| ᠰᠢᠭᠤᠶᠢᠳᠤ ᠲᠠᠯᠠᠨ ᠬᠠᠷ᠎ᠠ ᠠᠭᠤᠯᠠ ᠶᠢᠨ ᠦᠷᠦᠴᠡᠨ ᠳᠤ ᠪᠠᠶᠢᠷᠢᠯᠠᠵᠤ᠂ ᠬᠢᠯᠢ ᠲᠤᠳᠤᠷᠠᠬᠢ ᠪᠠᠶᠢᠭᠠᠯᠢ ᠶᠢᠨ | ᠪᠤᠯᠤᠨ ᠬᠦᠮᠦᠨ ᠨᠡᠶᠢᠭᠡᠮ ᠤᠨ ᠡᠬᠢ ᠪᠠᠶᠠᠯᠢᠭ ᠮᠠᠰᠢ ᠡᠯᠪᠡᠭ᠃ ᠰᠤᠷᠪᠤᠯᠵᠢ ᠪᠢᠴᠢᠭ ᠳᠤᠲᠠᠭᠳᠠᠭᠰᠠᠨ ᠪᠠ | ᠲᠡᠦᠬᠡ ᠶᠢᠨ ᠦᠨᠢᠶ᠎ᠡ ᠣᠳᠠᠭᠠᠨ ᠠᠴᠠ ᠪᠣᠯᠵᠤ ᠵᠠᠷᠢᠮ ᠪᠠᠭᠤᠷᠢ ᠶᠢᠨ ᠢᠷᠡᠯ ᠭᠠᠷᠤᠯ ᠨᠢ ᠣᠳᠣ ᠪᠣᠯᠲᠠᠯ᠎ᠠ ᠶᠠᠮᠠᠷ ᠴᠤ | ᠨᠤᠲᠠᠯᠠᠯᠲᠠ ᠦᠭᠡᠶ ᠪᠠᠶᠢᠭᠰᠠᠭᠠᠷ᠃ ᠵᠢᠭᠠᠬᠠᠨ ᠬᠠᠷᠠᠮᠰᠠᠯᠲᠠᠢ ᠪᠠᠶᠢᠬᠤ ᠶᠢᠨ ᠬᠠᠮᠲᠤ ᠪᠠᠰᠠ ᠪᠢᠳᠡᠨ ᠳᠤ ᠬᠠᠶᠢᠨ | ᠰᠥᠪᠡᠭᠴᠢᠯᠡᠯᠲᠡ ᠪᠠ ᠲᠥᠰᠥᠭᠡᠯᠡᠨ ᠪᠣᠳᠣᠬᠤ ᠣᠷᠣᠨ ᠵᠠᠢ ᠦᠯᠡᠳᠡᠭᠡᠵᠡᠢ᠃ ᠡᠭᠦᠨ ᠤ ᠳᠣᠲᠣᠷ᠎ᠠ ᠭᠤᠷᠪᠠᠨ ᠲᠠᠶᠢᠯᠵᠤ | ᠴᠢᠳᠠᠭ᠎ᠠ ᠦᠭᠡᠢ ᠨᠢᠭᠤᠴᠠ ᠪᠠᠶᠢᠨ᠎ᠠ᠂ ᠮᠠᠰᠢ ᠰᠤᠨᠢᠷᠬᠠᠯᠲᠠᠢ᠃ ᠬᠠᠴᠢᠨ ᠨᠢ ᠪᠦᠷ ᠴᠢᠯᠠᠭᠤ ᠲᠠᠢ ᠬᠤᠯᠪᠣᠭ᠎ᠠ ᠲᠠᠢ᠂ | ᠪᠠᠰᠠ ᠰᠢᠭᠤᠶᠢᠲᠤ ᠭᠠᠶᠢᠬᠠᠮᠰᠢᠭᠲᠤ ᠦᠵᠡᠭᠳᠡᠯ ᠪᠣᠯᠤᠨ᠎ᠠ᠃ | ᠨᠢᠭᠡ᠂ ᠴᠢᠯᠠᠭᠤᠨ ᠰᠡᠶᠢᠯᠦᠮᠡᠯ | ᠰᠢᠭᠤᠶᠢᠲᠤ ᠶᠢᠨ ᠪᠠᠳᠺᠠᠷ ᠰᠦᠮ᠎ᠡ ᠪᠠᠯᠭᠠᠰᠤᠨ ᠤ ᠭᠠᠩ ᠹᠠᠩ ᠳ᠋ᠨᠢ ᠶᠢᠨ ᠼᠢ ᠶᠤᠤ ᠭᠧᠦ ᠲᠤᠰᠬᠤᠨ ᠪᠣᠯ | ᠬᠦᠷᠢᠶ᠎ᠡ ᠬᠡᠪᠴᠢᠶ᠎ᠡ ᠪᠠᠷ ᠶᠡᠭᠡ ᠪᠢᠰᠢ᠂ ᠲᠠᠷᠠᠬᠠᠢ ᠪᠤᠳᠠᠷᠬᠠᠢ ᠬᠡᠳᠦᠬᠡᠨ ᠡᠷᠦᠬᠡ ᠲᠠᠢ ᠲᠤᠰᠬᠤᠨ ᠪᠣᠯᠤᠨ᠎ᠠ᠃ ᠭᠡᠪᠡᠴᠦ | ᠲᠡᠦᠬᠡᠨ ᠳᠡᠭᠡᠷ᠎ᠡ ᠡᠨᠡ ᠲᠣᠰᠬᠤᠨ ᠤ ᠬᠥᠮᠥᠨ ᠠᠮᠠ ᠮᠠᠰᠢ ᠤᠯᠠᠨ᠂ ᠠᠶᠢᠯ ᠪᠣᠯᠭᠠᠨ ᠱᠠᠭᠠᠵᠠᠩ ᠰᠢᠲᠠᠭᠠᠳᠠᠭ᠃ | ᠡᠷᠲᠡᠨ ᠳᠡᠭᠡᠨ ᠠᠳᠡ ᠪᠦᠳᠦᠭᠦᠯᠢᠭ ᠱᠠᠭᠠᠵᠠᠩ ᠤᠨ ᠶᠡᠭᠡ ᠭᠠᠩ ᠭᠠᠷᠴᠤ᠂ ᠶᠠᠰᠤ ᠴᠢᠨᠠᠷ ᠨᠢ ᠰᠠᠶᠢᠨ᠂ ᠪᠥᠬᠡᠯᠢᠭ | ᠪᠠᠶᠢᠵᠤ᠂ ᠳᠠᠯᠠᠨ ᠬᠠᠷ᠎ᠠ ᠠᠭᠤᠯᠠ ᠶᠢᠨ ᠡᠮᠦᠨ᠎ᠡ ᠤᠮᠠᠷ᠎ᠠ ᠳᠤ ᠪᠣᠷᠤᠭᠤᠯᠤᠯᠳᠠᠭ᠂ ᠬᠤᠵᠢᠮ ᠤᠨ ᠳ᠋ᠠ ᠼᠢ ᠵᠡᠭᠡᠯᠢ | ᠭᠤᠳᠤᠮᠵᠢ ᠶᠢᠨ ᠨᠡᠷ᠎ᠡ ᠨᠢ ᠴᠦ ᠡᠭᠦᠨ ᠠᠴᠠ ᠢᠷᠡᠯᠲᠡ ᠲᠠᠢ᠃ | ᠼᠢ ᠶᠤᠤ ᠭᠧᠦ ᠶᠢᠨ ᠬᠠᠪᠢ ᠳᠤ ᠨᠢᠭᠡᠨ ᠡᠷᠲᠡᠨ ᠤ ᠣᠩᠭᠤᠨ ᠤ ᠪᠠᠭᠤᠷᠢ ᠪᠤᠢ᠂ ᠡᠨᠡ ᠨᠢ ᠡᠷᠲᠡᠨ ᠤ | ᠦᠶ᠎ᠡ ᠳᠤ ᠬᠤᠯᠠᠭᠠᠢᠯᠠᠭᠳᠠᠭᠰᠠᠨ ᠭᠡᠨ᠎ᠡ᠂ ᠰᠣᠨᠤᠰᠬᠤᠯᠠᠷ ᠵᠠᠷᠢᠮ ᠬᠦᠮᠦᠨ ᠣᠶᠢᠷ᠎ᠠ ᠬᠠᠪᠢ ᠠᠴᠠ ᠵᠡᠰ ᠳᠡᠪᠦᠷ᠎ᠡ | ᠭᠠᠤᠯᠢᠨ ᠠᠶᠠᠭ᠎ᠠ᠂ ᠵᠣᠭᠤᠰ ᠣᠯᠵᠤ ᠠᠪᠤᠭᠰᠠᠨ ᠭᠡᠳᠡᠭ᠃ 2008 ᠣᠨ ᠤ ᠪᠦᠬᠦ ᠤᠯᠤᠰ ᠤᠨ ᠭᠤᠷᠪᠠᠳᠤᠭᠠᠷ | ᠤᠳᠠᠭᠠᠨ ᠤ ᠲᠡᠦᠬᠡ ᠶᠢᠨ ᠳᠤᠷᠠᠰᠬᠠᠯᠲᠤ ᠵᠦᠢᠯᠡᠰ ᠤᠨ ᠨᠡᠶᠢᠳᠡᠮ ᠪᠠᠶᠢᠴᠠᠭᠠᠯᠲᠠ ᠳᠤᠮᠳᠠ᠂ ᠰᠢᠭᠤᠶᠢᠲᠤ | ᠲᠣᠭᠤᠷᠢᠭ ᠤᠨ ᠲᠡᠦᠬᠡ ᠶᠢᠨ ᠳᠤᠷᠠᠰᠬᠠᠯᠲᠤ ᠵᠦᠢᠯᠡᠰ ᠤᠨ ᠠᠵᠢᠯᠲᠠᠳ ᠭᠤᠤ ᠳᠣᠲᠤᠷ᠎ᠠ ᠠᠴᠠ ᠨᠢᠭᠡ ᠡᠰᠢ ᠨᠢ | ᠪᠦᠷᠢᠨ ᠪᠦᠲᠦᠨ ᠴᠢᠯᠠᠭᠤᠨ ᠬᠤᠰᠤᠭᠤᠷ ᠵᠢᠴᠢ ᠨᠢᠭᠡ ᠪᠦᠯᠦᠭ ᠨᠠᠷᠢᠨ ᠴᠢᠯᠠᠭᠤᠨ ᠵᠡᠪᠰᠡᠭ ᠤᠨ ᠲᠠᠮᠲᠤᠭ ᠲᠡᠭᠦᠵᠦ | ᠣᠯᠪᠠ ᠂ ᠴᠢᠯᠠᠭᠤᠨ ᠬᠤᠰᠤᠭᠤᠷ ᠤᠨ ᠲᠡᠭᠡᠷᠮ᠎ᠡ ᠨᠢ ᠮᠠᠰᠢ ᠨᠠᠷᠢᠯᠢᠭ ᠪᠠᠶᠢᠵᠤ᠂ ᠨᠡᠶᠢᠲᠡᠯᠢᠭ ᠰᠢᠨ᠎ᠡ ᠴᠢᠯᠠᠭᠤᠨ | ᠵᠡᠪᠰᠡᠭ ᠤᠨ ᠰᠡᠭᠦᠯᠴᠢ ᠶᠢᠨ ᠬᠤᠭᠤᠴᠠᠭᠠᠨ ᠤ ᠲᠡᠦᠬᠡ ᠶᠢᠨ ᠳᠤᠷᠠᠰᠬᠠᠯᠲᠤ ᠵᠦᠢᠯᠡᠰ ᠪᠣᠯᠣᠨ᠎ᠠ᠃ | | ᠼᠢ ᠶᠤᠤ ᠭᠧᠦ ᠠᠴᠠ ᠪᠠᠷᠠᠭᠤᠨᠰᠢ ᠪᠠᠨ ᠨᠢᠭᠡ ᠰᠠᠶᠢᠨ ᠳᠠᠪᠠᠭ᠎ᠠ ᠭᠡᠳᠡᠭ ᠭᠠᠵᠠᠷ ᠬᠦᠷᠴᠦ ᠢᠷᠡᠪᠡ᠂ ᠰᠠᠶᠢᠨ | ᠳᠠᠪᠠᠭ᠎ᠠ ᠶᠢᠨ ᠣᠷᠣᠢ ᠨᠢ ᠲᠡᠭᠰᠢᠬᠡᠨ᠂ ᠬᠤᠭᠤᠰᠣᠨ ᠭᠠᠵᠠᠷ ᠳᠡᠭᠡᠷ᠎ᠡ ᠶᠡᠭᠡ ᠪᠠᠭ᠎ᠠ ᠴᠢᠯᠠᠭᠤ ᠳᠦᠭᠦᠷᠴᠡᠢ᠃ | ᠡᠭᠦᠨ ᠳᠤ ᠬᠠᠮᠤᠭ ᠤᠨ ᠶᠡᠭᠡ ᠨᠢ ᠪᠠᠷᠤᠭ ᠤᠷᠲᠤ ᠨᠢ 2 ᠮᠧᠲᠷ᠂ ᠥᠷᠭᠡᠨ ᠨᠢ 1.5 ᠮᠧᠲᠷ᠃ ᠡᠳᠡᠭᠡᠷ ᠴᠢᠯᠠᠭᠤᠨ | ᠳᠡᠭᠡᠷ᠎ᠡ ᠪᠦᠷ ᠮᠣᠷᠣᠢ ᠰᠠᠷᠣᠢ ᠵᠢᠷᠤᠭ ᠪᠠᠶᠢᠨ᠎ᠠ᠃ ᠲᠣᠮᠣ ᠴᠢᠯᠠᠭᠤᠨ ᠳᠡᠭᠡᠷᠡᠬᠢ ᠵᠢᠷᠤᠭ ᠨᠢ ᠡᠯᠡᠭᠳᠡᠯ ᠶᠡᠭᠡ ᠪᠣᠯᠬᠤᠷ | ᠨᠢᠭᠡᠨᠲᠡ ᠲᠣᠳᠣᠷᠬᠠᠢ ᠦᠭᠡᠢ ᠪᠣᠯᠵᠠᠢ᠃ ᠤᠰᠤ ᠶᠢ ᠴᠢᠯᠠᠭᠤᠨ ᠳᠡᠭᠡᠷ᠎ᠡ ᠰᠦᠷᠴᠢᠪᠡᠯ᠂ ᠵᠢᠷᠤᠭ ᠳᠦᠷᠰᠦ | ᠠᠭᠠᠵᠢᠮ ᠢᠶᠠᠷ ᠲᠣᠳᠣᠷᠬᠠᠢ ᠪᠣᠯᠤᠨ᠎ᠠ᠃ ᠰᠤᠯᠪᠢᠴᠠᠭᠰᠠᠨ ᠬᠤᠶᠠᠷ ᠮᠣᠭᠠᠢ᠂ ᠵᠡᠭᠦᠨ ᠲᠠᠯ᠎ᠠ ᠶᠢᠨ ᠬᠢᠨᠢ ᠪᠦᠳᠦᠭᠦᠨ | ᠮᠠᠷᠢᠶᠠᠯᠢᠭ᠂ ᠵᠢᠷᠤᠭᠠᠰᠤ ᠨᠢ ᠤᠷᠤᠰᠤᠮ᠎ᠠ ᠲᠣᠳᠤ᠃ ᠨᠥᠭᠦᠭᠡ ᠨᠢᠭᠡ ᠶᠢᠨ ᠬᠢᠨ ᠪᠡᠶ᠎ᠡ ᠶᠢᠨ ᠬᠦᠵᠦᠭᠦᠨ ᠤ ᠬᠡᠰᠡᠭ ᠨᠢ | ᠱᠢᠳᠦ ᠬᠡᠯᠪᠡᠷᠢᠲᠡᠢ᠂ ᠭᠠᠵᠠᠷ ᠤᠨ ᠵᠢᠷᠤᠭ ᠳᠡᠭᠡᠷᠡᠬᠢ ︽ᠤᠷᠲᠤ ᠴᠠᠭᠠᠨ ᠬᠡᠷᠡᠮ︾ ᠤᠨ ᠲᠡᠮᠳᠡᠭ ᠲᠠᠢ ᠠᠳᠠᠯᠢ᠃ | ᠬᠤᠣᠰ ᠮᠣᠭᠠᠢ ᠰᠣᠯᠪᠢᠴᠠᠭᠰᠠᠨ ᠳᠣᠣᠷ᠎ᠠ ᠨᠢ ᠨᠢᠳᠤᠷᠭᠠᠨ ᠴᠢᠨᠡᠭᠡᠨ ᠲᠣᠮᠣ ᠨᠦᠬᠡ ᠲᠠᠢ᠂ ᠨᠦᠬᠡᠨ ᠳᠣᠣᠷ᠎ᠠ ᠨᠢ | ᠣᠯᠠᠨ ᠵᠢᠵᠢᠭ ᠮᠣᠭᠠᠢ ᠲᠠᠢ᠃ ᠡᠭᠦᠨ ᠠᠴᠠ ᠭᠠᠳᠠᠨ᠎ᠠ᠂ ᠣᠶᠢᠷᠠᠯᠴᠠᠭ᠎ᠠ ᠪᠤᠰᠤᠳ ᠴᠢᠯᠠᠭᠤᠨ ᠳᠡᠭᠡᠷ᠎ᠡ ᠰᠡᠶᠢᠯᠦᠭᠰᠡᠨ | ᠮᠤᠷᠤᠢ ᠰᠠᠷᠤᠢ ᠵᠢᠷᠤᠭ ᠨᠢ ᠪᠠᠰᠠ ᠵᠢᠵᠢᠭ ᠮᠣᠭᠠᠢ ᠪᠣᠯᠤᠨ᠎ᠠ᠃ ᠬᠤᠶᠠᠷ ᠮᠣᠭᠠᠢ ᠰᠣᠯᠪᠢᠴᠠᠵᠤ ᠡᠷᠲᠡᠨ ᠤ ᠹᠦ ᠱᠢ | ᠨᠢᠦᠢ ᠸᠠ ᠶᠢᠨ ᠵᠢᠷᠤᠭ ᠢ ᠬᠤᠯᠪᠣᠨ ᠪᠣᠳᠤᠭᠳᠠᠭᠤᠯᠤᠨ᠎ᠠ᠃ ᠳᠤᠮᠳᠠᠳᠤ ᠤᠯᠤᠰ ᠤᠨ ᠡᠷᠲᠡᠨ ᠤ ᠤᠯᠠᠮᠵᠢᠯᠠᠯ ᠶᠠᠷᠢᠶ᠎ᠠ᠂ | ᠬᠥᠮᠦᠨ ᠤ ᠲᠦᠷᠦᠭᠦᠦ ᠣᠳᠣ ᠦᠶ᠎ᠡ ᠶᠢᠨ ᠹᠦ ᠱᠢ ᠨᠢᠦᠢ ᠸᠠ ᠪᠣᠯ ᠬᠥᠮᠦᠨ ᠲᠥᠷᠥᠯᠬᠢᠲᠡᠨ ᠤ ᠡᠪᠦᠭᠡ ᠳᠡᠭᠡᠳᠦᠰ᠂ | ᠹᠦ ᠱᠢ ᠨᠢᠦᠢ ᠸᠠ ᠶᠢᠨ ᠵᠢᠷᠤᠭ ᠪᠣᠯ ᠳᠠᠷᠤᠢ ᠬᠤᠶᠠᠷ ᠬᠤᠪᠢᠯᠭᠠᠨ ᠮᠣᠭᠠᠢ ᠪᠣᠯᠤᠨ᠎ᠠ᠃ ᠬᠤᠧᠠᠰᠢᠶᠠ ᠦᠨᠳᠤᠰᠤᠳᠠᠨ | ᠪᠠᠯᠠᠷ ᠡᠷᠳᠡᠨ ᠤ ᠦᠶ᠎ᠡ ᠳᠤ ᠮᠤᠭᠠᠢ ᠶᠢᠨ ᠲᠦᠲ᠋ᠠᠨ ᠰᠤᠶᠤᠯ ᠢ ᠰᠢᠳᠤᠵᠤ ᠪᠠᠶᠢᠬᠰᠠᠨ ᠪᠦᠬᠡᠳ ᠮᠤᠭᠠᠢ ᠶᠢᠨ ᠲᠦᠲ᠋ᠠᠨ | ᠰᠢᠳᠤᠯᠬᠡ ᠪᠤᠯ ᠳᠠᠷᠤᠢ ᠳᠦᠷᠰᠦᠳᠦ ᠦᠷᠡᠵᠢᠯ ᠪᠤᠯᠤᠨ᠎ᠠ᠃ ᠬᠡᠷᠪᠡ ᠬᠤᠶᠠᠷ ᠪᠦᠳᠦᠭᠦᠨ ᠰᠣᠯᠪᠢᠴᠠᠭᠰᠠᠨ ᠮᠣᠭᠠᠢ ᠹᠦ᠋ | ᠰᠢ ᠨᠢᠦᠢ ᠸᠠ ᠪᠣᠯ ᠲᠡᠷᠡ ᠣᠯᠠᠨ ᠵᠢᠵᠢᠭ ᠮᠤᠭᠠᠢ ᠨᠤᠭᠤᠳ ᠲᠡᠭᠦᠨ ᠤ ᠦᠷ᠎ᠡ ᠬᠤᠶᠢᠴᠢᠰ ᠪᠣᠯᠬᠤ ᠨᠢ ᠯᠠᠪᠲᠠᠢ᠃ | ᠮᠤᠭᠠᠢ ᠶᠢᠨ ᠴᠢᠯᠠᠭᠤᠨ ᠰᠡᠶᠢᠯᠦᠮᠡᠯ ᠨᠢ ᠠᠭᠤᠯᠠᠨ ᠤᠷᠤᠢ ᠶᠢᠨ ᠭᠤᠣᠯ ᠳᠤᠮᠲᠠ ᠪᠠᠶᠢᠵᠤ᠂ ᠳᠣᠣᠷ᠎ᠠ ᠨᠢ ᠠᠭᠤᠵᠢᠮ | ᠲᠡᠭᠰᠢᠬᠡᠨ᠂ ᠴᠤᠭᠯᠠᠭᠤᠯᠤᠭᠰᠠᠨ ᠰᠢᠨ᠎ᠡ ᠴᠢᠯᠠᠭᠤᠨ ᠵᠡᠪᠰᠡᠭ ᠤᠨ ᠦᠶ᠎ᠡ ᠶᠢᠨ ᠴᠢᠯᠠᠭᠤᠨ ᠵᠡᠪᠰᠡᠭ᠂ ᠸᠠᠭᠠᠷ | ᠰᠠᠪᠠ ᠲᠠᠢ ᠣᠶᠠᠯᠳᠤᠭᠤᠯᠪᠠᠯ ᠠᠳᠡ ᠪᠣᠯ ᠪᠠᠯᠠᠷ ᠡᠷᠲᠡᠨ ᠤ ᠨᠢᠭᠡᠨ ᠲᠠᠬᠢᠯ ᠤᠨ ᠮᠠᠨᠳᠠᠯ ᠪᠠᠶᠢᠵᠤ ᠮᠡᠳᠡᠨ᠎ᠠ᠃ ᠶᠠᠷᠢᠶᠠᠨ | ᠦᠭᠡᠢ ᠡᠨᠡ ᠨᠢ ᠵᠥᠪᠬᠡᠨ ᠲᠠᠭᠠᠮᠠᠭᠯᠠᠯ ᠲᠡᠳᠦᠢ᠂ ᠮᠣᠭᠠᠢ ᠬᠡᠯᠪᠡᠷᠢᠲᠦ ᠴᠢᠯᠠᠭᠤᠨ ᠰᠡᠶᠢᠯᠦᠮᠡᠯ ᠨᠢ ᠠᠯᠢ ᠨᠢᠭᠡ | ᠦᠶ᠎ᠡ ᠳᠤ ᠬᠠᠷᠢᠶᠠᠯᠠᠭᠳᠠᠬᠤ᠂ ᠲᠡᠭᠦᠨ ᠤ ᠦᠢᠯᠡᠳᠦᠯ ᠪᠠ ᠠᠴᠢ ᠬᠤᠯᠪᠣᠭᠳᠠᠯ ᠢ ᠣᠳᠣ ᠪᠠᠰᠠ ᠲᠣᠭᠲᠠᠭᠠᠳᠤᠢ | ᠪᠠᠶᠢᠭᠰᠠᠭᠠᠷ᠂ ᠲᠡᠦᠬᠡ ᠶᠢᠨ ᠳᠤᠷᠠᠰᠬᠠᠯᠲᠤ ᠵᠦᠢᠯᠡᠰ ᠤᠨ ᠰᠣᠳᠤᠯᠤᠭᠴᠢᠳ ᠬᠠᠷᠠᠬᠠᠨ ᠲᠣᠭᠲᠠᠭᠠᠳᠤᠢ᠃ | | 2015 ᠣᠨ ᠳᠤ᠂ ︽ᠰᠢᠭᠤᠶᠢᠲᠤ ᠲᠣᠭᠤᠷᠢᠭ ᠤᠨ ᠨᠡᠶᠢᠲᠡᠮ ᠬᠡᠷᠡᠭᠯᠡᠭᠡᠨ ᠤ ᠨᠢᠰᠭᠡᠯ ᠤᠨ ᠪᠠᠭᠤᠳᠠᠯ︾ | ᠤᠨ ᠲᠥᠷᠥᠯ ᠵᠦᠢᠯ ᠲᠣᠭᠲᠠᠭᠠᠵᠤ᠂ ᠲᠥᠷᠥᠯ ᠵᠦᠢᠯ ᠤᠨ ᠭᠠᠵᠠᠷ ᠰᠣᠩᠭᠤᠭᠰᠠᠨ ᠨᠢ ᠶᠠᠭ ᠰᠠᠶᠢᠬᠠᠨ ᠰᠠᠶᠢᠨ | ᠳᠠᠪᠠᠭ᠎ᠠ ᠶᠢᠨ ᠴᠢᠯᠠᠭᠤᠨ ᠰᠡᠶᠢᠯᠦᠮᠡᠯ ᠤᠨ ᠪᠠᠭᠤᠷᠢ ᠶᠢᠨ ᠲᠣᠭᠤᠷᠢᠭ ᠪᠣᠯᠤᠨ᠎ᠠ᠃ ᠲᠥᠷᠥᠯ ᠵᠦᠢᠯ ᠤᠨ ᠠᠵᠢᠯ | ᠡᠬᠢᠯᠡᠬᠦ ᠠᠴᠠ ᠡᠮᠦᠨ᠎ᠡ ᠲᠡᠤᠬᠡ ᠶᠢᠨ ᠳᠤᠷᠠᠰᠬᠠᠯᠲᠤ ᠵᠦᠢᠯᠡᠰ ᠤᠨ ᠰᠠᠯᠠᠭ᠎ᠠ ᠮᠥᠴᠢᠷ ᠤᠳ ᠲᠣᠰ ᠣᠷᠣᠨ ᠪᠦᠰᠡ ᠳᠤ | ᠪᠥᠬᠦ ᠲᠠᠯ᠎ᠠ ᠶᠢᠨ ᠬᠠᠶᠢᠨ ᠪᠠᠶᠢᠴᠠᠭᠠᠯᠲᠠ ᠬᠢᠵᠦ᠂ ᠬᠥᠮᠦᠨ ᠢ ᠰᠣᠴᠢᠭᠠᠮ᠎ᠠ ᠦᠷ᠎ᠡ ᠪᠦᠲᠦᠭᠡᠯ ᠣᠯᠤᠭᠰᠠᠨ ᠪᠠᠶᠢᠨ᠎ᠠ᠃ | ᠡᠨᠡ ᠬᠦ ᠣᠷᠣᠨ ᠳᠤ ᠪᠠᠰᠠ ᠬᠠᠨ ᠤᠯᠤᠰ ᠤᠨ ᠤᠷᠲᠤ ᠴᠠᠭᠠᠨ ᠬᠡᠷᠡᠮ ᠤᠨ ᠦᠯᠡᠳᠡᠭᠳᠡᠯ᠂ ᠶᠤᠸᠠᠨ ᠤᠯᠤᠰ ᠤᠨ | ᠦᠶ᠎ᠡ ᠶᠢᠨ ᠲᠡᠮᠦᠷᠯᠢᠭ ᠬᠠᠶᠢᠯᠤᠭᠤᠯᠬᠤ ᠦᠢᠯᠡᠳᠬᠡᠯ ᠤᠨ ᠭᠠᠵᠠᠷ ᠤᠨ ᠪᠠᠭᠤᠷᠢ᠂ ᠴᠢᠩ ᠤᠯᠤᠰ ᠤᠨ ᠦᠶ᠎ᠡ ᠶᠢᠨ | ᠣᠩᠭᠤᠨ ᠤ ᠪᠠᠭᠤᠷᠢ ᠶᠢ ᠢᠯᠡᠷᠡᠭᠦᠯᠦᠭᠰᠡᠨ ᠪᠠᠶᠢᠨ᠎ᠠ᠃ | ᠮᠣᠭᠠᠢ ᠬᠡᠯᠪᠡᠷᠢᠲᠤ ᠴᠢᠯᠠᠭᠤᠨ ᠰᠡᠶᠢᠯᠦᠮᠡᠯ ᠢ ᠪᠦᠬᠦᠯᠢ ᠴᠣᠭᠴᠠ ᠪᠠᠷ ᠨᠢ ᠲᠥᠷᠥᠯ ᠵᠦᠢᠯ ᠤᠨ ᠭᠠᠳᠠᠨ᠎ᠠ | ᠨᠡᠭᠦᠯᠭᠡᠵᠦ᠂ ᠬᠡᠷᠡᠰᠭᠡ᠂ ᠰᠢᠯ ᠪᠦᠷᠬᠦᠭᠦᠯ ᠢ ᠪᠠᠶᠢᠷᠢᠯᠠᠭᠤᠯᠵᠤ᠂ ᠲᠣᠬᠢᠲᠠᠶ ᠬᠠᠮᠠᠭᠠᠯᠠᠵᠤ᠂ ᠣᠳᠣ ᠨᠡᠶᠢᠳᠡᠮ | ᠬᠡᠷᠡᠭᠯᠡᠭᠡᠨ ᠤ ᠨᠢᠰᠬᠡᠯ ᠤᠨ ᠪᠠᠭᠤᠳᠠᠯ ᠤᠨ ᠨᠢᠭᠡᠨ ᠵᠢᠵᠢᠭ ᠦᠵᠡᠮᠵᠢ ᠶᠢᠨ ᠭᠠᠵᠠᠷ ᠪᠣᠯᠤᠭᠰᠠᠨ ᠪᠠᠶᠢᠨ᠎ᠠ᠃ | | ᠬᠤᠶᠠᠷ᠂ ᠴᠢᠯᠠᠭᠤᠨ ᠠᠭᠤᠢ | ᠰᠢᠭᠤᠶᠢᠳᠤ ᠭᠤᠤ ᠶᠡᠷᠦ ᠠᠴᠠ ᠳᠠᠯᠠᠨ ᠬᠤᠶᠠᠷ ᠠᠭᠤᠯᠠ ᠶᠡᠷᠡ ᠶᠢᠰᠦᠨ ᠭᠤᠤ ᠶᠢᠨ ᠬᠡᠯᠡᠯᠭᠡ ᠲᠠᠢ ᠶᠤᠮ᠂ | ᠨᠡᠯᠢᠶᠡᠳ ᠶᠡᠭᠡ ᠨᠢ ᠰᠢᠭᠤᠶᠢᠳᠤ ᠵᠧᠩ ᠭᠧᠤ᠂ ᠵᠤᠤ ᠭᠧᠤ᠂ ᠴᠠᠩ ᠬᠠᠨ ᠭᠧᠤ᠂ ᠡᠦ ᠳ᠋ᠠᠩ ᠭᠧᠦ ᠪᠠ ᠡᠮᠦᠨ᠎ᠡ ᠭᠤᠤ | ᠵᠡᠷᠭᠡ ᠪᠣᠯᠣᠨ᠎ᠠ᠃ ᠡᠮᠦᠨ᠎ᠡ ᠭᠤᠤ ᠤᠤᠯ ᠨᠢ ᠬᠠᠭᠤᠴᠢᠨ ᠰᠢᠭᠤᠶᠢᠲᠤ ᠪᠠᠯᠭᠠᠰᠤ ᠶᠢᠨ ᠠᠰ ᠡᠮᠦᠨ᠎ᠡ᠂ ᠵᠡᠭᠦᠨ ᠡᠮᠦᠨ᠎ᠡ | ᠵᠦᠭ ᠣᠷᠴᠢᠮ ᠤᠨ ᠠᠭᠤᠯᠠᠨ ᠭᠤᠤ ᠶᠢ ᠵᠢᠭᠠᠵᠤ᠂ ᠲᠡᠭᠦᠨ ᠤ ᠬᠠᠮᠤᠭ ᠤᠨ ᠡᠮᠦᠨ᠎ᠡ ᠦᠵᠦᠭᠦᠷ ᠨᠢ ᠳ᠋ᠦᠩ ᠾᠧ | ᠲᠣᠭᠤᠷᠢᠭ ᠤᠨ ᠰᠠᠷᠠᠴᠢᠨ ᠲᠣᠰᠬᠤᠨ ᠳᠤ ᠬᠦᠷᠳᠡᠭ᠂ ᠭᠤᠤ ᠶᠢᠨ ᠠᠮᠠ ᠨᠢ ᠶᠠᠭ ᠰᠠᠷᠠᠴᠢᠨ ᠲᠣᠰᠬᠤᠨ ᠪᠠ ᠵᠡᠭᠦᠨ | ᠬᠦᠷᠢᠶᠡᠯᠡᠩ ᠪᠠᠶᠢᠵᠤ᠂ ᠪᠡᠭᠡᠵᠢᠩ ᠠᠴᠠ ᠲᠥᠪᠡᠳ ᠬᠦᠷᠬᠦ ᠲᠦᠷᠭᠡᠨ ᠳᠠᠪᠬᠢᠬᠤ ᠵᠠᠰᠠᠮᠠᠯ ᠵᠠᠮ ᠠᠴᠠ ᠨᠢᠭᠡ ᠯᠡ | ᠠᠯᠬᠤᠮ ᠬᠤᠯᠠ ᠵᠠᠶᠢᠳᠠᠢ ᠪᠠᠶᠢᠳᠠᠭ᠃ ᠰᠡᠭᠦᠯ ᠳᠤ ᠨᠢ ᠡᠮᠦᠨ᠎ᠡ ᠭᠤᠤ ᠭᠡᠳᠡᠭ ᠨᠢ ᠭᠤᠣᠯ ᠤᠨ ᠬᠤᠶᠢᠲᠤ ᠬᠡᠰᠡᠭ ᠢ | ᠵᠢᠭᠠᠵᠤ᠂ ᠨᠠᠷᠢᠨ ᠭᠤᠤ᠂ ᠡᠷᠲᠡᠨ ᠤ ᠬᠤᠳᠠ ᠶᠢᠨ ᠰᠤᠪᠤᠷᠭ᠎ᠠ᠂ ᠡᠦ ᠳ᠋ᠠᠩ ᠭᠸᠦ᠂ ᠭᠤᠣᠯ ᠤᠨ ᠲᠠᠩ ᠭᠸᠦ᠂ ᠪᠠᠢ | ᠬᠤ᠋ ᠭᠧᠦ᠂ ᠤᠪᠤᠭᠠᠨ ᠭᠤᠤ ᠬᠦᠷᠴᠦ ᠪᠠᠰᠠ ᠲᠦᠮᠡᠳ ᠪᠠᠷᠠᠭᠤᠨ ᠬᠤᠰᠢᠭᠤᠨ ᠤ ᠡᠷᠴᠢᠨ ᠶᠣᠣ ᠯᠤᠭ᠎ᠠ ᠵᠠᠬ᠎ᠠ | ᠨᠡᠶᠢᠯᠡᠭᠰᠡᠨ ᠥᠷᠭᠡᠨ ᠠᠭᠤᠳᠠᠮ ᠣᠷᠣᠨ ᠪᠦᠰᠡ ᠶᠢ ᠵᠢᠭᠠᠨ᠎ᠠ᠃ ᠡᠮᠦᠨ᠎ᠡ ᠭᠤᠤ ᠣᠷᠣᠨ ᠦᠨᠡᠨᠳᠡᠭᠡᠨ | ᠶᠡᠷᠦᠩᠬᠡᠶ ᠳᠡᠭᠡᠨ ᠰᠢᠭᠤᠶᠢᠲᠦ ᠬᠠᠭᠤᠴᠢᠨ ᠣᠷᠣᠨ ᠤ ᠵᠡᠭᠦᠨ ᠪᠡᠶ᠎ᠡ ᠳᠤ ᠣᠷᠣᠰᠢᠵᠤ᠂ ᠶᠡᠭᠡ ᠪᠠᠭ᠎ᠠ ᠠᠷᠪᠠᠨ ᠬᠡᠳᠦᠨ | ᠠᠭᠤᠯᠠᠨ ᠭᠤᠤ ᠪᠠᠷ ᠪᠦᠷᠢᠯᠳᠦᠵᠦ᠂ ᠪᠥᠬᠦ ᠣᠷᠳᠣ ᠨᠢ ᠪᠠᠷᠤᠭ 15 ᠺᠢᠯᠤᠮᠧᠲᠷ᠂ ᠲᠣᠭᠤᠷᠢᠭ ᠤᠨ ᠲᠠᠯᠠᠪᠠᠶ ᠨᠢ | 100 ᠭᠠᠷᠤᠶ ᠲᠡᠭᠰᠢ ᠳᠥᠷᠪᠡᠯᠵᠢᠨ ᠺᠢᠯᠤᠮᠧᠲᠷ ᠪᠠᠶᠢᠨ᠎ᠠ᠃ | ᠡᠮᠦᠨ᠎ᠡ ᠭᠤᠤ ᠪᠣᠯ ᠰᠢᠭᠤᠶᠢᠲᠤ ᠶᠢᠨ ᠨᠡᠭᠦᠷᠡᠰᠦ ᠬᠠᠮᠤᠭ ᠡᠷᠲᠡ ᠮᠠᠯᠲᠠᠭᠰᠠᠨ ᠣᠷᠣᠨ ᠪᠣᠯᠣᠨ᠎ᠠ᠂ ︽ | ᠰᠢᠭᠤᠶᠢᠲᠤ ᠲᠣᠭᠤᠷᠢᠭ ᠤᠨ ᠣᠶᠢᠯᠠᠯᠭ᠎ᠠ︾ ᠳᠤ ᠲᠡᠮᠳᠡᠭᠯᠡᠭᠰᠡᠨ ᠢ ᠦᠨᠳᠦᠰᠦᠯᠡᠪᠡᠯ᠂ ᠠᠯᠢ ᠡᠷᠲᠡ ᠴᠢᠩ ᠤᠯᠤᠰ ᠤᠨ | ᠡᠶᠡᠪᠡᠷ ᠵᠠᠰᠠᠭᠴᠢ ᠶᠢᠨ ᠭᠤᠷᠪᠠᠳᠤᠭᠠᠷ ᠣᠨ ︵ᠨᠡᠶᠢᠲᠡ ᠶᠢᠨ ᠣᠨ ᠲᠣᠭᠠᠯᠠᠯ ᠤᠨ 1646 ᠣᠨ︶ ᠳᠤ ᠡᠮᠦᠨ᠎ᠡ | ᠭᠤᠤ ᠶᠢᠨ ᠪᠠᠢ ᠬᠤ᠋ ᠭᠧᠤ ᠣᠷᠴᠢᠮ ᠳᠤ ᠱᠠᠨ ᠰᠢ ᠶᠢᠨ ᠨᠡᠭᠦᠳᠡᠯ ᠠᠷᠠᠳ ᠠᠭᠤᠷᠬᠠᠢ ᠮᠠᠯᠲᠠᠵᠤ ᠨᠡᠭᠦᠷᠡᠰᠦ ᠮᠠᠯᠲᠠᠵᠤ | ᠪᠠᠶᠢᠪᠠ᠃ ᠭᠡᠪᠡᠴᠦ 300 ᠭᠠᠷᠤᠶ ᠵᠢᠯ ᠢ ᠥᠩᠭᠡᠷᠡᠵᠦ᠂ ᠪᠤᠰᠤᠳ ᠬᠡᠳᠦᠨ ᠨᠡᠭᠦᠷᠡᠰᠦᠨ ᠠᠭᠤᠷᠬᠠᠶ ᠶᠢᠨ | ᠣᠷᠣᠨ ᠲᠠᠢ ᠬᠠᠷᠢᠴᠠᠭᠤᠯᠪᠠᠯ᠂ ᠨᠠᠨ ᠭᠸᠤ ᠶᠢᠨ ᠪᠠᠶᠢᠭᠠᠯᠢᠯᠢᠭ ᠠᠮᠢ ᠠᠬᠤᠶ ᠨᠢ ᠮᠥᠨ ᠯᠡ ᠬᠠᠷᠢᠴᠠᠩᠭᠤᠶ ᠪᠠᠷ | ᠨᠡᠯᠢᠶᠡᠳ ᠵᠦᠭᠡᠷ ᠪᠠᠶᠢᠵᠤ᠂ ᠪᠣᠷᠣᠭᠵᠢᠭᠤᠨ ᠪᠦᠳᠦᠭᠦᠯᠢᠭ᠂ ᠵᠢᠬᠡᠬᠦᠨ ᠠᠭᠤᠳᠠᠮ᠃ | | ᠤᠪᠤᠭᠠᠨ ᠭᠤᠤ ᠲᠤᠰᠬᠤᠨ ᠡᠮᠦᠨ᠎ᠡ ᠭᠤᠤ ᠶᠢᠨ ᠬᠠᠮᠤᠭ ᠬᠤᠶᠢᠳᠦ ᠲᠠᠯ᠎ᠠ ᠳᠤ ᠪᠠᠶᠢᠷᠢᠯᠠᠵᠤ᠂ ᠨᠢᠭᠡᠨ | ᠨᠢᠭᠤᠴᠠᠭᠠᠢ ᠦᠩᠭᠡ ᠪᠠᠷ ᠪᠢᠯᠬᠠᠮ᠎ᠠ ᠭᠠᠵᠠᠷ ᠤᠷᠤᠨ ᠪᠤᠯᠤᠨ᠎ᠠ᠃ ᠠᠳᠡᠬᠢ ᠠᠭᠤᠯᠠ ᠨᠢ ᠡᠭᠴᠡ᠂ ᠤᠷᠭᠤᠮᠠᠯ ᠤᠨ | ᠪᠦᠷᠬᠦᠴᠡ ᠨᠢᠭᠲᠠ ᠪᠠᠶᠢᠵᠤ᠂ ᠠᠭᠤᠷᠬᠠᠢ ᠶᠢᠨ ᠡᠬᠢ ᠪᠠᠶᠠᠯᠢᠭ ᠨᠢ ᠮᠠᠰᠢ ᠪᠠᠶᠠᠯᠢᠭ᠃ ᠲᠤᠰᠬᠤᠨ ᠤ ᠠᠮᠠᠰᠠᠷ ᠲᠤ | ᠨᠢᠭᠡᠨ ᠬᠥᠭᠰᠢᠨ ᠤᠳᠠ ᠪᠠᠶᠢᠳᠠᠭ᠂ ᠰᠣᠨᠤᠰᠬᠤᠯᠠᠷ 500 ᠵᠢᠯ ᠤᠨ ᠬᠥᠭᠰᠢᠨ ᠮᠣᠲᠤ ᠭᠡᠳᠡᠭ᠂ ᠳᠦᠷᠪᠡᠨ ᠬᠦᠮᠦᠨ | ᠭᠠᠷ ᠢᠶᠠᠨ ᠬᠤᠯᠪᠤᠪᠠᠯ ᠰᠠᠶ᠋ᠢ ᠲᠡᠪᠡᠷᠢᠵᠦ ᠳᠡᠶᠢᠯᠳᠡᠭ᠃ 2016 ᠣᠨ ᠤ ᠬᠠᠭᠤᠴᠢ ᠰᠤᠳᠤᠯᠤᠯ ᠤᠨ ᠬᠡᠭᠡᠷ᠎ᠡ ᠶᠢᠨ | ᠪᠠᠢᠴᠠᠭᠠᠯᠲᠠ ᠶᠢᠨ ᠳᠤᠮᠳᠠ᠂ ᠤᠪᠤᠭᠠᠨ ᠭᠤᠤ ᠶᠢᠨ ᠵᠣᠣ ᠭᠧ ᠲᠠᠢ ᠠᠴᠠ ᠯᠢᠶᠣᠣ ᠤᠯᠤᠰ ᠠᠯᠲᠠᠨ ᠤᠯᠤᠰ ᠶᠤᠸᠠᠨ | ᠤᠯᠤᠰ ᠤᠨ ᠦᠶ᠎ᠡ ᠶᠢᠨ ᠡᠷᠲᠡᠨ ᠤ ᠰᠦᠮ᠎ᠡ ᠬᠡᠶᠢᠳ ᠤᠨ ᠪᠠᠷᠢᠯᠭ᠎ᠠ ᠶᠢᠨ ᠪᠠᠭᠤᠷᠢ ᠶᠢ ᠢᠯᠡᠷᠡᠭᠦᠯᠪᠡ᠂ ᠴᠢᠯᠠᠭᠤᠨ | ᠰᠡᠢᠯᠦᠮᠡᠯ ᠪᠤᠷᠬᠠᠨ ᠤ ᠬᠥᠷᠥᠭ᠂ ᠰᠢᠷᠠᠮᠤᠨ ᠪᠤᠷᠬᠠᠨ ᠤ ᠭᠠᠷ᠂ ᠫᠦᠷᠲ᠋ᠢᠯ ᠪᠠᠷᠢᠯᠭ᠎ᠠ ᠶᠢᠨ ᠲᠣᠨᠣᠭᠯᠠᠯ ᠪᠣᠯᠤᠨ ᠶᠡᠭᠡ | ᠬᠡᠮᠵᠢᠶᠡᠨ ᠤ ᠸᠠᠭᠠᠷ᠂ ᠬᠡᠷᠡᠮ ᠤᠨ ᠲᠣᠭᠤᠰᠭ᠎ᠠ ᠣᠯᠳᠠᠭᠰᠠᠨ ᠪᠠᠶᠢᠨ᠎ᠠ᠃ | | ᠤᠪᠤᠭᠠᠨ ᠭᠤᠤ ᠪᠣᠯᠤᠨ ᠲᠦᠮᠡᠳ ᠪᠠᠷᠠᠭᠤᠨ ᠬᠤᠰᠢᠭᠤᠨ ᠤ ᠠᠭᠤᠯᠵᠠᠷ ᠲᠤ ᠨᠡᠷ᠎ᠡ ᠨᠢ ᠬᠠᠭᠤᠴᠢᠨ | ᠬᠤᠳᠠᠯᠳᠤᠭᠠᠨ ᠤ ᠫᠦᠰᠡ ᠰᠢᠭ ᠨᠢᠭᠡᠨ ᠪᠠᠶᠢᠭᠠᠯᠢᠯᠢᠭ ᠲᠣᠰᠬᠤᠨ ᠲᠦᠩ ᠱᠧᠩ ᠮᠤᠤ ᠪᠠᠶᠢᠳᠠᠭ᠂ ᠲᠦᠩ ᠱᠧᠩ | ᠮᠤᠤ ᠲᠣᠰᠬᠤᠨ ᠤ ᠠᠭᠤᠯᠠᠨ ᠳᠡᠭᠡᠷ᠎ᠡ ᠨᠢᠭᠡᠨ ᠬᠠᠴᠢᠨ ᠠᠭᠤᠯᠠᠨ ᠠᠭᠤᠶ ᠲᠠᠢ᠂ ᠭᠠᠵᠠᠷ ᠤᠨ ᠬᠤᠩᠬᠢᠯ ᠭᠡᠪᠡᠯ ᠨᠡᠩ | ᠲᠣᠬᠢᠷᠠᠮᠵᠢᠲᠠᠢ᠃ ᠨᠦᠬᠡᠨ ᠠᠮᠠᠰᠠᠷ ᠡᠭᠴᠡ ᠭᠠᠵᠠᠷ ᠣᠷᠣᠵᠤ᠂ ᠨᠦᠬᠡᠨ ᠤ ᠠᠮᠠᠰᠠᠷ ᠲᠤ ᠪᠣᠲᠠᠯᠢᠭ ᠡᠪᠡᠰᠦ | ᠬᠡᠭᠡᠷ᠎ᠡ ᠶᠢᠨ ᠤᠷᠭᠤᠮᠠᠯ ᠪᠤᠢ᠂ ᠨᠦᠬᠡᠨ ᠠᠮᠠᠰᠠᠷ ᠤᠨ ᠳ᠋ᠢᠶᠠᠮᠧᠲᠷ ᠨᠢ ᠪᠠᠷᠤᠭ 3 ᠮᠧᠲᠷ᠂ ᠭᠦᠨ — ᠮᠡᠳᠡᠬᠦ ᠦᠭᠡᠢ | ᠂ ᠳᠣᠲᠤᠷᠠᠬᠢ ᠥᠷᠭᠡᠨ — ᠮᠡᠳᠡᠬᠦ ᠦᠭᠡᠢ᠃ ᠲᠤᠬᠠᠶ ᠶᠢᠨ ᠭᠠᠵᠠᠷ ᠤᠨ ᠠᠷᠠᠳ ᠤᠨ ᠬᠡᠯᠡᠬᠦ ᠪᠠᠷ᠂ ᠠᠯᠢ ᠡᠷᠲᠡ | ᠬᠦᠮᠦᠰ 120 ᠮᠧᠲᠷ ᠤᠨ ᠳᠡᠭᠡᠰᠦᠨ ᠳᠤ ᠬᠦᠨᠳᠦ ᠪᠣᠳᠠᠰ ᠣᠶᠠᠵᠤ ᠭᠦᠨ ᠢ ᠨᠢ ᠬᠠᠶᠢᠵᠤ ᠦᠵᠡᠶ᠎ᠡ ᠭᠡᠵᠡᠢ᠂ | ᠭᠡᠲᠡᠯ᠎ᠡ ᠳᠡᠭᠡᠰᠦ ᠨᠢ ᠵᠠᠷᠤᠭᠠᠳ ᠪᠠᠷᠠᠴᠢᠬᠠᠭᠰᠠᠨ ᠪᠠᠶᠢᠲᠠᠯ᠎ᠠ ᠭᠦᠨ ᠤ ᠬᠡᠮᠵᠢᠶ᠎ᠡ ᠶᠢ ᠨᠢ ᠮᠡᠳᠡᠭᠰᠡᠨ ᠦᠭᠡᠢ᠃ ᠪᠠᠰᠠ | ᠵᠠᠷᠢᠮ ᠨᠢ ᠬᠡᠯᠡᠬᠦ ᠪᠠᠷ᠂ ᠡᠷᠲᠡᠨ ᠳᠤ ᠪᠠᠷᠢᠵᠤ ᠠᠪᠤᠭᠰᠠᠨ ᠳᠡᠭᠡᠷᠡᠮᠴᠢᠳ ᠲᠤ ᠬᠠᠮᠤᠭ ᠬᠠᠷ᠎ᠠ ᠬᠤᠣᠷᠲᠠᠢ ᠰᠢᠢᠳᠭᠡᠯ | ᠪᠣᠯ ᠳᠡᠭᠡᠰᠦ ᠢᠶᠠᠷ ᠤᠶᠠᠵᠤ᠂ ᠨᠦᠬᠡᠨ ᠤ ᠠᠮᠠᠨ ᠠᠴᠠ ᠬᠠᠶᠠᠨ᠎ᠠ ᠭᠡᠳᠡᠭ᠃ ᠰᠦᠪᠡᠭᠴᠢᠯᠡᠭᠴᠢ ᠠᠭᠤᠢ ᠶᠢᠨ ᠭᠦᠨ ᠢ | ᠮᠡᠳᠡᠬᠦ ᠭᠡᠵᠦ ᠨᠢᠭᠡ ᠬᠡᠰᠡᠭ ᠴᠢᠯᠠᠭᠤ ᠰᠢᠳᠡᠬᠦ ᠳᠤ ᠤᠷᠢᠳ ᠢᠶᠠᠷ ᠫᠠᠰ ᠫᠠᠰ ᠳᠤᠤᠭᠠᠷᠤᠭᠠᠳ ᠬᠠᠳᠠᠨ ᠤ ᠬᠠᠨ᠎ᠠ ᠶᠢ | ᠳᠠᠭᠠᠷᠢᠵᠤ᠂ ᠳᠠᠷᠠᠭ᠎ᠠ ᠨᠢ ᠬᠡᠢ ᠬᠤᠭᠤᠰᠣᠨ ᠴᠤᠤᠷᠢᠶ᠎ᠠ ᠪᠤᠴᠠᠵᠤ ᠶᠠᠭ ᠯᠠ ᠯᠤᠲᠤ ᠶᠡᠭᠡ ᠣᠷᠣᠨ ᠵᠠᠢ ᠪᠠᠶᠢᠬᠤ ᠠᠳᠠᠯᠢ | ᠃ ᠭᠠᠶᠢᠬᠠᠮᠰᠢᠭᠲᠤ ᠠᠭᠤᠢ ᠶᠢᠨ ᠭᠠᠶᠢᠬᠠᠮᠰᠢᠭ ᠨᠢ ᠪᠣᠯ ᠦᠯᠦ ᠮᠡᠳᠡᠬᠦ ᠳᠤ ᠪᠠᠶᠢᠳᠠᠭ᠂ ᠵᠠᠷᠢᠮ ᠬᠦᠮᠦᠨ ᠤ ᠬᠡᠯᠡᠬᠦ ᠪᠠᠷ | ᠨᠦᠬᠡᠨ ᠳᠤ ᠳᠠᠯᠳᠠ ᠤᠷᠤᠰᠬᠠᠯ ᠪᠠᠶᠢᠵᠤ ᠮᠡᠳᠡᠨ᠎ᠡ᠂ ᠠᠭᠤᠯᠠᠨ ᠠᠭᠤᠢ ᠶᠢᠨ ᠪᠤᠯᠠᠭ ᠤᠨ ᠣᠯᠠᠩᠬᠢ ᠨᠢ ᠠᠬᠤᠢ ᠶᠢᠨ | ᠠᠮᠠᠰᠠᠷ ᠲᠤ ᠡᠪᠡᠰᠦ ᠮᠣᠳᠤ ᠠᠷᠪᠢᠨ ᠪᠠᠶᠢᠬᠤ ᠪᠠᠷ ᠦᠨᠳᠦᠰᠦᠯᠡᠯ ᠪᠣᠯᠭᠠᠵᠠᠢ︔ ᠪᠠᠰᠠ ᠵᠠᠷᠢᠮ ᠬᠥᠮᠥᠨ ᠡᠨᠡ | ᠠᠭᠤᠢ ᠶᠢ ᠠᠭᠤᠰᠬᠠᠬᠤ ᠠᠭᠤᠢ ᠮᠥᠷᠲᠡᠭᠡᠨ ᠠᠭᠤᠢ ᠳᠤ ᠠᠭᠤᠢ ᠲᠠᠢ᠂ ᠣᠶᠢᠷ᠎ᠠ ᠬᠠᠪᠢ ᠶᠢᠨ ᠨᠡᠭᠦᠷᠡᠰᠦᠨ | ᠠᠭᠤᠷᠬᠠᠢ ᠪᠠᠷ ᠶᠡᠭᠡ ᠬᠡᠮᠵᠢᠶᠡᠨ ᠤ ᠵᠦᠩ ᠰᠦ ᠴᠢᠯᠠᠭᠤ ᠪᠠᠷ ᠭᠡᠷᠡᠴᠢ ᠪᠣᠯᠭᠠᠵᠠᠢ᠃ ᠣᠶᠢᠷ᠎ᠠ ᠶᠢᠨ ᠵᠢᠯ ᠳᠤ ᠣᠪᠤᠭᠠᠨ | ᠭᠤᠣ ᠲᠤᠰᠬᠤᠨ ᠨᠢ ᠵᠢᠭᠤᠯᠴᠢᠯᠠᠯ ᠤᠨ ᠦᠢᠯᠡᠰ ᠢ ᠢᠳᠡᠪᠬᠢᠲᠡᠢ ᠬᠠᠶᠢᠨ ᠰᠦᠪᠡᠭᠴᠢᠯᠡᠵᠦ᠂ ᠬᠡᠷᠪᠡ ᠲᠦᠩ ᠱᠧᠩ | ᠮᠤᠤ ᠶᠢᠨ ᠴᠢᠯᠠᠭᠤᠨ ᠠᠭᠤᠢ ᠳᠤ ᠪᠠᠶᠢᠴᠠᠭᠠᠯᠲᠠ ᠬᠢᠵᠦ ᠲᠣᠳᠣᠷᠬᠠᠢ ᠨᠡᠭᠡᠭᠡᠨ ᠠᠰᠢᠭᠯᠠᠪᠠᠯ ᠰᠠᠶᠢᠨ ᠲᠥᠷᠦ ᠶᠢᠨ | ᠪᠣᠳᠤᠯᠭ᠎ᠠ ᠶᠢ ᠠᠯᠳᠠᠬᠤ ᠦᠭᠡᠢ ᠪᠣᠯᠤᠨ᠎ᠠ᠃ | | ᠭᠤᠷᠪᠠ᠂ ᠴᠢᠯᠠᠭᠤᠨ ᠡᠭᠦᠳᠡ | ᠰᠢᠭᠤᠶᠢᠲᠤ ᠶᠢᠨ ᠭᠠᠭ᠋ᠠᠶᠢᠲᠤ ᠲᠤᠰᠬᠤᠨ ᠤ ᠯᠢ ᠵᠢᠶᠠ ᠽᠢ ᠱᠠᠨ ᠳᠣᠣᠷᠠᠬᠢ ᠯᠢ ᠵᠢᠶᠠ ᠭᠸᠦ ᠳᠤ ᠨᠢᠭᠡᠨ | ᠠᠷᠠᠳ ᠤᠨ ᠦᠯᠢᠭᠡᠷ ᠤᠯᠠᠮᠵᠢᠯᠠᠭᠳᠠᠵᠤ ᠪᠠᠶᠢᠳᠠᠭ᠂ ᠶᠡᠭᠡ ᠲᠦᠯᠦᠪ ᠤᠳᠬ᠎ᠠ ᠨᠢ᠂ ᠡᠷᠲᠡ ᠤᠷᠢᠲᠤ ᠴᠠᠭ ᠲᠤ ᠯᠢ | ᠵᠢᠶᠠ ᠭᠧᠦ ᠳᠤ ᠨᠢᠭᠡᠨ ᠪᠠᠶᠠᠨ ᠡᠵᠡᠨ ᠪᠠᠶᠢᠵᠠᠢ᠂ ᠬᠡᠦᠬᠡᠨ ᠢᠶᠠᠨ ᠠᠭᠤᠯᠠᠨ ᠤ ᠭᠠᠳᠠᠨ᠎ᠠ ᠥᠭᠪᠡ᠂ ᠬᠡᠦᠬᠡᠨ ᠢᠶᠠᠨ | ᠲᠥᠷᠬᠦᠮ ᠳᠡᠭᠡᠨ ᠠᠮᠠᠷᠬᠠᠨ ᠬᠠᠷᠢᠭᠤᠯᠬᠤ ᠶᠢᠨ ᠲᠦᠯᠦᠭᠡ᠂ ᠯᠢ ᠵᠢᠶᠠ ᠽᠢ ᠱᠠᠨ ᠠᠭᠤᠯᠠ ᠶᠢ ᠴᠠᠪᠴᠢᠵᠤ ᠠᠭᠤᠯᠠᠨ | ᠡᠭᠦᠳᠡ ᠭᠠᠷᠭᠠᠪᠠ ᠭᠡᠨ᠎ᠡ᠂ ᠡᠨᠡ ᠪᠣᠯ ᠳᠡᠷᠤᠢ ᠴᠢᠯᠠᠭᠤᠨ ᠡᠭᠦᠳᠡ ᠪᠣᠯᠤᠨ᠎ᠠ᠃ ᠶᠠᠷᠢᠶᠠᠨ ᠦᠭᠡᠢ᠂ ᠡᠨᠡᠬᠦ ᠤᠯᠠᠮᠵᠢᠯᠠᠯ | ᠶᠠᠷᠢᠶᠠᠨ ᠳᠤ ᠢᠨᠠᠭ ᠬᠠᠶᠢᠷ᠎ᠠ᠂ ᠳᠣᠮᠤᠭ ᠶᠠᠷᠢᠶ᠎ᠠ ᠪᠠ ᠬᠤᠪᠢ ᠵᠠᠶᠠᠭ᠎ᠠ ᠳᠤᠲᠠᠭᠳᠠᠬᠤ ᠦᠭᠡᠢ᠃ | | ᠯᠢ ᠵᠢᠶᠠ ᠽᠢ ᠠᠭᠤᠯᠠ ᠶᠢᠨ ᠴᠢᠯᠠᠭᠤᠨ ᠡᠭᠦᠳᠡ ᠪᠣᠯ ᠬᠦᠮᠦᠨ ᠤ ᠬᠦᠴᠦ ᠪᠠᠷ ᠴᠠᠪᠴᠢᠬᠰᠠᠨ ᠵᠠᠮ ᠶᠤᠮ᠂ | ᠬᠠᠭᠤᠴᠢᠨ ᠦᠶ᠎ᠡ ᠳᠤ ᠰᠢᠭᠤᠶᠢᠳᠤ ᠪᠤᠯᠤᠨ ᠬᠤᠶᠢᠳᠤ ᠠᠭᠤᠯᠠ ᠬᠢᠭᠡᠳ ᠲᠦᠮᠡᠳ ᠤᠨ ᠲᠠᠯ᠎ᠠ ᠭᠠᠵᠠᠷ ᠲᠠᠢ | ᠵᠠᠯᠭᠠᠯᠳᠤᠬᠤ ᠴᠢᠬᠤᠯᠠ ᠵᠠᠮ ᠪᠤᠯᠤᠨ᠎ᠠ᠃ ᠠᠯᠤᠰ ᠠᠴᠠ ᠴᠢᠯᠠᠭᠤᠨ ᠡᠭᠦᠳᠡ ᠶᠢ ᠬᠠᠷᠠᠪᠠᠯ ᠶᠠᠭ ᠦᠷᠭᠦᠯᠵᠢᠯᠡᠭᠰᠡᠨ | ᠠᠭᠤᠯᠠᠰ ᠢ ᠬᠤᠷᠴᠠ ᠰᠦᠬᠡ ᠪᠠᠷ ᠢᠶᠠᠨ ᠨᠢᠭᠡ ᠲᠣᠮᠣᠬᠠᠨ V ᠴᠠᠪᠴᠢᠭᠰᠠᠨ ᠠᠳᠠᠯᠢ᠃ ᠴᠢᠯᠠᠭᠤᠨ ᠡᠭᠦᠳᠡ ᠶᠢ | ᠣᠶᠢᠷ᠎ᠠ ᠠᠴᠠ ᠠᠵᠢᠭᠯᠠᠪᠠᠯ᠂ ᠨᠢᠭᠡᠨ ᠴᠢᠯᠠᠭᠤᠨ ᠤᠨᠠᠭ᠎ᠠ ᠬᠠᠷᠠᠭ᠎ᠠ ᠶᠢ ᠪᠤᠯᠢᠶᠠᠨ᠎ᠠ᠃ ︽ᠡᠭᠦᠳᠡᠨ ᠬᠦᠷᠢᠶ᠎ᠡ︾ | ᠬᠡᠳᠦᠨ ᠠᠯᠲᠠ ᠥᠨᠳᠦᠷ᠂ ᠥᠷᠭᠡᠨ ᠨᠢ ᠨᠢᠭᠡ ᠮᠣᠷᠢᠨ ᠲᠡᠷᠭᠡ ᠥᠩᠭᠡᠷᠡᠵᠦ ᠪᠣᠯᠤᠨ᠎ᠠ᠃ ᠴᠢᠯᠠᠭᠤᠨ ᠡᠭᠦᠳᠡ ᠶᠢ | ᠬᠡᠵᠢᠶ᠎ᠡ᠂ ᠶᠠᠮᠠᠷ ᠬᠥᠮᠦᠨ᠂ ᠶᠠᠭᠤᠨ ᠠᠴᠠ ᠪᠣᠯᠵᠤ ᠪᠠᠶᠢᠭᠤᠯᠤᠭᠰᠠᠨ ᠢ᠂ ᠪᠤᠭᠤᠲᠤ ᠶᠢᠨ ᠡᠯ᠎ᠡ ᠬᠤᠰᠢᠭᠤ ᠰᠢᠶᠠᠨ | ᠲᠣᠭᠤᠷᠢᠭ ᠤᠨ ᠣᠷᠣᠨ ᠨᠤᠲᠤᠭ ᠤᠨ ᠣᠶᠢᠯᠠᠯᠭ᠎ᠠ ᠴᠥᠮ ᠲᠡᠮᠳᠡᠭᠯᠡᠯ ᠦᠭᠡᠢ ᠪᠠᠶᠢᠵᠤ᠂ ᠲᠤᠬᠠᠢ ᠶᠢᠨ ᠭᠠᠵᠠᠷ ᠤᠨ | ᠤᠯᠠᠨ ᠲᠦᠮᠡᠨ ᠢ ᠰᠤᠷᠪᠤᠯᠵᠢᠯᠠᠭᠠᠳ ᠴᠤ ᠪᠦᠷ ᠮᠡᠳᠡᠬᠦ ᠦᠭᠡᠢ᠃ ᠰᠡᠭᠦᠯ ᠤᠨ ᠵᠢᠯ ᠤᠳ ᠲᠤ᠂ ᠵᠠᠷᠢᠮ ᠡᠷᠳᠡᠮᠲᠡᠳ | ᠴᠢᠯᠠᠭᠤᠨ ᠡᠭᠦᠳᠡ ᠶᠢᠨ ᠲᠡᠦᠬᠡ ᠶᠢ ᠪᠠᠶᠢᠴᠠᠭᠠᠨ ᠰᠢᠨᠵᠢᠯᠡᠵᠦ᠂ ᠬᠡᠳᠦᠨ ᠵᠦᠢᠯ ᠤᠨ ᠬᠡᠯᠡᠯᠭᠡ ᠳᠤᠷᠠᠳᠴᠠᠢ᠃ | ᠨᠢᠭᠡ ᠨᠢ ᠴᠢᠩ ᠤᠯᠤᠰ ᠤᠨ ᠱᠠᠨ ᠰᠢ ᠶᠢᠨ ᠬᠤᠳᠠᠯᠳᠤᠭᠠᠴᠢᠨ᠂ ᠡᠳ᠋ ᠤᠨ ᠡᠵᠡᠨ ᠤᠨ ᠬᠢᠭᠰᠡᠨ᠃ | ᠠᠡ ᠨᠢ ᠪᠠᠰᠠ ᠴᠢᠯᠠᠭᠤᠨ ᠡᠭᠦᠳᠡ ᠶᠢᠨ ᠦᠯᠢᠭᠡᠷ ᠤᠨ ᠳᠠᠯᠳᠠ ᠨᠡᠶᠢᠯᠡᠬᠦᠢ᠃ ᠭᠡᠪᠡᠴᠦ ᠯᠢ ᠵᠢᠶᠠ ᠭᠧᠦ ᠳᠤ ᠴᠢᠩ | ᠤᠯᠤᠰ ᠤᠨ ᠪᠦᠷᠢᠨ ᠵᠠᠰᠠᠭᠴᠢ ᠠᠴᠠ ᠡᠮᠦᠨ᠎ᠡ ᠶᠡᠭᠡ ᠬᠡᠪᠴᠢᠶᠡᠨ ᠤ ᠨᠡᠭᠦᠳᠡᠯ ᠠᠷᠠᠳ ᠲᠥᠪᠯᠡᠷᠡᠨ ᠰᠠᠭᠤᠭᠰᠠᠨ ᠦᠭᠡᠶ | ᠃ ᠪᠦᠷᠢᠨ ᠵᠠᠰᠠᠭᠴᠢ ᠠᠴᠠ ᠬᠤᠶᠢᠰᠢ ᠬᠥᠮᠥᠨ ᠠᠮᠠ ᠠᠭᠠᠵᠢᠮ ᠢᠶᠠᠷ ᠣᠯᠠᠰᠢᠷᠠᠵᠤ ᠲᠣᠰᠬᠤᠨ ᠪᠦᠷᠢᠯᠳᠦᠪᠡ᠃ | ᠠᠮᠢᠳᠤᠷᠠᠯ ᠴᠢᠨᠡᠭᠡᠯᠢᠭ ᠭᠡᠪᠡᠯ ᠪᠣᠯᠣᠯᠴᠠᠭ᠎ᠠ ᠲᠠᠢ᠂ ᠭᠡᠪᠡᠴᠦ ᠴᠢᠯᠠᠭᠤᠨ ᠡᠭᠦᠳᠡ ᠴᠣᠭᠤᠯᠵᠤ ᠳᠡᠶᠢᠯᠬᠦ ᠭᠡᠪᠡᠯ᠂ | ᠬᠡᠷᠡᠭᠴᠡᠭᠡ ᠦᠭᠡᠢ ᠮᠥᠷᠲᠡᠭᠡᠨ ᠡᠳ᠋ ᠤᠨ ᠬᠦᠴᠦ ᠴᠦ ᠦᠭᠡᠢ ᠪᠠᠶᠢᠬ᠎ᠠ᠃ ᠲᠤᠬᠠᠢ ᠶᠢᠨ ᠭᠠᠵᠠᠷ ᠤᠨ ᠬᠥᠮᠥᠨ | ᠬᠠᠭᠠᠯᠵᠤ ᠭᠠᠷᠭᠠᠭᠰᠠᠨ ᠪᠣᠯ ᠲᠡᠭᠦᠨ ᠤ ᠬᠤᠶᠢᠴᠢ ᠦᠶ᠎ᠡ ᠶᠢᠨ ᠦᠷ᠎ᠡ ᠬᠤᠶᠢᠴᠢᠰ ᠨᠢ ᠢᠷᠠᠭᠤ ᠠᠯᠳᠠᠷ ᠪᠣᠯᠭᠠᠬᠤ | ᠪᠠᠶᠢᠬ᠎ᠠ᠃ ᠲᠡᠷᠡ ᠦᠶ᠎ᠡ ᠳᠤ ᠰᠤᠪᠠᠭ ᠵᠠᠰᠠᠵᠤ᠂ ᠰᠦᠮ᠎ᠡ ᠪᠠᠶᠢᠭᠤᠯᠬᠤ ᠳᠤ ᠴᠥᠮ ᠬᠥᠰᠢᠶ᠎ᠡ ᠪᠣᠰᠬᠠᠨ ᠭᠠᠪᠢᠶ᠎ᠠ | ᠪᠠᠶᠢᠭᠤᠯᠤᠨ᠎ᠠ᠂ ᠡᠶᠢᠮᠦᠷᠬᠦᠦ ᠠᠭᠤᠯᠠ ᠶᠢ ᠨᠡᠭᠡᠭᠡᠨ ᠵᠠᠮ ᠵᠠᠰᠠᠬᠤ ᠶᠡᠭᠡ ᠶᠠᠪᠤᠳᠠᠯ ᠶᠠᠭᠠᠬᠢᠭᠠᠳ ᠴᠢᠮᠡᠭᠡ ᠢᠮᠡᠭᠡ ᠦᠭᠡᠢ | ᠪᠠᠶᠢᠬᠤ ᠪᠤᠢ︖ ᠲᠡᠷᠡ ᠮᠥᠷᠲᠡᠭᠡᠨ ᠴᠢᠯᠠᠭᠤᠨ ᠡᠭᠦᠳᠡ ᠪᠤᠭᠤᠲᠤ ᠳᠤ ᠰᠢᠭᠤᠳ ᠬᠦᠷᠬᠦ ᠦᠭᠡᠢ᠂ | ᠰᠢᠭᠤᠶᠢᠲᠤ ᠠᠴᠠ ᠴᠢᠯᠠᠭᠤᠨ ᠡᠭᠦᠳᠡ ᠪᠠᠷ ᠰᠠᠷᠠᠴᠢᠨ᠂ ᠳᠠᠬᠢᠨ ᠪᠤᠭᠤᠲᠤ ᠬᠦᠷᠲᠡᠯ᠎ᠡ ᠤᠯᠠᠮ ᠬᠤᠯᠠ ᠵᠠᠮ | ᠲᠣᠭᠤᠷᠢᠬᠤ ᠪᠣᠯᠤᠨ᠎ᠠ᠂ ᠨᠠᠷᠢᠯᠢᠭ ᠪᠣᠳᠣᠬᠤ ᠳᠤ ᠴᠢᠳᠠᠮᠠᠭᠠᠢ ᠱᠠᠨ ᠰᠢ ᠶᠢᠨ ᠬᠤᠳᠠᠯᠳᠤᠭᠠᠴᠢᠳ ᠯᠤᠲᠤ ᠶᠡᠭᠡ ᠪᠡᠯᠡ | ᠵᠠᠷᠤᠴᠠᠭᠤᠯᠵᠤ ᠴᠢᠯᠠᠭᠤᠨ ᠡᠭᠦᠳᠡ ᠴᠤᠭᠤᠯᠬᠤ᠂ ᠨᠢᠭᠡ ᠬᠤᠳᠠᠯᠳᠤᠭᠠᠨ ᠤ ᠦᠨ᠎ᠡ ᠥᠷᠲᠡᠭ ᠨᠢ ᠶᠡᠭᠡ ᠪᠢᠰᠢ | ᠬᠤᠳᠠᠯᠳᠤᠭᠠᠨ ᠤ ᠵᠠᠮ ᠨᠡᠬᠡᠭᠡᠬᠦ ᠪᠣᠯᠤᠯᠴᠠᠭ᠎ᠠ ᠦᠭᠡᠢ᠃ ᠳᠡᠭᠡᠷᠡᠬᠢ ᠬᠦᠴᠦᠨ ᠵᠦᠢᠯ ᠢ ᠶᠡᠷᠦᠩᠬᠡᠶᠢᠯᠡᠪᠡᠯ᠂ ᠢᠩᠭᠢᠵᠦ | ᠬᠡᠯᠡᠪᠡᠯ ᠪᠣᠯᠬᠤ ᠦᠭᠡᠢ ᠪᠠᠶᠢᠬ᠎ᠠ᠃ | ᠬᠤᠶᠠᠷ ᠨᠢ ᠵᠤᠤ ᠵᠢᠶᠦ᠋ᠨ ᠴᠢᠯᠠᠭᠤᠨ ᠡᠭᠦᠳᠡ᠃ ᠯᠢ ᠵᠢᠶᠠ ᠽᠢ ᠴᠢᠯᠠᠭᠤᠨ ᠡᠭᠦᠳᠡ ᠶᠢ ᠬᠠᠮᠤᠭ | ᠣᠷᠣᠢ ᠳᠤ ᠪᠠᠨ ᠪᠠᠷᠠᠭᠤᠨ ᠬᠠᠨ ᠤᠯᠤᠰ ᠤᠨ ᠦᠶ᠎ᠡ ᠳᠤ ᠨᠢᠭᠡᠨᠲᠡ ᠴᠣᠭᠤᠯᠪᠠ᠂ ᠴᠢᠯᠠᠭᠤᠨ ᠡᠭᠦᠳᠡᠨ ᠤ ᠳᠣᠣᠷᠠᠬᠢ | ᠦ᠋ ᠳ᠋ᠠᠩ ᠭᠧᠤ ᠪᠣᠯ ︽ᠤᠰᠤᠨ ᠰᠤᠳᠤᠷ ᠲᠡᠮᠳᠡᠭᠯᠡᠯ︾ ᠳᠤ ᠲᠡᠮᠳᠡᠭᠯᠡᠭᠰᠡᠨ ᠴᠢᠯᠠᠭᠤᠨ ᠡᠭᠦᠳᠡ ᠪᠣᠯᠤᠨ᠎ᠠ᠂ ᠠᠭᠤᠯᠠᠨ | ᠳᠣᠤᠷᠠᠬᠢ ᠡᠷᠲᠡᠨ ᠤ ᠬᠤᠲᠠ ᠶᠢᠨ ᠰᠤᠪᠤᠷᠭ᠎ᠠ ᠪᠣᠯ ᠲᠡᠦᠬᠡᠨ ᠳᠡᠭᠡᠷᠡᠬᠢ ᠠᠯᠳᠠᠷ ᠴᠣᠣᠲᠠᠢ ︽ᠴᠢᠯᠠᠭᠤᠨ | ᠬᠠᠭᠠᠯᠭ᠎ᠠ ᠶᠢᠨ ᠬᠠᠯᠬᠠᠪᠴᠢ︾ ᠪᠣᠯᠤᠨ᠎ᠠ᠂ ᠲᠤᠬᠠᠶ ᠶᠢᠨ ᠵᠢᠯ ᠳᠤ ᠵᠣᠣ ᠵᠢᠶᠦ᠋ᠨ ᠪᠣᠭᠤᠮᠲᠠ ᠠᠴᠠ ᠭᠠᠷᠴᠤ | ᠠᠳᠡ ᠠᠴᠠ ᠶᠠᠪᠤᠵᠤ ᠦᠩᠭᠡᠷᠡᠭᠰᠡᠨ ᠮᠠᠭᠠᠳ᠃ ᠭᠡᠪᠡᠴᠦ ᠤᠷᠲᠤ ᠬᠤᠭᠤᠴᠠᠭᠠᠨ ᠤ ᠲᠤᠷᠰᠢ᠂ ᠡᠷᠳᠡᠮᠲᠡᠳ | ᠴᠢᠯᠠᠭᠤᠨ ᠤ ᠬᠠᠯᠬᠠᠪᠴᠢ ᠨᠢ ᠬᠥᠨᠳᠡᠯᠡᠨ ᠭᠤᠣᠯ ᠤᠨ ᠡᠮᠦᠨ᠎ᠡ ᠠᠮᠠᠰᠠᠷ ᠪᠤᠶᠤ ᠳᠠᠯᠠᠨ ᠬᠠᠷ᠎ᠠ ᠠᠭᠤᠯᠠᠨ ᠳᠤ | ᠨᠡᠪᠲᠡᠷᠡᠭᠰᠡᠨ ᠭᠡᠵᠦ ᠦᠵᠡᠵᠦ ᠪᠠᠶᠢᠨ᠎ᠠ᠂ ᠡᠰᠡᠬᠦᠯ᠎ᠡ ᠤᠷᠠᠳ ᠤᠨ ᠡᠮᠦᠨᠡᠲᠦ ᠬᠤᠰᠢᠭᠤᠨ ᠤ ᠱᠢᠶᠣᠤ ᠵᠣᠣ ᠮᠧᠨ | ᠯᠢᠶᠠᠩ ᠴᠧᠩ ᠴᠧᠩ ᠪᠣᠯᠤᠨ ᠮᠧᠢ ᠯᠢᠩ ᠱᠠᠨ ᠤ ᠡᠷᠲᠡᠨ ᠤ ᠬᠤᠲᠠ᠂ ︽ᠰᠢᠭᠤᠶᠢᠲᠤ ᠶᠢᠨ ᠡᠷᠲᠡᠨ ᠤ ᠬᠤᠲᠠ ᠶᠢᠨ | ᠰᠤᠪᠤᠷᠭ᠎ᠠ ᠬᠡᠯᠡᠭᠰᠡᠨ ᠨᠢ︾ ᠨᠢ ᠨᠢᠭᠡᠳᠦᠯᠲᠡᠢ ᠵᠥᠪᠰᠢᠶᠡᠷᠡᠭᠳᠡᠭᠰᠡᠨ ᠦᠭᠡᠢ᠃ | | ᠭᠤᠷᠪᠠ ᠨᠢ ᠪᠠᠳᠺᠠᠷ ᠰᠦᠮ᠎ᠡ ᠶᠢᠨ ᠲᠡᠮᠡᠭᠡᠨ ᠵᠢᠩ ᠤᠨ ᠵᠠᠮ᠃ ᠪᠣᠭᠤᠲᠤ ᠶᠢᠨ ᠵᠠᠷᠢᠮ ᠰᠤᠶᠤᠯ ᠤᠨ | ᠡᠷᠳᠡᠮᠲᠡᠳ ᠤᠨ ᠦᠵᠡᠬᠦ ᠪᠠᠷ᠂ ᠯᠢ ᠵᠢᠶᠠ ᠽᠢ ᠴᠢᠯᠠᠭᠤᠨ ᠡᠭᠦᠳᠡ ᠪᠠᠳᠺᠠᠷ ᠰᠦᠮ᠎ᠡ ᠲᠠᠢ ᠬᠤᠯᠪᠣᠭ᠎ᠠ ᠲᠠᠢ ᠪᠠᠶᠢᠬᠤ | ᠬᠡᠷᠡᠭᠲᠡᠢ᠃ ᠪᠠᠳᠺᠠᠷ ᠰᠦᠮ᠎ᠡ ᠶᠢ ᠪᠠᠶᠢᠭᠤᠯᠤᠭᠠᠳ 300 ᠭᠠᠷᠤᠢ ᠵᠢᠯ ᠪᠣᠯᠵᠤ᠂ ᠲᠩᠷᠢ ᠲᠡᠳᠬᠦᠭᠴᠢ ᠶᠢᠨ | ᠰᠡᠭᠦᠯᠴᠢ ᠶᠢᠨ ᠬᠤᠭᠤᠴᠠᠭᠠᠨ ᠳᠤ ᠪᠠᠳᠠᠷᠠᠨ ᠬᠦᠭᠵᠢᠭᠰᠡᠨ ᠴᠠᠭ ᠦᠶ᠎ᠡ ᠶᠢ ᠤᠭᠲᠤᠨ ᠠᠪᠴᠢᠷᠠᠯ᠎ᠠ᠃ | ᠡᠷᠳᠡᠮᠲᠡᠳ ᠤᠨ ᠮᠠᠭᠠᠳᠯᠠᠯ ᠢᠶᠠᠷ ᠪᠣᠯ ᠴᠢᠯᠠᠭᠤᠨ ᠡᠭᠦᠳᠡ ᠶᠢ ᠴᠠᠪᠴᠢᠭᠰᠠᠨ ᠲᠡᠦᠬᠡ 200 ᠵᠢᠯ ᠠᠴᠠ ᠬᠡᠲᠦᠷᠡᠬᠦ | ᠦᠭᠡᠢ᠃ ᠵᠣᠬᠢᠶᠠᠭᠴᠢ ᠶᠢᠨ ᠦᠵᠡᠬᠦ ᠪᠠᠷ ᠪᠣᠯᠣᠯᠴᠠᠭ᠎ᠠ ᠶᠡᠭᠡ ᠪᠢᠰᠢ᠂ ᠤᠴᠢᠷ ᠰᠢᠯᠲᠠᠭᠠᠨ ᠨᠢ ᠡᠮᠦᠨ᠎ᠡ | ᠳᠤᠷᠠᠳᠤᠭᠰᠠᠨ ᠨᠢᠭᠡᠳᠦᠭᠡᠷ ᠵᠦᠢᠯ ᠤᠨ ᠬᠡᠯᠡᠯᠭᠡ ᠲᠠᠢ ᠠᠳᠠᠯᠢ᠂ ᠲᠡᠮᠲᠡᠭᠯᠡᠯ ᠦᠭᠡᠢ ᠮᠥᠷᠲᠡᠭᠡᠨ ᠠᠮᠠᠨ ᠤᠯᠠᠮᠵᠢᠯᠠᠯ | ᠦᠭᠡᠢ᠃ ᠪᠠᠳᠺᠠᠷ ᠰᠦᠮ᠎ᠡ ᠶᠢᠨ ᠲᠡᠮᠡᠭᠡᠴᠢᠨ ᠡᠭᠦᠳᠡ ᠪᠠᠷ ᠳᠠᠮᠵᠢᠳᠠᠭ ᠪᠣᠯᠪᠠᠴᠤ ᠴᠢᠯᠠᠭᠤᠨ ᠡᠭᠦᠳᠡ ᠶᠢ | ᠠᠰᠢᠭᠯᠠᠭᠰᠠᠨ ᠠᠴᠠ ᠪᠢᠰᠢ᠂ ᠲᠡᠷᠡ ᠨᠢ ᠴᠢᠯᠠᠭᠤᠨ ᠡᠭᠦᠳᠡ ᠶᠢᠨ ᠪᠠᠶᠢᠭᠤᠯᠤᠭᠴᠢ ᠪᠢᠰᠢ᠃ ᠲᠡᠦᠬᠡᠨ ᠳᠡᠭᠡᠷ᠎ᠡ | ᠪᠠᠳᠺᠠᠷ ᠰᠦᠮ᠎ᠡ ᠬᠡᠳᠦ᠋ᠢᠪᠡᠷ ᠬᠤᠳᠠᠯᠳᠤᠭ᠎ᠠ ᠮᠠᠶᠢᠮᠠᠢ ᠬᠢᠵᠦ ᠡᠳ᠋ ᠪᠠᠷᠠᠭ᠎ᠠ ᠡᠷᠬᠢᠯᠡᠵᠦ᠂ ᠬᠠᠳᠤᠯᠠᠩ ᠪᠡᠯᠴᠢᠭᠡᠷ ᠤᠨ | ᠠᠭᠤᠷᠬᠠᠢ ᠶᠢ ᠭᠠᠳᠠᠭᠰᠢ ᠳᠠᠭᠠᠭᠠᠴᠢᠯᠠᠭᠤᠯᠤᠭᠰᠠᠨ ᠪᠣᠯᠪᠠᠴᠤ ᠣᠯᠠᠩᠬᠢ ᠨᠢ ᠪᠤᠭᠤᠲᠤ ᠶᠢᠨ ᠯᠢᠦᠢ ᠮᠧᠩ | ᠬᠤᠳᠠᠯᠳᠤᠭ᠎ᠠ ᠪᠠ ᠰᠢᠭᠤᠶᠢᠲᠤ ᠪᠠᠯᠭᠠᠰᠤᠨ ᠤ ᠳ᠋ᠧ ᠾᠧᠦ ᠵᠢᠷᠤᠮ ᠤᠨ ᠡᠳ᠋ ᠪᠠᠷᠠᠭ᠎ᠠ ᠶᠢᠨ ᠪᠠᠭᠤᠳᠠᠯ ᠳᠤ ᠨᠠᠶᠢᠳᠠᠵᠤ | ᠡᠳᠦᠷ ᠲᠤᠲᠤᠮ ᠤᠨ ᠬᠡᠷᠡᠭᠯᠡᠭᠡᠨ ᠤ ᠠᠮᠤ ᠪᠤᠳᠠᠭ᠎ᠠ ᠬᠤᠳᠠᠯᠳᠤᠨ ᠠᠪᠴᠤ ᠪᠠᠶᠢᠵᠠᠢ᠃ ᠪᠠᠳᠺᠠᠷ ᠰᠦᠮ᠎ᠡ ᠪᠠᠰᠠ | ᠨᠡᠭᠦᠷᠡᠰᠦᠨ ᠠᠭᠤᠷᠬᠠᠢ ᠳᠤ ᠬᠤᠪᠢ ᠣᠷᠣᠵᠤ᠂ ᠠᠰᠢᠭ ᠣᠯᠵᠠ ᠨᠢ ᠪᠣᠳᠠᠲᠠᠶ ᠡᠵᠡᠩᠨᠡᠬᠦ ᠪᠠ ᠬᠤᠳᠠᠯᠳᠤᠭᠠᠨ ᠤ | ᠠᠵᠢᠯᠯᠠᠭ᠎ᠠ ᠳᠤ ᠣᠷᠣᠯᠴᠠᠬᠤ ᠦᠭᠡᠶ᠃ ᠬᠡᠷᠪᠡ ᠬᠤᠳᠠᠯᠳᠤᠭ᠎ᠠ ᠡᠷᠬᠢᠯᠡᠬᠦ ᠳᠤ ᠳᠦᠭᠦᠮ ᠪᠣᠶᠤ ᠵᠥᠪᠬᠡᠨ ᠪᠠᠳᠺᠠᠷ | ᠰᠦᠮ᠎ᠡ ᠶᠢᠨ ᠨᠢᠭᠡᠨ ᠮᠠᠶᠢᠮᠠᠢ ᠳᠤ ᠵᠣᠷᠢᠭᠤᠯᠤᠨ ᠴᠢᠯᠠᠭᠤᠨ ᠡᠭᠦᠳᠡ ᠨᠡᠬᠡᠭᠡᠪᠡᠯ ᠪᠣᠯᠤᠯᠴᠠᠭ᠎ᠠ ᠶᠡᠭᠡ ᠪᠢᠰᠢ ᠮᠠᠭᠠᠳ᠃ | |