| ᠨᠠᠰᠤ ᠨᠥᠭᠴᠢᠭᠰᠡᠨ ᠢᠰᠫᠠᠨᠢ ᠶᠢᠨ ᠵᠢᠷᠤᠭ ᠤᠨ ᠪᠠᠭᠰᠢᠳᠠᠨ ᠫᠢᠺᠠᠰᠤ᠋· ᠫᠠᠪᠯᠤ᠋ ᠶᠢᠨ ᠵᠢᠷᠤᠭ ︽ᠪᠠᠭᠤᠤ ᠴᠠᠭ | ᠵᠡᠭᠦᠭᠰᠡᠨ ᠪᠦᠰᠡᠬᠦᠢ︾ ᠶᠢ 8 ᠤ ᠡᠳᠦᠷ ᠠᠮᠧᠷᠢᠺᠠ ᠶᠢᠨ ᠨᠢᠦ᠋ ᠶᠣᠷᠺ ᠲᠤ ᠦᠨ᠎ᠡ ᠬᠠᠶᠠᠵᠤ ᠬᠤᠳᠠᠯᠳᠤᠬᠤ ᠳᠤ 1. | 393 ᠳ᠋ᠦᠩᠰᠢᠭᠤᠷ ᠳ᠋ᠣᠯᠯᠠᠷ ᠢᠶᠠᠷ ᠮᠠᠶᠢᠮᠠᠶ ᠪᠦᠲᠦᠵᠠᠢ᠃ ᠡᠨᠡ ᠤᠳᠠᠭᠠᠨ ᠤ ᠦᠨ᠎ᠡ ᠬᠠᠶᠠᠵᠤ ᠬᠤᠳᠠᠯᠳᠤᠬᠤ ᠶᠢ | ᠬᠠᠷᠢᠭᠤᠴᠠᠬᠰᠠᠨ Sotheby ᠦᠨ᠎ᠡ ᠬᠠᠶᠠᠵᠤ ᠬᠤᠳᠠᠯᠳᠤᠬᠤ ᠭᠠᠵᠠᠷ ᠤᠨ ᠬᠢᠨ ᠬᠡᠯᠡᠬᠦ ᠳᠡᠭᠡᠨ᠂ ᠡᠨᠡ ᠪᠣᠯ ᠡᠨᠡ | ᠵᠢᠯ ᠤᠨ ᠪᠦᠬᠦ ᠪᠥᠮᠪᠥᠷᠴᠡᠭ ᠤᠨ ᠦᠨ᠎ᠡ ᠬᠠᠶᠠᠵᠤ ᠬᠤᠳᠠᠯᠳᠤᠬᠤ ᠬᠤᠷᠠᠯ ᠳᠡᠭᠡᠷ᠎ᠡ ᠠᠷᠠᠯᠵᠢᠶᠠᠯᠠᠭᠰᠠᠨ ᠦᠨ᠎ᠡ ᠪᠠᠷ | ᠬᠠᠮᠤᠭ ᠥᠨᠳᠥᠷ ᠤᠷᠠᠯᠢᠭ ᠤᠨ ᠪᠦᠲᠦᠭᠡᠯ ᠪᠣᠯᠤᠨ᠎ᠠ ᠭᠡᠪᠡ᠃ | ᠡᠨᠡ ᠵᠢᠷᠤᠭ ᠢ 1932 ᠣᠨ ᠳᠤ ᠵᠤᠬᠢᠶᠠᠨ ᠪᠦᠳᠦᠭᠡᠪᠡ᠃ ᠦᠨ᠎ᠡ ᠬᠠᠶᠠᠵᠤ ᠬᠤᠳᠠᠯᠳᠤᠬᠤ | ᠭᠠᠵᠠᠷ ᠤᠨ ᠰᠠᠭᠤᠭᠳᠠᠯᠴᠢ ᠪᠦᠯᠦᠭ ᠪᠠ ᠣᠲᠣ ᠦᠶ᠎ᠡ ᠶᠢᠨ ᠤᠷᠠᠯᠢᠭ ᠤᠨ ᠶᠠᠮᠤᠨ ᠤ ᠬᠠᠷᠢᠭᠤᠴᠠᠯᠭᠠᠲᠠᠨ | ᠵᠦᠯᠢᠶᠠᠨ·ᠳ᠋ᠤᠽᠣᠨ ᠤ ᠬᠡᠯᠡᠬᠦ ᠳᠡᠭᠡᠨ᠂ ᠲᠡᠷᠡ ᠵᠢᠯ ᠪᠣᠯ ᠫᠢᠺᠠᠰᠤ᠋· ᠫᠠᠪᠯᠤ᠋ ᠶᠢᠨ ᠤᠷᠠᠯᠢᠭ ᠤᠨ ᠨᠢᠭᠡ ᠨᠠᠰᠤᠨ ᠤ | ︽ᠭᠠᠶᠢᠬᠠᠮᠰᠢᠭᠲᠠᠶ ᠵᠢᠯ︾ ᠪᠤᠯᠤᠨ᠎ᠠ᠂ ᠲᠡᠷᠡ ᠶᠡᠭᠡ ᠣᠯᠠᠨ ᠪᠦᠲᠦᠭᠡᠯ ᠵᠣᠬᠢᠶᠠᠨ ᠪᠦᠲᠦᠭᠡᠵᠦ᠂ ᠤᠷᠠᠯᠢᠭ ᠤᠨ | ᠲᠦᠪᠰᠢᠨ ᠨᠢ ᠰᠢᠨ᠎ᠡ ᠦᠨᠲᠦᠷᠯᠢᠭ ᠲᠤ ᠭᠦᠷᠦᠭᠰᠡᠨ ᠪᠠᠶᠢᠨ᠎ᠠ ᠬᠡᠵᠡᠢ᠃ | ᠷᠦᠲ᠋ᠧᠷ ᠬᠤᠷᠢᠶᠠᠨ ᠤ ᠮᠡᠳᠡᠭᠡᠯᠡᠭᠰᠡᠨ ᠢᠶᠠᠷ᠂ ᠨᠡᠷ᠎ᠡ ᠪᠤᠷᠤᠭᠤᠯᠠᠭᠰᠠᠨ ᠨᠢᠭᠡᠨ ᠬᠤᠳᠠᠯᠳᠤᠨ ᠠᠪᠤᠭᠴᠢ | ᠪᠤᠰᠤᠳ ᠬᠤᠶᠠᠷ ᠦᠷᠢᠰᠦᠯᠳᠦᠭᠴᠢ ᠪᠠᠨ ᠢᠯᠠᠵᠤ᠂ ᠡᠨᠡ ᠵᠢᠷᠤᠭ ᠢ ᠦᠨ᠎ᠡ ᠬᠠᠶᠠᠵᠤ ᠬᠤᠳᠠᠯᠳᠤᠨ ᠠᠪᠤᠬᠰᠠᠨ | ᠪᠠᠶᠢᠨ᠎ᠠ ᠭᠡᠪᠡ᠃ | ᠦᠨ᠎ᠡ ᠬᠠᠶᠠᠵᠤ ᠬᠤᠳᠠᠯᠳᠤᠬᠤ ᠭᠠᠵᠠᠷ ᠤᠨ ᠬᠢᠨ ᠡᠭᠦᠨ ᠠᠴᠠ ᠡᠮᠦᠨ᠎ᠡ ︽ᠪᠠᠭᠤᠤ ᠴᠠᠭ ᠵᠡᠭᠦᠭᠰᠡᠨ | ᠪᠦᠰᠡᠭᠦᠢ︾ ᠶᠢᠨ ᠠᠷᠠᠯᠵᠢᠶᠠᠯᠠᠬᠤ ᠦᠨ᠎ᠡ ᠨᠢ ᠠᠳᠠᠭ ᠲᠠᠭᠠᠨ 1.2 ᠳ᠋ᠦᠩᠰᠢᠭᠤᠷ ᠳ᠋ᠣᠯᠯᠠᠷ ᠲᠤ ᠬᠦᠷᠬᠦ ᠪᠣᠯᠤᠮᠵᠢ ᠲᠠᠢ | ᠭᠡᠵᠦ ᠵᠢᠱᠢᠵᠦ ᠪᠠᠶᠢᠪᠠ᠃ ᠡᠴᠦᠰ ᠤᠨ ᠦᠨ᠎ᠡ ᠨᠢ ᠡᠨᠡ ᠵᠢᠷᠤᠭ ᠢ ᠫᠢᠺᠠᠰᠤ᠋· ᠫᠠᠪᠯᠤ᠋ ᠶᠢᠨ ᠵᠢᠷᠤᠭ ᠤᠨ ᠳᠣᠲᠣᠷᠠᠬᠢ | ᠦᠨ᠎ᠡ ᠬᠠᠶᠠᠵᠦ ᠬᠤᠳᠠᠯᠳᠤᠬᠤ ᠦᠨ᠎ᠡ ᠪᠠᠷ ᠬᠤᠶᠠᠳᠤᠭᠠᠷ ᠥᠨᠳᠥᠷ ᠪᠦᠲᠦᠭᠡᠯ ᠪᠣᠯᠭᠠᠵᠤ᠂ 2015 ᠣᠨ ᠳᠤ | ᠵᠢᠶᠠᠱᠢᠳ᠋ ᠦᠨ᠎ᠡ ᠬᠠᠶᠠᠵᠦ ᠬᠤᠳᠠᠯᠳᠤᠬᠤ ᠭᠠᠵᠠᠷ ᠤᠨ 1.79 ᠳ᠋ᠦᠩᠰᠢᠭᠤᠷ ᠳ᠋ᠣᠯᠯᠠᠷ ᠢᠶᠠᠷ ᠦᠨ᠎ᠡ ᠬᠠᠶᠠᠵᠤ | ᠬᠤᠳᠠᠯᠳᠤᠬᠰᠠᠨ ︽ᠠᠯᠵᠧᠷ ᠤᠨ ᠪᠦᠰᠡᠬᠦᠢ ︵O ᠬᠡᠪᠯᠡᠯ︶︾ ᠶᠢᠨ ᠳᠠᠷᠠᠭ᠎ᠠ ᠯᠠ ᠤᠷᠤᠭᠰᠠᠨ ᠪᠠᠶᠢᠨ᠎ᠠ᠃ | ︽ᠪᠠᠭᠤᠤ ᠴᠠᠭ ᠵᠡᠭᠦᠭᠰᠡᠨ ᠪᠦᠰᠡᠬᠦᠢ︾ ᠪᠣᠯ ᠨᠢᠭᠡᠨᠳᠡ ᠨᠠᠰᠤ ᠪᠠᠷᠠᠭᠰᠠᠨ ᠠᠮᠧᠷᠢᠺᠠ ᠶᠢᠨ ᠬᠤᠷᠢᠶᠠᠨ | ᠬᠠᠳᠠᠭᠠᠯᠠᠭᠴᠢ ᠡᠸ᠋ᠮᠢᠯᠢ· ᠹᠢᠱᠤᠷ· ᠯᠠᠨᠳᠣ᠋ ᠶᠢᠨ ᠬᠠᠳᠠᠭᠠᠯᠠᠮᠵᠢ ᠶᠢᠨ ᠪᠦᠳᠦᠭᠡᠯ ᠤᠨ ᠨᠢᠭᠡ ᠪᠣᠯᠤᠨ᠎ᠠ᠃ ᠲᠡᠷᠡ | ᠠᠮᠧᠷᠢᠺᠠ ᠶᠢᠨ ᠸᠧᠢᠢᠲᠨᠢ ᠤᠷᠠᠯᠢᠭ ᠤᠨ ᠮᠦᠽᠧᠶ ᠶᠢᠨ ᠬᠡᠷᠡᠭ ᠮᠡᠳᠡᠭᠴᠢᠳ ᠤᠨ ᠵᠥᠪᠯᠡᠯ ᠤᠨ ᠭᠡᠰᠢᠭᠦᠨ ᠤ | ᠲᠤᠰᠢᠶᠠᠯ ᠢ ᠣᠷᠳᠣ ᠬᠤᠭᠤᠴᠠᠭ᠎ᠠ ᠪᠠᠷ ᠬᠠᠷᠢᠭᠤᠴᠠᠵᠤ ᠪᠠᠶᠢᠪᠠ᠂ ᠡᠨᠡ ᠵᠢᠯ ᠤᠨ 3 ᠰᠠᠷ᠎ᠠ ᠳᠤ 102 | ᠨᠠᠰᠤᠲᠠᠶ ᠳᠠᠭᠠᠨ ᠨᠠᠰᠤ ᠪᠠᠷᠠᠪᠠ᠃ | ᠨᠠᠢᠢᠷᠠᠭᠤᠯᠤᠭ᠌ᠴᠢ᠄ ᠰᠤᠪᠤᠳ | |