ᠠᠯᠳᠠᠨᠬᠢᠩᠭᠠᠨ᠄ ᠪᠤᠳᠠᠰ ᠤᠨ ᠪᠤᠰᠥ ᠰᠤᠶᠤᠯ ᠤᠨ ᠦᠪ ᠢ ᠰᠤᠷᠭᠠᠭᠤᠯᠢ ᠶᠢᠨ ᠬᠦᠷᠢᠶᠡᠨ ᠳᠤ ᠤᠯᠠᠮᠵᠢᠯᠠᠨ ᠳᠡᠯᠭᠡᠷᠡᠬᠦᠯᠥᠨ᠎ᠡ
ᠨᠡᠶᠢᠲᠡᠯᠡᠭᠰᠡᠨ ᠴᠠᠭ᠄
2024/4/18
F202404151548312006702463.jpg
         ᠬᠢᠩᠭᠠᠨ ᠠᠶᠢᠮᠠᠭ ᠤᠨ  ᠬᠤᠷᠴᠢᠨ  ᠪᠠᠷᠠᠭᠤᠨ  ᠭᠠᠷᠤᠨ  ᠳᠤᠮᠳᠠᠳᠤ  ᠬᠤᠰᠢᠭᠤᠨ ᠤ  ᠳᠤᠮᠳᠠ  ᠵᠡᠷᠭᠡ ᠶᠢᠨ  ᠠᠵᠢᠯ‌ᠮᠡᠷᠭᠡᠵᠢᠯ ᠤᠨ ᠰᠤᠷᠭᠠᠭᠤᠯᠢ ᠶᠢᠨ ᠦᠨᠳᠦᠰᠦᠲᠡᠨ ᠤ ᠭᠠᠷ ᠤᠷᠠᠯᠠᠯ ᠤᠨ ᠪᠣᠯᠪᠠᠰᠤᠷᠠᠯ ᠤᠨ ᠲᠠᠰᠤᠭ ᠲᠤ ᠬᠦᠷᠪᠡᠯ᠂ ᠠᠯᠳᠠᠨᠬᠢᠩᠭᠠᠨ‌‍ᠰᠤᠷᠤᠭᠴᠢᠳ ᠲᠤ ᠪᠠᠨ ᠮᠥᠩᠭᠦᠨ ᠡᠳ᠋ᠯᠡᠯ ᠦᠢᠯᠡᠳᠬᠦ ᠶᠢ ᠵᠢᠭᠠᠨ ᠵᠢᠯᠤᠭᠤᠳᠴᠥ ᠪᠠᠶᠢᠯ᠎ᠠ᠃               ᠠᠯᠳᠠᠨᠬᠢᠩᠭᠠᠨ ᠪᠤᠯ ᠠᠯᠳᠠ ᠮᠦᠡᠭᠬᠦᠨ ᠡᠳ᠋ᠯᠡᠯ ᠬᠡᠷᠡᠭᠰᠡᠯ ᠤᠨ ᠭᠠᠷ ᠤᠷᠠᠯᠠᠯ ᠤᠨ  ᠲᠦᠷᠦᠯ  ᠵᠦᠢᠯ ᠤᠨ  ᠬᠤᠰᠢᠭᠤᠨ‌‍ᠲ᠋ᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠲᠥᠯᠥᠭᠡᠯᠡᠬᠦ ᠴᠢᠨᠠᠷᠲᠠᠢ ᠦᠪᠯᠡᠨ ᠤᠯᠠᠮᠵᠢᠯᠠᠭᠴᠢ  ᠪᠤᠯᠤᠨ᠎ᠠ᠃  ᠶᠡᠷᠡᠭᠡᠳ‌ᠤᠨ ᠠᠴᠠ ᠰᠡᠬᠦᠯᠡᠷ ᠲᠦᠷᠥᠭᠰᠡᠨ ᠳᠡᠷᠡᠪᠡᠷ ᠬᠠᠷᠠᠬᠠᠨ ᠪᠠᠭ᠎ᠠ ᠠᠴᠠ ᠪᠠᠨ ᠤᠷᠠᠨ ᠵᠢᠷᠤᠭ᠂ ᠵᠤᠬᠢᠶᠠᠨ ᠪᠦᠳᠥᠭᠡᠯᠭᠡ ᠳᠤ ᠲᠦᠢᠯ ‍ᠤᠨ‌‍ᠲ᠋ᠤᠷ᠎ᠠ  ᠪᠠᠭ᠋ᠠᠳᠠᠢ  ᠪᠠᠶᠢᠵᠤ᠂  ᠰᠢᠷᠭᠠᠭᠤ  ᠴᠢᠷᠮᠠᠶᠢᠯᠭ᠎ᠠ ᠪᠠᠷ ᠢᠶᠠᠨ  ᠳᠠᠮᠵᠢᠨ  2013  ᠣᠨ ᠳᠤ  ᠥᠪᠥᠷ   ᠮᠣᠩᠭᠤᠯ ‍ᠤᠨ‌ᠦᠨᠳᠦᠰᠦᠲᠡᠨ ᠤ ᠶᠡᠭᠡ ᠰᠤᠷᠭᠠᠭᠤᠯᠢ ᠶᠢᠨ ᠤᠷᠠᠨ ᠵᠢᠷᠤᠭ ᠤᠨ ᠲᠤᠰᠬᠠᠶ ᠮᠡᠷᠭᠡᠵᠢᠯ ᠤᠨ ᠰᠠᠯᠪᠤᠷᠢ ᠳᠤ ᠰᠢᠯᠭᠠᠨ ᠣᠷᠣᠪᠠ᠃ ᠶᠡᠭᠡ‌‍ᠰᠤᠷᠭᠠᠭᠤᠯᠢ ᠪᠠᠨ ᠲᠡᠭᠦᠰᠦᠭᠰᠡᠨ ᠤ ᠳᠠᠷᠠᠭ᠎ᠠ᠂ ᠠᠯᠳᠠᠨᠬᠢᠩᠭᠠᠨ  ᠮᠥᠩᠭᠦᠨ  ᠡᠳ᠋ᠯᠡᠯ  ᠬᠢᠬᠦ  ᠤᠷ᠎ᠠ  ᠮᠡᠷᠭᠡᠵᠢᠯ ᠢ  ᠦᠷᠭᠦᠯᠵᠢᠯᠡᠨ‌‍ᠰᠤᠷᠤᠯᠴᠠᠪᠠ᠃ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠡᠳᠦᠷ ᠢᠷᠡᠬᠦᠶ᠎ᠡ ᠬᠥᠭᠵᠢᠵᠦ ᠪᠠᠶᠢᠭ᠎ᠠ ᠥᠨᠥᠳᠦᠷ᠂ ᠠᠯᠳᠠ ᠮᠦᠡᠭᠬᠦᠨ‌ᠡᠳ᠋ᠯᠡᠯ ᠬᠡᠷᠡᠭᠰᠡᠯ ᠬᠢᠬᠦ ᠤᠯᠠᠮᠵᠢᠯᠠᠯᠳᠥ ᠮᠡᠷᠭᠡᠵᠢᠯ ᠨᠢ ᠵᠠᠬ᠎ᠠ ᠳᠡᠯᠭᠡᠬᠦᠷ ᠲᠤ ᠳᠤᠪᠤᠶᠢᠮ᠎ᠡ ᠪᠠᠶᠢᠷᠢ  ᠰᠠᠭᠤᠷᠢ ᠲᠠᠢ  ᠪᠤᠯᠤᠨ᠎ᠠ  ᠬᠡᠳᠡᠭ‌‍ᠴᠢᠨᠢ ᠨᠡᠭᠡᠷᠡᠨ ᠬᠦᠴᠢᠷ ᠶᠠᠪᠤᠳᠠᠯ ᠪᠤᠯᠤᠭᠰᠠᠨ  ᠬᠡᠳᠡᠭ ᠢ  ᠠᠯᠳᠠᠨᠬᠢᠩᠭᠠᠨ  ᠳᠤᠳᠤᠷᠬᠠᠢ  ᠮᠡᠳᠡᠳᠡᠭ ᠢᠶᠠᠷ ᠢᠶᠠᠨ᠂  ᠳᠤᠮᠳᠠᠳᠤ ᠵᠢᠨ‌ᠦᠨᠳᠦᠰᠦᠲᠡᠨ ᠤ ᠰᠢᠯᠢᠳᠡᠭ ᠤᠯᠠᠮᠵᠢᠯᠠᠯᠲᠤ ᠰᠣᠶᠣᠯ ᠢ ᠰᠠᠶᠢᠳᠥᠷ ᠤᠯᠠᠮᠵᠢᠯᠠᠨ ᠬᠦᠭᠵᠢᠬᠦᠯᠵᠤ᠂ ᠨᠡᠩ ᠤᠯᠠᠨ ᠬᠦᠮᠥᠰ ᠲᠤ ᠡ᠊ᠨᠡᠬᠦ‌ᠤᠯᠳᠠᠰᠢ ᠦᠬᠡᠢ ᠪᠤᠳᠠᠰ ᠤᠨ ᠪᠤᠰᠥ ᠰᠤᠶᠤᠯ ᠤᠨ ᠦᠪ ᠤᠨ  ᠮᠡᠷᠭᠡᠵᠢᠯ ᠢᠶᠠᠨ  ᠤᠯᠠᠮᠵᠢᠯᠠᠶ᠎ᠡ  ᠭᠡᠰᠡᠨ  ᠡᠬᠦᠳᠡᠨ ᠠᠴᠠ  ᠵᠤᠷᠢᠭ‌‍ᠰᠢᠭᠤᠳᠥᠨ ᠦᠨᠥ ᠮᠡᠷᠭᠡᠵᠢᠯ ᠢᠶᠠᠨ ᠰᠤᠷᠤᠭᠴᠢᠳ ᠲᠤ ᠪᠠᠨ ᠤᠯᠠᠮᠵᠢᠯᠠᠭᠰᠠᠨ ᠶᠤᠮ᠃                ᠠᠯᠳᠠ ᠮᠦᠡᠭᠬᠦᠨ ᠡᠳ᠋ᠯᠡᠯ ᠬᠡᠷᠡᠭᠰᠡᠯ ᠬᠢᠬᠦ ᠤᠯᠠᠮᠵᠢᠯᠠᠯᠳᠥ ᠮᠡᠷᠭᠡᠵᠢᠯ ᠢ  ᠰᠠᠶᠢᠳᠥᠷ  ᠪᠠᠳᠠᠷᠠᠭᠤᠯᠤᠨ  ᠳᠡᠯᠭᠡᠷᠡᠭᠦᠯᠬᠦ ᠵᠢᠨ‌‍ᠲ᠋ᠥ᠋ᠯᠥᠭᠡ᠂ ᠠᠯᠳᠠᠨᠬᠢᠩᠭᠠᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠳᠤᠮᠳᠠ ᠵᠡᠷᠭᠡ ᠶᠢᠨ  ᠠᠵᠢᠯ  ᠮᠡᠷᠭᠡᠵᠢᠯ ‍ᠤᠨ‌‍ᠰᠤᠷᠭᠠᠭᠤᠯᠢ ᠳᠤ ᠬᠦᠷᠴᠦ ᠠᠯᠲᠠ ᠮᠥᠩᠭᠦᠨ ᠡᠳ᠋ᠯᠡᠯ ᠬᠡᠷᠡᠭᠰᠡᠯ ᠦᠢᠯᠡᠳᠬᠦ ᠪᠠᠭᠰᠢ ᠪᠣᠯᠤᠭᠰᠠᠨ ᠪᠥᠭᠡᠳ  ᠤᠯᠠᠨ  ᠤᠳᠠᠭ᠎ᠠ ᠵᠢᠨ‌‍ᠰᠢᠷᠭᠠᠭᠤ ᠳᠠᠪᠳᠠᠯᠳᠠ ᠶᠢᠨ ᠳᠤᠮᠳᠠ ᠠᠯᠲᠠ ᠮᠥᠩᠭᠦᠨ ᠡᠳ᠋ᠯᠡᠯ ᠦᠢᠯᠡᠳᠬᠦ ᠤᠷ᠎ᠠ ᠮᠡᠷᠭᠡᠵᠢᠯ ᠢ  ᠰᠤᠳᠤᠯᠤᠨ  ᠳᠡᠭᠡᠭᠰᠢᠯᠡᠭᠦᠯᠵᠦ᠂ᠨᠡᠩ ᠤᠯᠠᠨ ᠵᠠᠯᠠᠭᠤᠴᠤᠳ ᠲᠤ ᠰᠢᠨ᠎ᠡ ᠶᠢ ᠡᠬᠦᠳᠬᠦ ᠰᠡᠳᠬᠢᠴᠡ  ᠪᠠ  ᠤᠯᠠᠮᠵᠢᠯᠠᠯᠳᠥ  ᠤᠷ᠎ᠡ  ᠮᠡᠷᠭᠡᠵᠢᠯ ᠢ  ᠤᠶᠠᠯᠳᠤᠭᠤᠯᠬᠤ‌‍ᠬᠡᠯᠪᠡᠷᠢ ᠪᠠᠷ ᠮᠦᠡᠭᠬᠦᠨ ᠡᠳ᠋ᠯᠡᠯ ᠬᠢᠬᠦ ᠶᠢ ᠰᠢᠰᠲ᠋ᠧᠮ ᠲᠠᠢ ᠨᠠᠷᠢᠯᠢᠭ ᠡᠵᠡᠮᠰᠢᠬᠦᠯᠪᠡ᠃               ᠵᠢᠭᠠᠨ ᠰᠤᠷᠭᠠᠯᠲᠠ ᠶᠢᠨ ᠶᠠᠪᠤᠴᠠ ᠳᠤ᠂ ᠠᠯᠳᠠᠨᠬᠢᠩᠭᠠᠨ ᠤᠯᠠᠮᠵᠢᠯᠠᠯᠲᠤ ᠤᠷ᠎ᠠ ᠮᠡᠷᠭᠡᠵᠢᠯ ᠬᠢᠭᠡᠳ ᠣᠳᠣ  ᠦᠶ᠎ᠡ ᠵᠢᠨ‌ᠠᠮᠢᠳᠤᠷᠠᠯ ᠤᠨ ᠰᠢᠨ᠎ᠡ ᠰᠡᠪᠡᠬᠦᠨ ᠵᠥᠢᠯᠡᠰ ᠢ ᠵᠢᠷᠤᠵᠤ ᠲᠦᠯᠥᠪᠯᠡᠬᠦ ᠶᠢ ᠢᠳᠡᠪᠬᠢᠳᠡᠢ ᠤᠶᠠᠯᠳᠤᠭᠤᠯᠥᠨ᠂  ᠴᠠᠭ ᠤᠨ  ᠦᠡᠭᠭᠡ ᠵᠢ‌‍ᠲ᠋ᠠᠭᠠᠭᠰᠠᠨ ᠡᠯᠧᠮᠧᠨ᠋ᠲ ᠢ ᠦᠨᠳᠦᠰᠦᠲᠡᠨ ᠤ ᠠᠯᠲᠠ ᠮᠥᠩᠭᠦᠨ ᠵᠠᠰᠠᠯ  ᠴᠢᠮᠡᠭᠯᠡᠯ ᠳᠤ  ᠠᠭᠤᠰᠬᠠᠵᠤ᠂  ᠨᠡᠩ  ᠤᠯᠠᠨ  ︽ᠤᠳᠤ‌ᠦᠶ᠎ᠡ ᠶᠢᠨ  ᠬᠡᠪ  ᠨᠠᠮᠪᠠ︾ ᠲᠠᠢ  ᠰᠤᠳᠥᠨ  ᠪᠦᠳᠥᠭᠡᠯ  ᠭᠠᠷᠭᠠᠵᠤ᠂  ᠰᠤᠷᠤᠭᠴᠢᠳ ᠲᠤ  ᠰᠤᠷᠤᠯᠴᠠᠯᠭ᠎ᠠ ᠶᠢᠨ  ᠳᠤᠮᠳᠠ ᠪᠠᠨ‌‍ᠲ᠋ᠤᠮᠳᠠᠳᠤ ᠶᠢᠨ ᠰᠢᠯᠢᠳᠡᠭ  ᠤᠯᠠᠮᠵᠢᠯᠠᠯᠲᠤ  ᠰᠣᠶᠣᠯ ᠤᠨ  ᠷᠢᠳᠢ  ᠰᠢᠳᠢ ᠶᠢ  ᠮᠡᠳᠡᠷᠡᠭᠦᠯᠵᠦ᠂  ᠵᠠᠯᠠᠭᠤᠴᠤᠳ  ᠪᠠᠭᠠᠴᠤᠳ ᠲᠤ᠋‌‍ᠪᠣᠳᠠᠰ ᠤᠨ ᠪᠤᠰᠤ ᠰᠣᠶᠣᠯ ᠤᠨ ᠥᠪ ᠢ ᠤᠯᠠᠮᠵᠢᠯᠠᠵᠤ ᠪᠠᠳᠠᠷᠠᠭᠤᠯᠬᠤ ᠶᠢᠨ ᠦᠢᠯᠡᠳᠦᠯ ᠢ ᠭᠦᠢᠴᠡᠳ ᠲᠠᠨᠢᠭᠤᠯᠵᠤ᠂ ᠪᠣᠳᠠᠰ ‍ᠤᠨ‌‍ᠪᠤᠰᠤ  ᠰᠣᠶᠣᠯ ᠤᠨ  ᠥᠪ ᠢ  ᠰᠤᠷᠭᠠᠭᠤᠯᠢ ᠶᠢᠨ  ᠬᠦᠷᠢᠶᠡᠨ ᠳᠤ  ᠰᠣᠶᠣᠭᠠᠯᠠᠭᠤᠯᠤᠨ᠂  ᠬᠦᠮᠥᠨ  ᠪᠦᠬᠦᠨ   ᠳᠤᠮᠳᠠᠳᠥ ᠵᠢᠨ‌ᠦᠨᠳᠥᠰᠥᠳᠡᠨ ᠤ ᠰᠢᠯᠢᠳᠡᠭ ᠰᠤᠶᠤᠯ ᠢᠶᠠᠨ ᠤᠯᠠᠮᠵᠢᠯᠠᠵᠤ ᠳᠡᠯᠭᠡᠷᠡᠬᠦᠯᠬᠦ ᠶᠢ ᠤᠷᠢᠶᠠᠯᠠᠭᠰᠠᠨ ᠪᠠᠶᠢᠨ᠎ᠠ᠃               ︽ᠮᠠᠨ ᠤ  ᠪᠠᠭᠰᠢ ᠠᠴᠠ  ᠮᠥᠩᠭᠦᠨ  ᠡᠳ᠋ᠯᠡᠯ  ᠦᠢᠯᠡᠳᠬᠦ ᠶᠢ  ᠰᠤᠷᠤᠯᠴᠠᠬᠤ ᠪᠠᠷ  ᠳᠠᠮᠵᠢᠨ᠂  ᠪᠣᠳᠠᠰ ᠤᠨ  ᠪᠤᠰᠤ‌‍ᠰᠣᠶᠣᠯ ᠤᠨ ᠥᠪ ᠢ ᠤᠯᠠᠮ  ᠨᠢᠭᠡ  ᠠᠯᠬᠤᠮ  ᠲᠠᠨᠢᠵᠤ  ᠤᠶᠢᠯᠠᠭᠠᠭᠰᠠᠨ ᠢᠶᠠᠷ  ᠪᠠᠷᠠᠬᠤ  ᠦᠭᠡᠶ᠂  ᠡᠬᠦᠨ ᠢ ᠪᠠᠨ  ᠰᠠᠶᠢᠳᠥᠷ‌ᠤᠯᠠᠮᠵᠢᠯᠡᠨ ᠬᠦᠭᠵᠢᠬᠦᠯᠵᠤ᠂  ᠪᠡᠶ᠎ᠡ ᠪᠠᠨ  ᠳᠠᠭᠠᠭᠠᠵᠤ  ᠤᠯᠠᠨ ᠤ  ᠳᠠᠭᠠᠰᠢᠶᠠᠯ ᠢ  ᠤᠯᠤᠭᠰᠠᠨ  ᠮᠦᠡᠭᠬᠦᠨ  ᠡᠳ᠋ᠯᠡᠯ  ᠬᠢᠬᠦ ᠪᠠᠷ‌‍ᠴᠢᠷᠮᠠᠶᠢᠵᠤ ᠪᠠᠶᠢᠨ᠎ᠠ︾ ᠭᠡᠵᠦ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠳᠤᠮᠳᠠ ᠵᠡᠷᠭᠡ ᠶᠢᠨ ᠠᠵᠢᠯ ᠮᠡᠷᠭᠡᠵᠢᠯ ‍ᠤᠨ‌‍ᠰᠤᠷᠭᠠᠭᠤᠯᠢ ᠶᠢᠨ ᠭᠠᠷ ᠤᠷᠠᠯᠠᠯ ᠤᠨ ᠤᠷ᠎ᠠ ᠮᠡᠷᠭᠡᠵᠢᠯ ᠤᠨ ᠰᠠᠯᠪᠤᠷᠢ ᠶᠢᠨ ᠰᠤᠷᠤᠭᠴᠢ ᠯᠦ ᠸᠧᠢ ᠸᠧᠢ ᠬᠡᠯᠡᠪᠡ᠃                ︵ᠬᠢᠨᠭ᠍ᠭᠠᠨ ᠠᠶᠢᠮᠠᠭ ᠤᠨ ᠬᠠᠮ ᠵᠠᠭᠤᠴᠢᠯᠠᠭᠤᠷ ᠤᠨ ᠲᠦᠪ ᠤᠨ ᠰᠤᠷᠪᠤᠯᠵᠢᠯᠠᠭᠴᠢ ᠤᠷᠠᠨᠳᠤᠳᠢ ᠴᠢᠮᠡᠭᠡᠯᠡᠭᠴᠢ  ᠮᠠᠶᠢᠯᠠᠰᠥ‌ᠮᠢᠩ ᠶᠠᠩ︶
F202404151548394986702464.jpg
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号