ᠪᠤᠭᠤᠲᠤ ᠳᠤ ᠢᠷᠡᠵᠤ ᠬᠠᠳᠤᠨ ᠭᠤᠣᠯ ᠬᠢᠭᠡᠳ ᠤᠷᠳᠤ ᠴᠠᠭᠠᠨ ᠬᠡᠷᠡᠮ ᠤᠨ ᠨᠠᠶᠢᠷᠠᠯ ᠬᠥᠭᠵᠢᠮ ᠢ  ᠰᠣᠨᠣᠰᠤᠭᠠᠷᠠᠢ
ᠨᠡᠶᠢᠲᠡᠯᠡᠭᠰᠡᠨ ᠴᠠᠭ᠄
2024/11/19
        ᠪᠤᠭᠤᠲᠤ ᠳᠤ᠂ 8 ᠵᠤᠷᠪᠤᠰ ᠤᠷᠳᠤ ᠴᠠᠭᠠᠨ ᠬᠡᠷᠡᠮ ᠬᠢᠭᠡᠳ ᠬᠠᠳᠤᠨ ᠭᠤᠣᠯ ᠵᠡᠷᠭᠡᠴᠡᠨ ᠤᠷᠤᠭᠰᠢᠯᠠᠵᠤ᠂  ᠬᠤᠶᠠᠷ ᠶᠡᠭᠡ ᠳᠤᠮᠳᠠᠳᠤ ᠶᠢᠨ ᠪᠣᠯᠪᠠᠰᠤᠨ ᠤ ᠲᠡᠮᠳᠡᠭ ᠰᠣᠯᠪᠢᠴᠠᠨ ᠭᠡᠷᠡᠯᠲᠦᠵᠦ᠂ ︽ᠬᠡᠷᠡᠯᠳᠦ ᠰᠤᠪᠤᠳ ᠤᠰᠤ ᠶᠢ  ᠳᠠᠭᠠᠵᠤ᠂ ᠤᠷᠳᠤ ᠯᠤᠤ ᠵᠢᠯᠠᠭ᠎ᠠ ᠶᠢ ᠪᠠᠷᠠᠯᠠᠬᠤ︾ ᠰᠦᠷᠯᠢᠭ ᠰᠠᠶᠢᠬᠠᠨ ᠦᠵᠡᠮᠵᠢ ᠶᠢ ᠪᠦᠷᠢᠯᠳᠦᠭᠦᠯᠵᠦ᠂ ᠬᠠᠳᠤᠨ  ᠭᠤᠣᠯ ᠤᠨ ᠰᠣᠶᠣᠯ᠂ ᠤᠷᠳᠤ ᠴᠠᠭᠠᠨ ᠬᠡᠷᠡᠮ ᠤᠨ ᠰᠣᠶᠣᠯ᠂ ᠰᠢ ᠺᠧᠦ ᠶᠢᠨ ᠰᠣᠶᠣᠯ᠂ ᠠᠵᠤ ᠦᠢᠯᠡᠳᠪᠦᠷᠢ ᠶᠢᠨ  ᠰᠣᠶᠣᠯ ᠵᠡᠷᠭᠡ ᠤᠯᠠᠨ ᠵᠦᠢᠯ ᠤᠨ ᠰᠣᠶᠣᠯ ᠤᠨ ᠬᠡᠯᠪᠡᠷᠢ ᠠᠳᠡ ᠠᠭᠤᠰᠤᠯᠴᠠᠨ ᠬᠠᠮᠲᠤ ᠣᠷᠣᠰᠢᠪᠠ᠃
2024-05-10-48246186ad-958d-421f-aa24-9735417a9674.jpg
         ᠬᠡᠷᠡᠯᠳᠦ ᠰᠤᠪᠤᠳ ᠤᠰᠤ ᠶᠢ ᠳᠠᠭᠠᠨ᠎ᠠ              ᠤᠷᠢᠬᠠᠨ ᠬᠠᠪᠤᠷ ᠤᠨ ᠡᠳᠦᠷ ᠲᠤ ᠬᠠᠳᠤᠨ ᠭᠤᠣᠯ ᠤᠨ ᠪᠤᠭᠤᠲᠤ ᠶᠢᠨ ᠬᠡᠰᠡᠭ ᠤᠷᠢᠳ ᠡᠮᠦᠨ᠎ᠡ ᠪᠠᠶᠢᠭ᠎ᠠ ᠦᠭᠡᠢ ᠬᠦᠷ ᠬᠥᠭᠵᠢᠶᠡᠨ ᠢᠶᠠᠷ ᠪᠢᠯᠬᠠᠵᠤ ᠪᠠᠶᠢᠪᠠ᠃ ᠲᠡᠭᠷᠢ ᠶᠢᠨ ᠴᠠᠭ ᠭᠠᠵᠠᠷ ᠤᠨ ᠲᠤᠰᠠ ᠬᠥᠮᠥᠨ ᠤ ᠨᠠᠶᠢᠷᠠᠮᠳᠠᠯ ᠢ ᠠᠰᠢᠭᠯᠠᠨ᠂ ᠰᠣᠶᠣᠯ ᠵᠢᠭᠤᠯᠴᠢᠯᠠᠯ ᠤᠨ ᠰᠠᠯᠠᠭ᠎ᠠ ᠮᠥᠴᠢᠷ ︽ᠳᠠᠪᠠᠯᠭᠠᠨ ᠪᠣᠰᠬᠠᠨ ᠳᠣᠯᠭᠢᠶᠠᠨ ᠡᠭᠦᠰᠬᠡᠵᠦ︾᠂ ᠦᠢ ᠣᠯᠠᠨ ᠬᠥᠮᠥᠨ ᠤ ᠪᠤᠯᠢᠶᠠᠯᠳᠤᠨ ᠦᠵᠡᠭᠰᠡᠨ ᠰᠣᠶᠣᠯ ᠵᠢᠭᠤᠯᠴᠢᠯᠠᠯ ᠤᠨ ᠠᠵᠢᠯᠯᠠᠭ᠎ᠠ ᠶᠢ ᠥᠷᠨᠢᠭᠦᠯᠪᠡ᠃
2024-05-10-25f2e4d3c9-ea23-4933-bacf-a7e1c6f288e6.jpg
        ᠬᠠᠲᠤᠨ ᠭᠤᠣᠯ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠠᠷᠠᠭᠤᠨ ᠬᠡᠰᠡᠭ ᠲᠤ ᠨᠤᠮᠤ  ᠬᠡᠯᠪᠡᠷᠢᠲᠡᠢ ᠪᠠᠷ ᠪᠥᠬᠦ ᠣᠷᠳᠣ ᠨᠢ 830 ᠺᠢᠯᠣᠮᠧᠲᠷ ᠤᠨ ᠲᠣᠬᠤᠢ ᠶᠢ ᠪᠣᠢ ᠪᠣᠯᠭᠠᠵᠤ᠂ ᠪᠤᠭᠤᠲᠤ ᠶᠠᠭ ᠬᠠᠲᠤᠨ  ᠭᠤᠣᠯ ᠤᠨ ᠲᠣᠬᠤᠢ ᠶᠢᠨ ᠳᠡᠭᠡᠷ᠎ᠡ ᠬᠡᠰᠡᠭ ᠲᠤ ᠪᠠᠶᠢᠷᠢᠯᠠᠵᠤ᠂ ᠶᠡᠷᠦᠩᠬᠡᠢ ᠣᠷᠳᠣ ᠨᠢ 220 ᠺᠢᠯᠣᠮᠧᠲᠷ ᠤᠨ  ᠭᠤᠣᠯ ᠤᠨ ᠵᠠᠮ ᠲᠠᠢ ᠪᠣᠯᠵᠠᠢ᠃ ᠬᠠᠲᠤᠨ ᠭᠤᠣᠯ ᠪᠠᠷᠠᠭᠤᠨ ᠠᠴᠠ ᠵᠡᠭᠦᠨᠰᠢ ᠪᠤᠭᠤᠲᠤ ᠬᠤᠲᠠ ᠶᠢᠨ ᠵᠢᠦᠶᠤᠸᠠᠨ  ᠲᠣᠭᠤᠷᠢᠭ᠂ ᠳ᠋ᠦᠩ ᠾᠧ ᠲᠣᠭᠤᠷᠢᠭ ᠪᠣᠯᠣᠨ ᠲᠦᠮᠡᠳ ᠪᠠᠷᠠᠭᠤᠨ ᠬᠤᠰᠢᠭᠤ ᠵᠡᠷᠭᠡ ᠭᠠᠵᠠᠷ ᠢᠶᠠᠷ ᠤᠷᠤᠰᠤᠨ  ᠥᠩᠭᠡᠷᠡᠵᠦ᠂ ᠳᠠᠷᠠᠭ᠎ᠠ ᠨᠢ ᠵᠡᠭᠦᠨ ᠡᠮᠦᠨᠡᠰᠢᠯᠡᠵᠦ ᠳᠠᠬᠢᠭᠠᠳ ᠤᠮᠠᠷᠠᠰᠢ ᠪᠤᠴᠠᠯᠲᠠ ᠦᠭᠡᠢ᠃             ᠤᠷᠳᠤ ᠯᠤᠤ ᠵᠢᠯᠠᠭ᠎ᠠ ᠶᠢ ᠪᠠᠷᠠᠯᠠᠨ᠎ᠠ             5 ᠲᠡᠦᠬᠡᠨ ᠴᠠᠭ ᠦᠶ᠎ᠡ ᠶᠢᠨ 8 ᠵᠤᠷᠪᠤᠰ ᠤᠷᠲᠤ ᠴᠠᠭᠠᠨ ᠬᠡᠷᠡᠮ ᠨᠢ ᠪᠤᠭᠤᠲᠤ ᠳᠤ ᠣᠷᠣ ᠮᠥᠷ ᠢᠶᠠᠨ  ᠦᠯᠡᠳᠡᠭᠡᠵᠡᠢ᠂ ᠡᠭᠦᠨ ᠳᠤ ᠪᠠᠶᠢᠯᠳᠤᠭᠠᠨᠲᠤ ᠤᠯᠤᠰ ᠤᠨ ᠵᠣᠣ ᠪᠧᠢ ᠶᠢᠨ ᠤᠷᠲᠤ ᠴᠠᠭᠠᠨ ᠬᠡᠷᠡᠮ᠂ ᠭᠦᠶᠠᠩ ᠤᠨ  ᠴᠢᠨ ᠤᠯᠤᠰ ᠤᠨ ᠣᠷᠳᠣ ᠴᠠᠭᠠᠨ ᠬᠡᠷᠡᠮ᠂ ᠬᠠᠨ ᠤᠯᠤᠰ ᠤᠨ ᠭᠠᠳᠠᠭᠠᠳᠤ ᠤᠷᠲᠤ ᠴᠠᠭᠠᠨ ᠬᠡᠷᠡᠮ ᠤᠨ ᠡᠮᠦᠨ᠎ᠡ  ᠤᠮᠠᠷ᠎ᠠ ᠱᠤᠭᠤᠮ᠂ ᠤᠮᠠᠷᠠᠲᠤ ᠸᠧᠢ ᠶᠢᠨ ᠯᠢᠦ ᠪᠠᠯᠭᠠᠰᠤᠨ ᠤ ᠣᠷᠳᠣ ᠴᠠᠭᠠᠨ ᠬᠡᠷᠡᠮ ᠤᠨ ᠡᠮᠦᠨ᠎ᠡ ᠤᠮᠠᠷ᠎ᠠ ᠱᠤᠭᠤᠮ  ᠵᠢᠴᠢ ᠠᠯᠲᠠᠨ ᠤᠯᠤᠰ ᠤᠨ ᠬᠢᠯᠢ ᠶᠢᠨ ᠭᠤᠤ ᠶᠢᠨ ᠭᠤᠪᠢ ᠶᠢᠨ ᠡᠮᠦᠨ᠎ᠡ ᠱᠤᠭᠤᠮ ᠪᠠ ᠭᠤᠣᠯ ᠱᠤᠭᠤᠮ ᠢ  ᠪᠠᠭᠲᠠᠭᠠᠵᠤ᠂ ᠶᠡᠷᠦᠩᠬᠡᠢ ᠣᠷᠳᠣ ᠨᠢ 720 ᠺᠢᠯᠣᠮᠧᠲᠷ ᠢ ᠳᠠᠪᠠᠵᠠᠢ᠃ ᠪᠤᠭᠤᠲᠤ ᠣᠷᠣᠨ ᠪᠣᠯ ᠳᠤᠮᠳᠠᠳᠤ  ᠤᠯᠤᠰ ᠤᠨ ᠵᠡᠭᠦᠨ᠂ ᠪᠠᠷᠠᠭᠤᠨ ᠣᠷᠣᠨ ᠤ ᠤᠷᠲᠤ ᠴᠠᠭᠠᠨ ᠬᠡᠷᠡᠮ ᠤᠨ ᠠᠷᠠᠯᠵᠢᠶᠠᠨ ᠤ ᠴᠤᠭᠯᠠᠭᠠᠨ ᠤ  ᠰᠢᠯᠵᠢᠯᠲᠡ ᠶᠢᠨ ᠵᠠᠩᠭᠢᠯᠠᠭ᠎ᠠ ᠶᠢᠨ ᠬᠡᠰᠡᠭ ᠪᠣᠯᠣᠨ᠎ᠠ᠂ ᠪᠤᠭᠤᠲᠤ ᠶᠢᠨ ᠤᠷᠲᠤ ᠴᠠᠭᠠᠨ ᠬᠡᠷᠡᠮ ᠤᠨ ᠪᠠᠭᠤᠷᠢ ᠶᠢᠨ  ᠬᠡᠯᠪᠡᠷᠢ ᠨᠢ ᠪᠦᠲᠦᠨ᠂ ᠲᠣᠭᠲᠠᠯᠴᠠᠭ᠎ᠠ  ᠨᠢ ᠪᠦᠷᠢᠨ᠂ ᠲᠡᠦᠬᠡ ᠶᠢᠨ ᠤᠬᠠᠭᠠᠨᠲᠠᠳ ᠲᠤ ︽ᠤᠷᠲᠤ ᠴᠠᠭᠠᠨ  ᠬᠡᠷᠡᠮ ᠤᠨ ᠮᠦᠽᠧᠢ︾ ᠭᠡᠭᠳᠡᠵᠡᠢ᠃
2024-05-10-02e2c51da5-17bf-4c20-83e9-8e9bde513d75.jpg
        ᠭᠦᠶᠠᠩ ᠤᠨ ᠴᠢᠨ ᠤᠯᠤᠰ ᠤᠨ ᠤᠷᠲᠤ ᠬᠡᠷᠡᠮ ᠢ ᠴᠢᠨ ᠱᠢ ᠬᠤᠸᠠᠩ ᠤᠨ 33 ᠣᠨ ︵ᠨᠡᠶᠢᠲᠡ ᠶᠢᠨ ᠣᠨ  ᠲᠣᠭᠠᠯᠠᠯ ᠠᠴᠠ ᠡᠮᠦᠨ᠎ᠡ 214 ᠣᠨ︶᠎ ᠳᠤ ᠡᠬᠢᠯᠡᠨ ᠪᠠᠶᠢᠭᠤᠯᠵᠤ᠂ ᠴᠢᠨ ᠱᠢ ᠬᠤᠸᠠᠩ ᠶᠡᠭᠡ ᠵᠠᠩᠵᠤᠨ ᠮᠧᠩ  ᠲᠢᠶᠠᠨ ᠢ ᠲᠣᠮᠢᠯᠠᠨ ᠤᠮᠠᠷᠠᠰᠢ ᠾᠦᠩᠨᠦ ᠶᠢ ᠴᠣᠬᠢᠭᠰᠠᠨ ᠤ ᠳᠠᠷᠠᠭ᠎ᠠ ᠪᠠᠶᠢᠭᠤᠯᠤᠭᠰᠠᠨ ᠪᠠᠶᠢᠨ᠎ᠠ᠃ ᠠᠭᠤᠯᠠ ᠶᠢ  ᠲᠦᠰᠢᠨ ᠪᠠᠶᠢᠭᠤᠯᠤᠭᠰᠠᠨ ᠦᠵᠡᠮᠵᠢ ᠶᠢᠨ ᠬᠤᠩᠭᠢᠯ ᠳᠡᠭᠡᠷ᠎ᠡ ᠵᠣᠭᠰᠣᠬᠤ ᠳᠤ᠂ ᠴᠢᠨ ᠤᠯᠤᠰ ᠤᠨ ᠦᠶ᠎ᠡ ᠶᠢᠨ  ᠰᠦᠷᠯᠢᠭ ᠰᠠᠶᠢᠬᠠᠨ ᠪᠠᠶᠢᠳᠠᠯ ᠢ ᠣᠶᠢᠯᠠᠭᠠᠵᠤ ᠪᠣᠯᠣᠨ᠎ᠠ᠂ ᠮᠥᠨ ᠴᠤ ᠲᠡᠦᠬᠡ ᠶᠢᠨ ᠤᠲᠤᠭᠠᠨ ᠳᠤ ᠪᠠᠯᠠᠯᠠᠭᠳᠠᠭᠰᠠᠨ  ᠬᠤᠷᠴᠠ ᠵᠡᠪᠰᠡᠭ ᠬᠤᠶᠠᠭᠲᠤ ᠮᠣᠷᠢ ᠶᠢ ᠲᠥᠰᠥᠭᠡᠯᠡᠨ ᠪᠤᠳᠤᠵᠤ ᠪᠣᠯᠣᠨ᠎ᠠ᠃             ᠪᠤᠭᠤᠲᠤ ᠠᠴᠠ ᠰᠢᠭᠤᠶᠢᠲᠤ ᠬᠦᠷᠬᠦ ᠵᠠᠰᠠᠮᠠᠯ ᠵᠠᠮ ᠤᠨ 17 ᠺᠢᠯᠣᠮᠧᠲᠷ ᠤᠨ ᠵᠠᠢ ᠠᠴᠠ ᠡᠨᠡ ᠬᠦ ᠠᠭᠤᠯᠠᠨ  ᠳᠤᠮᠳᠠ ᠣᠷᠢᠶᠠᠯᠳᠤᠨ ᠮᠢᠷᠠᠯᠵᠠᠭᠰᠠᠨ ᠵᠤᠤ ᠤᠯᠤᠰ ᠤᠨ ᠤᠷᠲᠤ ᠴᠠᠭᠠᠨ ᠬᠡᠷᠡᠮ ᠵᠢᠴᠢ ᠳᠣᠬᠢᠶᠠᠨ ᠤ ᠭᠠᠯ ᠤᠨ  ᠪᠠᠭᠤᠷᠢ ᠶᠢ ᠣᠯᠵᠤ ᠬᠠᠷᠠᠳᠠᠭ᠃ ᠰᠢᠭᠤᠶᠢᠲᠤ ᠲᠣᠭᠤᠷᠢᠭ ᠨᠢ ᠵᠤᠤ ᠤᠯᠤᠰ ᠤᠨ ᠤᠷᠳᠤ ᠴᠠᠭᠠᠨ ᠬᠡᠷᠡᠮ ᠤᠨ  ᠪᠠᠭᠤᠷᠢ ᠳᠤ ︽ᠬᠤ᠋ ᠶᠢᠨ ᠬᠤᠪᠴᠠᠰᠤ ᠡᠮᠦᠰᠴᠦ ᠬᠦᠯᠦᠭ ᠳᠡᠭᠡᠷ᠎ᠡ ᠠᠴᠠ ᠨᠠᠮᠨᠠᠬᠤ ᠰᠣᠶᠣᠯ ᠤᠨ ᠲᠠᠯᠠᠪᠠᠢ︾᠎ ᠶᠢ  ᠪᠠᠶᠢᠭᠤᠯᠵᠤ᠂ ᠲᠠᠯᠠᠪᠠᠢ ᠶᠢᠨ ᠭᠤᠣᠯ ᠱᠤᠭᠤᠮᠠᠯ ᠵᠤᠤ ᠦ᠋ ᠯᠢᠩ ᠸᠠᠩ ᠬᠤ᠋ ᠶᠢᠨ ᠬᠤᠪᠴᠠᠰᠤ ᠡᠮᠦᠰᠴᠦ ᠬᠦᠯᠦᠭ  ᠳᠡᠭᠡᠷ᠎ᠡ ᠠᠴᠠ ᠨᠠᠮᠨᠠᠬᠤ᠂ ᠤᠮᠠᠷᠠᠲᠤ ᠬᠢᠯᠢ ᠳᠤ ᠰᠦᠨᠳᠡᠷᠯᠡᠭᠰᠡᠨ ᠪᠠᠭᠠᠲᠤᠷᠯᠢᠭ ᠵᠢᠪᠬᠤᠭ᠎ᠠ ᠶᠢ ᠢᠯᠡᠷᠡᠭᠦᠯᠵᠡᠢ᠃  ᠲᠠᠯᠠᠪᠠᠢ ᠶᠢᠨ ᠬᠤᠶᠢᠲᠤ ᠲᠠᠯ᠎ᠠ ᠳᠤ᠂ ᠵᠤᠤ ᠤᠯᠤᠰ ᠤᠨ ᠤᠷᠳᠤ ᠴᠠᠭᠠᠨ ᠬᠡᠷᠡᠮ ᠤᠨ ᠦᠯᠡᠳᠡᠭᠳᠡᠯ ᠮᠤᠷᠤᠯᠵᠠᠵᠤ᠂  ᠭᠤᠤ ᠵᠢᠯᠠᠭ᠎ᠠ ᠶᠢ ᠲᠤᠭᠤᠯᠵᠤ᠂ ᠲᠡᠦᠬᠡ ᠶᠢᠨ ᠤᠯᠠᠷᠢᠯ ᠬᠤᠪᠢᠰᠤᠯ ᠢ ᠬᠠᠷᠠᠭᠤᠯᠤᠨ᠎ᠠ᠃
2024-05-10-3949b82559-6229-4784-9e9b-0647c42bf8ac.jpg
        ᠬᠤᠶᠠᠷ ᠲᠠᠯ᠎ᠠ ᠶᠢ ᠴᠢᠮᠡᠭᠯᠡᠨ ᠭᠡᠷᠡᠯᠲᠦᠭᠦᠯᠦᠨ᠎ᠡ             2000 ᠭᠠᠷᠤᠢ ᠵᠢᠯ ᠤᠨ ᠲᠤᠷᠰᠢ᠂ ᠬᠠᠲᠤᠨ ᠭᠤᠣᠯ ᠪᠣᠯᠣᠨ ᠤᠷᠲᠤ ᠴᠠᠭᠠᠨ ᠬᠡᠷᠡᠮ ᠨᠢ ᠪᠤᠭᠤᠲᠤ ᠶᠢᠨ  ᠡᠬᠡ ᠭᠠᠵᠠᠷ ᠳᠡᠭᠡᠷ᠎ᠡ ᠨᠥᠬᠦᠴᠡᠯᠳᠦᠵᠦ᠂ ᠲᠡᠦᠬᠡ ᠶᠢᠨ ᠬᠦᠴᠦᠷᠬᠡᠭ ᠳᠠᠭᠤᠨ ᠢ ᠬᠠᠩᠭᠢᠨᠠᠭᠤᠯᠪᠠ᠃ ᠳ᠋ᠦᠩ ᠾᠧ  ᠲᠣᠭᠤᠷᠢᠭ ᠤᠨ ᠰᠢᠷᠴᠢᠨ ᠪᠠᠯᠭᠠᠰᠤ ᠪᠣᠯ ᠬᠠᠳᠤᠨ ᠭᠤᠣᠯ ᠬᠢᠭᠡᠳ ᠤᠷᠳᠤ ᠴᠠᠭᠠᠨ ᠬᠡᠷᠡᠮ ᠤᠨ ᠪᠤᠭᠤᠲᠤ ᠳᠠᠬᠢ  ᠠᠭᠤᠯᠵᠠᠷ ᠭᠠᠵᠠᠷ ᠪᠣᠯᠣᠨ᠎ᠠ᠃ ᠰᠢᠷᠴᠢᠨ ᠪᠠᠯᠭᠠᠰᠤᠨ ᠤ ᠰᠢᠷᠴᠢᠨ ᠲᠣᠰᠬᠤᠨ ᠳᠤ᠂ ᠨᠢᠭᠡ ᠬᠡᠰᠡᠭ ᠠᠯᠳᠠᠨ  ᠤᠯᠤᠰ ᠤᠨ ᠤᠷᠲᠤ ᠴᠠᠭᠠᠨ ᠬᠡᠷᠡᠮ ᠨᠢ ᠳᠠᠯᠠᠨ ᠬᠠᠷ᠎ᠠ ᠠᠭᠤᠯᠠ ᠶᠢᠨ ᠬᠤᠶᠢᠲᠤ ᠬᠤᠷᠮᠣᠢ ᠠᠴᠠ ᠬᠠᠲᠤᠨ ᠭᠤᠣᠯ ᠢ  ᠭᠡᠲᠦᠯᠵᠦ ᠣᠳᠣ ᠪᠣᠯᠲᠠᠯ᠎ᠠ ᠦᠯᠡᠳᠡᠵᠡᠢ᠃ ᠰᠢᠷᠴᠢᠨ ᠪᠠᠯᠭᠠᠰᠤᠨ ᠤ ᠭᠤᠸᠠᠨ ᠳ᠋ᠢ ᠲᠣᠰᠬᠤᠨ ᠠᠴᠠ ᠬᠡᠳᠦᠨ ᠺᠢᠯᠣᠮᠧᠲᠷ ᠤᠨ ᠭᠠᠳᠠᠨᠠᠬᠢ ᠮᠤᠨᠢ ᠠᠭᠤᠯᠠ ᠶᠢᠨ ᠬᠤᠷᠮᠣᠢ ᠠᠴᠠ ᠲᠠᠰᠤᠯᠤᠭᠳᠠᠭᠰᠠᠨ ᠵᠣᠣ ᠪᠧᠢ ᠶᠢᠨ ᠤᠷᠲᠤ ᠴᠠᠭᠠᠨ  ᠬᠡᠷᠡᠮ ᠤᠨ ᠪᠠᠭᠤᠷᠢ ᠶᠢ ᠣᠯᠵᠤ ᠬᠠᠷᠠᠨ᠎ᠠ᠃ ᠭᠤᠸᠠᠨ ᠳ᠋ᠢ ᠲᠣᠰᠬᠤᠨ ᠤᠮᠠᠷᠠᠰᠢ ᠪᠠᠨ ᠮᠤᠨᠢ ᠠᠭᠤᠯᠠ᠂ ᠡᠮᠦᠨ᠎ᠡ  ᠲᠠᠯ᠎ᠠ ᠪᠠᠷ ᠢᠶᠠᠨ ᠬᠠᠲᠤᠨ ᠭᠤᠣᠯ ᠲᠠᠢ ᠨᠢᠭᠤᠷᠯᠠᠵᠤ᠂ ᠬᠠᠲᠤᠨ ᠭᠤᠣᠯ ᠤᠨ ᠲᠣᠬᠤᠢ ᠶᠢᠨ ᠳᠡᠭᠡᠷ᠎ᠡ ᠬᠡᠰᠡᠭ ᠠᠴᠠ ᠵᠥᠪᠬᠡᠨ ᠬᠡᠳᠦᠨ ᠵᠠᠭᠤᠨ ᠮᠧᠲᠷ ᠵᠠᠢ ᠲᠠᠢ ᠪᠠᠶᠢᠵᠤ᠂ ᠪᠤᠭᠤᠲᠤ ᠶᠢᠨ ᠬᠠᠲᠤᠨ ᠭᠤᠣᠯ ᠠᠴᠠ ᠬᠠᠮᠤᠭ ᠤᠨ ᠣᠶᠢᠷ᠎ᠠ  ᠪᠠᠶᠢᠭ᠎ᠠ ᠲᠣᠰᠬᠤᠨ ᠪᠣᠯᠣᠨ᠎ᠠ᠃             ᠤᠷᠳᠤ ᠴᠠᠭᠠᠨ ᠬᠡᠷᠡᠮ ᠤᠨ ᠰᠣᠶᠣᠯ ᠪᠠ ᠬᠠᠳᠤᠨ ᠭᠤᠣᠯ ᠤᠨ ᠰᠣᠶᠣᠯ ᠨᠢ ᠪᠤᠭᠤᠲᠤ ᠣᠷᠣᠨ ᠳᠤ  ᠷᠣᠮᠠᠨᠲ᠋ᠢᠭ ᠢᠶᠠᠷ ᠠᠭᠤᠯᠵᠠᠵᠤ᠂ ᠨᠢᠭᠡᠨ ᠴᠢᠬᠤᠯᠠ ᠲᠡᠦᠬᠡ ᠰᠣᠶᠣᠯ ᠤᠨ ᠪᠦᠰᠡ ᠶᠢ ᠪᠦᠷᠢᠯᠳᠦᠭᠦᠯᠵᠦ᠂ ᠡᠷᠲᠡᠨ ᠤ ᠠᠷᠠᠳ ᠤᠨ ᠠᠮᠢᠳᠤᠷᠠᠯ ᠤᠨ ᠪᠠᠭᠤᠷᠢ᠂ ᠡᠷᠲᠡᠨ ᠤ ᠤᠷᠳᠤ ᠴᠠᠭᠠᠨ ᠬᠡᠷᠡᠮ᠂ ᠡᠷᠲᠡᠨ ᠤ ᠣᠯᠣᠮ᠂ ᠡᠷᠲᠡᠨ ᠤ  ᠣᠩᠭᠤᠨ᠂ ᠡᠷᠲᠡᠨ ᠤ ᠵᠠᠮ᠂ ᠡᠷᠲᠡᠨ ᠤ ᠰᠦᠮ᠎ᠡ ᠬᠡᠶᠢᠳ ᠵᠡᠷᠭᠡ ᠮᠠᠰᠢ ᠤᠯᠠᠨ ᠲᠡᠦᠬᠡ ᠰᠣᠶᠣᠯ ᠤᠨ ᠦᠯᠡᠳᠡᠭᠳᠡᠯ  ᠵᠢᠴᠢ ᠣᠷᠴᠢᠨ ᠦᠶ᠎ᠡ ᠶᠢᠨ ᠨᠡᠭᠦᠳᠡᠯ ᠠᠷᠠᠳ ᠤᠨ ᠰᠣᠶᠣᠯ᠂ ᠬᠠᠳᠤᠨ ᠭᠤᠣᠯ ᠤᠨ ᠠᠷᠠᠳ ᠤᠨ ᠵᠠᠩ ᠦᠢᠯᠡ ᠶᠢᠨ  ᠰᠣᠶᠣᠯ ᠵᠡᠷᠭᠡ ᠪᠣᠳᠠᠰ ᠤᠨ ᠪᠤᠰᠤ ᠰᠣᠶᠣᠯ ᠤᠨ ᠥᠪ ᠢ ᠦᠯᠡᠳᠡᠭᠡᠵᠡᠢ᠃             ᠬᠠᠲᠤᠨ ᠭᠤᠣᠯ ᠤᠨ ᠤᠷᠤᠰᠬᠠᠯ ᠲᠠᠰᠤᠷᠠᠯᠲᠠ ᠦᠭᠡᠢ ᠤᠷᠤᠭᠰᠢᠯᠠᠵᠤ᠂ ᠣᠷᠳᠣ ᠴᠠᠭᠠᠨ ᠬᠡᠷᠡᠮ ᠲᠠᠰᠤᠷᠠᠯᠲᠠ  ᠦᠭᠡᠢ ᠦᠷᠬᠦᠯᠵᠢᠯᠡᠵᠦ᠂ ᠰᠦᠷ ᠳᠠᠯᠠᠶᠢᠴᠠᠲᠠᠢ ᠪᠠᠶᠢᠯ᠎ᠠ᠃ ᠤᠷᠲᠤ ᠴᠠᠭᠠᠨ ᠬᠡᠷᠡᠮ ᠬᠢᠭᠡᠳ ᠬᠠᠲᠤᠨ ᠭᠤᠣᠯ ᠤᠨ  ᠪᠤᠭᠤᠲᠤ ᠶᠢᠨ ᠠᠷᠠᠯᠵᠢᠶᠠᠨ ᠤ ᠰᠣᠶᠣᠯ ᠪᠣᠯᠣᠨ ᠨᠡᠭᠦᠳᠡᠯ ᠰᠣᠶᠣᠯ ᠠᠳᠡ ᠨᠡᠶᠢᠯᠡᠵᠦ ᠪᠣᠢ᠃ ᠮᠢᠩᠭᠠᠨ ᠣᠨ ᠤ  ᠲᠡᠦᠬᠡ ᠪᠠ ᠤᠯᠠᠨ ᠡᠰᠢᠲᠦ ᠠᠭᠤᠰᠤᠯᠴᠠᠭᠰᠠᠨ ᠰᠣᠶᠣᠯ ᠢ ᠬᠤᠷᠠᠮᠳᠤᠭᠤᠯᠵᠤ᠂ ᠪᠤᠭᠤᠲᠤ ᠶᠢᠨ ᠡᠬᠡ ᠭᠠᠵᠠᠷ ᠲᠤ ᠦᠶ᠎ᠡ ᠶᠢᠨ ᠦᠶ᠎ᠡ ᠤᠯᠠᠮᠵᠢᠯᠠᠨ᠂ ᠭᠡᠷᠡᠯ ᠭᠢᠯᠪᠠᠭ᠎ᠠ ᠪᠠᠨ ᠰᠠᠴᠤᠷᠠᠭᠤᠯᠵᠤ᠂ ᠤᠮᠠᠷᠠᠲᠤ ᠬᠢᠯᠢ ᠶᠢᠨ ᠰᠣᠶᠣᠯ ᠤᠨ  ᠴᠢᠬᠤᠯᠠ ᠬᠡᠰᠡᠭ ᠢ ᠪᠦᠷᠢᠯᠳᠦᠭᠦᠯᠪᠡ᠃
 
 
ᠢᠷᠡᠯᠲᠡ᠄ ᠪᠤᠭᠤᠲᠤ ᠶᠢᠨ ᠡᠳᠦᠷ ᠦᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号