡ ᠡᠪᠦᠷᠯᠡᠨ 2006 ᠣᠨ ᠤ 6 ᠳ᠋ᠤᠭᠠᠷ ᠰᠠᠷ᠎ᠠ ᠶᠢᠨ 9 ᠤ ᠡᠳᠦᠷ ᠤᠨ ᠦᠳᠡ ᠶᠢᠨ ᠡᠮᠦᠨ᠎ᠡ ᠶᠢᠨ 7᠄ 30 ᠴᠠᠭ ᠲᠤ᠂ ᠳ᠋ᠠ ᠮᠢᠶᠣᠣ ᠲᠣᠰᠬᠤᠨ ᠤ ᠣᠷᠴᠢᠮ ᠡᠭᠡᠯᠵᠢ ᠶᠢᠨ ᠲᠡᠷᠭᠡᠨ ᠠᠴᠠ ᠪᠠᠭᠤᠵᠤ᠂ ᠶᠠᠪᠤᠭᠠᠨ ᠢᠶᠠᠷ ᠵᠤᠤ ᠤᠷᠲᠤ ᠴᠠᠭᠠᠨ ᠬᠡᠷᠡᠮ ᠳᠠᠭᠠᠤ ᠰᠢᠭᠤᠶᠢᠲᠤ ᠵᠦᠭ ᠠᠯᠬᠤᠵᠤ ᠪᠤᠴᠠᠵᠤ ᠢᠷᠡᠭᠡᠳ ᠵᠤᠤ ᠤᠯᠤᠰ ᠤᠨ ᠤᠷᠲᠤ ᠴᠠᠭᠠᠨ ᠬᠡᠷᠡᠮ ᠢᠶᠠᠷ ᠠᠶᠢᠯᠴᠢᠯᠠᠬᠤ ᠠᠩᠬ᠎ᠠ ᠠᠯᠬᠤᠮ ᠤᠨ ᠰᠢᠨᠵᠢᠯᠡᠨ ᠪᠠᠶᠢᠴᠠᠭᠠᠯᠲᠠ ᠪᠠᠨ ᠡᠬᠢᠯᠡᠭᠦᠯᠪᠡ᠃
图片9.png
        ᠶᠠᠭᠤᠨ ᠤ ᠡᠮᠦᠨ᠎ᠡ ᠳ᠋ᠠ ᠮᠢᠶᠣᠣ ᠲᠣᠰᠬᠤᠨ ᠪᠣᠯᠣᠨ ᠪᠢᠶᠠᠨ ᠴᠢᠶᠠᠩ ᠬᠤᠤ ᠲᠣᠰᠬᠤᠨ ᠤ ᠭᠤᠷᠪᠠᠨ ᠠᠭᠤᠯᠠᠨ ᠳᠣᠪᠤ ᠬᠠᠷᠠᠭᠠᠨ ᠳᠤ ᠲᠣᠳᠣᠷᠠᠵᠤ᠂ ᠳᠡᠭᠡᠷ᠎ᠡ ᠲᠠᠯ᠎ᠠ ᠳᠤ ᠵᠤᠭᠰᠤᠨ᠂ ᠤᠷᠲᠤ ᠴᠠᠭᠠᠨ ᠬᠡᠷᠡᠮ ᠠᠴᠠ ᠬᠤᠶᠢᠰᠢᠬᠢ ᠲᠡᠷᠲᠡᠭᠡ ᠭᠠᠵᠠᠷ ᠲᠤ ᠨᠢᠳᠦᠨ ᠳᠤ ᠲᠣᠳᠤᠷᠠᠵᠤ᠂ ᠳᠣᠬᠢᠶᠠᠨ ᠤ ᠭᠠᠯ ᠤᠨ ᠪᠠᠭᠤᠷᠢ ᠭᠡᠵᠦ ᠰᠡᠵᠢᠭᠯᠡᠭᠳᠡᠵᠦ ᠂ ᠲᠤᠬᠠᠶ ᠶᠢᠨ ᠭᠠᠵᠠᠷ ᠤᠨ ᠬᠥᠳᠡᠯᠮᠦᠷᠢᠯᠡᠵᠦ ᠪᠠᠶᠢᠭ᠎ᠠ ᠲᠠᠷᠢᠶᠠᠴᠢᠳ ᠠᠴᠠ ᠠᠰᠠᠭᠤᠭᠰᠠᠨ ᠪᠣᠯᠪᠠᠴᠤ ᠦᠨ᠎ᠡ ᠥᠷᠲᠡᠭ ᠲᠠᠢ ᠬᠠᠷᠢᠭᠤᠯᠲᠠ ᠣᠯᠤᠭᠰᠠᠨ ᠦᠭᠡᠢ᠃ ᠳ᠋ᠠ ᠮᠢᠶᠣᠣ ᠲᠣᠰᠬᠤᠨ ᠢ ᠬᠥᠨᠳᠡᠯᠡᠨ ᠰᠤᠨᠳᠠᠯᠠᠭᠰᠠᠨ ᠵᠤᠤ ᠤᠯᠤᠰ ᠤᠨ ᠤᠷᠲᠤ ᠴᠠᠭᠠᠨ ᠬᠡᠷᠡᠮ ᠨᠢ ᠪᠦᠦ ᠭᠦ᠋ ᠵᠠᠰᠠᠮᠠᠯ ᠵᠠᠮ ᠤᠨ ᠬᠠᠵᠠᠭᠤ ᠳᠤ ᠬᠠᠰᠢᠭᠳᠠᠵᠤ᠂ ᠤᠷᠲᠤ ᠴᠠᠭᠠᠨ ᠬᠡᠷᠡᠮ ᠠᠴᠠ ᠪᠠᠷᠠᠭᠤᠨᠰᠢ ᠪᠠᠨ ᠶᠠᠪᠤᠵᠤ᠂ ᠬᠡᠷᠡᠮ ᠤᠨ ᠲᠠᠯ᠎ᠠ ᠶᠢᠨ ᠣᠭᠲᠣᠯᠤᠭᠠᠰᠤ ᠨᠢ ᠥᠨᠳᠥᠷ᠂ ᠥᠷᠭᠡᠨ ᠨᠢ ᠪᠠᠷᠤᠭ 3 ᠮᠧᠲᠷ ᠪᠠᠶᠢᠵᠤ᠂ ᠲᠡᠷᠭᠡ ᠪᠣᠯᠤᠨ ᠶᠠᠪᠠᠭᠠᠨ ᠬᠥᠮᠦᠨ ᠤᠷᠲᠤ ᠴᠠᠭᠠᠨ ᠬᠡᠷᠡᠮ ᠤᠨ ᠠᠮᠠᠰᠠᠷ ᠠᠴᠠ ᠡᠮᠦᠨ᠎ᠡ ᠠᠴᠠ ᠤᠮᠠᠷᠠᠰᠢ ᠰᠦᠯᠵᠢᠯᠳᠦᠨ ᠶᠠᠪᠤᠨ᠎ᠠ᠃ ᠡᠨᠡ ᠪᠣᠯ ᠮᠠᠰᠢ ᠶᠡᠭᠡ ᠬᠠᠪᠴᠢᠯ ᠠᠮᠠ ᠪᠣᠯᠬᠤᠷ ᠡᠮᠦᠨ᠎ᠡ ᠤᠮᠠᠷ᠎ᠠ ᠵᠦᠭ ᠤᠷᠤᠰᠬᠤ ᠭᠤᠣᠯ ᠤᠨ ᠭᠤᠯᠳᠤᠷᠢᠯ ᠤᠷᠲᠤ ᠴᠠᠭᠠᠨ ᠬᠡᠷᠡᠮ ᠢ ᠰᠠᠯᠭᠠᠯ᠎ᠠ᠃ ᠪᠢᠶᠠᠨ ᠴᠢᠶᠠᠩ ᠬᠤᠤ ᠲᠣᠰᠬᠤᠨ ᠤ ᠬᠤᠲᠠ ᠶᠢᠨ ᠬᠡᠷᠡᠮ ᠤᠨ ᠥᠨᠳᠥᠷ ᠪᠣᠭᠤᠨᠢ ᠶᠢ ᠲᠡᠭᠰᠢ ᠦᠭᠡᠢ᠂ ᠠᠯᠠᠩ ᠰᠠᠯᠠᠩ ᠠᠳᠠᠷᠠᠵᠤ᠂ ᠡᠷᠦᠢ ᠬᠤᠷᠤᠢ ᠦᠭᠡᠢ ᠪᠣᠯᠵᠠᠢ᠂ ᠭᠡᠪᠡᠴᠦ ᠲᠡᠭᠦᠨ ᠤ ᠡᠷᠲᠡ ᠤ ᠦᠶ᠎ᠡ ᠶᠢᠨ ᠪᠠ ᠰᠠᠯᠬᠢ ᠪᠣᠷᠣᠭᠠᠨ ᠢ ᠲᠤᠭᠤᠯᠤᠭᠰᠠᠨ ᠵᠢᠰᠦ ᠴᠢᠷᠠᠢ ᠶᠢ ᠦᠨᠡᠨ ᠬᠦ ᠣᠶᠢᠯᠠᠭᠠᠵᠤ ᠴᠢᠳᠠᠨ᠎ᠠ᠃ ᠠᠷᠠᠳ ᠤᠨ ᠣᠷᠣᠨ ᠰᠠᠭᠤᠴᠠ ᠶᠢ ᠬᠡᠷᠡᠮ ᠳᠠᠭᠠᠤ ᠪᠠᠶᠢᠭᠤᠯᠵᠤ᠂ ᠵᠠᠷᠢᠮ ᠨᠢ ᠰᠢᠭᠤᠳ ᠬᠤᠲᠠ ᠶᠢᠨ ᠬᠡᠷᠡᠮ ᠳᠡᠭᠡᠷ᠎ᠡ ᠨᠦᠬᠡ ᠭᠠᠷᠭᠠᠵᠤ ᠰᠠᠭᠤᠷᠢᠰᠢᠳᠠᠭ᠃ ᠬᠤᠲᠠ ᠶᠢᠨ ᠬᠡᠷᠡᠮ ᠨᠢᠭᠡᠨᠲᠡ ᠬᠥᠮᠥᠨ ᠤ ᠶᠠᠪᠤᠬᠤ ᠳᠤ ᠵᠣᠷᠢᠭᠤᠯᠤᠭᠰᠠᠨ ᠨᠠᠷᠢᠨ ᠵᠠᠮ ᠪᠣᠯᠵᠠᠢ᠃ ᠡᠨᠡ ᠬᠦ ᠬᠤᠳᠠ ᠶᠢᠨ ᠬᠡᠷᠡᠮ ᠤᠨ ᠬᠠᠮᠤᠭ ᠦᠨᠳᠤᠷ ᠨᠢ ᠪᠠᠷᠤᠭ 3 ᠮᠧᠲᠷ᠂ ᠦᠷᠭᠡᠨ ᠨᠢ 3 ᠮᠧᠲᠷ᠂ ᠤᠷᠳᠤ ᠴᠠᠭᠠᠨ ᠬᠡᠷᠡᠮ ᠨᠢ ᠲᠤᠰᠬᠤᠨ ᠢᠶᠠᠷ ᠦᠩᠭᠡᠷᠡᠵᠤ ᠪᠠᠶᠢᠳᠠᠭ᠃
图片10.png
        ᠵᠣᠬᠢᠶᠠᠭᠴᠢ ᠲᠤᠰᠬᠤᠨ ᠤ ᠠᠷᠠᠳ ᠢ ᠰᠤᠷᠪᠤᠯᠵᠢᠯᠠᠬᠤ ᠳᠤ᠂ ᠡᠨᠡ ᠪᠣᠯ ᠪᠠᠶᠢᠯᠳᠤᠭᠠᠨᠲᠤ ᠤᠯᠤᠰ ᠤᠨ ᠦᠶ᠎ᠡ ᠶᠢᠨ ᠵᠣᠣ ᠤᠯᠤᠰ ᠤᠨ ᠡᠦ ᠯᠢᠩ ᠸᠠᠩ ᠠᠴᠠ ᠵᠠᠷᠯᠢᠭ ᠪᠠᠭᠤᠯᠭᠠᠨ ᠪᠠᠶᠢᠭᠤᠯᠤᠭᠰᠠᠨ ᠵᠣᠣ ᠤᠷᠲᠤ ᠴᠠᠭᠠᠨ ᠬᠡᠷᠡᠮ᠂ ᠣᠳᠣ ᠤᠯᠤᠰ ᠶᠠᠭ ᠤᠷᠲᠤ ᠴᠠᠭᠠᠨ ᠬᠡᠷᠡᠮ ᠢᠶᠠᠨ ᠬᠠᠮᠠᠭᠠᠯᠠᠵᠤ ᠪᠠᠶᠢᠬᠤ ᠶᠢ ᠲᠤᠰᠬᠤᠨ ᠤ ᠠᠷᠠᠳ ᠪᠦᠷ ᠮᠡᠳᠡᠨ᠎ᠡ᠃ ᠨᠢᠭᠡ ᠲᠤᠰᠬᠤᠨ ᠤ ᠠᠷᠠᠳ ᠤᠨ ᠬᠡᠯᠡᠬᠦ ᠪᠠᠷ᠂ ᠲᠡᠷᠡ ᠭᠡᠷ ᠪᠠᠷᠢᠵᠤ ᠰᠠᠭᠤᠷᠢ ᠮᠠᠯᠲᠠᠬᠤ ᠳᠠᠭᠠᠨ ᠴᠢᠨᠳᠠᠷ ᠢ ᠨᠢ ᠤᠬᠤᠵᠤ ᠭᠠᠷᠭᠠᠭᠰᠠᠨ ᠪᠥᠭᠡᠳ ᠣᠳᠤ ᠶᠢᠨ ᠬᠥᠮᠥᠨ ᠠᠴᠠ ᠬᠤᠯᠠ ᠥᠨᠳᠥᠷ ᠪᠦᠳᠦᠭᠦᠨ ᠭᠡᠳᠡᠭ᠂ ᠠᠳᠠᠯᠢᠪᠲᠤᠷ ᠦᠵᠡᠭᠳᠡᠯ ᠨᠢ ᠲᠣᠰᠬᠤᠨ ᠳᠤ ᠮᠠᠰᠢ ᠣᠯᠠᠨ ᠤᠳᠠᠭ᠎ᠠ ᠢᠯᠡᠷᠡᠵᠡᠢ᠃ ᠪᠠᠰᠠ ᠨᠢᠭᠡ ᠲᠤᠰᠬᠤᠨ ᠤ ᠠᠷᠠᠳ ᠤᠨ ᠬᠡᠯᠡᠬᠦ ᠪᠠᠷ ᠬᠡᠷᠡᠮ ᠴᠣᠭᠤᠯᠵᠤ ᠰᠠᠭᠤᠭᠰᠠᠨ ᠨᠢ ᠲᠤᠬᠠᠢ ᠶᠢᠨ ᠭᠠᠵᠠᠷ ᠤᠨ ᠳᠡᠭᠡᠷᠡᠮ ᠲᠦᠷᠢᠮᠡᠬᠡᠶᠢᠯᠡᠵᠦ᠂ ᠭᠠᠯᠯᠠᠬᠤ ᠠᠴᠠ ᠠᠶᠤᠭᠰᠠᠨ ᠭᠡᠳᠡᠭ᠃ ᠲᠣᠰᠬᠤᠨ ᠠᠴᠠ ᠭᠠᠷᠤᠭᠰᠠᠨ ᠤ ᠳᠠᠷᠠᠭ᠎ᠠ ᠤᠷᠲᠤ ᠴᠠᠭᠠᠨ ᠬᠡᠷᠡᠮ ᠢᠶᠠᠷ ᠠᠭᠤᠯᠠᠨ ᠳᠣᠣᠭᠤᠷ ᠪᠠᠭᠤᠵᠤ ᠵᠡᠭᠦᠨᠰᠢ ᠪᠠᠨ ᠶᠠᠪᠤᠭᠠᠳ ᠤᠷᠲᠤ ᠴᠠᠭᠠᠨ ᠬᠡᠷᠡᠮ ᠠᠴᠠ ᠭᠤᠣᠯ ᠳᠤ ᠬᠦᠷᠳᠡᠭ ᠪᠠᠶᠢᠵᠠᠶ ᠃ ᠡᠨᠡ ᠪᠣᠯ ᠨᠡᠯᠢᠶᠡᠳ ᠴᠢᠬᠤᠯᠠ ᠬᠡᠰᠡᠭ᠂ ᠬᠤᠢᠨᠠᠬᠢ ᠨᠢ ᠲᠠᠯ᠎ᠠ ᠨᠤᠲᠤᠭ ᠲᠤ ᠨᠡᠪᠲᠡᠷᠡᠬᠦ ᠭᠤᠣᠯ ᠵᠠᠮ᠂ ᠡᠮᠦᠨᠡᠰᠢ ᠵᠦᠩ ᠶᠦᠸᠠᠨ ᠣᠷᠤᠨ ᠬᠦᠷᠬᠦ ᠵᠠᠪᠠᠯ ᠥᠩᠭᠡᠷᠡᠬᠦ ᠵᠠᠮ ᠮᠦᠨ᠃ 9᠄ 30 ᠴᠠᠭ ᠲᠤ ᠵᠠᠰᠠᠮᠠᠯ ᠵᠠᠮ ᠳᠡᠭᠡᠷ᠎ᠡ ᠭᠠᠷᠤᠭᠰᠠᠨ ᠤ ᠳᠠᠷᠠᠭ᠎ᠠ᠂ ᠵᠣᠣ  ᠤᠷᠲᠤ ᠴᠠᠭᠠᠨ ᠬᠡᠷᠡᠮ ᠤᠨ ᠪᠠᠭᠤᠷᠢ ᠶᠢᠨ ᠵᠠᠮ ᠳᠠᠭᠠᠤ ᠶᠠᠪᠤᠪᠠ᠂ ᠡᠨᠡ ᠨᠢ ᠲᠤᠬᠠᠶ ᠶᠢᠨ ᠵᠢᠯ ᠳᠤ ᠵᠠᠰᠠᠮᠠᠯ ᠵᠠᠮ ᠵᠠᠰᠠᠬᠤ ᠰᠠᠨᠠᠭ᠎ᠠ ᠲᠠᠢ ᠪᠠᠶᠢᠭᠰᠠᠨ ᠪᠣᠯᠬᠤᠷ ᠵᠣᠷᠢᠭᠤᠳᠠ ᠰᠢᠭᠤᠳ ᠴᠠᠭᠠᠨ ᠬᠡᠷᠡᠮ ᠢ ᠳᠠᠭᠠᠵᠤ ᠪᠠᠶᠢᠬᠤ ᠰᠢᠯᠲᠠᠭᠠᠨ ᠪᠣᠯᠬᠤ ᠶᠤᠮ᠃ ᠣᠭᠲᠣᠯᠤᠭᠠᠰᠤ ᠶᠢᠨ ᠲᠠᠯ᠎ᠠ ᠠᠴᠠ ᠬᠤᠲᠠ ᠶᠢᠨ ᠬᠡᠷᠡᠮ ᠨᠢ ᠨᠢᠭᠡ ᠳᠠᠪᠬᠤᠷᠭ᠎ᠠ ᠰᠢᠷ᠎ᠠ ᠰᠢᠷᠦ᠋ᠢᠲᠤ ᠨᠢᠭᠡ ᠳᠠᠪᠬᠤᠷᠭ᠎ᠠ ᠬᠡᠮᠬᠡᠷᠡᠭᠰᠡᠨ ᠬᠠᠶᠢᠷ ᠴᠢᠯᠠᠭᠤ ᠪᠠᠷ ᠬᠠᠩᠳᠠᠨ ᠪᠦᠲᠦᠬᠡᠭᠰᠡᠨ ᠢ ᠢᠯᠡᠷᠬᠡᠢ ᠮᠡᠳᠡᠵᠦ ᠪᠣᠯᠣᠨ᠎ᠠ᠃ ᠳᠠᠪᠬᠤᠷᠭ᠎ᠠ ᠪᠦᠷᠢ ᠨᠢ ᠪᠠᠷᠤᠭ 10 ᠰᠡᠨᠲ᠋ᠢᠮᠧᠲᠷ ᠪᠠᠶᠢᠵᠤ᠂ ᠬᠡᠷᠡᠮ ᠤᠨ ᠪᠡᠶ᠎ᠡ ᠶᠢᠨ ᠥᠨᠳᠥᠷ ᠨᠢ ᠪᠠᠷᠤᠭ 3 ᠮᠧᠲᠷ ᠪᠠᠶᠢᠵᠤ᠂ ᠪᠠᠷᠤᠭ 50 ᠮᠧᠲᠷ ᠤᠷᠲᠤ ᠵᠤᠤ ᠤᠯᠤᠰ ᠤᠨ ᠤᠷᠲᠤ ᠴᠠᠭᠠᠨ ᠬᠡᠷᠡᠮ ᠨᠢ ᠨᠢᠳᠦᠨ ᠡᠮᠦᠨ᠎ᠡ ᠢᠯᠡᠷᠡᠭᠰᠡᠨ ᠪᠠᠶᠢᠨ᠎ᠠ᠃ ᠲᠡᠭᠡᠭᠡᠳ ᠤᠷᠲᠤ ᠴᠠᠭᠠᠨ ᠬᠡᠷᠡᠮ ᠨᠢ ᠪᠠᠰᠠ ᠭᠤᠣᠯ ᠤᠨ ᠭᠤᠯᠳᠤᠷᠢᠯ ᠢ ᠳᠠᠭᠠᠵᠠᠢ᠂ ᠬᠠᠮᠤᠭ ᠥᠨᠳᠥᠷ ᠨᠢ ᠪᠠᠷᠤᠭ 3 ᠮᠧᠲᠷ ᠪᠠᠶᠢᠵᠤ᠂ ᠰᠠᠭᠤᠷᠢ ᠶᠢᠨ ᠥᠷᠭᠡᠨ ᠨᠢ ᠪᠠᠷᠤᠭ 3 ᠮᠧᠲᠷ ᠪᠠᠶᠢᠳᠠᠭ᠃ ᠰᠢᠷ᠎ᠠ ᠰᠢᠷᠣᠶ᠂ ᠡᠯᠡᠰᠦ᠂ ᠴᠢᠯᠠᠭᠤ ᠪᠠᠷ ᠬᠠᠩᠳᠠᠨ ᠪᠦᠲᠦᠭᠰᠡᠨ ᠪᠣᠯᠬᠤᠷ ᠂ ᠨᠦᠬᠡ ᠮᠠᠯᠲᠠᠬᠤ ᠳᠤ ᠳᠥᠬᠦᠮ ᠪᠣᠯᠭᠠᠬᠤ ᠶᠢᠨ ᠲᠥᠯᠥᠭᠡ ᠬᠤᠲᠠ ᠶᠢᠨ ᠬᠡᠷᠡᠮ ᠤᠨ ᠣᠷᠣᠶ ᠳᠤ ᠴᠠᠬᠢᠯᠭᠠᠨ ᠤᠲᠠᠰᠤᠨ ᠤ ᠪᠠᠭᠠᠨ᠎ᠠ ᠶᠢᠨ ᠬᠠᠮᠤᠭ ᠤᠨ ᠰᠠᠶᠢᠨ ᠪᠠᠶᠢᠷᠢ ᠪᠣᠯᠵᠠᠶ᠃ ᠡᠨᠡ ᠬᠦ ᠬᠡᠰᠡᠭ ᠨᠢ ᠪᠠᠷᠤᠭ 1000 ᠮᠧᠲᠷ ᠰᠢᠬᠠᠮ ᠤᠷᠲᠤ ᠴᠠᠭᠠᠨ ᠬᠡᠷᠡᠮ ᠲᠠᠢ᠂ ᠣᠯᠠᠩᠬᠢ ᠭᠠᠵᠠᠷ ᠨᠢ ᠦᠶᠡᠷ ᠲᠤ ᠠᠪᠲᠠᠭᠳᠠᠵᠤ᠂ ᠤᠷᠲᠤ ᠴᠠᠭᠠᠨ ᠬᠡᠷᠡᠮ ᠨᠢ ᠬᠤᠶᠠᠷ ᠠᠭᠤᠯᠠ ᠶᠢᠨ ᠬᠤᠭᠤᠷᠣᠨᠳᠤ ᠭᠤᠤ ᠳᠠᠭᠠᠪᠠ᠃ ᠡᠨᠡ ᠬᠦ ᠣᠷᠳᠣ ᠴᠠᠭᠠᠨ ᠬᠡᠷᠡᠮ ᠪᠣᠯ ᠵᠣᠬᠢᠶᠠᠭᠴᠢ ᠶᠢᠨ ᠲᠣᠰ ᠤᠳᠠᠭᠠᠨ ᠤ ᠰᠢᠯᠭᠠᠨ ᠪᠠᠶᠢᠴᠠᠭᠠᠯᠲᠠ ᠳᠤ ᠣᠯᠵᠤ ᠮᠡᠳᠡᠭᠰᠡᠨ ᠬᠠᠮᠤᠭ ᠤᠨ ᠣᠷᠳᠣ᠂ ᠬᠠᠮᠤᠭ ᠤᠨ ᠥᠨᠳᠥᠷ᠂ ᠬᠠᠮᠤᠭ ᠤᠨ ᠰᠦᠷᠯᠢᠭ ᠨᠢᠭᠡ ᠬᠡᠰᠡᠭ ᠮᠥᠨ᠂ ︽ᠲᠡᠤᠬᠡ ᠶᠢᠨ ᠣᠷᠳᠣ ᠬᠤᠩᠭᠢᠯ ᠢ ᠨᠡᠪᠲᠡᠯᠵᠦ᠂ ᠰᠠᠭᠠᠳ ᠥᠬᠡᠶ ᠨᠡᠪᠲᠡᠷᠡᠬᠦ ᠵᠠᠮ ᠢ ᠠᠯᠤᠰᠯᠠᠬᠤ︾ ᠴᠢᠬᠤᠯᠠ ᠦᠵᠡᠮᠵᠢ ᠶᠢᠨ ᠭᠠᠵᠠᠷ ᠪᠣᠯᠤᠨ᠎ᠠ᠃ 10᠄ 40 ᠠᠴᠠ ᠡᠬᠢᠯᠡᠨ ︽ᠪᠠᠶᠢᠯᠳᠤᠭᠠᠨᠳᠣ ᠣᠯᠣᠰ ᠤᠨ ᠵᠣᠣ ᠣᠯᠣᠰ ᠤᠨ ᠣᠷᠳᠣ ᠴᠠᠭᠠᠨ ᠬᠡᠷᠡᠮ ᠤᠨ ᠪᠠᠭᠤᠷᠢ︾ ᠴᠢᠯᠠᠭᠤᠨ ᠬᠦᠰᠢᠶ᠎ᠡ ᠲᠠᠢ ᠬᠡᠷᠡᠵᠦ ᠪᠠᠶᠢᠭ᠎ᠠ ᠬᠡᠷᠡᠮ ᠢ ᠠᠭᠤᠯᠠᠨ ᠲᠣᠣᠷ᠎ᠠ᠂ ᠵᠠᠰᠠᠮᠠᠯ ᠵᠠᠮ ᠨᠢ ᠣᠷᠳᠣ ᠴᠠᠭᠠᠨ ᠬᠡᠷᠡᠮ ᠢ ᠲᠠᠰᠣᠯᠣᠭᠰᠡᠨ ᠭᠡᠰᠡᠭ ᠲᠤ ᠬᠤᠶᠠᠷ ᠬᠡᠰᠡᠭ ᠠᠭᠤᠯᠨ ᠪᠠᠶᠢᠵᠦ᠂ ᠲᠣᠭᠳᠠᠴᠨ ᠪᠣᠶᠣ ᠬᠠᠷᠰᠢᠳᠡᠢ ᠬᠤᠳᠠ ᠬᠡᠮᠡᠨ ᠰᠡᠵᠢᠭᠯᠡᠵᠡᠢ᠃ ᠠᠳᠡᠬᠢ ᠠᠯᠢ ᠡᠷᠲᠡ 1999 ᠣᠨ ᠳᠤ ᠰᠢᠭᠤᠶᠢᠲᠦ ᠲᠣᠭᠤᠷᠢᠭ ᠠᠴᠠ ︽ᠡᠬᠡ ᠣᠷᠣᠨᠴᠢ ᠦᠵᠡᠯ ᠤᠨ ᠬᠥᠮᠦᠵᠢᠯ ᠤᠨ ᠰᠠᠭᠤᠷᠢᠨ ᠭᠠᠵᠠᠷ︾ ᠢᠶᠠᠷ ᠲᠣᠭᠲᠠᠭᠠᠭᠳᠠᠭᠰᠠᠨ ᠪᠥᠭᠡᠳ ᠪᠠᠰᠠ ᠥᠭᠡᠷ᠎ᠡ ᠴᠢᠯᠠᠭᠤᠨ ᠬᠦᠰᠢᠶ᠎ᠡ ᠪᠣᠰᠬᠠᠭᠰᠠᠨ ᠪᠠᠶᠢᠨ᠎ᠠ᠃ ᠰᠢᠭᠤᠶᠢᠲᠦ ᠲᠣᠭᠤᠷᠢᠭ ᠤᠨ ᠰᠢᠨ᠎ᠡ ᠨᠢᠭᠡ ᠬᠤᠭᠤᠴᠠᠭᠠᠨ ᠤ ᠨᠠᠮ ᠵᠠᠰᠠᠭ ᠤᠨ ᠤᠳᠤᠷᠢᠳᠬᠤ ᠪᠠᠭ ᠥᠨᠳᠥᠷ ᠲᠤ ᠵᠣᠭᠰᠣᠨ ᠠᠯᠤᠰ ᠢ ᠪᠠᠷᠠᠯᠠᠵᠤ᠂ ᠴᠠᠭ ᠢ ᠰᠢᠨᠵᠢᠵᠦ ᠪᠠᠶᠢᠳᠠᠯ ᠢ ᠨᠢ ᠰᠢᠨᠵᠢᠯᠡᠨ᠂ ᠲᠤᠬᠠᠢ ᠶᠢᠨ ᠭᠠᠵᠠᠷ ᠣᠷᠣᠨ ᠤ ᠪᠠᠶᠢᠳᠠᠯ ᠳᠠᠭᠠᠨ ᠲᠣᠬᠢᠷᠠᠭᠤᠯᠵᠤ᠂ ᠡᠷᠲᠡᠨ ᠤ ᠰᠣᠶᠣᠯ ᠤᠨ ᠦᠯᠡᠳᠡᠭᠳᠡᠯ ᠪᠠ ᠳᠠᠪᠠᠭᠤᠯᠢᠭ ᠭᠠᠵᠠᠷ ᠵᠦᠢ ᠶᠢᠨ ᠪᠠᠶᠢᠷᠢᠰᠢᠯ ᠢ ᠠᠰᠢᠭᠯᠠᠨ᠂ ᠠᠳᠡ ᠨᠢᠭᠡ ᠬᠡᠰᠡᠭ ᠤᠷᠲᠤ ᠴᠠᠭᠠᠨ ᠬᠡᠷᠡᠮ ᠢ ᠰᠡᠯᠪᠢᠨ ᠵᠠᠰᠠᠭᠰᠠᠨ ᠰᠠᠭᠤᠷᠢᠨ ᠳᠡᠭᠡᠷ᠎ᠡ᠂ ᠵᠠᠰᠠᠭ ᠤᠨ ᠣᠷᠳᠣᠨ ᠠᠴᠠ 110 ᠲᠦᠮᠡᠨ ᠲᠥᠭᠦᠷᠢᠭ ᠤᠨ ᠪᠡᠯᠡ ᠣᠷᠣᠭᠤᠯᠵᠤ᠂ 3000 ᠲᠡᠭᠰᠢ ᠳᠥᠷᠪᠡᠯᠵᠢᠨ ᠮᠧᠲᠷ ᠲᠠᠯᠠᠪᠠᠢ ᠲᠠᠢ ᠬᠤ ᠬᠤᠪᠴᠠᠰᠤᠨ ᠤ ᠨᠠᠮᠤᠭ ᠬᠠᠷᠪᠤᠬᠤ ᠠᠭᠤᠳᠠᠮ ᠲᠠᠯᠠᠪᠠᠢ ᠶᠢ ᠪᠠᠶᠢᠭᠤᠯᠵᠤ᠂ ᠨᠢᠭᠡᠨ ᠰᠠᠭᠤᠷᠢ 4.5 ᠮᠧᠲᠷ ᠥᠨᠳᠥᠷ ᠵᠣᠣ ᠦ᠋ ᠯᠢᠩ ᠸᠠᠩ ᠤᠨ ᠱᠤᠭᠤᠮᠠᠯ ᠬᠥᠷᠥᠭ ᠢ ᠪᠤᠰᠬᠠᠵᠤ᠂ ᠪᠠᠰᠠ ᠨᠢᠭᠡ ᠪᠦᠯᠦᠭ ᠲᠦᠭᠦᠷᠵᠢᠭᠰᠡᠨ ᠲᠦᠬᠦᠭᠡᠷᠦᠮᠵᠢ ᠶᠢ ᠪᠠᠶᠢᠷᠢᠯᠠᠭᠤᠯᠵᠤ᠂ ᠬᠥᠮᠦᠰ ᠲᠤ ᠵᠤᠭᠠᠴᠠᠨ ᠲᠣᠭᠤᠷᠢᠵᠤ᠂ ᠵᠣᠣ ᠤᠯᠤᠰ ᠤᠨ ᠰᠣᠶᠣᠯ ᠢ ᠣᠶᠢᠯᠠᠭᠠᠭᠤᠯᠪᠠ᠃ ᠪᠡᠯᠡ ᠣᠷᠣᠭᠤᠯᠤᠯᠲᠠ ᠨᠡᠯᠢᠶᠡᠳ ᠶᠡᠭᠡ᠂ ᠦᠨᠡᠨ ᠰᠡᠳᠬᠢᠯ ᠠᠴᠠ ᠪᠠᠨ ᠮᠡᠳᠡᠯᠭᠡ ᠲᠠᠢ ᠬᠥᠮᠦᠰ ᠢ ᠤᠷᠢᠵᠤ ᠪᠡᠯᠡ ᠣᠷᠣᠭᠤᠯᠵᠤ᠂ ᠤᠷᠳᠤ ᠴᠠᠭᠠᠨ ᠬᠡᠷᠡᠮ ᠤᠨ ᠵᠣᠷᠢᠭ ᠰᠠᠨᠠᠭ᠎ᠠ ᠶᠢ ᠪᠠᠳᠠᠷᠠᠭᠤᠯᠬᠤ ᠳᠤ ᠬᠤᠪᠢ ᠨᠡᠮᠡᠷᠢ ᠦᠵᠡᠭᠦᠯᠬᠦ ᠨᠢ ᠠᠯᠳᠠᠷ ᠨᠡᠷ᠎ᠡ ᠡᠭᠦᠷᠢᠳᠡ ᠬᠠᠳᠠᠭᠠᠯᠠᠭᠳᠠᠬᠤ ᠪᠣᠯᠤᠨ᠎ᠠ᠃
        ᠵᠤᠤ ᠤᠯᠤᠰ ᠤᠨ ᠤᠷᠳᠤ ᠴᠠᠭᠠᠨ ᠬᠡᠷᠡᠮ ᠨᠢ ᠡᠨᠡ ᠬᠦ ᠭᠤᠤ ᠭᠡᠲᠦᠯᠵᠦ ᠵᠡᠭᠦᠨᠰᠢ ᠪᠠᠷᠠᠭᠤᠨᠰᠢ ᠴᠢᠭᠯᠡᠨ ᠠᠭᠤᠯᠠᠨ ᠳᠤᠮᠳᠠ ᠶᠠᠪᠤᠵᠠᠢ᠃ ᠪᠢᠳᠡ ᠤᠷᠲᠤ ᠴᠠᠭᠠᠨ ᠬᠡᠷᠡᠮ ᠢ ᠳᠠᠭᠠᠵᠤ ᠶᠠᠪᠤᠭᠰᠠᠭᠠᠷ᠂ ᠯᠢᠦ ᠱᠦ ᠸᠠᠨ ᠲᠤᠰᠬᠤᠨ ᠤ ᠵᠠᠰᠠᠮᠠᠯ ᠵᠠᠮ ᠤᠨ ᠬᠠᠵᠠᠭᠤ ᠪᠠᠷ ᠪᠦᠷ ᠤᠷᠲᠤ ᠴᠠᠭᠠᠨ ᠬᠡᠷᠡᠮ ᠠᠯᠠᠭ᠎ᠠ ᠪᠣᠯᠪᠠ᠃ ᠤᠷᠲᠤ ᠴᠠᠭᠠᠨ ᠬᠡᠷᠡᠮ ᠬᠠᠮᠢᠭ᠎ᠠ ᠣᠴᠢᠭᠰᠠᠨ ᠪᠤᠢ︖ ᠵᠣᠬᠢᠶᠠᠭᠴᠢ ᠨᠢᠭᠡ ᠴᠠᠭ ᠰᠢᠬᠠᠮ ᠰᠡᠳᠬᠢᠭᠰᠡᠨ ᠤ ᠳᠠᠷᠠᠭ᠎ᠠ᠂ ᠤᠷᠲᠤ ᠴᠠᠭᠠᠨ ᠬᠡᠷᠡᠮ ᠳᠠᠷᠤᠢ ᠬᠠᠵᠠᠭᠤ ᠳᠤ ᠪᠤᠶᠤ ᠬᠥᠯ ᠳᠣᠣᠷ᠎ᠠ ᠪᠠᠶᠢᠨ᠎ᠠ ᠭᠡᠰᠡᠨ ᠬᠠᠷᠢᠭᠤᠯᠲᠠ ᠣᠯᠪᠠ᠂ ᠵᠠᠰᠠᠮᠠᠯ ᠵᠠᠮ ᠢ ᠤᠷᠲᠤ ᠴᠠᠭᠠᠨ ᠬᠡᠷᠡᠮ ᠳᠠᠭᠠᠤ ᠪᠠᠶᠢᠭᠤᠯᠤᠭᠰᠠᠨ ᠠᠴᠠ ᠪᠣᠯᠵᠤ᠂ ᠤᠷᠲᠤ ᠴᠠᠭᠠᠨ ᠬᠡᠷᠡᠮ ᠢ ᠵᠠᠰᠠᠮᠠᠯ ᠵᠠᠮ ᠳᠤ ᠡᠵᠡᠯᠡᠭᠳᠡᠵᠦ᠂ ᠬᠦᠨᠳᠦ ᠨᠣᠴᠢᠲᠠᠶ ᠡᠪᠳᠡᠷᠡᠭᠰᠡᠨ ᠪᠠᠶᠢᠨ᠎ᠠ᠃ ᠬᠤᠶᠠᠷ ᠬᠠᠵᠠᠭᠤ ᠶᠢᠨ ᠶᠡᠭᠡ ᠠᠭᠤᠯᠠ ᠶᠢ ᠳᠠᠭᠠᠯᠳᠤᠨ᠂ ᠮᠤᠷᠤᠢ ᠵᠠᠮ ᠢᠶᠠᠷ ᠪᠠᠢ ᠨᠢ ᠭᠧᠦ ᠲᠤᠰᠬᠤᠨ ᠳᠤ ᠬᠦᠷᠬᠦ ᠦᠶᠡᠰ ᠨᠢᠭᠡᠨᠲᠡ ᠦᠳᠡ ᠶᠢᠨ 12᠄ 30 ᠪᠣᠯᠵᠤ᠂ ᠤᠷᠲᠤ ᠴᠠᠭᠠᠨ ᠬᠡᠷᠡᠮ ᠳᠤ ᠳᠠᠬᠢᠨ ᠢᠯᠡᠷᠡᠭᠰᠡᠨ ᠪᠣᠯᠪᠠᠴᠤ ᠪᠠᠰᠠ ᠵᠠᠰᠠᠮᠠᠯ ᠵᠠᠮ ᠳᠤ ᠣᠭᠲᠤᠯᠤᠭᠳᠠᠪᠠ ︵ᠵᠢᠷᠤᠭ 9︶᠃ ᠾᠧᠦ ᠪᠠ ᠲᠣᠰᠬᠤᠨ ᠤ ᠠᠭᠤᠯᠵᠠᠷ ᠲᠤ ᠤᠷᠲᠤ ᠴᠠᠭᠠᠨ ᠬᠡᠷᠡᠮ ᠲᠠᠢ ᠳᠠᠬᠢᠨ ᠤᠴᠠᠷᠠᠪᠠ᠂ ᠤᠷᠲᠤ ᠴᠠᠭᠠᠨ ᠬᠡᠷᠡᠮ ᠢ ᠳᠠᠭᠠᠵᠤ ᠲᠣᠰᠬᠤᠨ ᠤ ᠠᠷᠤ ᠳᠤ ᠨᠢᠭᠡᠨ ᠮᠤᠨᠳᠠᠭ ᠶᠡᠭᠡ ᠲᠣᠰᠬᠤᠨ ᠤ ᠴᠡᠷᠢᠭ ᠤᠨ ᠬᠤᠸᠠᠷᠠᠨ ᠢ ᠬᠤᠯᠠ ᠠᠴᠠ ᠣᠯᠵᠤ ᠬᠠᠷᠠᠵᠠᠢ᠃ ᠲᠡᠭᠡᠭᠡᠳ ᠲᠡᠷᠡ ᠨᠢᠭᠡᠨ ᠢᠮᠠᠭᠠᠴᠢᠨ ᠢ ᠰᠣᠷᠪᠤᠯᠵᠢᠯᠠᠬᠤ ᠳᠤ᠂ ᠢᠮᠠᠭᠠᠴᠢᠨ᠄ ︽ᠠᠬᠠᠮᠠᠳ ᠦᠶ᠎ᠡ ᠶᠢᠨ ᠬᠢᠨ ᠤ ᠬᠡᠯᠡᠬᠦ ᠪᠠᠷ᠂ ᠡᠮᠦᠨ᠎ᠡ ᠲᠠᠯ᠎ᠠ ᠶᠢᠨ ᠬᠢᠨ ᠪᠣᠯ ᠡᠷᠲᠡᠨ ᠤ ᠴᠡᠷᠢᠭ ᠤᠨ ᠬᠤᠸᠠᠷᠠᠨ᠂ ᠴᠡᠷᠢᠭ ᠤᠨ ᠬᠤᠸᠠᠷᠠᠨ ᠠᠴᠠ ᠭᠠᠷᠴᠤ᠂ ᠵᠡᠭᠦᠨ ᠠᠭᠤᠯᠠᠨ ᠬᠥᠲᠥᠯ ᠳᠡᠭᠡᠷ᠎ᠡ ᠨᠢᠭᠡᠨ ᠴᠣᠪᠤᠭ᠎ᠠ ᠨᠠᠷᠢᠨ ᠵᠠᠮ ᠣᠯᠵᠤ ᠬᠠᠷᠠᠨ᠎ᠠ᠂ ᠲᠡᠷᠡ ᠨᠢ ᠮᠦᠨ ᠴᠦ ᠤᠷᠲᠤ ᠴᠠᠭᠠᠨ ᠬᠡᠷᠡᠮ︾ ᠭᠡᠵᠡᠢ᠃ ᠡᠨᠡ ᠦᠶ᠎ᠡ ᠶᠢᠨ ᠤᠷᠲᠤ ᠴᠠᠭᠠᠨ ᠬᠡᠷᠡᠮ ᠨᠢ ᠲᠤᠩ ᠨᠠᠷᠢᠨ ᠪᠣᠭᠤᠨᠢ ᠪᠣᠯᠵᠤ᠂ ᠤᠰᠤᠯᠠᠯᠲᠠ ᠶᠢᠨ ᠲᠠᠷᠢᠶᠠᠨ ᠤ ᠰᠤᠪᠠᠭ ᠪᠣᠯᠭᠠᠨ ᠵᠠᠰᠠᠭᠰᠠᠨ ᠪᠠᠶᠢᠨ᠎ᠠ᠃ ᠤᠰᠤᠨ ᠰᠤᠪᠠᠭ ᠳᠠᠭᠠᠤ ᠤᠷᠲᠤ ᠴᠠᠭᠠᠨ ᠬᠡᠷᠡᠮ ᠢᠶᠠᠷ ᠶᠠᠪᠤᠵᠤ᠂ ᠦᠳᠡ ᠶᠢᠨ ᠬᠤᠶᠢᠨᠠᠬᠢ 1᠄ 00 ᠴᠠᠭ ᠲᠤ ᠪᠠᠷᠤᠭ ᠲᠠᠯᠠᠪᠠᠢ ᠨᠢ 2500 ᠲᠡᠭᠰᠢ ᠳᠥᠷᠪᠡᠯᠵᠢᠨ ᠮᠧᠲᠷ ᠤᠨ ᠲᠣᠰᠬᠤᠨ ᠤ ᠴᠡᠷᠢᠭ ᠤᠨ ᠬᠤᠸᠠᠷᠠᠨ ᠳᠤ ᠣᠷᠣᠵᠠᠶ᠃ ᠴᠡᠷᠢᠭ ᠤᠨ ᠬᠤᠸᠠᠷᠠᠨ ᠳᠤ ᠵᠡᠭᠦᠨ ᠡᠮᠦᠨᠡᠬᠢ ᠬᠤᠶᠠᠷ ᠭᠠᠷᠬᠤ ᠡᠭᠦᠳᠡ ᠪᠦᠷᠲᠦᠯᠵᠡᠵᠦ᠂ ᠬᠡᠷᠡᠮ ᠤᠨ ᠬᠠᠮᠤᠭ ᠥᠨᠳᠦᠷ ᠨᠢ ᠪᠠᠷᠤᠭ 3 ᠮᠧᠲᠷ ᠣᠷᠴᠢᠮ ᠪᠠᠶᠢᠳᠠᠭ᠃ ᠡᠨᠡ ᠪᠣᠯ ᠵᠠᠮ ᠳᠠᠭᠠᠤ ᠣᠯᠵᠤ ᠦᠵᠡᠭᠰᠡᠨ ᠵᠤᠤ ᠤᠯᠤᠰ ᠤᠨ ᠤᠷᠲᠤ ᠴᠠᠭᠠᠨ ᠬᠡᠷᠡᠮ ᠤᠨ ᠬᠠᠮᠤᠭ ᠤᠨ ᠲᠣᠮᠣ ᠪᠠᠷᠢᠯᠭ᠎ᠠ ᠪᠣᠯᠤᠨ᠎ᠠ᠂ ᠬᠤᠲᠠ ᠶᠢᠨ ᠬᠡᠷᠡᠮ ᠳᠡᠭᠡᠷ᠎ᠡ ᠵᠣᠭᠰᠣᠨ ᠠᠯᠤᠰ ᠢ ᠪᠠᠷᠠᠯᠠᠬᠤᠶ᠎ᠠ᠂ ᠡᠷᠭᠢᠨ ᠲᠣᠭᠤᠷᠢᠨ ᠤ ᠥᠩᠭᠡ ᠦᠵᠡᠮᠵᠢ ᠨᠢᠳᠦᠨ ᠳᠤ ᠲᠣᠳᠤᠷᠠᠵᠤ᠂ ᠲᠡᠭᠦᠨ ᠤ ᠲᠤᠬᠠᠶ ᠶᠢᠨ ᠦᠶ᠎ᠡ ᠶᠢᠨ ᠴᠢᠬᠤᠯᠠ ᠴᠢᠨᠠᠷ ᠢ ᠣᠯᠵᠤ ᠮᠡᠳᠡᠵᠦ ᠳᠡᠶᠢᠯᠦᠨ᠎ᠡ᠃ ᠠᠳᠡ ᠠᠴᠠ ᠵᠡᠭᠦᠨᠰᠢ ᠤᠷᠲᠤ ᠴᠠᠭᠠᠨ ᠬᠡᠷᠡᠮ ᠢ ᠳᠠᠭᠠᠵᠤ ᠶᠠᠪᠤᠪᠠᠯ᠂ ᠬᠤᠶᠠᠷ ᠰᠢᠯᠵᠢᠮᠡᠯ ᠬᠤᠯᠪᠣᠭᠠᠨ ᠤ ᠬᠠᠷᠪᠤᠯᠲᠠ ᠶᠢᠨ ᠵᠢᠶᠠᠰᠠ᠂ ᠳᠣᠬᠢᠶᠠᠨ ᠤ ᠪᠠᠶᠢᠷᠢ ᠶᠢ ᠡᠵᠡᠯᠡᠪᠡ᠃ ᠠᠭᠤᠯᠠᠨ ᠳᠣᠣᠷᠠᠬᠢ ᠨᠢᠭᠡᠨ ᠭᠤᠣᠯ ᠤᠨ ᠭᠤᠯᠳᠤᠷᠢᠯ ᠤᠷᠲᠤ ᠴᠠᠭᠠᠨ ᠬᠡᠷᠡᠮ ᠢ ᠳᠠᠬᠢᠨ ᠲᠠᠰᠤᠯᠪᠠ᠂ ᠥᠨᠳᠥᠷ ᠠᠭᠤᠯᠠ ᠠᠴᠠ ᠡᠮᠦᠨᠡᠰᠢ ᠪᠠᠷᠠᠯᠠᠪᠠᠯ ᠹᠦ᠋ ᠶᠦᠩ ᠵᠢᠦᠢ ᠲᠣᠰᠬᠤᠨ ᠤ ᠨᠢᠭᠡᠨ ᠲᠦᠢᠯ ᠤᠨ ᠲᠣᠳᠣᠷᠬᠠᠢ ᠤᠷᠲᠤ ᠴᠠᠭᠠᠨ ᠬᠡᠷᠡᠮ ᠬᠠᠷᠠᠭᠳᠠᠵᠤ᠂ ᠭᠦᠨ ᠠᠭᠤᠯᠠᠨ ᠵᠢᠯᠠᠭ᠎ᠠ ᠶᠢ ᠴᠢᠭᠯᠡᠨ᠎ᠡ᠃ ᠵᠣᠬᠢᠶᠠᠭᠴᠢ ᠡᠷᠲᠡᠨ ᠤ ᠵᠠᠮ ᠢᠶᠠᠷ ᠠᠭᠤᠯᠠᠨ ᠠᠴᠠ ᠪᠠᠭᠤᠬᠤ ᠳᠤ ᠨᠢᠭᠡᠨᠲᠡ ᠦᠳᠡ ᠶᠢᠨ ᠬᠤᠶᠢᠨᠠᠬᠢ 1᠄ 40 ᠪᠣᠯᠪᠠ᠂ 39 ℃ ᠤᠨ ᠬᠠᠯᠠᠭᠤᠨ ᠳᠤ᠂ 6 ᠴᠠᠭ ᠤᠨ ᠠᠶᠠᠯᠠᠯ ᠢ ᠥᠩᠭᠡᠷᠡᠭᠡᠭᠡᠳ ᠨᠢᠭᠡᠨᠲᠡ ᠬᠦᠴᠦ ᠲᠠᠮᠢᠷ ᠲᠠᠰᠤᠷᠠᠪᠠ᠂ ᠡᠶᠢᠮᠦ ᠠᠴᠠ ᠪᠠᠶᠢᠴᠠᠭᠠᠯᠲᠠ ᠪᠠᠨ ᠳᠠᠭᠤᠰᠬᠠᠪᠠ᠃
图片13.png
        ᠳᠠᠷᠠᠭ᠎ᠠ ᠡᠳᠦᠷ ᠤᠨ ᠦᠳᠡ ᠶᠢᠨ ᠡᠮᠦᠨ᠎ᠡ 8᠄ 40 ᠲᠤ᠂ ᠹᠦ᠋ ᠶᠦᠩ ᠣᠷᠣᠨ ᠰᠠᠭᠤᠴᠠ ᠶᠢᠨ ᠤᠷᠲᠤ ᠴᠠᠭᠠᠨ ᠬᠡᠷᠡᠮ ᠤᠨ ᠣᠷᠤᠬᠤ ᠭᠠᠵᠠᠷ ᠠᠴᠠ ᠦᠷᠭᠦᠯᠵᠢᠯᠡᠨ ᠪᠠᠶᠢᠴᠠᠭᠠᠯᠲᠠ ᠪᠠᠨ ᠡᠬᠢᠯᠡᠭᠦᠯᠪᠡ᠃ ᠡᠭᠦᠨ ᠠᠴᠠ ᠡᠮᠦᠨ᠎ᠡ ᠂ ᠤᠯᠤᠰ ᠤᠨ ᠪᠠᠶᠠᠷ ᠤᠨ ᠰᠢᠶᠠᠩ ᠤᠨ ᠰᠣᠶᠣᠯ ᠤᠨ ᠥᠷᠲᠡᠭᠡ ᠳᠤ ᠠᠵᠢᠯᠯᠠᠵᠤ ᠪᠠᠶᠢᠭᠰᠠᠨ ᠳ᠋ᠠᠩ ᡁᠢ ᠴᠢᠶᠠᠩ ᠠᠬᠠᠮᠠᠳ ᠠᠴᠠ ᠭᠤᠷᠪᠠ ᠤᠳᠠᠭ᠎ᠠ ᠰᠢᠭᠤᠶᠢᠲᠤ ᠲᠣᠭᠤᠷᠢᠭ ᠤᠨ ᠬᠠᠷᠢᠶ᠎ᠠ ᠳᠣᠲᠤᠷᠠᠬᠢ ᠵᠣᠣ ᠤᠯᠤᠰ ᠤᠨ ᠤᠷᠲᠤ ᠴᠠᠭᠠᠨ ᠬᠡᠷᠡᠮ ᠤᠨ ᠵᠦᠭ ᠴᠢᠭ ᠢ ᠨᠢ ᠠᠰᠠᠭᠤᠭᠰᠠᠨ ᠳᠤ ᠲᠡᠷᠡ᠄ ︽1977 ᠣᠨ ᠤ ᠤᠯᠤᠰ ᠤᠨ ᠪᠠᠶᠠᠷ ᠳᠤ᠂ ᠰᠢᠶᠠᠩ ᠢ ᠵᠠᠭᠠᠭ ᠬᠤᠪᠢᠶᠠᠬᠤ ᠦᠶ᠎ᠡ ᠳᠤ ᠹᠦ᠋ ᠶᠦᠩ ᠵᠢᠦᠶ ᠠᠴᠠ ᠯᠤᠤᠶᠧ ᠶᠢᠨ ᠰᠦᠮ᠎ᠡ ᠶᠢᠨ ᠠᠭᠤᠯᠠ ᠬᠦᠷᠲᠡᠯᠡᠬᠢ ᠵᠤᠤ ᠤᠯᠤᠰ ᠤᠨ ᠤᠷᠲᠤ ᠴᠠᠭᠠᠨ ᠬᠡᠷᠡᠮ ᠢ ᠲᠤᠭᠤᠯᠵᠤ ᠥᠩᠭᠡᠷᠡᠭᠰᠡᠨ ᠪᠣᠯᠪᠠᠴᠤ ᠨᠢᠭᠡᠨᠲᠡ ᠶᠠᠪᠤᠬᠤ ᠳᠤ ᠬᠠᠩᠭᠠᠭᠰᠠᠨ ᠵᠥᠷᠢᠭ ᠵᠠᠮ ᠪᠣᠯᠵᠤ ᠬᠤᠪᠢᠷᠠᠪᠠ︾ ᠭᠡᠪᠡ᠃ ᠤᠷᠲᠤ ᠴᠠᠭᠠᠨ ᠬᠡᠷᠡᠮ ᠳᠤ ᠭᠠᠷᠬᠤ ᠳᠤ᠂ ᠲᠦᠷᠦᠭᠦᠦ ᠡᠳᠦᠷ ᠲᠡᠷᠲᠡᠭᠡ ᠠᠭᠤᠯᠠᠨ ᠤ ᠣᠷᠣᠢ ᠳᠡᠭᠡᠷ᠎ᠡ ᠠᠴᠠ ᠣᠯᠵᠤ ᠦᠵᠡᠭᠰᠡᠨ ᠤᠷᠲᠤ ᠴᠠᠭᠠᠨ ᠬᠡᠷᠡᠮ᠂ ᠶᠠᠭ ᠲᠡᠭᠦᠨ ᠤ ᠬᠡᠯᠡᠭᠰᠡᠨ ᠰᠢᠭ᠂ ᠤᠷᠲᠤ ᠴᠠᠭᠠᠨ ᠬᠡᠷᠡᠮ ᠬᠥᠯ ᠳᠣᠣᠷ᠎ᠠ ᠪᠠᠶᠢᠵᠤ᠂ ᠭᠤᠷᠪᠠᠨ ᠮᠧᠲᠷ ᠥᠷᠭᠡᠨ ᠰᠢᠷᠣᠢ ᠶᠢᠨ ᠵᠠᠮ ᠠᠭᠤᠯᠠᠨ ᠵᠦᠭ ᠮᠣᠷᠤᠶᠢᠵᠤ᠂ ᠬᠡᠳᠦᠨ ᠥᠨᠳᠥᠷ ᠬᠦᠴᠦᠳᠡᠯᠲᠦ ᠤᠲᠠᠰᠤᠨ ᠤ ᠵᠢᠶᠠᠰᠠ ᠵᠠᠮ ᠤᠨ ᠳᠤᠮᠳᠠ ᠪᠠᠶᠢᠷᠢᠯᠠᠨ᠎ᠠ᠃ ᠬᠤᠯᠠ ᠶᠢ ᠪᠠᠷᠠᠯᠠᠪᠠᠯ᠂ ᠡᠷᠭᠢᠨ ᠲᠣᠭᠤᠷᠢᠨ ᠤ ᠪᠠᠨ ᠠᠭᠤᠯᠠᠨ ᠳᠡᠭᠡᠷ᠎ᠡ ᠪᠠᠰᠠ ᠥᠨᠳᠥᠷ ᠬᠦᠴᠦᠳᠡᠯᠲᠦ ᠤᠲᠠᠰᠤᠨ ᠤ ᠵᠢᠶᠠᠰᠠ ᠮᠠᠰᠢ ᠣᠯᠠᠨ ᠪᠠᠶᠢᠬᠤ ᠪᠥᠭᠡᠳ ᠲᠠᠷᠢᠶᠠᠨ ᠭᠠᠵᠠᠷ ᠪᠠᠰᠠ ᠮᠠᠰᠢ ᠣᠯᠠᠨ ᠪᠠᠶᠢᠨ᠎ᠠ᠃ ᠪᠠᠷᠤᠭ ᠨᠢᠭᠡ ᠴᠠᠭ ᠠᠯᠬᠤᠭᠰᠠᠨ ᠤ ᠳᠠᠷᠠᠭ᠎ᠠ᠂ ᠥᠨᠳᠥᠷ ᠬᠦᠴᠦᠳᠡᠯᠲᠦ ᠤᠲᠠᠰᠤᠨ ᠤ ᠵᠢᠶᠠᠰᠠ ᠪᠣᠯᠣᠨ ᠲᠠᠷᠢᠶᠠᠨ ᠭᠠᠵᠠᠷ ᠵᠠᠯᠭᠠᠭ᠎ᠠ ᠪᠠᠷ ᠠᠯᠠᠭ᠎ᠠ ᠪᠣᠯᠵᠤ᠂ ᠤᠷᠲᠤ ᠴᠠᠭᠠᠨ ᠬᠡᠷᠡᠮ ᠠᠭᠤᠯᠠ ᠶᠢᠨ ᠨᠢᠷᠤᠭᠤ ᠲᠠᠭᠠᠨ ᠨᠠᠷᠢᠰᠪᠠ᠃ ᠡᠨᠡ ᠦᠶᠡᠰ ᠵᠣᠬᠢᠶᠠᠭᠴᠢ ᠰᠠᠶ᠋ᠢ ᠲᠠᠷᠢᠶᠠᠯᠠᠵᠤ ᠪᠠᠶᠢᠭ᠎ᠠ ᠲᠠᠷᠢᠶᠠᠴᠢᠨ ᠪᠣᠯᠣᠨ ᠦᠨᠳᠦᠷ ᠳᠠᠷᠤᠴᠠᠲᠤ ᠵᠢᠶᠠᠰᠠ ᠵᠥᠭᠡᠭᠡᠪᠦᠷᠢᠯᠡᠵᠦ ᠪᠠᠶᠢᠭ᠎ᠠ ᠲᠡᠷᠭᠡ ᠠᠴᠠ ᠪᠣᠯᠵᠤ ᠤᠷᠲᠤ ᠴᠠᠭᠠᠨ ᠬᠡᠷᠡᠮ ᠣᠳᠤ ᠶᠢᠨ ᠪᠠᠶᠢᠳᠠᠯ ᠲᠠᠢ ᠪᠣᠯᠤᠭᠰᠠᠨ ᠢ ᠰᠡᠭᠡᠭᠡᠷᠡᠪᠡ᠃ ᠤᠷᠲᠤ ᠴᠠᠭᠠᠨ ᠬᠡᠷᠡᠮ ᠤᠨ ᠬᠤᠶᠠᠷ ᠲᠠᠯ᠎ᠠ ᠨᠢ ᠶᠡᠭᠡ ᠪᠡᠷᠬᠡ ᠪᠠᠷᠲᠠᠭ᠎ᠠ᠃ ᠤᠷᠲᠤ ᠴᠠᠭᠠᠨ ᠬᠡᠷᠡᠮ ᠪᠣᠯ ᠤᠯᠠᠮ ᠠᠴᠠ ᠤᠯᠠᠮ ᠠᠶᠤᠯ ᠪᠣᠯᠵᠤ᠂ ᠶᠠᠭ ᠤᠷᠲᠤ ᠴᠠᠭᠠᠨ ᠬᠡᠷᠡᠮ ᠪᠠᠶᠢᠭᠰᠠᠨ ᠦᠭᠡᠢ ᠰᠢᠭ ᠪᠣᠯᠵᠤ ᠪᠠᠶᠢᠨ᠎ᠠ᠃ ᠣᠢᠲᠠ ᠶᠢᠨ ᠡᠮᠣᠨᠠᠭᠢ 10᠄ 10 ᠲᠤ ᠵᠣᠬᠢᠶᠠᠭᠴᠢ ᠪᠡᠷᠬᠡ ᠪᠠᠷᠲᠠᠭ᠎ᠠ ᠶᠢ ᠲᠤᠭᠤᠯᠵᠤ᠂ ᠯᠣᠣᠶᠧ ᠱᠠᠨ ᠠᠭᠤᠯᠠᠨ ᠨᠣᠲᠤᠭ ᠤᠨ ᠠᠭᠤᠯᠠᠨ ᠬᠤᠷᠣᠮᠤᠢ ᠳᠤ ᠬᠦᠷᠴᠦ᠂ ᠶᠠᠪᠤᠵᠤ ᠣᠢᠩᠭᠡᠷᠠᠭᠰᠠᠨ ᠣᠷᠲᠤ ᠴᠠᠭᠠᠨ ᠬᠡᠷᠠᠮ ᠢ ᠡᠷᠭᠢᠨ ᠬᠠᠷᠠᠬᠤ ᠳᠤ᠂ ᠮᠣᠷᠤᠢ ᠰᠠᠷᠤᠢ ᠮᠣᠷᠣᠯᠵᠠᠨ᠂ ᠠᠶᠤᠯ ᠪᠠᠷᠲᠠᠭ᠎ᠠ ᠲᠤᠶᠢᠯ ᠤᠨ ᠶᠡᠭᠡ ᠪᠠᠶᠢᠯ᠎ᠠ᠃ ᠡᠷᠲᠡᠨ ᠤ ᠵᠠᠮ ᠢᠶᠠᠷ ᠳᠠᠯᠠᠢ ᠶᠢᠨ ᠲᠥᠪᠰᠢᠨ ᠠᠴᠠ 1741 ᠮᠧᠲᠷ ᠡᠷᠭᠦᠭᠳᠡᠭᠰᠡᠨ ᠠᠭᠤᠯᠠ ᠶᠢᠨ ᠣᠷᠣᠢ ᠳᠤ ᠬᠦᠷᠴᠡᠢ᠃ ᠤᠤᠯ ᠤᠨ ᠯᠣᠣᠶᠧ ᠶᠢᠨ ᠰᠥᠮ᠎ᠡ ᠨᠢ ᠨᠢᠭᠡᠮᠦᠰᠦᠨ ᠨᠤᠷᠠᠵᠠᠢ᠂ ᠯᠣᠣᠶᠧ ᠰᠦᠮ᠎ᠡ ᠶᠢᠨ ᠪᠠᠭᠤᠷᠢ ᠳᠤ ᠳᠥᠷᠪᠡᠯᠵᠢᠨ ᠴᠢᠯᠠᠭᠤᠨ ᠣᠪᠣᠭ᠎ᠠ ᠵᠡᠷᠭᠡᠯᠡᠵᠦ᠂ ᠳᠤᠮᠳᠠ ᠪᠠᠨ ᠬᠠᠭᠠᠰ ᠲᠣᠰᠣᠨ ᠱᠤᠩᠬᠤᠷ ᠪᠣᠰᠬᠠᠵᠤ᠂ ᠪᠠᠷᠤᠭ ᠬᠡᠳᠦᠨ ᠵᠠᠭᠤᠨ ᠪᠠᠯᠲᠤ ᠵᠦᠭᠡᠢ ᠠᠳᠡᠬᠢ ᠶᠢ ᠡᠵᠡᠯᠡᠵᠦ᠂ ᠵᠣᠬᠢᠶᠠᠭᠴᠢ ᠲᠡᠳᠡᠨ ᠤ ᠳᠠᠭᠠᠷᠢᠯᠲᠠ ᠳᠤ ᠤᠴᠠᠷᠠᠬᠤ ᠰᠢᠬᠠᠪᠠ᠃ ᠠᠭᠤᠯᠠᠨ ᠣᠷᠣᠢ ᠳᠡᠭᠡᠷ᠎ᠡ ᠵᠣᠭᠰᠣᠨ ᠠᠯᠤᠰ ᠢ ᠪᠠᠷᠠᠯᠠᠬᠤ ᠳᠤ᠂ ᠡᠷᠭᠢᠨ ᠲᠣᠭᠤᠷᠢᠨ ᠤ ᠥᠨᠳᠥᠷ ᠠᠭᠤᠯᠠ ᠳᠠᠪᠠᠭ᠎ᠠ ᠶᠢ ᠨᠢᠮᠭᠡᠨ ᠮᠠᠨᠠᠨ ᠳᠤ ᠰᠦᠨᠳᠡᠷᠯᠡᠵᠦ᠂ ᠦᠵᠡᠮᠵᠢ ᠰᠦᠷᠯᠢᠭ ᠰᠠᠶᠢᠬᠠᠨ ᠪᠥᠭᠡᠳ ᠨᠢᠳᠦᠨ ᠡᠮᠦᠨᠡᠬᠢ ᠡᠪᠡᠰᠦ ᠮᠣᠳᠣ ᠨᠢᠳᠦ ᠳᠦᠭᠦᠷᠡᠩ ᠬᠠᠷᠠᠭᠳᠠᠨ᠎ᠠ᠃ ᠡᠮᠦᠨᠡᠰᠢ ᠡᠷᠢᠪᠡᠯ᠂ ᠵᠦᠪᠬᠡᠨ ᠠᠭᠤᠯᠠᠨ ᠬᠢᠷ᠎ᠠ ᠳᠡᠭᠡᠷ᠎ᠡ ᠦᠯᠡᠳᠡᠭᠰᠡᠨ ᠶᠠᠪᠤᠭᠠᠨ ᠵᠠᠮ ᠪᠤᠢ᠂ ᠠᠭᠤᠯᠠᠨ ᠳᠠᠭᠤ ᠳᠣᠷᠤᠭᠰᠢ ᠪᠠᠭᠤᠪᠠᠯ᠂ ᠠᠭᠤᠯᠠᠨ ᠳᠤᠮᠳᠠ ᠠᠷᠢᠯᠴᠢᠬᠠᠨ᠎ᠠ᠃ ᠵᠣᠣ ᠤᠯᠤᠰ ᠤᠨ ᠤᠷᠲᠤ ᠴᠠᠭᠠᠨ ᠬᠡᠷᠡᠮ ᠡᠭᠦᠨ ᠠᠴᠠ ᠬᠤᠶᠢᠰᠢ ᠮᠤᠨᠢ ᠠᠭᠤᠯᠠ ᠪᠠᠷ ᠲᠦᠮᠡᠳ ᠪᠠᠷᠠᠭᠤᠨ ᠬᠤᠰᠢᠭᠤᠨ ᠳᠤ ᠬᠦᠷᠴᠦ᠂ ᠲᠣᠭᠲᠠᠬᠤ ᠰᠢᠶᠠᠨ ︵ᠶᠦᠨ ᠵᠦᠩ︶ ᠢᠶᠠᠷ ᠳᠠᠮᠵᠢᠨ ᠳᠠᠬᠢᠨ ᠬᠥᠬᠡᠬᠤᠲᠠ ᠶᠢᠨ ᠬᠤᠶᠢᠨ᠎ᠠ ᠠᠴᠠ ᠵᠦᠸᠧᠽᠢ᠂ ᠵᠢᠨᠢᠩ ᠤᠨ ᠡᠮᠦᠨ᠎ᠡ ᠠᠴᠠ ᠡᠾᠧᠪᠸᠢ ᠮᠤᠵᠢ ᠶᠢᠨ ᠵᠠᠩ ᠪᠸᠢ ᠰᠢᠶᠠᠨ ᠤ ᠡᠮᠦᠨ᠎ᠡ ᠲᠠᠯ᠎ᠠ ᠳᠤ ᠬᠦᠷᠴᠦ ᠡᠴᠦᠰᠯᠡᠨ᠎ᠡ᠃
图片14.png
        ᠦᠳᠡ ᠶᠢᠨ 12᠄ 00 ᠴᠠᠭ ᠲᠤ ᠠᠭᠤᠯᠠᠨ ᠠᠴᠠ ᠪᠠᠭᠤᠭᠰᠠᠨ ᠤ ᠳᠠᠷᠠᠭ᠎ᠠ ᠵᠣᠬᠢᠶᠠᠭᠴᠢ ᠵᠣᠣ ᠤᠯᠤᠰ ᠤᠨ ᠤᠷᠲᠤ ᠴᠠᠭᠠᠨ ᠬᠡᠷᠡᠮ ᠨᠡᠶᠢᠯᠡᠵᠦ ᠪᠠᠶᠢᠭ᠎ᠠ ᠨᠢᠭᠡ ᠵᠤᠷᠪᠤᠰ ᠰᠢᠷᠤᠢ ᠶᠢᠨ ᠵᠠᠮ ᠢᠶᠠᠷ ᠪᠤᠴᠠᠪᠠ᠂ ᠬᠤᠯᠠ ᠠᠴᠠ ᠪᠠᠷᠠᠯᠠᠬᠤᠶ᠎ᠠ᠂ ᠵᠣᠣ ᠤᠯᠤᠰ ᠤᠨ ᠤᠷᠲᠤ ᠴᠠᠭᠠᠨ ᠬᠡᠷᠡᠮ ᠲᠡᠷᠡ ᠠᠭᠤᠯᠠ ᠶᠢᠨ ᠬᠢᠷ᠎ᠠ ᠳᠡᠭᠡᠷ᠎ᠡ ᠠᠪᠠᠷᠢᠵᠤ ᠯᠣᠣᠶᠧ ᠰᠥᠮ᠎ᠡ ᠶᠢᠨ ᠠᠭᠤᠯᠠ ᠥᠭᠡᠳᠡ ᠠᠯᠭᠤᠷᠬᠠᠨ ᠮᠠᠴᠤᠨ᠎ᠠ᠃        ᠲᠡᠭᠦᠰᠬᠡᠯᠲᠡ        ︽ᠬᠤ᠋ ᠶᠢᠨ ᠬᠤᠪᠴᠠᠰᠣ ᠬᠠᠷᠪᠤᠵᠦ ᠨᠠᠮᠨᠠᠬᠤ︾ ᠶᠢ ᠬᠡᠷᠡᠭᠵᠢᠭᠦᠯᠦᠭᠰᠡᠨ ᠨᠢ ᠵᠣᠣ ᠤᠯᠤᠰ ᠤᠨ ᠤᠷᠲᠤ ᠴᠠᠭᠠᠨ ᠬᠡᠷᠡᠮ ᠤᠨ ᠪᠠᠷᠢᠯᠭ᠎ᠠ ᠶᠢ ᠲᠦᠷᠭᠡᠳᠬᠡᠵᠦ᠂ ᠬᠢᠯᠢ ᠶᠢᠨ ᠬᠠᠮᠠᠭᠠᠯᠠᠯᠲᠠ ᠶᠢ ᠪᠠᠬᠢᠵᠢᠭᠦᠯᠵᠦ᠂ ᠦᠨᠳᠦᠰᠦᠲᠡᠨ ᠤ ᠠᠭᠤᠰᠤᠯᠴᠠᠯ ᠢ ᠠᠬᠢᠭᠤᠯᠤᠯᠭᠰᠠᠨ ᠢᠶᠠᠷ ᠪᠠᠷᠠᠬᠤ ᠦᠭᠡᠢ᠂ ᠪᠠᠰᠠ ᠳᠤᠮᠳᠠᠳᠤ ᠶᠢᠨ ᠦᠨᠳᠦᠰᠦᠲᠡᠨ ᠤ ᠬᠥᠭᠵᠢᠯᠲᠡ ᠶᠢ ᠠᠬᠢᠭᠤᠯᠤᠭᠰᠠᠨ ᠪᠠᠶᠢᠨ᠎ᠠ᠃ ᠵᠤᠤ ᠤᠯᠤᠰ ᠤᠨ ᠤᠷᠲᠤ ᠴᠠᠭᠠᠨ ᠬᠡᠷᠡᠮ ᠢ ᠡᠷᠭᠢᠨ ᠬᠠᠷᠠᠬᠤ ᠳᠤ ᠲᠦᠮᠡᠨ ᠣᠯᠠᠨ ᠰᠡᠳᠭᠢᠮᠵᠢ ᠪᠣᠢ᠃ ᠵᠣᠣ ᠦ᠋ ᠯᠢᠩ ᠸᠠᠩ᠂ ᠵᠣᠣ ᠬᠤᠢ ᠸᠧᠨ ᠸᠠᠩ᠂ ᠵᠣᠣ ᠭᠦ᠂ ᠯᠢᠶᠠᠨ ᠫᠦᠸᠧ᠂ ᠯᠢᠨ ᠱᠢᠶᠠᠩ ᠷᠦ ᠂ ᠵᠣᠣ ᠱᠧ᠂ ᠵᠣᠣ ᠺᠣᠤ᠂ ᠯᠢ ᠮᠦ ᠪᠣᠯᠤᠨ ᠴᠢᠨ ᠵᠢᠶᠠᠩ ᠧᠩ ᠲᠢᠶᠠᠨ ᠨᠠᠷ ᠡᠨᠡ ᠬᠦ ᠤᠷᠲᠤ ᠴᠠᠭᠠᠨ ᠬᠡᠷᠡᠮ ᠳᠤ ᠢᠷᠡᠵᠦ ᠥᠩᠭᠡᠷᠡᠭᠰᠡᠨ ᠦᠦ︖ ᠬᠡᠨ ᠡᠨᠡ ᠬᠡᠰᠡᠭ ᠤᠷᠲᠤ ᠴᠠᠭᠠᠨ ᠬᠡᠷᠡᠮ ᠢ ᠰᠠᠬᠢᠨ ᠬᠠᠮᠠᠭᠠᠯᠠᠵᠤ ᠪᠠᠶᠢᠬᠤ ᠪᠣᠢ︖ ᠶᠡᠷᠦᠩᠬᠡᠶᠢᠯᠡᠪᠡᠯ᠂ ᠡᠨᠡ ᠪᠣᠯ ᠡᠪᠦᠭᠡ ᠳᠡᠭᠡᠳᠦᠰ ᠤᠨ ᠴᠢᠰᠤ ᠮᠢᠬᠠᠨ ᠤ ᠪᠠᠷᠢᠯᠳᠤᠯᠭ᠎ᠠ᠂ ᠠᠮᠢ ᠨᠠᠰᠤ ᠪᠠᠷ ᠢᠶᠠᠨ ᠬᠠᠮᠠᠭᠠᠯᠠᠭᠰᠠᠨ‌ᠤᠷᠳᠤ ᠴᠠᠭᠠᠨ ᠬᠡᠷᠡᠮ ᠪᠤᠯᠤᠨ᠎ᠠ᠂ ᠲᠦᠮᠡᠨ ᠭᠠᠵᠠᠷ ᠤᠨ ᠤᠷᠳᠤ ᠴᠠᠭᠠᠨ ᠬᠡᠷᠡᠮ ᠨᠢ ᠨᠢᠭᠡᠨᠲᠡ ᠳᠡᠯᠡᠬᠡᠢ ᠶᠢᠨ ᠰᠣᠶᠣᠯ ᠤᠨ ᠥᠪ ᠤᠨ ᠨᠡᠷᠡᠰ ᠲᠤ ᠵᠢᠭᠰᠠᠭᠠᠭᠳᠠᠵᠠᠢ᠃ ᠬᠤ ᠶᠢᠨ ᠳᠣᠤ᠂ ︽ᠲᠠᠯᠠᠭᠡᠢ ᠶᠢᠨ ᠣᠢᠵᠠᠰᠭᠦᠯᠠᠩ ᠢ ᠬᠠᠮᠠᠭᠠᠯᠠᠬᠤ ᠪᠤᠯ ᠲᠡᠦᠬᠡᠨ ᠠᠴᠠ ᠪᠢᠳᠡᠨ ᠳᠤ ᠣᠯᠭᠤᠬᠰᠠᠨ ᠡᠷᠭᠢᠮ ᠲᠠᠭᠡᠲᠤ ᠬᠠᠷᠢᠭᠤᠴᠠᠯᠭ᠎ᠠ ᠮᠦᠠ ᠂ ᠬᠦᠢᠮᠣᠠ ᠳᠦᠷᠣᠯᠭᠢᠲᠠᠨ ᠤ ᠪᠤᠯᠪᠠᠰᠣᠠ ᠤ ᠣᠢᠷᠭᠦᠯᠵᠢᠯᠠᠨ ᠬᠦᠢᠭᠵᠢᠭᠦ ᠶᠢ ᠪᠠᠶᠠᠯᠠᠭᠦᠯᠭᠦ ᠶᠢᠨ ᠵᠠᠶᠢᠯᠠᠰᠢ ᠣᠢᠭᠡᠢ ᠱᠠᠭᠠᠷᠲᠠᠯᠭ᠎ᠠ ᠮᠦᠠ᠂ ᠬᠦᠮᠦᠨ ᠳᠦᠷᠣᠯᠭᠢᠲᠠᠨ ᠳᠤ ᠠᠵᠠ ᠵᠢᠷᠭᠠᠯ ᠣᠯᠭᠤᠬᠤ ᠮᠢᠩᠭᠠᠨ ᠣᠢᠶ᠎ᠡ ᠶᠢᠨ ᠠᠭᠤᠤ ᠣᠢᠢᠯᠠᠰ ᠮᠦᠨ︾ ᠭᠡᠵᠦ ᠵᠢᠭᠠᠵᠤ ᠭᠠᠷᠭᠠᠪᠠ᠃ ᠰᠢᠤᠢ ᠵᠢᠶᠠ ᠯᠦ ᠨᠡᠶᠢᠭᠡᠮᠯᠢᠭ ᠤᠨ ᠳᠠᠷᠤᠭ᠎ᠠ ᠶᠢᠨ ᠦᠭᠡ ︽ᠰᠦᠷ ᠵᠢᠪᠬᠤᠯᠠᠩᠲᠤ ᠤᠷᠳᠤ ᠴᠠᠭᠠᠨ ᠬᠡᠷᠡᠮ ᠢ ᠳᠡᠯᠡᠬᠡᠶ ᠳ᠋ᠠᠬᠢᠨ ᠳᠤ ᠬᠠᠨᠳᠤᠭᠤᠯᠵᠤ᠂ ᠡᠷᠲᠡᠨ ᠤ ᠣᠷᠳᠣ ᠴᠠᠭᠠᠨ ᠬᠡᠷᠡᠮ ᠢ ᠦᠷ᠎ᠡ ᠬᠤᠶᠢᠴᠢᠰ ᠲᠠᠭᠠᠨ ᠦᠯᠡᠳᠡᠭᠡᠬᠦ︾ ᠪᠣᠯ ᠪᠢᠳᠡᠨ ᠤ ᠡᠴᠦᠰ ᠤᠨ ᠬᠠᠷᠠᠯᠲᠠ ᠮᠥᠨ᠃        ᠵᠣᠬᠢᠶᠠᠭᠴᠢ ᠶᠢᠨ ᠡᠨᠡ ᠤᠳᠠᠭᠠᠨ ᠤ ᠪᠠᠶᠢᠴᠠᠭᠠᠯᠲᠠ ᠨᠢ ᠣᠯᠠᠨ ᠵᠢᠯ ᠤᠨ ᠬᠦᠰᠡᠯ ᠢ ᠨᠢ ᠪᠡᠶᠡᠯᠡᠭᠦᠯᠦᠭᠰᠡᠨ ᠮᠦᠷᠲᠡᠭᠡᠨ᠂ ᠮᠠᠰᠢ ᠣᠯᠠᠨ ᠦᠨᠡᠨ ᠪᠣᠳᠠᠲᠠᠶ ᠭᠡᠷᠡᠯ ᠵᠢᠷᠤᠭ ᠢ ᠰᠡᠭᠦᠳᠡᠷᠯᠡᠪᠡ᠃ ᠡᠨᠡ ᠤᠳᠠᠭᠠᠨ ᠤ ᠰᠢᠯᠭᠠᠨ ᠪᠠᠶᠢᠴᠠᠭᠠᠯᠲᠠ ᠶᠢᠨ ᠦᠵᠡᠵᠦ ᠰᠣᠨᠣᠰᠤᠭᠰᠠᠨ ᠵᠦᠢᠯ ᠨᠢ ᠵᠣᠣ ᠤᠯᠤᠰ ᠤᠨ ᠤᠷᠲᠤ ᠴᠠᠭᠠᠨ ᠬᠡᠷᠡᠮ ᠤᠨ ᠰᠤᠳᠤᠯᠭᠠᠨ ᠤ᠂ ᠤᠬᠠᠭᠤᠯᠬᠤ᠂ ᠬᠠᠮᠠᠭᠠᠯᠠᠬᠤ᠂ ᠨᠡᠭᠡᠭᠡᠨ ᠠᠰᠢᠭᠯᠠᠬᠤ ᠬᠡᠷᠡᠭᠴᠡᠭᠡ ᠲᠠᠢ ᠮᠠᠲ᠋ᠧᠷᠢᠶᠠᠯ ᠪᠣᠯᠵᠤ᠂ ᠵᠠᠰᠠᠭ ᠤᠨ ᠣᠷᠳᠣᠨ ᠪᠠ ᠨᠡᠶᠢᠭᠡᠮ ᠤᠨ ᠡᠯ᠎ᠡ ᠡᠲᠡᠭᠡᠳ ᠤᠨ ᠬᠢᠨ ᠬᠦᠨᠳᠦᠳᠬᠡᠯ ᠢ ᠣᠯᠵᠤ᠂ ᠰᠢᠭᠤᠶᠢᠲᠤ ᠲᠣᠭᠤᠷᠢᠭ ᠤᠨ ᠵᠢᠭᠤᠯᠴᠢᠯᠠᠯ ᠤᠨ ᠦᠢᠯᠡᠰ ᠲᠤ ᠪᠠᠭ᠎ᠠ ᠰᠠᠭ᠎ᠠ ᠬᠤᠪᠢ ᠨᠡᠮᠡᠷᠢ ᠦᠵᠡᠭᠦᠯᠬᠦ ᠶᠢ ᠬᠦᠰᠡᠵᠦ ᠪᠠᠶᠢᠨ᠎ᠠ᠃        ᠰᠢᠭᠤᠶᠢᠲᠤ ᠲᠣᠭᠤᠷᠢᠭ ᠤᠨ ᠵᠤᠤ ᠤᠯᠤᠰ ᠤᠨ ᠤᠷᠲᠤ ᠴᠠᠭᠠᠨ ᠬᠡᠷᠡᠮ ᠤᠨ ᠰᠤᠳᠤᠯᠭᠠᠨ ᠤ ᠲᠠᠯ᠎ᠠ ᠪᠠᠷ ᠬᠢ ᠰᠤᠳᠤᠯᠭᠠᠨ᠂ ᠤᠬᠠᠭᠤᠯᠭ᠎ᠠ᠂ ᠬᠠᠮᠠᠭᠠᠯᠠᠯᠲᠠ᠂ ᠨᠡᠭᠡᠭᠡᠯᠲᠡ ᠵᠡᠷᠭᠡ ᠲᠠᠯ᠎ᠠ ᠪᠠᠷ ᠨᠡᠩ ᠶᠡᠭᠡ ᠠᠮᠵᠢᠯᠲᠠ ᠣᠯᠬᠤ ᠶᠢ ᠴᠢᠩ ᠰᠡᠳᠬᠢᠯ ᠠᠴᠠ ᠪᠠᠨ ᠢᠷᠥᠭᠡᠶ᠎ᠡ᠃ 
 
ᠢᠷᠡᠯᠲᠡ᠄ ᠵᠢᠪᠬᠤᠯᠠᠩᠲᠤ ᠰᠤᠮᠤ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号