ᠰᠡᠶᠢᠯᠦᠮᠡᠯ ᠤᠷᠠᠯᠢᠭ ᠲᠤ ᠪᠠᠭ᠋ᠠᠳᠠᠢ ᠮᠠᠯᠴᠢᠨ ᠪᠤᠤ ᠬᠡᠷᠡᠯᠳᠤ
ᠨᠡᠶᠢᠲᠡᠯᠡᠭᠰᠡᠨ ᠴᠠᠭ᠄
2024/2/28
F202310071545171216701241.jpg
            ᠬᠢᠨᠭ᠍ᠭᠠᠨ ᠠᠶᠢᠮᠠᠭ ᠤᠨ ᠬᠤᠷᠴᠢᠨ ᠪᠠᠷᠠᠭᠤᠨ ᠭᠠᠷᠦᠨ ᠡᠮᠦᠨᠡᠳᠤ ᠬᠤᠰᠢᠭᠤᠨ ᠤ ᠮᠠᠨᠵᠦᠲ᠋ᠦ᠋ᠨ ᠤ ᠮᠠᠨᠵᠦ ᠦᠨᠳᠦᠰᠦᠳᠡᠨ ᠤ ᠰᠢᠶᠠᠩ ᠤᠨ ᠮᠠᠨᠳᠤᠯᠳᠤ ᠭᠠᠴᠠᠭ᠎ᠠ ᠪᠠᠷ ᠨᠤᠳᠤᠬᠳᠠᠢ ᠮᠠᠯᠴᠢᠨ ᠪᠤᠤ  ᠬᠡᠷᠡᠯᠳᠤ  ᠪᠤᠯ  ᠬᠤᠯᠠ  ᠤᠶᠢᠷ᠎ᠠ  ᠳᠤ ᠪᠠᠨ  ᠠᠯᠳᠠᠷᠳᠠᠢ ᠰᠡᠶᠢᠯᠦᠮᠡᠯᠴᠢᠨ ᠪᠤᠯᠬᠤ ᠪᠦᠭᠡᠳ ᠬᠢᠨᠭ᠍ᠭᠠᠨ ᠠᠶᠢᠮᠠᠭ ᠤᠨ ᠲᠠᠪᠤᠳᠤᠭᠠᠷ ᠪᠦᠯᠦᠭ ᠤᠨ ᠪᠤᠳᠠᠰ  ᠤᠨ  ᠪᠤᠰᠤ  ᠰᠤᠶᠤᠯ  ᠤᠨ  ᠦᠪ ︽ᠬᠤᠷᠴᠢᠨ ᠰᠡᠶᠢᠯᠦᠮᠡᠯ︾ ᠤᠨ ᠲᠦᠯᠦᠭᠡᠯᠡᠭᠴᠢ ᠦᠪᠯᠡᠨ ᠤᠯᠠᠮᠵᠢᠯᠠᠬᠴᠢ ᠪᠤᠯᠤᠨ᠎ᠠ᠃                ᠪᠤᠤ ᠬᠡᠷᠡᠯᠳᠤ ᠶᠢᠨ ᠨᠤᠳᠤᠭ ᠪᠤᠯᠬᠤ ᠮᠠᠨᠵᠦᠲ᠋ᠦ᠋ᠨ ᠤ ᠮᠠᠨᠵᠦ  ᠦᠨᠳᠦᠰᠦᠳᠡᠨ  ᠤ  ᠰᠢᠶᠠᠩ ᠨᠢ  ᠦᠨᠳᠦᠷ  ᠰᠦᠷᠯᠢᠭ ᠠᠭᠤᠯᠠ ᠬᠠᠶᠢᠷᠬᠠᠨ ᠲᠠᠢ᠂ ᠦᠩ ᠰᠢᠮᠡᠯᠢᠭ ᠡᠪᠡᠰᠦ ᠪᠡᠯᠴᠢᠬᠡᠷ ᠲᠠᠢ᠂ ᠤᠷᠤᠰᠬᠠᠯ ᠲᠤᠩᠭᠠᠯᠠᠭ ᠭᠤᠤᠯ ᠭᠤᠷᠤᠬ᠎ᠠ ᠲᠠᠢ  ᠰᠠᠶᠢᠬᠠᠨ ᠨᠤᠳᠤᠭ ᠶᠤᠮ᠃ ᠡᠶᠢᠮᠦ ᠰᠠᠶᠢᠬᠠᠨ ᠨᠤᠳᠤᠭ ᠤᠰᠤᠨ ᠳᠤ ᠲᠦᠷᠦᠵᠦ ᠦᠰᠦᠭᠰᠡᠨ ᠪᠤᠤ  ᠭᠡᠷᠡᠯᠳᠤ  ᠬᠠᠷᠠᠬᠠᠨ  ᠪᠠᠭ᠎ᠠ ᠠᠴᠠ ᠪᠠᠨ ᠨᠤᠳᠤᠭ ᠤᠨ ᠢᠶᠠᠨ ᠪᠠᠶᠢᠭᠠᠯᠢ ᠶᠢᠨ ᠦᠵᠡᠮᠵᠢ ᠶᠢ ᠪᠠᠭ᠋ᠠᠷᠬᠠᠵᠦ᠂ ᠠᠷᠪᠠᠨ ᠲᠤᠯᠤᠭᠠᠨ ᠨᠠᠰᠦᠳᠠᠢ ᠠᠴᠠ ᠪᠠᠨ ᠮᠠᠯ ᠮᠠᠯᠵᠢᠵᠦ᠂ ᠬᠤᠨᠢ ᠬᠠᠷᠢᠭᠤᠯᠵᠦ ᠬᠦᠳᠡᠭᠡ ᠶᠠᠪᠤᠬᠤ ᠳᠠᠭᠠᠨ  ᠬᠡᠵᠢᠶᠡᠳᠡ  ᠵᠦᠬᠡᠷ  ᠶᠠᠪᠤᠳᠠᠭ  ᠦᠬᠡᠢ  ᠬᠠᠷᠢᠨ  ᠭᠤᠤᠯ  ᠤᠨ  ᠲᠤᠬᠤᠢ᠂  ᠵᠢᠯᠠᠭ᠎ᠠ ᠬᠦᠨᠳᠡᠢ ᠶᠢᠨ ᠬᠤᠪᠬᠠᠶᠢᠷᠠᠵᠦ ᠦᠵᠢᠷᠡᠭᠰᠡᠨ ᠬᠠᠶᠢᠯᠠᠰᠦᠨ ᠮᠤᠳᠤᠨ ᠦᠨᠳᠦᠰᠦᠨ ᠲᠡᠭᠡᠷ᠎ᠡ ᠵᠢᠷᠤᠭ ᠰᠡᠶᠢᠯᠵᠦ ᠰᠠᠭᠤᠳᠠᠭ᠃  ᠲᠡᠷᠡ ᠮᠠᠯᠵᠢᠬᠤ ᠠᠮᠢᠳᠦᠷᠠᠯ ᠳᠠᠭᠠᠨ ᠤᠨᠴᠠ ᠶᠢᠨ ᠬᠠᠶᠢᠷᠠᠳᠠᠢ ᠲᠤᠯᠠ ᠴᠢᠯᠦᠬᠡ  ᠵᠠᠪ  ᠭᠠᠷᠤᠬᠰᠠᠭᠠᠷ  ᠯᠡ  ᠮᠤᠩᠭᠤᠯ  ᠬᠡᠷ᠂  ᠬᠠᠨᠭ᠍ᠭᠠᠢ ᠲᠡᠷᠭᠡ᠂ ᠲᠠᠪᠦᠨ ᠬᠤᠰᠢᠭᠤ ᠮᠠᠯ ᠵᠡᠷᠭᠡ ᠶᠢ ᠬᠠᠶᠢᠯᠠᠰᠦᠨ ᠮᠤᠳᠤᠨ ᠦᠨᠳᠦᠰᠦ᠂  ᠬᠤᠰᠤ  ᠮᠤᠳᠤᠨ  ᠤ  ᠦᠨᠳᠦᠰᠦᠨ  ᠲᠡᠭᠡᠷ᠎ᠡ ᠰᠡᠶᠢᠯᠵᠦ᠂ ᠪᠠᠭ᠎ᠠ ᠶᠢᠨ ᠦᠶ᠎ᠡ ᠶᠢᠨ ᠤᠳᠤᠷ ᠮᠠᠯᠵᠢᠯ ᠤᠨ ᠠᠮᠢᠳᠦᠷᠠᠯ ᠢᠶᠠᠨ ᠡᠷᠬᠢᠴᠡᠬᠦᠯᠵᠦ ᠰᠠᠭᠤᠳᠠᠭ᠃                ᠤᠯᠠᠨ ᠤ ᠮᠡᠳᠡᠬᠡᠵᠢ ᠪᠠᠷ᠂ ᠬᠦᠳᠡᠭᠡ ᠶᠢᠨ ᠮᠠᠯᠵᠢᠬᠤ ᠠᠮᠢᠳᠦᠷᠠᠯ ᠬᠡᠵᠦ ᠵᠢᠯ ᠤᠨ ᠲᠦᠷᠪᠡᠨ ᠤᠯᠠᠷᠢᠯ ᠪᠤᠷᠪᠢ ᠪᠤᠬᠢᠰᠬᠤ ᠵᠠᠪ ᠦᠬᠡᠢ ᠶᠠᠭᠠᠷᠠᠤ ᠪᠠᠶᠢᠵᠦ᠂ ᠲᠤᠷᠠᠳᠠᠢ ᠪᠠᠭ᠋ᠠᠳᠠᠢ ᠰᠡᠶᠢᠯᠦᠮᠡᠯ ᠢᠶᠠᠨ ᠬᠢᠬᠦ ᠴᠠᠭ  ᠲᠡᠮᠡᠢ  ᠪᠠᠶᠢᠳᠠᠭ  ᠦᠬᠡᠢ  ᠪᠠᠶᠢᠵᠠᠢ᠃  ᠪᠤᠤ ᠬᠡᠷᠡᠯᠳᠤ ᠠᠳᠤᠭᠤ ᠮᠠᠯ ᠲᠠᠢ ᠪᠠᠨ ᠨᠤᠤᠷᠠᠯᠳᠤᠨ᠂  ᠨᠢᠬᠡ  ᠮᠡᠳᠡᠬᠦ ᠳᠤ  ᠬᠤᠷᠢᠭᠠᠳ‌ᠵᠢᠯ   ᠤᠨ  ᠨᠢᠭᠤᠷ  ᠢ  ᠦᠵᠡᠪᠡ᠃  ᠲᠡᠷᠡ ᠦᠪᠡᠷ ᠢᠶᠠᠨ ᠪᠠᠭ᠎ᠠ ᠰᠠᠭ᠎ᠠ ᠬᠤᠷᠠᠮᠳᠤᠭᠤᠯᠭ᠎ᠠ ᠶᠢᠨ ᠮᠦᠡᠭᠬᠦ ᠲᠠᠢ ᠪᠤᠯᠤᠬᠰᠠᠨ   ᠤ  ᠲᠠᠷᠠᠭ᠎ᠠ᠂  2011  ᠤᠨ ᠳᠤ᠂  ᠨᠤᠳᠤᠭ ᠪᠡᠯᠴᠢᠬᠡᠷ ᠢᠶᠠᠨ ᠪᠤᠰᠤᠳ ᠲᠤ ᠲᠦᠷᠢᠶᠡᠰᠦᠯᠡᠬᠦᠯᠦᠨ᠂ ᠨᠢᠬᠡ ᠯᠡ ᠰᠡᠳᠬᠢᠯ ᠢᠶᠠᠷ  ᠦᠪᠡᠷ  ᠤᠨ  ᠲᠤᠷᠠᠳᠠᠢ  ᠪᠠᠭ᠋ᠠᠳᠠᠢ  ᠮᠤᠳᠤᠨ ᠰᠡᠶᠢᠯᠦᠮᠡᠯ ᠢᠶᠠᠨ ᠬᠢᠵᠡᠢ᠃ ᠮᠤᠳᠤᠨ ᠰᠡᠶᠢᠯᠦᠮᠡᠯ ᠬᠢᠬᠦ ᠨᠢ ᠲᠡᠰᠪᠦᠷᠢ ᠲᠡᠪᠵᠢᠶᠡᠷᠢ ᠶᠢ ᠰᠢᠯᠭᠠᠳᠠᠭ ᠨᠠᠷᠢᠯᠢᠭ ᠠᠵᠢᠯ ᠮᠦᠨ᠃  ᠪᠤᠤ ᠬᠡᠷᠡᠯᠳᠤ᠄ ︽ᠪᠠᠭ᠎ᠠ ᠰᠢᠭ᠋ ᠮᠤᠳᠤᠨ ᠰᠡᠶᠢᠯᠦᠮᠡᠯ ᠬᠢᠬᠦ ᠳᠤ ᠠᠳᠠᠭ ᠲᠠᠭᠠᠨ ᠨᠢᠬᠡ ᠭᠠᠷᠠᠭ  ᠤᠨ  ᠴᠠᠭ  ᠵᠠᠷᠦᠴᠠᠭᠤᠯᠤᠨ᠎ᠠ᠂  ᠲᠤᠮᠤ ᠪᠦᠳᠦᠬᠡᠯ ᠬᠢᠬᠦ ᠳᠤ ᠨᠡᠩ ᠴᠤ ᠬᠠᠭᠠᠰ ᠰᠠᠷ᠎ᠠ ᠶᠢᠨ ᠴᠠᠭ ᠵᠠᠷᠦᠴᠠᠭᠤᠯᠤᠨ᠎ᠠ︾  ᠬᠡᠵᠦ  ᠶᠠᠷᠢᠵᠦ  ᠪᠠᠶᠢᠯ᠎ᠠ᠃  ᠪᠤᠤ  ᠬᠡᠷᠡᠯᠳᠤ ᠶᠢᠨ ᠲᠠᠪᠦᠨ ᠵᠢᠯ ᠤᠨ ᠰᠢᠷᠭᠠᠭᠤ ᠤᠷᠤᠯᠳᠤᠯᠭ᠎ᠠ ᠴᠢᠷᠮᠠᠶᠢᠯᠭ᠎ᠠ ᠪᠠᠷ ᠲᠠᠮᠵᠢᠨ᠂ ᠲᠡᠬᠦᠨ ᠤ ᠵᠤᠬᠢᠶᠠᠬᠰᠠᠨ ᠰᠡᠶᠢᠯᠦᠮᠡᠯ ᠨᠢ ᠨᠠᠷᠢᠯᠢᠭ᠂  ᠬᠡ ᠤᠭᠠᠯᠵᠠ ᠨᠢ ᠭᠤᠶᠢᠳᠠ ᠰᠠᠶᠢᠬᠠᠨ ᠪᠠᠶᠢᠳᠠᠭ ᠢᠶᠠᠷ ᠢᠶᠠᠨ ᠠᠭᠠᠵᠢᠮ ᠢᠶᠠᠷ ᠬᠦᠮᠦᠰ  ᠤᠨ  ᠠᠩᠬᠠᠷᠦᠯ  ᠢ  ᠲᠠᠳᠠᠵᠦ  ᠡᠬᠢᠯᠡᠵᠡᠢ᠃ ᠤᠶᠢᠷ᠎ᠠ ᠶᠢᠨ ᠠᠷᠪᠠᠭᠠᠳ ᠵᠢᠯ ᠪᠤᠤ ᠬᠡᠷᠡᠯᠳᠤ ᠤᠷᠢᠳ ᠬᠤᠵᠢᠳ ᠤᠯᠠᠭᠠᠨᠬᠤᠳᠠ ᠶᠢᠨ  ᠱᠧᠨ  ᠵᠢᠶᠦ᠋ᠨ  ᠱᠠᠨ  ᠦᠵᠡᠮᠵᠢ ᠶᠢᠨ ᠤᠷᠤᠨ ᠤ ᠴᠠᠰᠦᠨ ᠱᠤᠭᠤᠮᠠᠯ᠂ ᠮᠠᠨᠵᠦᠲ᠋ᠦ᠋ᠨ ᠤ ᠮᠠᠨᠵᠦ ᠦᠨᠳᠦᠰᠦᠳᠡᠨ ᠤ  ᠰᠢᠶᠠᠩ   ᠤᠨ  ᠠᠭᠤᠳᠠᠮ  ᠲᠠᠯᠠᠪᠠᠢ ᠶᠢᠨ  ᠲᠠᠪᠦᠨ ᠬᠤᠰᠢᠭᠤ ᠮᠠᠯ ᠤᠨ ᠰᠡᠶᠢᠯᠦᠮᠡᠯ ᠵᠡᠷᠭᠡ ᠵᠠᠭᠤ ᠭᠠᠷᠦᠢ ᠮᠦᠰᠦ ᠴᠠᠰᠦᠨ ᠰᠡᠶᠢᠯᠦᠮᠡᠯ᠂ ᠮᠤᠳᠤᠨ ᠰᠡᠶᠢᠯᠦᠮᠡᠯ ᠤᠨ ᠪᠦᠳᠦᠬᠡᠯ  ᠬᠢᠭᠰᠡᠨ ᠪᠠᠶᠢᠨ᠎ᠠ᠃ ᠲᠡᠬᠦᠨ ᠤ ᠪᠦᠳᠦᠬᠡᠯ ᠨᠢ ᠨᠠᠶᠢᠷ ᠨᠠᠭᠠᠳᠦᠮ ᠲᠡᠭᠡᠷ᠎ᠡ ᠴᠤ ᠤᠯᠠᠨ ᠱᠠᠩᠨᠠᠯ ᠬᠦᠬᠢᠬᠦᠯᠦᠯ ᠤᠯᠵᠠᠢ᠃                ᠪᠤᠤ ᠬᠡᠷᠡᠯᠳᠤ 2018 ᠤᠨ ᠳᠤ᠂ ᠬᠢᠨᠭ᠍ᠭᠠᠨ ᠠᠶᠢᠮᠠᠭ ᠤᠨ ᠲᠠᠪᠤᠳᠤᠭᠠᠷ ᠪᠦᠯᠦᠭ ᠤᠨ ᠪᠤᠳᠠᠰ ᠤᠨ  ᠪᠤᠰᠤ  ᠰᠤᠶᠤᠯ ᠤᠨ ᠦᠪ ︽ᠬᠤᠷᠴᠢᠨ ᠰᠡᠶᠢᠯᠦᠮᠡᠯ︾ ᠤᠨ ᠲᠦᠯᠦᠭᠡᠯᠡᠭᠴᠢ ᠦᠪᠯᠡᠨ ᠤᠯᠠᠮᠵᠢᠯᠠᠬᠴᠢ ᠪᠤᠯᠪᠠ᠃ ᠲᠡᠷᠡ ᠦᠪᠯᠡᠨ  ᠤᠯᠠᠮᠵᠢᠯᠠᠬᠴᠢ ᠪᠤᠯᠤᠬᠰᠠᠨ ᠠᠴᠠ ᠡᠷᠴᠢ ᠵᠤᠷᠢᠭ ᠨᠢ ᠤᠯᠠᠮ ᠬᠦᠪᠴᠢᠯᠡᠭᠳᠡᠵᠦ᠂ ᠪᠠᠰᠠ ᠴᠤᠬᠯᠠᠭᠠᠨ᠂ ᠰᠤᠷᠳᠠᠯᠳᠤ᠂ ᠰᠢᠨᠡᠨᠨᠢᠬᠡᠨ᠂  ᠶᠢᠨ  ᠰᠢᠶᠤᠤ ᠹᠦ᠋ ᠵᠡᠷᠭᠡ  ᠲᠦᠷᠪᠡᠨ  ᠱᠠᠪᠢ  ᠰᠤᠷᠭᠠᠵᠦ᠂  ᠦᠪᠯᠡᠨ  ᠤᠯᠠᠮᠵᠢᠯᠠᠬᠴᠢ ᠶᠢᠨ  ᠨᠡᠶᠢᠬᠡᠮ   ᠤᠨ  ᠡᠬᠦᠷᠭᠡ  ᠬᠠᠷᠢᠭᠤᠴᠠᠯᠭ᠎ᠠ ᠪᠠᠨ ᠬᠦᠢᠴᠡᠳᠬᠡᠵᠦ ᠶᠠᠪᠤᠨ᠎ᠠ᠃                 ᠡᠬᠡ ᠪᠢᠴᠢᠭ ᠢ ᠬᠢᠨᠭ᠍ᠭᠠᠨ ᠤ ᠡᠳᠤᠷ ᠤᠨ ᠰᠤᠨᠢᠨ ᠤ ᠬᠤᠷᠢᠶ᠎ᠠ ᠶᠢᠨ ᠰᠤᠷᠪᠤᠯᠵᠢᠯᠠᠬᠴᠢ ᠡᠤ ᠰᠡᠷᠭᠦᠯᠡᠩ ᠬᠠᠨᠭ᠍ᠭᠠᠪᠠ
 
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号