ᠳ᠋ᠦᠩ ᠾᠧ ᠲᠣᠭᠤᠷᠢᠭ ᠤᠨ ᠳ᠋ᠦᠩ ᠮᠧᠨ ᠶᠡᠭᠡ ᠵᠡᠭᠡᠯᠢ ᠪᠠᠷ ᠶᠠᠪᠤᠬᠤ ᠪᠦᠷᠢ᠂ ᠮᠢᠨᠦ ᠰᠡᠳᠭᠢᠯ ᠳᠣᠲᠣᠷ᠎ᠠ | ᠪᠦᠷ ᠬᠢᠵᠠᠭᠠᠷ ᠦᠭᠡᠢ ᠰᠡᠳᠭᠢᠯ ᠰᠠᠨᠠᠭ᠎ᠠ ᠪᠣᠯᠤᠨ ᠬᠦᠭᠰᠡᠩᠭᠦᠢ ᠪᠣᠳᠤᠭᠲᠠᠵᠤ᠂ ᠥᠩᠭᠡᠷᠡᠭᠡᠭᠰᠡᠨ ᠤ ᠮᠠᠷᠲᠠᠭᠳᠠᠰᠢ | ᠦᠭᠡᠢ ᠬᠠᠭᠤᠴᠢᠨ ᠪᠤᠭᠤᠲᠤ ᠶᠢᠨ ᠨᠡᠭᠦᠷᠡᠰᠦᠨ ᠵᠠᠬ᠎ᠠ ᠵᠡᠭᠡᠯᠢ ᠪᠣᠯᠤᠨ ᠲᠦᠷᠦᠭᠰᠡᠨ ᠨᠤᠲᠤᠭ ᠰᠢᠭᠤᠶᠢᠲᠤ ᠶᠢᠨ | ᠨᠡᠭᠦᠷᠡᠰᠦᠨ ᠤ ᠲᠡᠦᠬᠡ ᠶᠢᠨ ᠳᠤᠷᠠᠳᠬᠠᠯ ᠪᠠᠯᠠᠷᠬᠠᠢ ᠠᠴᠠ ᠪᠠᠨ ᠲᠣᠳᠤᠷᠬᠠᠢ ᠪᠣᠯᠵᠤ᠂ ᠤᠷᠢᠬᠠᠨ ᠰᠠᠯᠬᠢᠨ ᠳᠤ ᠰᠠᠷ᠎ᠠ | ᠣᠷᠤᠭ᠎ᠠ ᠦᠭᠡᠢ ᠲᠡᠦᠬᠡ ᠶᠢᠨ ᠤᠯᠠ ᠮᠦᠷ ᠢ ᠮᠦᠡᠳᠡᠵᠦ᠂ ᠠᠯᠬᠤᠭ᠎ᠠ ᠠᠭᠠᠵᠢᠮ ᠢᠶᠠᠷ ᠤᠳᠠᠭᠠᠰᠢᠷᠠᠪᠠ᠃ | ᠥᠩᠭᠡᠷᠡᠭᠰᠡᠨ ᠤ ᠲᠡᠦᠬᠡ ᠶᠢᠨ ᠳᠤᠷᠠᠰᠤᠮᠵᠢ ᠠᠴᠠ ᠪᠢᠳᠡ ᠮᠡᠳᠡᠬᠦ ᠨᠢ᠂ ᠪᠤᠭᠤᠲᠤ ᠠᠷᠤ ᠳᠤ ᠪᠠᠨ ᠮᠤᠨᠢ | ᠠᠭᠤᠯᠠ᠂ ᠡᠮᠦᠨᠡᠲᠦ ᠬᠡᠰᠡᠭ ᠲᠤ ᠪᠠᠨ ᠬᠠᠲᠤᠨ ᠭᠤᠣᠯ ᠲᠠᠢ ᠵᠠᠯᠭᠠᠯᠳᠤᠵᠤ᠂ ᠲᠡᠭᠦᠨ ᠤ ᠤᠰᠤ᠂ ᠬᠠᠭᠤᠷᠠᠢ ᠶᠢᠨ ᠵᠠᠮ | ᠬᠠᠷᠢᠯᠴᠠᠭ᠎ᠠ ᠳᠦᠭᠦᠮ ᠲᠦᠳᠡ ᠦᠪᠡᠷᠮᠢᠴᠡ ᠳᠠᠪᠠᠭᠤᠯᠢᠭ ᠲᠤ ᠪᠠᠨ ᠲᠦᠰᠢᠭᠯᠡᠨ᠂ ᠱᠠᠨ ᠱᠢ᠂ ᠱᠠᠨᠰᠢ᠂ ᠾᠧᠪᠧᠢ | ᠵᠡᠷᠭᠡ ᠪᠠᠷᠠᠭᠤᠨᠰᠢ ᠨᠡᠭᠦᠳᠡᠯᠯᠡᠬᠦ ᠤᠷᠤᠰᠬᠠᠯ ᠢ ᠳᠠᠭᠠᠵᠤ᠂ ᠴᠢᠩ ᠤᠯᠤᠰ ᠤᠨ ᠰᠠᠶᠢᠰᠢᠶᠠᠯᠲᠤ ᠢᠷᠦᠭᠡᠯᠲᠦ᠂ ᠲᠥᠷᠥ | ᠭᠡᠷᠡᠯᠲᠦ ᠣᠨ ᠪᠣᠯᠬᠤ ᠳᠤ ᠪᠣᠭᠤᠲᠤ ᠨᠢᠭᠡᠨᠲᠡ ᠳᠣᠲᠤᠷ᠎ᠠ ᠭᠠᠵᠠᠷ ᠠᠴᠠ ᠰᠢᠨᠵᠢᠶᠠᠩ᠂ ᠮᠣᠩᠭᠤᠯ᠂ ᠣᠷᠣᠰ ᠵᠡᠷᠭᠡ | ᠭᠠᠵᠠᠷ ᠣᠷᠣᠨ ᠳᠤ ᠮᠠᠯ ᠤᠨ ᠠᠰᠢᠭ ᠰᠢᠮ᠎ᠡ᠂ ᠠᠷᠠᠰᠤ ᠨᠤᠤᠰᠤ᠂ ᠠᠮᠤ ᠪᠤᠳᠠᠭ᠎ᠠ ᠲᠥᠪᠯᠡᠷᠡᠭᠦᠯᠦᠨ ᠲᠠᠷᠬᠠᠭᠠᠬᠤ | ᠭᠠᠵᠠᠷ ᠪᠣᠯᠵᠤ᠂ ︽ᠤᠰᠤ ᠬᠠᠭᠤᠷᠠᠢ ᠶᠢᠨ ᠭᠠᠷᠠᠮ︾ ︽ᠪᠤᠭᠤᠮᠲᠠ ᠶᠢᠨ ᠵᠠᠮ︾ ᠭᠡᠵᠦ ᠨᠡᠷᠡᠶᠢᠳᠦᠭᠳᠡᠭ᠃ | ᠪᠠᠳᠠᠷᠠᠭᠤᠯᠲᠤ ᠲᠥᠷᠥ ᠶᠢᠨ ᠦᠶ᠎ᠡ ᠳᠤ ᠪᠤᠭᠤᠲᠤ ᠬᠤᠲᠠ ᠤᠰᠤ ᠬᠠᠭᠤᠷᠠᠶ ᠶᠢᠨ ᠵᠠᠮ ᠬᠠᠷᠢᠯᠴᠠᠭᠠᠨ ᠤ ᠳᠦᠭᠦᠮ ᠪᠠ | ᠲᠤᠬᠠᠢ ᠶᠢᠨ ᠦᠶ᠎ᠡ ᠶᠢᠨ ᠤᠯᠤᠰ ᠤᠨ ᠳᠣᠲᠤᠭᠠᠲᠤ ᠭᠠᠳᠠᠭᠠᠳᠤ ᠶᠢᠨ ᠪᠠᠶᠢᠳᠠᠯ ᠤᠨ ᠬᠤᠪᠢᠷᠠᠯᠲᠠ ᠶᠢ ᠳᠠᠭᠠᠯᠲᠤᠨ | ᠠᠭᠠᠵᠢᠮ ᠢᠶᠠᠷ ᠪᠠᠷᠠᠭᠤᠨ ᠬᠤᠶᠢᠲᠤ ᠶᠢᠨ ᠠᠷᠠᠰᠤ ᠨᠣᠣᠰᠣ ᠲᠥᠪᠯᠡᠷᠡᠭᠦᠯᠦᠨ ᠲᠠᠷᠬᠠᠭᠠᠬᠤ ᠴᠢᠬᠤᠯᠠ ᠪᠠᠯᠭᠠᠰᠤ ᠪᠣᠯᠵᠠᠢ | ᠃ ᠪᠤᠭᠤᠲᠤ ᠬᠤᠲᠠ ᠶᠢᠨ ᠠᠷᠠᠯᠵᠢᠶ᠎ᠠ ᠬᠤᠳᠠᠯᠳᠤᠭᠠᠨ ᠤ ᠠᠵᠢᠯᠯᠠᠭ᠎ᠠ ᠦᠳᠲᠡᠷ ᠲᠦᠷᠭᠡᠨ ᠬᠥᠭᠵᠢᠵᠦ᠂ ᠭᠠᠷ | ᠦᠢᠯᠡᠳᠪᠦᠷᠢ ᠪᠠ ᠣᠷᠴᠢᠨ ᠦᠶ᠎ᠡ ᠶᠢᠨ ᠠᠵᠤ ᠦᠢᠯᠡᠳᠪᠦᠷᠢ ᠴᠦ ᠤᠷᠢᠳ ᠬᠤᠵᠢᠳ ᠬᠥᠭᠵᠢᠨ ᠮᠠᠨᠳᠤᠪᠠ᠂ ᠴᠢᠩ | ᠤᠯᠤᠰ ᠤᠨ ᠪᠠᠳᠠᠷᠠᠭᠤᠯᠲᠤ ᠲᠥᠷᠥ ᠶᠢᠨ ᠦᠶ᠎ᠡ ᠪᠣᠯᠬᠤ ᠳᠤ ᠪᠤᠭᠤᠲᠤ ᠳᠤ ᠠᠭᠠᠵᠢᠮ ᠢᠶᠠᠷ ᠨᠡᠯᠢᠶᠡᠳ ᠶᠡᠭᠡ | ᠬᠡᠮᠵᠢᠶᠡᠨ ᠤ ᠬᠥᠭᠵᠢᠭᠰᠡᠨ ᠵᠠᠬ᠎ᠠ ᠳᠡᠯᠭᠡᠭᠦᠷ ᠪᠤᠢ ᠪᠣᠯᠤᠭᠰᠠᠨ ᠪᠠᠶᠢᠨ᠎ᠠ᠃ ᠳ᠋ᠦᠩ ᠮᠧᠨ ᠶᠡᠭᠡ ᠵᠡᠭᠡᠯᠢ᠂ ᠼᠤᠤ ᠱᠢ | ᠵᠡᠭᠡᠯᠢ᠂ ᠼᠠᠢ ᠱᠧᠨ ᠮᠢᠶᠤᠤ ᠵᠡᠭᠡᠯᠢ᠂ ᠨᠢᠦ ᠴᠢᠶᠣᠤ ᠵᠡᠭᠡᠯᠢ᠂ ᠸᠧᠨ ᠱᠢ ᠽᠢ ᠵᠡᠭᠡᠯᠢ᠂ ᠪᠠᠷᠠᠭᠤᠨ ᠣᠪᠣᠭ᠎ᠠ ᠵᠡᠭᠡᠯᠢ | ᠪᠠ ᠴᠤᠸᠠᠨ ᠬᠠᠩ ᠳᠡᠯᠭᠡᠭᠦᠷ ᠵᠡᠷᠭᠡ ᠭᠠᠵᠠᠷ ᠨᠢ ᠪᠦᠷ ᠳᠡᠯᠭᠡᠭᠡ ᠮᠠᠶᠢᠮᠠᠶ ᠶᠢᠨ ᠴᠡᠭ ᠭᠠᠵᠠᠷ ᠪᠠᠶᠢᠵᠤ᠂ | ᠡᠵᠡᠩᠨᠡᠯᠲᠡ ᠶᠢᠨ ᠲᠥᠷᠥᠯ ᠵᠦᠢᠯ ᠨᠢ ᠣᠯᠠᠨ᠂ ᠬᠥᠮᠦᠰ ᠨᠠᠭᠠᠰᠢ ᠴᠠᠭᠠᠰᠢ ᠰᠦᠯᠵᠢᠯᠳᠦᠵᠦ᠂ ᠬᠦᠷ ᠳᠡᠪᠵᠢᠶᠡᠨ ᠲᠠᠢ | ᠂ ᠥᠩᠭᠡᠷᠡᠭᠰᠡᠨ ᠳᠤ ᠠᠷᠭᠠᠯ ᠪᠠ ᠰᠢᠪᠠᠭᠤᠨ ᠪᠠᠭᠠᠰᠤ ᠪᠠᠷ ᠲᠦᠯᠡᠰᠢ ᠪᠣᠯᠭᠠᠵᠤ ᠪᠠᠶᠢᠭᠰᠠᠨ ᠪᠤᠭᠤᠲᠤ ᠶᠢᠨ ᠰᠠᠭᠤᠭᠠᠯᠢ | ᠠᠷᠠᠳ ᠪᠠ ᠨᠠᠭᠠᠰᠢ ᠴᠠᠭᠠᠰᠢ ᠶᠠᠪᠤᠭ᠎ᠠ ᠠᠷᠠᠯᠵᠢᠶᠠᠴᠢᠳ ᠤᠨ᠂ ᠨᠡᠭᠦᠷᠡᠰᠦ ᠬᠡᠷᠡᠭᠯᠡᠬᠦ ᠬᠡᠮᠵᠢᠶ᠎ᠡ ᠨᠢ ᠡᠳᠦᠷ ᠢᠷᠡᠬᠦᠶ᠎ᠡ | ᠨᠡᠮᠡᠭᠳᠡᠵᠦ ᠪᠠᠶᠢᠪᠠ᠃ ᠴᠢᠩ ᠤᠯᠤᠰ ᠤᠨ ᠨᠠᠶᠢᠷᠠᠯᠲᠤ ᠲᠥᠪ ᠤᠨ ᠦᠶ᠎ᠡ ᠳᠤ ᠲᠤᠬᠠᠶ ᠶᠢᠨ ᠭᠠᠵᠠᠷ ᠤᠨ ᠰᠠᠭᠤᠭᠠᠯᠢ | ᠠᠷᠠᠳ ᠤᠨ ᠨᠡᠭᠦᠷᠡᠰᠦ ᠮᠠᠯᠲᠠᠭᠰᠠᠨ ᠨᠢ ᠳᠠᠷᠤᠢ ᠰᠢᠭᠤᠶᠢᠲᠤ — ᠳᠠᠯᠠᠨ ᠬᠠᠷ᠎ᠠ ᠠᠭᠤᠯᠠ ᠶᠢᠨ ᠨᠡᠭᠦᠷᠡᠰᠦᠨ | ᠠᠭᠤᠷᠬᠠᠢ ᠮᠠᠯᠲᠠᠭᠰᠠᠨ ᠲᠡᠦᠬᠡ ᠶᠢ ᠡᠬᠢᠯᠡᠭᠦᠯᠪᠡ᠂ ᠪᠠᠳᠠᠷᠠᠭᠤᠯᠲᠤ ᠲᠥᠷᠥ ᠶᠢᠨ ᠦᠶ᠎ᠡ ᠳᠤ ᠲᠦᠮᠡᠳ ᠪᠠᠷᠠᠭᠤᠨ | ᠬᠤᠰᠢᠭᠤᠨ ᠤ ᠶᠡᠷᠦᠩᠬᠡᠢ ᠵᠠᠬᠢᠷᠭ᠎ᠠ ᠠᠴᠠ ᠰᠢᠭᠤᠶᠢᠲᠤ ᠲᠣᠭᠤᠷᠢᠭ ᠠᠴᠠ ᠭᠠᠶᠢᠯᠢ ᠲᠠᠲᠠᠪᠤᠷᠢᠯᠠᠭᠰᠠᠨ ᠠᠴᠠ᠂ | ᠰᠢᠭᠤᠶᠢᠲᠤ ᠲᠣᠭᠤᠷᠢᠭ ᠤᠨ ᠨᠡᠭᠦᠷᠡᠰᠦ ᠮᠠᠯᠲᠠᠬᠤ ᠠᠩᠬ᠎ᠠ ᠬᠡᠪᠴᠢᠶᠡᠵᠢᠪᠠ᠂ ᠣᠨᠴᠠᠭᠠᠶᠢᠯᠠᠨ ᠢᠷᠭᠡᠨ ᠤᠯᠤᠰ ᠤᠨ | ᠬᠤᠶᠠᠳᠤᠭᠠᠷ ᠤᠨ ︵1913 ᠣᠨ︶᠂ ᠴᠠᠭᠠᠭᠴᠢᠨ ᠭᠠᠭ᠋ᠠᠶ ᠵᠢᠯ ᠤᠨ ᠬᠤᠪᠢᠰᠬᠠᠯ ᠤᠨ ᠤᠷᠢᠳᠤᠰ ᠪᠠ ᠲᠤᠬᠠᠢ ᠶᠢᠨ | ᠦᠶ᠎ᠡ ᠳᠤ ᠱᠠᠨ ᠰᠢ ᠶᠢᠨ ᠬᠠᠭᠤᠷᠠᠢ ᠵᠠᠮ ᠤᠨ ᠴᠡᠷᠢᠭ ᠤᠨ ᠨᠢᠭᠡᠳᠦᠭᠡᠷ ᠳ᠋ᠢᠸᠢᠽᠢ ᠶᠢᠨ ᠳᠠᠷᠤᠭ᠎ᠠ ︵1914 | ᠣᠨ ᠳᠤ ᠲᠥᠪ ᠤᠨ ᠬᠠᠭᠤᠷᠠᠢ ᠵᠠᠮ ᠤᠨ ᠴᠡᠷᠢᠭ ᠤᠨ ᠶᠢᠰᠦᠳᠦᠭᠡᠷ ᠳ᠋ᠢᠸᠢᠽᠢ ᠶᠢᠨ ᠳᠠᠷᠤᠭ᠎ᠠ ᠶᠢᠨ ᠪᠠᠷᠠᠭᠤᠨ | ᠪᠠᠯᠭᠠᠰᠤᠨ ᠤ ᠰᠠᠬᠢᠨ ᠬᠠᠮᠠᠭᠠᠯᠠᠬᠤ ᠡᠯᠴᠢ ᠪᠠᠶᠢᠪᠠ︶ ᠪᠠᠶᠢᠭᠰᠠᠨ ᠺᠦᠩ ᠭᠧᠩ ᠤᠨ ᠡᠷᠬᠢᠯᠡᠭᠰᠡᠨ ᠮᠦᠸᠧ ᠨᠠᠨ | ᠠᠭᠤᠷᠬᠠᠢ ᠶᠢᠨ ᠦᠢᠯᠡᠰ ᠤᠨ ᠬᠢᠵᠠᠭᠠᠷᠲᠤ ᠺᠣᠮᠫᠠᠨᠢ᠂ ᠰᠢᠭᠤᠶᠢᠲᠤ ᠣᠷᠣᠨ ᠳᠤ ᠥᠪᠥᠷ ᠮᠣᠩᠭᠤᠯ ᠤᠨ ᠭᠠᠵᠠᠷ | ᠣᠷᠣᠨ ᠤ ᠨᠡᠭᠦᠷᠡᠰᠦ ᠶᠢ ᠬᠡᠪᠴᠢᠶᠡᠵᠢᠭᠦᠯᠦᠨ ᠮᠠᠯᠲᠠᠭᠰᠠᠨ ᠲᠡᠤᠬᠡ ᠶᠢ ᠨᠡᠬᠡᠭᠡᠪᠡ᠂ ᠰᠢᠭᠤᠶᠢᠲᠤ ᠶᠢᠨ ᠨᠡᠭᠦᠷᠡᠰᠦ ᠨᠢ | ᠨᠡᠷ᠎ᠡ ᠠᠯᠳᠠᠷᠰᠢᠵᠤ᠂ ᠳ᠋ᠦᠩ ᠮᠧᠨ ᠶᠡᠭᠡ ᠵᠡᠭᠡᠯᠢ ᠶᠢᠨ ᠨᠢᠭᠡᠨ ᠨᠡᠷ᠎ᠡ ᠦᠭᠡᠢ ᠵᠢᠵᠢᠭ ᠭᠤᠳᠤᠮᠵᠢ ᠲᠠᠢ | ᠣᠶᠢᠷᠠᠳᠬᠤ ᠳᠤ᠂ ᠲᠤᠬᠠᠢ ᠶᠢᠨ ᠦᠶ᠎ᠡ ᠶᠢᠨ ᠼᠠᠢ ᠱᠧᠨ ᠮᠢᠶᠤᠤ ᠵᠡᠭᠡᠯᠢ ᠵᠡᠭᠦᠨ ᠦᠵᠦᠭᠦᠷ ᠪᠣᠯᠤᠨ ᠼᠤᠤ ᠱᠢ | ᠵᠡᠭᠡᠯᠢ ᠶᠢᠨ ᠣᠶᠢᠷᠠᠯᠴᠠᠭ᠎ᠠ᠂ ᠨᠡᠭᠦᠷᠡᠰᠦᠨ ᠤ ᠵᠠᠬ᠎ᠠ ᠶᠢᠨ ᠠᠷᠠᠯᠵᠢᠶᠠᠨ ᠤ ᠲᠣᠮᠤ ᠵᠠᠬ᠎ᠠ ᠳᠡᠯᠭᠡᠭᠦᠷ ᠠᠭᠠᠵᠢᠮ ᠢᠶᠠᠷ | ᠲᠦᠯᠦᠪᠰᠢᠵᠦ᠂ ᠨᠡᠭᠦᠷᠡᠰᠦᠨ ᠵᠠᠬ᠎ᠠ ᠵᠡᠭᠡᠯᠢ ᠭᠡᠰᠡᠨ ᠨᠡᠷ᠎ᠡ ᠣᠯᠪᠠ᠂ ᠨᠡᠭᠦᠷᠡᠰᠦ ᠨᠢ ᠭᠤᠣᠯᠳᠠᠭᠤ ᠰᠢᠭᠤᠶᠢᠲᠤ | ᠭᠤᠤ ᠶᠢᠨ ᠡᠯ᠎ᠡ ᠨᠡᠭᠦᠷᠡᠰᠦᠨ ᠠᠭᠤᠷᠬᠠᠢ ᠠᠴᠠ ᠢᠷᠡᠯᠲᠡ ᠲᠠᠢ᠃ | | ᠳᠠᠩᠰᠠ ᠡᠪᠬᠡᠮᠡᠯ ᠤᠨ ᠮᠠᠲ᠋ᠧᠷᠢᠶᠠᠯ ᠠᠴᠠ ᠦᠵᠡᠪᠡᠯ᠂ ᠰᠢᠭᠤᠶᠢᠲᠤ ᠨᠡᠭᠦᠷᠡᠰᠦ ᠶᠢ ᠪᠣᠥ ᠱᠢ ᠶᠡᠭᠡ | ᠵᠡᠭᠡᠯᠢ ᠪᠠᠷ ᠵᠦᠭᠡᠭᠡᠪᠦᠷᠢᠯᠡᠨ᠎ᠡ᠂ ᠣᠯᠠᠩᠬᠢ ᠳᠤ ᠪᠠᠨ ᠰᠥᠨᠢ ᠪᠠᠷ ᠵᠦᠭᠡᠭᠡᠪᠦᠷᠢᠯᠡᠵᠦ᠂ ᠲᠡᠭᠷᠢ ᠭᠡᠭᠡᠷᠡᠬᠦ ᠦᠶ᠎ᠡ ᠪᠠᠷ | ᠪᠣᠭᠤᠲᠤ ᠳᠤ ᠬᠦᠷᠦᠨ᠎ᠡ᠂ ᠣᠷᠣᠨ ᠨᠤᠲᠤᠭ ᠤᠨ ᠴᠡᠷᠢᠭ ᠤᠨ ᠬᠡᠷᠡᠭᠰᠡᠯ᠂ ᠦᠢᠯᠡᠳᠪᠦᠷᠢ ᠪᠠ ᠪᠠᠶᠠᠨ ᠴᠢᠨᠡᠭᠡᠯᠢᠭ | ᠨᠤᠲᠤᠭ ᠤᠨ ᠡᠷᠬᠡᠲᠡᠨ ᠬᠤᠳᠠᠯᠳᠤᠭᠠᠴᠢᠨ ᠪᠠ ᠵᠢᠭᠠᠨ ᠲᠣᠭᠲᠠᠭᠠᠭᠰᠠᠨ ᠨᠡᠭᠦᠷᠡᠰᠦ ᠪᠠᠭᠤᠯᠭᠠᠬᠤ ᠲᠠᠯᠠᠪᠠᠢ ︵ᠳ᠋ᠦᠩ | ᠾᠧ ᠪᠠᠷᠠᠭ᠎ᠠ ᠶᠢᠨ ᠲᠠᠯᠠᠪᠠᠢ︶ ᠶᠢ ᠬᠠᠩᠭᠠᠬᠤ ᠠᠴᠠ ᠭᠠᠳᠠᠨ᠎ᠠ᠂ ᠣᠯᠠᠩᠬᠢ ᠨᠢ ᠨᠡᠭᠦᠷᠡᠰᠦᠨ ᠵᠠᠬ᠎ᠠ ᠵᠡᠭᠡᠯᠢ ᠳᠤ | ᠬᠦᠷᠭᠡᠨ᠎ᠡ᠂ ᠬᠠᠮᠤᠭ ᠡᠷᠲᠡ ᠬᠦᠷᠬᠦ ᠨᠢ ᠲᠡᠮᠡᠭᠡ᠂ ᠵᠠᠯᠭᠠᠭᠠᠳ ᠮᠣᠷᠢᠨ ᠲᠡᠷᠭᠡ ᠪᠠ ᠡᠯᠵᠢᠭᠡᠨ ᠠᠴᠢᠶ᠎ᠠ᠂ ᠬᠠᠮᠤᠭ | ᠰᠡᠭᠦᠯ ᠳᠤ ᠦᠬᠡᠷ ᠲᠡᠷᠭᠡ ᠬᠦᠷᠦᠨ᠎ᠡ᠂ ᠡᠳᠦᠷ ᠲᠡᠭᠡᠨ ᠳᠠᠬᠢᠨ ᠪᠣᠭᠤᠲᠤ ᠠᠴᠠ ᠰᠢᠭᠤᠶᠢᠲᠤ ᠳᠤ ᠪᠤᠴᠠᠨ᠎ᠠ᠃ ᠪᠤᠤ | ᠱᠢ ᠶᠡᠭᠡ ᠵᠠᠮ ᠪᠣᠯ ᠴᠢᠩ ᠤᠯᠤᠰ ᠤᠨ ᠳᠤᠮᠳᠠᠴᠢ ᠦᠶ᠎ᠡ ᠠᠴᠠ ᠡᠬᠢᠯᠡᠨ᠂ ᠪᠠᠳᠭᠡᠷ ᠵᠣᠣ ᠳᠤ ᠢᠷᠡᠵᠦ ᠶᠠᠪᠤᠭᠰᠠᠳ | ᠰᠢᠭᠤᠶᠢᠲᠤ ᠪᠠᠷ ᠥᠩᠭᠡᠷᠡᠬᠦ᠂ ᠮᠣᠩᠭᠤᠯ ᠤᠨ ᠠᠷᠠᠯᠵᠢᠶ᠎ᠠ ᠡᠷᠭᠢᠯᠡᠵᠦ ᠪᠠᠶᠢᠭ᠎ᠠ ᠪᠠ ᠰᠢᠭᠤᠶᠢᠲᠤ ᠨᠡᠭᠦᠷᠡᠰᠦ | ᠵᠥᠭᠡᠭᠡᠪᠦᠷᠢᠯᠡᠵᠦ ᠪᠠᠶᠢᠭ᠎ᠠ ᠬᠥᠮᠦᠰ ᠪᠤᠭᠤᠲᠤ ᠠᠴᠠ ᠰᠢᠭᠤᠶᠢᠲᠤ ᠣᠷᠣᠨ ᠤ ᠬᠤᠭᠤᠷᠣᠨᠳᠣ ᠠᠶᠠᠨᠳᠠᠭᠠᠨ ᠪᠤᠢ | ᠪᠣᠯᠤᠭᠰᠠᠨ ᠨᠢᠭᠡᠨ ᠶᠡᠭᠡ ᠵᠠᠮ ᠪᠣᠯᠤᠨ᠎ᠠ᠂ ᠳ᠋ᠦᠩ ᠾᠧ ᠲᠣᠭᠤᠷᠢᠭ ᠤᠨ ᠪᠠᠷᠠᠭᠤᠨ ᠬᠤᠶᠢᠲᠤ ᠶᠢᠨ ᠡᠭᠦᠳᠡᠨ ᠤ | ᠭᠠᠳᠠᠨ᠎ᠠ ᠠᠴᠠ ᠡᠬᠢᠯᠡᠵᠦ᠂ ᠡᠴᠦᠰ ᠤᠨ ᠴᠡᠭ ᠨᠢ ᠰᠢᠭᠤᠶᠢᠲᠤ ᠣᠷᠣᠨ ᠳᠤ ᠬᠦᠷᠴᠦ᠂ ᠪᠥᠬᠦ ᠣᠷᠳᠣ ᠨᠢ ᠪᠠᠷᠤᠭ | 27 ᠺᠢᠯᠤᠮᠧᠲᠷ ᠪᠣᠯᠤᠨ᠎ᠠ᠃ ᠴᠢᠶᠠᠨ ᠶᠢᠩ ᠽᠢ᠂ ᠡᠯ ᠳ᠋ᠤᠤ ᠪᠠ᠂ ᠺᠠᠶᠢᠵᠧᠦ ᠶᠢᠨ ᠶᠣᠣᠽᠢ᠂ ᠳ᠋ᠠᠩ ᠫᠦ᠋ ᠶᠣᠣᠽᠢ | ᠵᠡᠷᠭᠡ ᠭᠠᠵᠠᠷ ᠢᠶᠠᠷ ᠥᠩᠭᠡᠷᠡᠵᠦ᠂ ᠲᠡᠮᠡᠭᠡᠨ ᠵᠢᠩ ᠂ ᠡᠯᠵᠢᠭᠡᠨ ᠠᠴᠢᠶ᠎ᠠ᠂ ᠦᠬᠡᠷ ᠲᠡᠷᠭᠡᠨ ᠤ ᠲᠡᠭᠡᠭᠡᠪᠦᠷᠢ ᠪᠠᠷ ᠭᠤᠣᠯ | ᠪᠣᠯᠭᠠᠵᠤ᠂ ᠵᠠᠮ ᠱᠤᠭᠤᠮ ᠤᠨ ᠣᠯᠠᠩᠬᠢ ᠨᠢ ᠠᠶᠠᠨᠳᠠᠭᠠᠨ ᠪᠤᠢ ᠪᠣᠯᠣᠭᠰᠠᠨ ᠭᠤᠣᠯ ᠤᠨ ᠬᠤᠩᠭᠢᠯ ᠳᠠᠭᠠᠤ ᠪᠣᠯᠤᠨ᠎ᠠ᠃ | ᠳᠤᠮᠳᠠᠳᠤ ᠢᠷᠭᠡᠨ ᠤᠯᠤᠰ ᠤᠨ 15 ᠤᠨ ︵1926 ᠤᠨ︶ ᠳᠤ᠂ ᠪᠤᠭᠤᠳᠤ ᠯᠤᠭ᠎ᠠ ᠰᠢᠶᠠᠨ ᠪᠠᠶᠢᠭᠤᠯᠵᠤ᠂ | ᠺᠦᠩ ᠭᠧᠩ ᠪᠤᠯᠤᠨ ᠺᠥᠩ ᠢ ᠪᠤᠯ ᠤᠷᠢᠳ ᠬᠤᠵᠢᠳ ᠰᠦᠢᠶᠤᠸᠠᠨ ᠤᠷᠤᠨ ᠳᠤ ᠰᠠᠭᠤᠷᠢᠰᠢᠵᠤ᠂ ᠤᠯᠠᠨ | ᠤᠳᠠᠭ᠎ᠠ ᠪᠤᠤ ᠱᠢ ᠶᠡᠭᠡ ᠵᠠᠮ ᠤᠨ ᠭᠤᠤᠯᠳᠠᠯᠭ᠎ᠠ ᠪᠣᠯᠬᠤ ᠵᠠᠮ ᠤᠨ ᠬᠡᠰᠡᠭ ᠤᠨ ᠯᠢᠦ ᠪᠤᠤ ᠶᠤᠤ᠂ ᠡᠯ ᠳ᠋ᠤᠤ ᠪᠠ᠂ | ᠱᠢ ᠬᠤ᠋ ᠳ᠋ᠦᠩ᠂ ᠸᠧᠢ ᠵᠢᠶᠦ᠋ᠨ ᠪᠠ ᠵᠡᠷᠭᠡ ᠭᠠᠵᠠᠷ ᠢ ᠵᠠᠰᠠᠨ ᠰᠡᠯᠪᠢᠵᠦ᠂ ᠤᠨᠴᠠᠭᠠᠶᠢᠯᠠᠨ ᠸᠧᠢ ᠵᠢᠶᠦ᠋ᠨ ᠪᠠ | ᠤᠷᠴᠢᠮ ᠢᠶᠠᠷ ᠵᠢᠯ ᠪᠤᠯᠭᠠᠨ ᠵᠠᠰᠠᠨ ᠰᠡᠯᠪᠢᠵᠦ᠂ ᠨᠡᠬᠦᠷᠡᠰᠦ ᠶᠢ ᠭᠠᠳᠠᠭᠰᠢ ᠵᠦᠭᠡᠭᠡᠪᠦᠷᠢᠯᠡᠬᠦ ᠶᠢ ᠪᠠᠳᠤᠯᠠᠵᠤ ᠪᠠᠶᠢᠪᠠ᠃ | ᠰᠥᠨᠢ ᠳᠤᠮᠳᠠ᠂ ᠮᠤᠷᠤᠢ ᠰᠠᠷᠤᠢ ᠠᠭᠤᠯᠠᠨ ᠵᠠᠮ ᠳᠡᠭᠡᠷ᠎ᠡ᠂ ᠨᠡᠬᠦᠷᠡᠰᠦ ᠠᠴᠢᠭᠰᠠᠨ ᠲᠡᠮᠡᠭᠡᠨ ᠵᠢᠩ᠂ ᠤᠨᠤᠭ᠎ᠠ | ᠬᠥᠯᠥᠭᠰᠡᠨ ᠲᠡᠷᠭᠡ ᠪᠠᠷ ᠳᠦᠭᠦᠷᠴᠦ᠂ ᠣᠳᠣ ᠭᠢᠯᠠᠯᠵᠠᠭᠰᠠᠨ ᠭᠠᠯ ᠤᠨ ᠪᠠᠷᠢᠶ᠎ᠠ᠂ ᠳᠢᠩᠭᠠᠷ ᠲᠠᠩᠭᠠᠷ ᠬᠤᠩᠬᠤ ᠶᠢᠨ | ᠳᠠᠭᠤᠨ ᠪᠠ ᠪᠠᠷᠬᠢᠷᠠᠬᠤ ᠳᠠᠭᠤᠨ ᠳᠠᠭᠠᠯᠳᠤᠨ᠎ᠠ᠃ | | ᠨᠡᠭᠦᠷᠡᠰᠦᠨ ᠵᠠᠬ᠎ᠠ ᠳᠡᠭᠡᠷ᠎ᠡ ᠦᠷᠭᠦᠯᠵᠢ ᠵᠠᠭᠤ ᠰᠢᠬᠠᠮ ᠲᠡᠮᠡᠭᠡ ᠪᠣᠯᠤᠨ ᠡᠯᠵᠢᠭᠡᠨ ᠠᠴᠢᠶᠠᠯᠠᠭ᠎ᠠ ᠵᠢᠴᠢ | ᠬᠡᠳᠦᠨ ᠠᠷᠪᠠᠨ ᠤᠨᠤᠭ᠎ᠠ ᠬᠥᠯᠥᠭᠰᠡᠨ ᠲᠡᠷᠭᠡ ᠪᠠᠷ ᠰᠢᠭᠤᠶᠢᠲᠤ ᠲᠣᠭᠤᠷᠢᠭ ᠤᠨ ᠨᠡᠭᠦᠷᠡᠰᠦ ᠶᠢ ᠲᠡᠭᠡᠭᠡᠵᠦ ᠨᠡᠭᠦᠷᠡᠰᠦᠨ | ᠵᠠᠬ᠎ᠠ ᠪᠠᠷ ᠣᠷᠣᠵᠤ ᠭᠠᠷᠳᠠᠭ᠂ ᠬᠡᠳᠦᠶᠢᠪᠡᠷ ᠲᠤᠬᠠᠢ ᠶᠢᠨ ᠦᠶ᠎ᠡ ᠶᠢᠨ ᠱᠠᠨ ᠰᠢ᠂ ᠶᠡᠭᠡ ᠬᠢᠩᠭᠠᠨ ᠠᠢᠮᠠᠭ | ᠵᠡᠷᠭᠡ ᠠᠴᠠ ᠢᠷᠡᠭᠰᠡᠨ ᠨᠡᠭᠦᠷᠡᠰᠦ ᠪᠠᠶᠢᠬᠤ ᠪᠣᠯᠪᠠᠴᠤ ᠰᠢᠭᠤᠶᠢᠲᠤ ᠨᠡᠭᠦᠷᠡᠰᠦ ᠬᠠᠮᠤᠭ ᠨᠡᠷᠡᠲᠡᠢ ᠪᠠᠶᠢᠵᠤ᠂ ᠴᠢᠨᠠᠷ | ᠰᠠᠶᠢᠨ ᠪᠣᠯᠬᠤᠷ ᠪᠦᠷ ᠪᠤᠯᠢᠶᠠᠯᠳᠤᠳᠠᠭ᠃ ᠰᠢᠭᠤᠶᠢᠳᠤ ᠭᠤᠤ ᠶᠢᠨ ᠨᠡᠭᠦᠷᠡᠰᠦᠨ ᠠᠭᠤᠷᠬᠠᠢ ᠠᠴᠠ ᠢᠷᠡᠭᠰᠡᠨ | ᠨᠡᠭᠦᠷᠡᠰᠦ ᠶᠢ ᠬᠡᠷᠡᠭᠯᠡᠭᠴᠢᠳ ᠤᠨ ᠠᠳᠠᠯᠢ ᠪᠤᠰᠤ ᠬᠡᠷᠡᠭᠴᠡᠭᠡ ᠶᠣᠰᠣᠭᠠᠷ ᠲᠣᠮᠣ ᠨᠡᠭᠦᠷᠡᠰᠦ ︵ᠬᠡᠰᠡᠭᠯᠡᠨ ᠨᠡᠭᠦᠷᠡᠰᠦ︶᠂ | ᠢᠯᠵᠡᠷᠡᠭᠡ ᠨᠡᠭᠦᠷᠡᠰᠦ ︵ᠬᠡᠮᠬᠡᠷᠡᠭᠡ ᠨᠡᠭᠦᠷᠡᠰᠦ︶᠂ ᠬᠦᠬᠡ ᠨᠡᠭᠦᠷᠡᠰᠦ ︵ᠬᠡᠤᠷᠡᠰᠦ︶ ᠵᠡᠷᠭᠡ ᠭᠤᠷᠪᠠᠨ ᠵᠦᠢᠯ | ᠬᠤᠪᠢᠶᠠᠨ᠎ᠠ᠃ ᠡᠶᠢᠮᠦᠷᠬᠦᠦ ᠠᠳᠠᠯᠢ ᠪᠤᠰᠤ ᠲᠥᠷᠥᠯ ᠤᠨ ᠨᠡᠭᠦᠷᠡᠰᠦ᠂ ᠵᠠᠷᠢᠮ ᠨᠢ ᠬᠡᠷᠡᠭᠯᠡᠭᠴᠢᠳ ᠤᠨ ᠰᠢᠭᠤᠳ | ᠵᠠᠬᠢᠶᠠᠯᠠᠭ᠎ᠠ︔ ᠵᠠᠷᠢᠮ ᠨᠢ ᠨᠡᠭᠦᠷᠡᠰᠦ ᠫᠠᠨᠽᠠᠯᠠᠭᠴᠢ ᠶᠢᠨ ᠦᠨ᠎ᠡ ᠭᠤᠶᠤᠵᠤ ᠪᠠᠶᠢᠭᠠᠳ ᠳᠤᠮᠳᠠ ᠠᠴᠠ ᠨᠢ ᠬᠥᠯᠥᠰᠥᠨ | ᠮᠦᠩᠭᠦ ᠠᠪᠤᠭᠰᠠᠨ ᠤ ᠳᠠᠷᠠᠭ᠎ᠠ ᠳᠠᠬᠢᠨ ᠭᠠᠷ ᠳᠠᠮᠵᠢᠭᠤᠯᠤᠨ ᠬᠤᠳᠠᠯᠳᠤᠵᠤ ᠭᠠᠷᠭᠠᠨ᠎ᠠ᠃ ᠵᠤᠨ ᠨᠠᠮᠤᠷ ᠲᠤ᠂ ᠵᠠᠷᠢᠮ | ᠡᠳᠦᠷ ᠨᠢ ᠬᠤᠳᠠᠯᠳᠤᠵᠤ ᠭᠠᠷᠬᠤ ᠦᠭᠡᠢ ᠦᠶ᠎ᠡ ᠳᠤ ᠠᠷᠭ᠎ᠠ ᠪᠤᠰᠤ ᠭᠠᠷ ᠳᠠᠮᠵᠢᠭᠤᠯᠤᠨ ᠨᠡᠭᠦᠷᠡᠰᠦᠨ ᠫᠦᠰᠡ ᠳᠤ | ᠬᠤᠳᠠᠯᠳᠤᠨ ᠥᠭᠴᠦ᠂ ᠨᠡᠭᠦᠷᠡᠰᠦᠨ ᠫᠦᠰᠡ ᠴᠤᠭᠯᠠᠷᠠᠭᠤᠯᠵᠤ ᠪᠠᠶᠢᠭᠠᠳ ᠵᠢᠵᠢᠭᠯᠡᠨ ᠬᠤᠳᠠᠯᠳᠤᠨ᠎ᠠ᠃ ᠨᠡᠭᠦᠷᠡᠰᠦᠨ | ᠫᠦᠰᠡ ᠶᠢᠨ ᠨᠡᠭᠦᠷᠡᠰᠦ ᠬᠤᠷᠢᠶᠠᠬᠤ ᠳᠤ ᠦᠨ᠎ᠡ ᠨᠢ ᠮᠠᠰᠢ ᠳᠣᠣᠷ᠎ᠠ ᠪᠠᠶᠢᠵᠤ᠂ ᠬᠤᠷᠢᠶᠠᠵᠤ ᠠᠪᠴᠢᠷᠠᠭᠰᠠᠨ | ᠨᠡᠭᠦᠷᠡᠰᠦ ᠶᠢ ᠲᠤᠰᠬᠠᠶᠢᠯᠠᠨ ᠲᠡᠳᠡᠭᠡᠷ ᠪᠦᠬᠦᠯᠢ ᠠᠴᠢᠶ᠎ᠠ ᠨᠡᠭᠦᠷᠡᠰᠦ ᠬᠤᠳᠠᠯᠳᠤᠨ ᠠᠪᠴᠤ ᠳᠡᠶᠢᠯᠬᠦ ᠦᠭᠡᠢ ᠡᠩ ᠤᠨ | ᠰᠠᠭᠤᠭᠠᠯᠢ ᠠᠷᠠᠳ ᠪᠠ ᠭᠠᠷ ᠦᠢᠯᠡᠳᠪᠦᠷᠢᠯᠡᠭᠴᠢᠳ ᠳᠤ ᠬᠤᠳᠠᠯᠳᠤᠵᠤ ᠥᠭᠳᠡᠭ᠃ ᠣᠷᠣᠢ ᠪᠣᠯᠬᠤ ᠪᠦᠷᠢ | ᠶᠡᠷᠦ ᠳᠡᠭᠡᠨ ᠮᠠᠰᠢ ᠣᠯᠠᠨ ᠰᠠᠭᠤᠭᠠᠯᠢ ᠠᠷᠠᠳ ᠪᠠ ᠭᠠᠷ ᠦᠢᠯᠡᠳᠪᠦᠷᠢᠴᠢᠨ ᠰᠠᠭᠰᠤ ᠳᠡᠭᠦᠵᠢᠯᠡᠵᠦ᠂ ᠫᠧᠩᠰᠡ ᠪᠠᠨ | ᠪᠠᠷᠢᠵᠤ ᠬᠠᠷᠠᠩᠭᠤᠢ ᠳᠤ ᠳ᠋ᠧᠩ ᠠᠰᠠᠭᠠᠳᠠᠭ ᠨᠡᠭᠦᠷᠡᠰᠦᠨ ᠫᠦᠰᠡ ᠠᠴᠠ ᠬᠤᠷᠢ ᠭᠤᠴᠢᠨ ᠵᠢᠩ ᠨᠡᠭᠦᠷᠡᠰᠦ | ᠬᠤᠳᠠᠯᠳᠤᠨ ᠠᠪᠴᠤ ᠭᠡᠷ ᠲᠡᠭᠡᠨ ᠬᠠᠷᠢᠵᠤ ᠬᠤᠭᠤᠯᠠ ᠬᠢᠵᠦ᠂ ᠳᠤᠯᠠᠭᠠᠴᠠᠳᠠᠭ᠃ | | ᠨᠡᠭᠦᠷᠡᠰᠦᠨ ᠨᠠᠬᠢᠶ᠎ᠠ ︵ᠪᠠᠰᠠ ᠨᠡᠶᠢᠯᠡᠵᠦ ᠬᠦᠶᠦᠳᠡᠭ ᠭᠡᠳᠡᠭ᠂ ᠦᠨᠡᠨ ᠳᠡᠭᠡᠨ ᠵᠠᠭᠤᠴᠢᠯᠠᠭᠴᠢ︶ | ᠦᠷᠭᠦᠯᠵᠢ ᠵᠠᠷᠢᠮ ᠬᠤᠳᠠᠯᠳᠤᠭ᠎ᠠ ᠫᠦᠰᠡ ᠪᠤᠶᠤ ᠪᠠᠶᠢᠭᠤᠯᠭ᠎ᠠ᠂ ᠺᠣᠮᠫᠠᠨᠢ ᠳᠤ ᠬᠦᠷᠴᠦ ᠶᠡᠭᠡ ᠬᠡᠮᠵᠢᠶᠡᠨ ᠤ | ᠠᠷᠠᠯᠵᠢᠶ᠎ᠠ ᠳᠤ ᠬᠡᠷᠡᠭᠯᠡᠬᠦ ᠨᠡᠭᠦᠷᠡᠰᠦᠨ ᠤ ᠪᠠᠶᠢᠳᠠᠯ ᠢ ᠣᠶᠢᠯᠠᠭᠠᠵᠤ᠂ ᠳᠠᠷᠠᠭ᠎ᠠ ᠡᠳᠦᠷ ᠨᠢ ᠵᠡᠭᠦᠨ ᠬᠤᠶᠢᠲᠤ ᠶᠢᠨ | ᠡᠭᠦᠳᠡᠨ ᠭᠠᠳᠠᠨ᠎ᠠ ᠴᠤᠭᠯᠠᠷᠠᠵᠤ ᠪᠠᠶᠢᠭ᠎ᠠ ᠨᠡᠭᠦᠷᠡᠰᠦ ᠠᠴᠢᠳᠠᠭ ᠬᠥᠮᠦᠰ ᠲᠠᠢ ᠬᠠᠷᠢᠯᠴᠠᠵᠤ᠂ ᠨᠡᠭᠦᠷᠡᠰᠦ ᠬᠡᠷᠡᠭᠯᠡᠬᠦ | ᠨᠢᠭᠡᠴᠢ ᠲᠠᠢ ᠵᠣᠯᠭᠠᠭᠤᠯᠵᠤ ᠤᠯᠣᠰᠤᠨ ᠳᠡᠭᠡᠰᠦ ᠪᠠᠨ ᠠᠪᠴᠤ ᠵᠢᠩᠯᠡᠬᠦᠷ ᠬᠤᠪᠢᠶᠠᠨ ᠪᠠᠭᠤᠯᠭᠠᠵᠤ᠂ ᠬᠠᠩᠭᠠᠯᠭ᠎ᠠ | ᠬᠡᠷᠡᠭᠴᠡᠭᠡᠨ ᠤ ᠬᠤᠶᠠᠷ ᠲᠠᠯ᠎ᠠ ᠪᠠᠷ ᠢᠶᠠᠨ ᠰᠢᠭᠤᠳ ᠳ᠋ᠦᠩᠨᠡᠨ ᠪᠣᠳᠣᠵᠤ᠂ ᠨᠡᠭᠦᠷᠡᠰᠦᠨ ᠨᠠᠬᠢᠶ᠎ᠠ ᠳᠤᠮᠳᠠ ᠠᠴᠠ ᠨᠢ | ᠮᠥᠩᠭᠦ ᠣᠯᠣᠨ᠎ᠠ᠃ ᠡᠪᠦᠯ ᠤᠨ ᠤᠯᠠᠷᠢᠯ ᠤᠨ ᠭᠤᠷᠪᠠ ᠶᠢᠰᠦ ᠶᠢᠨ ᠡᠳᠦᠷ ᠤᠨ ᠨᠡᠭᠦᠷᠡᠰᠦᠨ ᠤ ᠣᠷᠭᠢᠯ ᠤᠨ | ᠬᠤᠭᠤᠴᠠᠭᠠᠨ ᠳᠤ᠂ ᠡᠳᠦᠷ ᠪᠦᠷᠢ ᠵᠡᠭᠦᠨ ᠬᠤᠶᠢᠲᠤ ᠡᠭᠦᠳᠡ ᠠᠴᠠ ᠬᠤᠲᠠ ᠳᠤ ᠲᠡᠭᠡᠭᠡᠪᠦᠷᠢᠯᠡᠨ ᠣᠷᠣᠭᠤᠯᠬᠤ ᠡᠯ᠎ᠡ | ᠵᠦᠢᠯ ᠤᠨ ᠨᠡᠭᠦᠷᠡᠰᠦ ᠪᠠᠷᠤᠭ ᠭᠤᠷᠪᠠ ᠳᠥᠷᠪᠡᠨ ᠵᠠᠭᠤᠨ ᠲᠣᠨ ᠪᠠᠶᠢᠳᠠᠭ᠃ ᠢᠯᠠᠩᠭᠤᠶ᠎ᠠ ᠳᠤᠮᠳᠠᠳᠤ ᠢᠷᠭᠡᠨ | ᠤᠯᠤᠰ ᠤᠨ ᠦᠶ᠎ᠡ ᠶᠢᠨ ᠪᠤᠭᠤᠲᠤ᠂ ᠯᠠ ᠰᠠᠷ᠎ᠠ ᠠᠴᠠ ᠬᠤᠶᠢᠰᠢᠳᠠ ᠶᠡᠷᠦ ᠳᠤ ᠪᠠᠨ ᠴᠠᠭᠠᠨ ᠰᠠᠷ᠎ᠠ ᠶᠢᠨ ᠤᠯᠠᠷᠢᠯ | ᠭᠡᠳᠡᠭ᠂ ᠬᠥᠮᠦᠰ ᠰᠢᠨ᠎ᠡ ᠬᠤᠪᠴᠠᠰᠤ ᠬᠢᠬᠦ᠂ ᠭᠡᠷ ᠢᠶᠠᠨ ᠴᠡᠪᠡᠷᠯᠡᠬᠦ᠂ ᠵᠢᠯ ᠤᠨ ᠪᠣᠭᠤᠷᠰᠤᠭ ᠬᠢᠬᠦ᠂ ᠤᠯᠠᠭᠠᠨ ᠳ᠋ᠧᠩ | ᠡᠯᠭᠦᠬᠦ᠂ ᠪᠠᠩᠰᠢ ᠪᠠᠷᠢᠬᠤ᠂ ᠡᠳ᠋ ᠤᠨ ᠡᠵᠡᠨ ᠵᠠᠯᠠᠬᠤ᠂ ᠫᠤᠤᠵᠢᠩ ᠲᠠᠯᠪᠢᠬᠤ᠂ ᠬᠠᠮᠤᠭ ᠤᠨ ᠴᠢᠬᠤᠯᠠᠴᠢᠯᠠᠳᠠᠭ ᠨᠢ | ᠰᠢᠨᠡᠯᠡᠬᠦ ᠦᠶ᠎ᠡ ᠳᠤ ᠨᠢᠭᠡᠨ ᠳᠤᠯᠠᠭᠠᠨ ᠭᠡᠷ ᠪᠦᠯᠢ ᠪᠣᠯᠤᠨ᠎ᠠ᠃ ᠡᠶᠢᠮᠦ ᠠᠴᠠ ᠴᠠᠭᠠᠨ ᠰᠠᠷ᠎ᠠ ᠶᠢᠨ ᠬᠤᠭᠤᠴᠠᠭᠠᠨ ᠳᠤ᠂ | ᠪᠤᠭᠤᠲᠤ ᠶᠢᠨ ᠨᠡᠭᠦᠷᠡᠰᠦᠨ ᠵᠠᠬ᠎ᠠ ᠵᠡᠭᠡᠯᠢ ᠬᠡᠪ ᠤᠨ ᠪᠤᠰᠤ ᠬᠦᠷ ᠬᠥᠭᠵᠢᠶᠡᠨ ᠲᠠᠢ ᠪᠠᠶᠢᠳᠠᠭ᠂ ᠪᠤᠭᠤᠲᠤ ᠶᠢᠨ | ᠨᠡᠭᠦᠷᠡᠰᠦᠨ ᠵᠠᠬ᠎ᠠ ᠵᠡᠭᠡᠯᠢ ᠳᠤ ᠠᠶᠠᠨᠳᠠᠭᠠᠨ ᠮᠠᠰᠢ ᠤᠯᠠᠨ ᠬᠤᠯᠢᠰᠢᠨ ᠢᠳᠡᠭᠡᠨ᠂ ᠰᠤᠯᠠ ᠢᠳᠡᠭᠡᠨ ᠤ ᠳᠡᠯᠭᠡᠭᠦᠷ ᠪᠤᠢ | ᠪᠣᠯᠵᠠᠢ᠃ ᠲᠡᠷᠡ ᠦᠶ᠎ᠡ ᠳᠤ ᠬᠦᠮᠦᠰ ︽ᠰᠢᠲᠠᠭᠠᠳ ᠢᠷᠡᠵᠦ ᠢᠳᠡᠨ᠎ᠡ︾ ᠭᠡᠵᠦ ᠬᠡᠯᠡᠳᠡᠭ᠃ ᠬᠤᠭᠤᠯᠠ ᠢᠳᠡᠬᠦ | ᠭᠡᠪᠡᠯ ᠭᠠᠯ ᠬᠢᠬᠦ ᠬᠡᠷᠡᠭᠲᠡᠢ᠂ ᠭᠠᠯ ᠬᠢᠬᠦ ᠳᠡᠭᠡᠨ ᠤᠷᠢᠳᠠᠪᠡᠷ ᠭᠠᠯ ᠲᠦᠯᠡᠬᠦ ᠬᠡᠷᠡᠭᠲᠡᠢ᠂ ᠭᠠᠯ ᠲᠦᠯᠡᠬᠦ ᠭᠡᠪᠡᠯ | ᠨᠡᠭᠦᠷᠡᠰᠦ ᠬᠤᠳᠠᠯᠳᠤᠨ ᠠᠪᠬᠤ ᠴᠢᠬᠤᠯᠠᠲᠠᠢ᠂ ᠡᠭᠦᠨ ᠠᠴᠠ ᠨᠡᠭᠦᠷᠡᠰᠦᠨ ᠤ ᠵᠠᠬ᠎ᠠ ᠵᠡᠭᠡᠯᠢ ᠶᠢᠨ ᠲᠤᠬᠠᠢ ᠶᠢᠨ ᠵᠢᠯ ᠤᠨ | ᠪᠤᠭᠤᠲᠤ ᠶᠢᠨ ᠬᠥᠮᠦᠨ ᠤ ᠰᠡᠳᠭᠢᠯ ᠳᠠᠬᠢ ᠪᠠᠶᠢᠷᠢ ᠰᠠᠭᠤᠷᠢ ᠶᠢ ᠭᠦᠢᠴᠡᠳ ᠬᠠᠷᠠᠭᠤᠯᠵᠤ ᠴᠢᠳᠠᠨ᠎ᠠ᠃ ᠨᠡᠭᠦᠷᠡᠰᠦᠨ ᠤ | ᠵᠠᠬ᠎ᠠ ᠵᠡᠭᠡᠯᠢ ᠶᠢᠨ ᠨᠡᠷ᠎ᠡ ᠨᠢ ᠤᠯᠠᠮ ᠠᠴᠠ ᠤᠯᠠᠮ ᠶᠡᠭᠡ ᠪᠣᠯᠪᠠ᠃ ᠬᠥᠭᠵᠢᠶᠡᠨ ᠨᠠᠷᠭᠢᠶᠠᠨ ᠲᠠᠢ ᠬᠥᠮᠦᠰ ᠭᠡᠷ | ᠨᠢᠭᠡᠪᠦᠷᠢ ᠬᠦᠷᠰᠢᠯᠡᠵᠦ ᠪᠠᠶᠢᠭ᠎ᠠ ᠨᠡᠭᠦᠷᠡᠰᠦ ᠫᠦᠰᠡ᠂ ᠬᠤᠯᠢᠰᠢᠨ ᠢᠳᠡᠭᠡᠨ᠂ ᠵᠢᠵᠢᠭ ᠢᠳᠡᠭᠡᠨ ᠤ | ᠳᠡᠯᠭᠡᠭᠦᠷ ᠤᠳ ᠠᠴᠠ ᠡᠮᠦᠨ᠎ᠡ᠂ ᠪᠤᠭᠤᠲᠤ ᠶᠢᠨ ᠬᠥᠮᠦᠰ ᠤᠨ ᠰᠠᠶᠢᠨ ᠰᠠᠶᠢᠬᠠᠨ ᠠᠮᠢᠳᠤᠷᠠᠯ ᠤᠨ ᠲᠤᠬᠠᠶ ᠬᠦᠰᠡᠯ | ᠡᠷᠡᠮᠡᠯᠵᠡᠯ ᠪᠠ ᠬᠥᠭᠡᠭᠡᠴᠡᠯᠳᠦᠯ ᠢ ᠦᠯᠡᠳᠡᠭᠡᠵᠡᠶ᠃ ᠡᠶᠢᠮᠦᠷᠬᠦ ᠪᠠᠶᠢᠳᠠᠯ 1937 ᠣᠨ ᠪᠣᠯᠲᠠᠯ᠎ᠠ ᠦᠷᠭᠦᠯᠵᠢᠯᠡᠵᠦ᠂ | ᠪᠤᠭᠤᠲᠤ ᠣᠷᠣᠨ ᠨᠢ ᠶᠠᠫᠣᠨ ᠳᠤ ᠡᠵᠡᠯᠡᠭᠳᠡᠪᠡ᠃ | | ᠴᠠᠭ ᠮᠥᠴᠡ ᠢᠳᠡᠭ ᠢᠳᠡᠭ ᠢᠶᠠᠷ ᠥᠩᠭᠡᠷᠡᠵᠦ᠂ ᠨᠡᠭᠦᠷᠡᠰᠦᠨ ᠤ ᠵᠠᠬ᠎ᠠ ᠵᠡᠭᠡᠯᠢ ᠶᠢᠨ ᠥᠩᠭᠡᠷᠡᠭᠰᠡᠨ ᠤ | ᠬᠥᠭᠵᠢᠯ ᠪᠠᠳᠠᠷᠠᠯ ᠪᠣᠯᠤᠨ ᠬᠥᠭᠵᠢᠶᠡᠨ ᠨᠠᠷᠭᠢᠶᠠᠨ ᠨᠢ ᠨᠢᠭᠡᠨᠲᠡ ᠲᠡᠦᠬᠡᠨ ᠳᠤ ᠮᠠᠷᠲᠠᠭᠳᠠᠵᠤ ᠪᠠᠶᠢᠭᠰᠠᠨ ᠪᠣᠯᠪᠠᠴᠤ | ᠠᠳᠡ ᠨᠢᠭᠤᠭᠳᠠᠵᠤ ᠪᠠᠶᠢᠭ᠎ᠠ ᠡᠷᠭᠢᠴᠡᠭᠦᠯᠦᠯ ᠨᠢ ᠬᠠᠷᠢᠨ ᠬᠡᠪ ᠢᠶᠠᠷ ᠢᠶᠠᠨ ᠪᠠᠶᠢᠵᠤ᠂ ᠬᠥᠮᠦᠨ ᠲᠤ ᠮᠠᠷᠲᠠᠭᠳᠠᠰᠢ | ᠦᠭᠡᠢ ᠪᠣᠯᠵᠤ᠂ ᠬᠥᠮᠦᠰ ᠤᠨ ᠪᠣᠳᠣᠯ ᠢ ᠲᠠᠲᠠᠵᠤ᠂ ᠵᠠᠷᠢᠮ ᠳᠠᠭᠠᠨ ᠠᠳᠡ ᠠᠴᠠ ᠥᠩᠭᠡᠷᠡᠭᠰᠡᠨ ᠤ ᠨᠡᠭᠦᠷᠡᠰᠦᠨ | ᠳᠡᠯᠭᠡᠭᠦᠷ ᠵᠡᠭᠡᠯᠢ ᠶᠢᠨ ᠳᠤᠷᠠᠰᠤᠮᠵᠢ ᠶᠢ ᠡᠷᠭᠢᠴᠡᠭᠦᠯᠵᠦ᠂ ᠬᠠᠭᠤᠴᠢᠨ ᠪᠤᠭᠤᠲᠤ ᠶᠢᠨ ᠳᠤᠷᠠᠰᠤᠮᠵᠢ ᠶᠢ | ᠰᠠᠨᠠᠭᠳᠠᠭᠤᠯᠵᠤ᠂ ᠴᠠᠭ ᠮᠥᠴᠡ ᠨᠢ ᠴᠦ ᠥᠩᠭᠡᠷᠡᠭᠰᠡᠨ ᠤ ᠰᠢᠭ᠋ ᠰᠠᠨᠠᠭᠳᠠᠪᠠ᠃ | ᠴᠠᠭ ᠦᠶ᠎ᠡ ᠶᠢᠨ ᠤᠷᠤᠰᠬᠠᠯ ᠬᠤᠪᠢᠰᠤᠯᠲᠠ ᠶᠢᠨ ᠳᠤᠮᠳᠠ᠂ ᠢᠷᠡᠭᠡᠳᠦᠢ ᠶᠠᠭᠠᠬᠢᠵᠤ ᠬᠤᠪᠢᠷᠠᠭᠰᠠᠨ ᠴᠤ᠂ | ᠨᠡᠭᠦᠷᠡᠰᠦᠨ ᠵᠠᠬ᠎ᠠ ᠵᠡᠭᠡᠯᠢ ᠪᠣᠯᠤᠨ ᠰᠢᠭᠤᠶᠢᠲᠤ ᠨᠡᠭᠦᠷᠡᠰᠦᠨ ᠤ ᠲᠡᠦᠬᠡ ᠶᠢᠨ ᠳᠤᠷᠠᠰᠤᠮᠵᠢ ᠪᠦᠷ ᠮᠢᠨᠦ ᠰᠡᠳᠬᠢᠯ ᠳᠤ | ᠬᠠᠳᠠᠩᠰᠢᠵᠤ᠂ ᠪᠣᠳᠤᠭᠳᠠᠵᠤ ᠰᠠᠨᠠᠭᠳᠠᠨ᠎ᠠ᠂ ᠡᠭᠦᠨ ᠢ ᠪᠣᠳᠤᠬᠤ ᠳᠤ᠂ ᠮᠢᠨᠦ ᠰᠡᠳᠬᠢᠯ ᠳᠤ ᠢᠲᠡᠭᠡᠯ ᠳᠦᠭᠦᠷᠡᠩ | ᠪᠠᠶᠢᠵᠤ ᠲᠡᠷᠡ ᠬᠦ ᠠᠭᠤᠷᠬᠠᠢ ᠶᠢᠨ ᠰᠣᠶᠣᠯ ᠤᠨ ᠭᠦᠨ ᠵᠤᠵᠠᠭᠠᠨ ᠦᠨᠳᠦᠰᠦ ᠰᠤᠳᠠᠰᠤ ᠪᠣᠯᠤᠨ ᠬᠦᠴᠦᠨ ᠴᠢᠳᠠᠯ | ᠭᠦᠨ ᠪᠥᠭᠡᠳ ᠤᠳᠠᠭᠠᠨ ᠳᠠᠭᠠᠭᠠᠮᠠᠭᠠᠢ ᠪᠠᠶᠢᠬᠤ ᠶᠢ ᠰᠡᠷᠡᠵᠦ ᠮᠡᠳᠡᠵᠡᠢ᠃ ᠡᠭᠦᠷᠢᠲᠡ ᠶᠢᠨ ᠨᠡᠭᠦᠷᠡᠰᠦᠨ ᠤ ᠵᠠᠬ᠎ᠠ | ᠵᠡᠭᠡᠯᠢ︕ ᠡᠭᠦᠷᠢᠲᠡ ᠶᠢᠨ ᠨᠡᠭᠦᠷᠡᠰᠦᠨ ᠤ ᠵᠠᠬ᠎ᠠ ᠵᠡᠭᠡᠯᠢ ᠪᠠ ᠰᠢᠭᠤᠶᠢᠲᠤ ᠨᠡᠭᠦᠷᠡᠰᠦᠨ ᠤ ᠳᠤᠷᠠᠰᠤᠮᠵᠢ︕ | |