ᠰᠢᠭᠤᠶᠢᠳᠤ ᠡᠮᠦᠨ᠎ᠡ ᠠᠭᠤᠯᠠᠨ ᠳᠤ ᠨᠢᠭᠡ ᠭᠤᠶᠤ ᠦᠵᠡᠮᠵᠢ ᠪᠠᠶᠢᠳᠠᠭ — ᠲᠠᠷᠤᠢ ᠴᠢᠯᠠᠭᠤᠨ ᠬᠠᠭᠠᠯᠭ᠎ᠠ | ᠪᠣᠯᠤᠨ᠎ᠠ᠃ | ᠱᠠ ᠮᠦ ᠵᠢᠶᠠ᠂ ᠳ᠋ᠦᠩ ᠶᠤᠸᠠᠨ᠂ ᠭᠧᠦ ᠮᠧᠨ ᠠᠴᠠ ᠲᠦᠳᠡ ᠵᠠᠮ ᠢᠶᠠᠷ ᠰᠢᠭᠤᠶᠢᠳᠤ ᠤᠷᠤᠭᠤ | ᠮᠤᠷᠤᠶᠢᠵᠤ᠂ ᠠᠭᠤᠯᠠ ᠲᠣᠪᠤ ᠶᠢ ᠲᠤᠭᠤᠯᠵᠤ᠂ ᠪᠠᠷᠲᠠᠭᠠᠲᠤ ᠭᠠᠵᠠᠷ ᠢ ᠲᠠᠪᠠᠭᠠᠳ ᠭᠠᠷᠪᠠᠯ ᠨᠢᠭᠡ ᠴᠢᠯᠠᠭᠤᠨ | ᠬᠠᠭᠠᠯᠭ᠎ᠠ ᠬᠠᠷᠠᠭᠠᠨ ᠳᠤ ᠲᠣᠳᠤᠷᠠᠨ᠎ᠠ᠂ ᠬᠠᠭᠠᠯᠭ᠎ᠠ ᠨᠢ ᠲᠩᠷᠢ ᠲᠤᠯᠤᠮ᠎ᠠ ᠦᠨᠳᠦᠷ ᠪᠥᠭᠡᠳ ᠬᠤᠶᠠᠷ ᠲᠡᠷᠭᠡ | ᠦᠩᠭᠡᠷᠡᠵᠦ ᠲᠡᠶᠢᠯᠬᠦ ᠬᠢᠷᠢ ᠥᠷᠭᠡᠨ ᠵᠠᠢ ᠲᠠᠢ᠂ ᠡᠮᠦᠨ᠎ᠡ ᠬᠤᠶᠢᠨ᠎ᠠ ᠠᠭᠤᠯᠠ ᠨᠢ ᠠᠷᠤ ᠠᠷᠤ ᠠᠴᠠ ᠪᠠᠨ ᠵᠢᠭᠰᠠᠨ | ᠰᠦᠨᠳᠡᠷᠯᠡᠵᠦ᠂ ᠰᠦᠷᠯᠢᠭ ᠭᠠᠶᠢᠬᠠᠮᠰᠢᠭᠳᠤ ᠰᠢᠳᠢᠳᠦ ᠲᠦᠷᠬᠦ ᠨᠢ ᠬᠦᠮᠥᠨ ᠤ ᠰᠡᠳᠬᠢᠯ ᠢ ᠲᠤᠭᠳᠤᠯᠣᠭᠤᠯᠣᠨᠠ᠃ | ᠴᠢᠯᠠᠭᠤᠨ ᠬᠠᠭᠠᠯᠭ᠎ᠠ ᠶᠢ ᠪᠠᠷᠢᠭᠰᠠᠨ ᠨᠢ ᠶᠠᠮᠠᠷ ᠬᠦᠮᠦᠨ ᠪᠠᠶᠢᠳᠠᠭ ᠪᠤᠯ︖ ᠠᠯᠢ ᠣᠨ ᠳᠤ ᠡᠨᠡ | ᠪᠠᠷᠢᠯᠭ᠎ᠠ ᠶᠢ ᠬᠢᠭᠰᠡᠨ ᠪᠣᠯ︖ ᠶᠠᠭᠤᠨ ᠳᠤ ᠡᠨᠡ ᠪᠠᠷᠢᠯᠭ᠎ᠠ ᠶᠢ ᠡᠬᠢᠯᠡᠭᠦᠯᠦᠭᠰᠡᠨ ᠪᠣᠢ︖ ᠪᠠᠷᠢᠯᠭ᠎ᠠ ᠶᠢᠨ | ᠬᠡᠮᠵᠢᠶᠡᠨ ᠤ ᠶᠡᠭᠡ ᠪᠠᠭ᠎ᠠ︖ ᠪᠦᠷ ᠲᠣᠳᠤᠷᠬᠠᠢ ᠰᠢᠯᠭᠠᠨ ᠪᠠᠳᠤᠯᠠᠭ᠎ᠠ ᠦᠭᠡᠢ᠃ | ᠨᠢᠭᠡ ᠠᠭᠤᠯᠠ ᠶᠢ ᠬᠤᠶᠠᠷ ᠬᠤᠪᠢᠶᠠᠵᠤ᠂ ᠵᠠᠮ ᠢ ᠰᠢᠯᠤᠭᠤᠳᠬᠠᠨ ᠬᠠᠷᠢᠯᠴᠠᠭ᠎ᠠ ᠶᠢ ᠲᠦᠭᠦᠮᠴᠢᠯᠡᠵᠦ᠂ | ᠠᠵᠤ ᠠᠬᠤᠢ ᠶᠢᠨ ᠬᠦᠭᠵᠢᠯᠳᠡ ᠦᠨᠳᠦᠰᠦᠳᠡᠨ ᠤ ᠪᠦᠯᠬᠦᠮᠳᠡᠯ ᠳᠤ ᠬᠡᠮᠵᠢᠶᠡᠯᠡᠵᠦ ᠪᠣᠯᠣᠰᠢ ᠦᠭᠡᠢ ᠦᠢᠯᠡᠳᠦᠯ | ᠦᠵᠡᠭᠦᠯᠵᠡᠢ᠃ ᠶᠡᠷᠦᠳᠡᠭᠡᠨ ᠵᠠᠪᠠᠯ ᠦᠩᠭᠡᠷᠡᠬᠦ ᠵᠠᠮ᠂ ᠳᠦᠭᠦᠮ ᠬᠠᠭᠠᠯᠭ᠎ᠠ ᠭᠡᠳᠡᠭ᠃ ᠴᠢᠯᠠᠭᠤᠨ ᠬᠠᠭᠠᠯᠭ᠎ᠠ ᠲᠠᠢ | ᠣᠶᠢᠷᠠᠯᠴᠠᠭ᠎ᠠ ᠡᠮᠦᠨ᠎ᠡ ᠤᠮᠠᠷ᠎ᠠ ᠨᠠᠯᠠᠤ ᠵᠠᠮ ᠤᠨ ᠬᠠᠵᠠᠭᠤ ᠪᠠᠷ ᠬᠠᠶᠢᠷ ᠴᠢᠯᠠᠭᠤ ᠣᠪᠣᠭᠠᠷᠠᠵᠤ᠂ ᠡᠪᠡᠰᠦ ᠪᠤᠳᠠ | ᠬᠤᠯᠤᠰᠤ ᠵᠡᠭᠡᠰᠦ ᠬᠤᠯᠢᠯᠳᠤᠨ ᠤᠷᠭᠤᠵᠤ᠂ ᠨᠡᠭᠡᠭᠡᠬᠦ ᠪᠠᠷ ᠣᠷᠤᠯᠳᠤᠭᠰᠠᠨ ᠤᠯᠠ ᠮᠦᠷ ᠭᠠᠷ ᠰᠠᠢ ᠦᠭᠡᠢ | ᠲᠤᠷᠠᠶᠢᠨ᠎ᠠ᠃ ᠪᠠᠶᠢᠭᠠᠯᠢ ᠶᠢᠨ ᠬᠦᠴᠦᠨ ᠤ ᠨᠦᠯᠦᠭᠡᠨ ᠠᠴᠠ ᠭᠡᠵᠦ ᠰᠡᠵᠢᠭᠯᠡᠪᠡᠴᠦ᠂ ᠣᠯᠠᠩᠬᠢ ᠨᠢ ᠬᠦᠮᠦᠨ ᠤ | ᠠᠵᠢᠯᠯᠠᠭ᠎ᠠ ᠠᠴᠠ ᠰᠢᠯᠳᠠᠭᠯᠠᠭᠳᠠᠭᠰᠠᠨ ᠶᠤᠮ᠃ ᠮᠢᠬᠠᠨ ᠨᠢᠳᠦ ᠪᠠᠷ ᠠᠵᠢᠭᠯᠠᠨ ᠰᠢᠨᠵᠢᠵᠦ᠂ ᠬᠤᠷᠤᠭᠤ ᠲᠠᠷᠤᠨ | ᠪᠠᠷᠤᠭᠯᠠᠨ ᠪᠣᠳᠣᠪᠠᠯ᠂ ᠬᠡᠷᠪᠡ ᠡᠮᠦᠨ᠎ᠡ ᠴᠢᠩ ᠸᠠᠩᠳᠤ ᠲᠦᠷᠦ ᠶᠢᠨ ᠦᠶ᠎ᠡ ᠳᠤ ᠡᠬᠢᠯᠡᠵᠦ ᠪᠠᠷᠢᠭᠰᠠᠨ ᠭᠡᠪᠡᠯ᠂ | ᠣᠳᠣ ᠠᠴᠠ ᠪᠠᠷᠤᠭ ᠭᠤᠷᠪᠠ ᠳᠥᠷᠪᠡᠨ ᠵᠠᠭᠤᠨ ᠵᠢᠯ ᠤᠨ ᠡᠮᠦᠨᠡᠬᠢ ᠶᠠᠪᠤᠳᠠᠯ ᠪᠣᠯᠵᠠᠢ᠃ ᠪᠠᠳᠬᠡᠷ ᠵᠣᠣ ᠶᠢ | ᠪᠠᠶᠢᠭᠤᠯᠬᠤ ᠲᠠᠢ ᠬᠠᠮᠢᠶ᠎ᠠ ᠲᠠᠢ ᠭᠡᠰᠡᠨ ᠢ ᠲᠦᠯᠬᠢᠨ ᠪᠠᠷᠤᠭᠴᠠᠭᠠᠯᠠᠵᠤ ᠲᠡᠶᠢᠯᠦᠨ᠎ᠡ᠃ | ᠬᠡᠳᠦᠨ ᠵᠠᠭᠤᠨ ᠵᠢᠯ ᠤᠨ ᠬᠤᠭᠤᠴᠠᠭᠠᠨ ᠳᠤ᠂ ᠴᠢᠯᠠᠭᠤᠨ ᠬᠠᠭᠠᠯᠭ᠎ᠠ ᠪᠠᠷ ᠦᠩᠭᠡᠷᠡᠭᠰᠡᠳ ᠪᠣᠯᠭᠠᠨ | ᠰᠡᠳᠬᠢᠯ ᠤᠨ ᠭᠦᠨ ᠠᠴᠠ ᠪᠠᠨ ᠪᠢᠰᠢᠷᠡᠨ᠂ ᠤᠷᠢᠳᠤ ᠶᠢᠨ ᠬᠥᠮᠥᠨ ᠤ ᠣᠶᠤᠨ ᠬᠦᠳᠡᠯᠮᠦᠷᠢ ᠶᠢᠨ ᠦᠷ᠎ᠡ ᠪᠦᠲᠦᠭᠡᠯ | ᠭᠡᠵᠦ ᠮᠠᠭᠳᠠᠵᠠᠭᠠᠨ᠎ᠠ᠃ ᠡᠳᠦᠷ ᠬᠤᠨᠤᠭ ᠤᠨ ᠡᠭᠡᠯᠵᠢᠯᠡᠯ ᠢᠶᠠᠷ ᠪᠠᠰᠠ ᠣᠯᠠᠨ ᠲᠦᠮᠡᠨ ᠤ ᠰᠡᠳᠭᠢᠯᠭᠡ ᠶᠢᠨ ᠥᠩᠭᠡ | ᠪᠣᠳᠤᠭ᠂ ᠬᠡᠢ ᠪᠣᠳᠣᠯ᠂ ᠬᠦᠰᠡᠯ ᠡᠷᠡᠮᠡᠯᠵᠡᠯ᠂ ᠢᠷᠡᠭᠡᠳᠦᠢ ᠶᠢᠨ ᠮᠦᠷᠦᠭᠡᠳᠦᠯ ᠨᠢ ᠠᠭᠤᠰᠤᠯᠴᠠᠨ ᠣᠷᠤᠵᠣ᠂ ᠣᠯᠠᠨ | ᠠᠷᠪᠢᠨ ᠡᠬᠢᠯᠡᠯ ᠲᠡᠭᠦᠰᠭᠡᠯ᠂ ᠤᠳᠬ᠎ᠠ ᠤᠴᠢᠷ ᠠᠭᠤᠯᠤᠭᠰᠠᠨ ᠳᠣᠮᠤᠭ ᠶᠠᠷᠢᠶ᠎ᠠ ᠪᠦᠷᠢᠯᠳᠦᠨ ᠡᠭᠦᠰᠴᠦ᠂ ᠵᠦᠢ | ᠶᠣᠰᠣᠨ ᠳᠤ ᠨᠡᠶᠢᠴᠡᠵᠦ᠂ ᠠᠷᠠᠳ ᠤᠨ ᠰᠡᠳᠭᠢᠯ ᠲᠠᠢ ᠨᠢᠭᠳᠠ ᠣᠶᠢᠷᠠᠳᠤᠭᠰᠠᠨ ᠪᠠᠶᠢᠨ᠎ᠠ᠃ | ᠬᠤᠶᠠᠷ ᠬᠦᠮᠦᠨ ᠤ ᠲᠠᠶᠢᠰᠠᠨ ᠵᠦᠴᠦᠭᠡ᠂ ᠠᠭᠤᠯᠠ ᠠᠪᠠᠷᠢᠬᠤ ᠠᠶᠠᠯᠭᠤ ᠲᠠᠢ ᠠᠳᠠᠯᠢᠬᠠᠨ᠂ ᠳᠣᠮᠤᠭ | ᠶᠠᠷᠢᠶ᠎ᠠ ᠨᠢ ᠲᠡᠷᠨ ᠬᠠᠪᠢ ᠪᠠᠷ ᠥᠩᠭᠡᠷᠡᠬᠦ ᠬᠤᠳᠠᠯᠳᠤᠭᠠᠴᠢᠳ᠂ ᠡᠮᠦᠨᠡᠰᠢ ᠤᠮᠠᠷᠠᠰᠢ ᠵᠦᠷᠢᠯᠳᠦᠬᠦ ᠮᠣᠷᠢᠨ ᠪᠦᠯᠦᠭ | ᠲᠡᠮᠡᠭᠡᠨ ᠠᠩᠭᠢ ᠲᠠᠢ ᠴᠤᠭᠭᠠᠷ᠂ ᠪᠠᠷᠠᠭᠤᠨᠰᠢ ᠨᠡᠭᠦᠭᠰᠡᠨ ᠠᠬᠠᠰ᠂ ᠨᠦᠬᠡᠨ ᠭᠡᠷ ᠤᠨ ᠬᠦᠳᠡᠯᠮᠦᠷᠢᠴᠢᠨ ᠡᠷᠡᠴᠦᠦᠳ᠂ | ᠬᠤᠳᠤᠭᠤᠳᠤ ᠦᠯᠦᠰᠭᠦᠯᠡᠩ ᠨᠣᠶᠢᠷ ᠲᠤᠳᠠᠭᠤ ᠡᠭᠡᠴᠢ ᠲᠡᠭᠦᠦ ᠡᠬᠡ ᠬᠡᠦᠬᠡᠳ ᠤᠳ ᠤᠨ ᠭᠠᠰᠢᠭᠤᠨ | ᠵᠦᠳᠡᠭᠦᠷᠢ ᠶᠢ ᠨᠢ ᠲᠠᠶᠢᠯᠵᠤ ᠦᠭᠴᠡᠢ᠃ | ᠤᠯᠠᠮᠵᠢᠯᠠᠬᠤ ᠳᠣᠳᠣᠮ ᠡᠯᠪᠡᠭ ᠪᠠᠶᠠᠯᠢᠭ᠂ ᠶᠠᠪᠤᠬᠤ ᠳᠣᠳᠣᠮ ᠭᠤᠶᠢᠳᠠ ᠰᠠᠶᠢᠬᠠᠨ ᠪᠣᠯᠵᠤ᠂ ᠨᠢᠭᠡᠨᠲᠡ | ᠠᠷᠠᠳ ᠲᠦᠮᠡᠨ ᠤ ᠣᠶᠤᠨ ᠰᠠᠨᠠᠭᠠᠨ ᠤ ᠠᠮᠤ ᠬᠦᠨᠡᠰᠦ ᠪᠣᠯᠵᠤ ᠬᠤᠪᠢᠷᠠᠭᠠᠳ᠂ ᠬᠥᠮᠦᠰ ᠲᠤᠷᠠᠳᠠᠶ᠎ᠠ ᠲᠡᠭᠦᠨ ᠤ | ᠪᠠᠳᠤᠯᠠᠭᠠᠳᠠᠢ ᠣᠷᠣᠰᠢᠵᠤ ᠪᠠᠶᠢᠬᠤ ᠶᠢ ᠨᠢ ᠢᠳᠡᠭᠡᠪᠡᠴᠦ᠂ ᠶᠠᠭᠠᠬᠢᠭᠰᠠᠨ ᠴᠤ ᠪᠠᠶᠢᠬᠤ ᠦᠭᠡᠢ ᠶᠢ ᠨᠢ ᠢᠳᠡᠭᠡᠬᠦ | ᠦᠭᠡᠢ ᠪᠣᠯᠵᠠᠢ ᠃ ᠲᠣᠮᠤᠭ ᠶᠠᠷᠢᠶ᠎ᠠ ᠨᠢ ᠤᠯᠤᠰ ᠲᠦᠷᠦ᠂ ᠠᠵᠤ ᠠᠬᠤᠢ ᠵᠡᠷᠭᠡ ᠡᠯ᠎ᠡ ᠲᠠᠯ᠎ᠠ ᠳᠤ ᠢᠳᠡᠪᠬᠢᠲᠡᠢ | ᠦᠢᠯᠡᠳᠦᠯ ᠦᠵᠡᠭᠦᠯᠦᠭᠰᠡᠨ ᠢᠶᠠᠷ ᠪᠠᠷᠠᠬᠤ ᠦᠭᠡᠢ᠂ ᠪᠠᠰᠠ ᠥᠪᠥᠷ ᠮᠣᠩᠭᠤᠯ ᠤᠨ ᠳᠤᠮᠳᠠ ᠪᠠᠷᠠᠭᠤᠨ ᠬᠡᠰᠡᠭ ᠤᠨ | ᠭᠠᠵᠠᠷ ᠣᠷᠣᠨ ᠤ ᠠᠷᠠᠳ ᠤᠨ ᠬᠡᠪ ᠵᠠᠩᠰᠢᠯ ᠢ ᠪᠦᠷᠢᠯᠳᠦᠭᠦᠯᠵᠦ ᠂ ᠮᠣᠩᠭᠤᠯ᠂ ᠬᠢᠲᠠᠳ ᠬᠤᠯᠢᠯᠳᠤᠨ ᠰᠠᠭᠤᠷᠢᠰᠢᠵᠤ | ᠬᠠᠮᠳᠦ ᠶᠢᠨ ᠰᠡᠳᠬᠢᠯᠭᠡ ᠲᠠᠢ ᠪᠣᠯᠵᠤ ᠪᠦᠷᠢᠯᠳᠦᠨ᠂ ᠠᠭᠠᠵᠢᠮ ᠢᠶᠠᠷ ᠠᠷᠠᠳ ᠲᠦᠮᠡᠨ ᠤ ᠪᠠᠭ᠋ᠠᠷᠬᠠᠯ ᠢ ᠲᠠᠲᠠᠭᠰᠠᠨ | ᠠᠷᠠᠳ ᠤᠨ ᠤᠷᠠᠯᠢᠭ ᠤᠨ ᠨᠠᠨᠳᠢᠨ ᠪᠦᠲᠦᠭᠡᠯ ᠪᠣᠯᠤᠭᠰᠠᠨ ᠪᠠᠶᠢᠨ᠎ᠠ᠃ ᠵᠠᠷᠢᠮ ᠨᠢ ᠨᠢᠭᠡᠨᠲᠡ ᠦᠰᠦᠭ ᠪᠢᠴᠢᠭ ᠢᠶᠠᠷ | ᠢᠯᠡᠷᠡᠵᠡᠢ ᠃ ᠴᠤᠭᠯᠠᠭᠤᠯᠤᠨ ᠡᠮᠬᠢᠳᠬᠡᠭᠰᠡᠨ ᠢᠶᠠᠷ ᠨᠡᠯᠢᠶᠡᠳ ᠰᠠᠶᠢᠨ ᠪᠦᠳᠦᠭᠡᠯ ᠳᠤ᠂ ᠯᠢᠦ ᠵᠢᠩ ᠬᠦᠢ ᠶᠢᠨ ︽ | ᠰᠢᠭᠤᠶᠢᠲᠤ ᠶᠢᠨ ᠭᠤᠤ ᠶᠢᠨ ᠴᠢᠯᠠᠭᠤᠨ ᠬᠠᠭᠠᠯᠭᠠᠨ ᠤ ᠳᠣᠮᠤᠭ ᠶᠠᠷᠢᠶ᠎ᠠ︾᠂ ︽ᠰᠢᠭᠤᠶᠢᠲᠤ ᠶᠢᠨ ᠠᠭᠤᠷᠬᠠᠢ ᠶᠢᠨ | ᠲᠣᠭᠤᠷᠢᠭ ᠤᠨ ᠲᠡᠤᠬᠡ ᠣᠶᠢᠯᠠᠯᠭ᠎ᠠ︾᠂ ᠬᠤ᠋ ᠴᠠᠩ ᠶᠤᠸᠠᠨ ᠤ ︽ ᠴᠢᠯᠠᠭᠤᠨ ᠬᠠᠭᠠᠯᠭᠠᠨ ᠤ ᠲᠣᠮᠤᠭ ᠶᠠᠷᠢᠶ᠎ᠠ︾ ᠂ | ᠪᠤᠭᠤᠲᠤ ᠶᠢᠨ ᠤᠳᠬ᠎ᠠ ᠤᠷᠠᠯᠢᠭ ᠤᠨ ᠬᠢᠨ ᠤ ᠬᠤᠯᠪᠣᠭ᠎ᠠ ᠶᠢᠨ ︽ᠠᠷᠠᠳ ᠤᠨ ᠦᠯᠢᠭᠡᠷ ᠤᠨ ᠰᠣᠩᠭᠤᠮᠠᠯ︾ ᠵᠡᠷᠭᠡ | ᠪᠤᠢ᠃ | ᠮᠠᠲ᠋ᠧᠷᠢᠶᠠᠯ ᠤᠨ ᠢᠷᠡᠯᠲᠡ᠄ ︽ᠰᠢᠭᠤᠶᠢᠲᠤ ᠰᠣᠶᠣᠯ ᠲᠡᠦᠬᠡ ︵ᠨᠢᠭᠡᠳᠦᠭᠡᠷ ᠡᠮᠬᠢᠳᠬᠡᠯ︶︾ 1998 | ᠣᠨ ᠤ 4 ᠳ᠋ᠦ᠋ᠭᠡᠷ ᠰᠠᠷ᠎ᠠ᠂ ᠵᠣᠬᠢᠶᠠᠭᠴᠢ᠄ ᠼᠠᠢ ᠵᠢᠶᠦ᠋ᠨ ᠫᠧᠩ | ᠮᠠᠲ᠋ᠧᠷᠢᠶᠠᠯ ᠡᠮᠬᠢᠳᠬᠡᠭᠰᠡᠨ ᠨᠢ᠄ ᠬᠤᠸᠠᠩ ᠰᠢᠶᠠᠩ᠂ ᠰᠦᠯᠵᠢᠶᠡᠨ ᠤ ᠨᠡᠷ᠎ᠡ ︽ᠮᠣᠨᠢ ᠠᠭᠤᠯᠠ ᠶᠢᠨ | ᠪᠢᠴᠢᠬᠠᠨ ᠰᠢᠪᠠᠵᠢ︾᠂ ᠪᠤᠭᠤᠲᠤ ᠬᠤᠲᠠ ᠶᠢᠨ ᠣᠷᠣᠨ ᠨᠤᠲᠤᠭ ᠤᠨ ᠰᠣᠶᠣᠯ ᠤᠨ ᠰᠤᠳᠤᠯᠭᠠᠨ ᠤ ᠲᠥᠪ ᠨᠠᠷᠢᠨ | ᠪᠢᠴᠢᠭᠡᠴᠢ ᠶᠢᠨ ᠳᠠᠷᠤᠭ᠎ᠠ᠂ ᠪᠤᠭᠤᠲᠤ ᠶᠢᠨ ᠵᠢᠦ ᠶᠤᠸᠠᠨ ᠮᠦᠽᠧᠶ ᠬᠡᠷᠡᠭ ᠡᠷᠬᠢᠯᠡᠭᠴᠢ᠂ ᠪᠤᠭᠤᠲᠤ ᠶᠢᠨ ᠬᠤᠭᠤᠯᠠ | ᠤᠮᠳᠠ ᠢᠳᠡᠭᠡᠨ ᠤᠮᠳᠠᠭᠠᠨ ᠤ ᠪᠠᠭᠤᠳᠠᠯ ᠤᠨ ᠠᠵᠢᠯ ᠲᠥᠷᠥᠯ ᠤᠨ ᠨᠡᠶᠢᠭᠡᠮᠯᠢᠭ ᠳᠡᠳ᠋ ᠳᠠᠷᠤᠭ᠎ᠠ᠃ ᠨᠣᠮ | ᠪᠢᠴᠢᠭ ᠢ ᠲᠦᠮᠡᠨ ᠪᠤᠳᠢ ᠤᠩᠰᠢᠮᠤᠢ ᠪᠢᠷ ᠤᠨ ᠦᠵᠦᠭᠦᠷ ᠰᠢᠳᠢ ᠣᠷᠤᠰᠢᠮᠣᠢ᠂ ᠠᠮᠢᠳᠤᠷᠠᠯ ᠤᠨ ᠣᠷᠳᠤ ᠠᠶᠠᠨ ᠤ | ᠬᠠᠯᠠ ᠵᠣᠪᠠᠯᠩ ᠬᠠᠪᠤ ᠴᠡᠩᠭᠡᠯ ᠢ ᠪᠦᠬᠦᠨ ᠢ ᠠᠮᠰᠠᠮᠤᠢ᠃ 15147277157 ︵ᠭᠠᠷ ᠤᠲᠠᠰᠤ ᠬᠢᠭᠡᠳ ᠸᠢᠴᠠᠲ | ᠠᠳᠠᠯᠢ ᠨᠣᠮᠧᠷ︶ | |