ᠡᠪᠡᠰᠥᠨ ᠬᠦᠷᠥᠮᠡᠯ ᠤᠨ ᠠᠵᠤ ᠥᠢᠯᠡᠰ ᠪᠠᠶᠠᠵᠢᠯ ᠤᠨ ᠵᠠᠮ ᠢ ᠬᠦᠲᠦᠯᠦᠯ᠎ᠡ
ᠨᠡᠶᠢᠲᠡᠯᠡᠭᠰᠡᠨ ᠴᠠᠭ᠄
2023/11/10
F202310241543152906701431.jpg
           ︽ᠪᠢᠳᠡ ᠤᠷᠢᠳᠠᠪᠠᠷ ᠤᠬᠢᠶᠠᠭᠰᠠᠨ ᠡᠷᠳᠡᠨᠢ ᠰᠢᠰᠢ ᠶᠢᠨ ᠨᠠᠪᠴᠢ ᠪᠠᠨ 3 — 5 ᠮᠢᠨᠦ᠋ᠲ  ᠬᠠᠲᠠᠭᠠᠵᠤ  ᠪᠠᠶᠢᠭᠠᠳ‌‍ᠰᠠᠶ᠋ᠢ ᠵᠢᠮᠢᠰ ᠤᠨ ᠰᠠᠭᠰᠤ ᠭᠦᠷᠦᠨ᠎ᠡ᠂ ᠣᠯᠠᠨ ᠢᠶᠠᠷ ᠢᠶᠠᠨ  ᠨᠠᠭᠠᠰᠢ ᠪᠠᠨ  ᠬᠠᠷᠠᠭᠠᠴᠢ᠂  ᠳᠤᠭᠤᠷᠢᠭᠤᠯᠵᠤ  ᠪᠠᠶᠢᠭᠠᠳ  ᠨᠢᠬᠳᠠ‌‍ᠪᠦ᠋ᠭᠡᠳ ᠴᠢᠩᠭ᠎ᠠ ᠭᠦᠷᠦᠨ᠎ᠡ᠁︾ ᠣᠶᠢᠷ᠎ᠠ ᠳᠤ᠂ ᠰᠤᠷᠪᠤᠯᠵᠢᠯᠠᠭᠴᠢ ᠬᠢᠨᠭ᠍ᠭᠠᠨ  ᠠᠶᠢᠮᠠᠭ ᠤᠨ  ᠬᠤᠷᠴᠢᠨ  ᠪᠠᠷᠠᠭᠤᠨ  ᠭᠠᠷᠤᠨ‌ᠡᠮᠦᠨᠡᠲᠦ ᠬᠤᠰᠢᠭᠤᠨ ᠤ ᠬᠥᠢᠯᠡᠷ ᠪᠠᠯᠭᠠᠰᠤᠨ ᠤ ᠤᠯᠠᠭᠠᠨ ᠭᠡᠷᠡᠯ ᠭᠠᠴᠠᠭᠠᠨ ᠤ ᠳᠠᠷᠢᠶᠠᠴᠢᠨ ᠪᠦᠰᠡᠬᠦᠢ  ᠴᠠᠩ  ᠱᠢ  ᠶᠤᠸᠠᠢ ᠵᠢᠨ‌‍ᠭᠡᠷ ᠲᠤ ᠬᠦᠷᠬᠦ ᠳᠤ᠂ ᠲᠡᠷᠡ ᠭᠠᠴᠠᠭᠠᠨ ᠤ ᠪᠦᠰᠡᠬᠦᠶᠢᠴᠤᠳ ᠲᠤ ᠡᠪᠡᠰᠦᠨ ᠭᠦᠷᠦᠮᠡᠯ ᠤᠨ ᠤᠷ᠎ᠠ  ᠮᠡᠷᠭᠡᠵᠢᠯ ᠢ  ᠨᠠᠷᠢᠨ  ᠨᠢᠮᠪᠠᠶ‌ᠵᠢᠭᠠᠵᠤ ᠥᠭᠴᠦ ᠪᠠᠶᠢᠯ᠎ᠠ᠃               ᠲᠡᠭᠦᠨ ᠤ ᠭᠡᠷ ᠲᠤᠨᠢ ᠤᠷᠤᠪᠠᠯ ᠡᠪᠡᠰᠦᠨ ᠮᠠᠯᠠᠭᠠᠶ᠂ ᠵᠢᠵᠢᠭ ᠰᠠᠭᠰᠤ᠂ ᠴᠢᠷᠥᠬᠦᠯ ᠱᠠᠬᠠᠢ᠂ ᠵᠢᠮᠢᠰ ᠤᠨ  ᠰᠠᠭᠰᠤ  ᠪᠠ‌ᠣᠯᠪᠣᠭ ᠵᠡᠷᠭᠡ ᠶᠠᠩᠵᠤ ᠪᠦᠷᠢ ᠶᠢᠨ ᠨᠠᠷᠢᠯᠢᠭ ᠰᠠᠶᠢᠬᠠᠨ ᠡᠪᠡᠰᠦᠨ ᠭᠦᠷᠦᠮᠡᠯ ᠤᠨ  ᠪᠦᠲᠦᠭᠡᠯ ᠢ  ᠲᠠᠯᠪᠢᠵᠤ  ᠪᠠᠶᠢᠭ᠎ᠠ ᠨᠢ  ᠮᠠᠰᠢ‌ᠭᠤᠶᠣ ᠬᠠᠷᠠᠭᠳᠠᠨ᠎ᠠ᠃ ᠤᠳᠥ ᠪᠤᠯ ᠶᠠᠭ ᠳᠠᠷᠢᠶ᠎ᠠ ᠲᠦᠮᠥᠰᠥ ᠤᠷᠤᠭᠤᠯᠵᠤ  ᠪᠠᠶᠢᠭ᠎ᠠ  ᠴᠠᠭ᠂  ᠣᠯᠠᠩᠬᠢ  ᠭᠠᠵᠠᠷ ᠲᠤ  ᠡᠷᠳᠡᠨᠢ‌‍ᠰᠢᠰᠢ ᠶᠢᠨ ᠨᠠᠪᠴᠢ᠂ ᠡᠰᠢ  ᠰᠦᠷᠡᠯ ᠨᠢ  ᠲᠠᠷᠢᠶᠠᠯᠠᠩ ᠤᠨ  ᠦᠢᠯᠡᠳᠪᠦᠷᠢᠯᠡᠯ ᠤᠨ  ᠶᠠᠪᠤᠴᠠ ᠳᠠᠬᠢ  ᠬᠠᠶᠠᠭᠳᠠᠮᠠᠯ  ᠪᠣᠳᠠᠰ ᠲᠤ᠋‌‍ᠪᠠᠭᠲᠠᠨ᠎ᠠ᠃ ᠵᠢᠯ ᠪᠦᠷᠢ ᠶᠢᠨ ᠨᠠᠮᠤᠷ ᠤᠨ ᠬᠤᠷᠢᠶᠠᠯᠲᠠ ᠶᠢᠨ ᠦᠶ᠎ᠡ ᠳᠤ ᠴᠠᠩ ᠱᠢ ᠶᠤᠸᠠᠢ  ᠪᠦᠷ  ᠲᠠᠷᠢᠶᠠᠨ ᠳᠠᠭᠠᠨ  ᠣᠴᠢᠵᠤ‌ᠨᠠᠷᠢᠨ ᠨᠢᠮᠪᠠᠶ ᠰᠢᠯᠢᠨ ᠰᠤᠩᠭᠤᠬᠤ ᠪᠠᠷ ᠳᠠᠮᠵᠢᠨ ᠰᠢᠯᠢᠳᠡᠭ ᠪᠦᠳᠥᠨ ᠡᠷᠳᠡᠨᠢ ᠰᠢᠰᠢ ᠶᠢᠨ ᠨᠠᠪᠴᠢ ᠶᠢ  ᠳᠡᠬᠦᠵᠤ  ᠠᠪᠴᠢᠷᠠᠳᠠᠭ᠂ᠡᠲᠡᠭᠡᠷ ᠡᠷᠳᠡᠨᠢ ᠰᠢᠰᠢ ᠶᠢᠨ ᠨᠠᠪᠴᠢ ᠨᠢ ᠲᠡᠭᠦᠨ ᠤ ᠤᠷᠠᠨ ᠮᠡᠷᠭᠡᠵᠢᠯ ᠢᠶᠠᠷ ︽ᠤᠷᠠᠯᠢᠭ ᠤᠨ ᠪᠦᠲᠦᠭᠡᠯ︾ ᠪᠤᠯᠳᠠᠭ ᠪᠠᠶᠢᠨ᠎ᠠ᠃               ᠴᠠᠩ ᠱᠢ ᠶᠤᠸᠠᠢ ᠶᠢᠨ ᠬᠠᠳᠠᠮ ᠠᠪᠤ ᠡᠵᠢ ᠨᠢ ᠮᠦᠨᠴᠤ ᠭᠠᠷ ᠤᠷᠠᠨ ᠬᠦᠮᠥᠨ᠂ ᠴᠠᠩ ᠱᠢ ᠶᠤᠸᠠᠢ ᠳᠡᠳᠡᠨ ᠤ ᠡᠪᠡᠰᠥᠨ‌‍ᠬᠦ᠋ᠷᠥᠮᠡᠯ ᠤᠨ ᠥᠢᠯᠡᠳᠬᠦᠨ ᠬᠢᠬᠦ᠂ ᠤᠷᠠᠨ ᠬᠠᠳᠬᠤᠮᠠᠯ ᠤᠷᠤᠯᠳᠤᠬᠤ ᠶᠢ ᠨᠢ ᠦᠷᠬᠦᠯᠵᠢ ᠦᠵᠡᠳᠡᠭ  ᠪᠦᠭᠡᠳ  ᠲᠤᠰᠠ  ᠳᠡᠮ‌‍ᠪᠤᠯᠵᠤ ᠪᠠᠶᠢᠪᠠ᠃ ᠤᠳᠠᠭᠠᠨ ᠳᠠᠭᠠᠨ ᠳᠡᠷᠡ  ᠡᠪᠡᠰᠥᠨ  ᠬᠦᠷᠥᠮᠡᠯ ᠤᠨ  ᠮᠡᠷᠭᠡᠵᠢᠯ ᠢ ᠨᠢ  ᠰᠤᠷᠴᠤ  ᠡᠵᠡᠮᠰᠢᠨ᠂  ᠦᠪᠡᠰᠥᠪᠡᠨ‌‍ᠲ᠋ᠦ᠋ᠬᠦᠮᠭᠡᠨ  ᠬᠦᠷᠥᠮᠡᠯ  ᠰᠠᠭᠰᠥ᠂   ᠤᠯᠪᠤᠭ   ᠵᠡᠷᠭᠡ ᠶᠢ   ᠬᠢᠵᠤ   ᠪᠠᠶᠢᠭᠰᠠᠨ ᠠᠴᠠ ᠪᠠᠨ   ᠰᠡᠭᠦᠯᠡᠷ ᠨᠢ   ᠬᠤᠰᠢᠭᠤᠨ ‍ᠤ‌ᠡᠮᠡᠭᠲᠡᠶᠢᠴᠦᠳ ᠤᠨ  ᠬᠤᠯᠪᠣᠭ᠎ᠠ ᠶᠢᠨ  ᠵᠣᠬᠢᠶᠠᠨ  ᠪᠠᠶᠢᠭᠤᠯᠤᠭᠰᠠᠨ  ᠡᠪᠡᠰᠦᠨ  ᠭᠦᠷᠦᠮᠡᠯ ᠤᠨ  ᠪᠣᠯᠪᠠᠰᠤᠷᠠᠯ ᠤᠨ  ᠠᠩᠭᠢ ᠳ᠋ᠤ᠋‌ᠤᠷᠤᠯᠴᠠᠬᠤ ᠪᠠᠷ ᠳᠠᠮᠵᠢᠨ ᠡᠪᠡᠰᠦᠨ ᠭᠦᠷᠦᠮᠡᠯ ᠤᠨ ᠮᠡᠷᠭᠡᠵᠢᠯ ᠢ ᠨᠡᠩ ᠰᠢᠰᠲ᠋ᠧᠮ ᠲᠠᠢ ᠡᠵᠡᠮᠰᠢᠭᠰᠡᠨ ᠪᠠᠶᠢᠨ᠎ᠠ᠃               ᠡ᠊ᠨᠡ ᠵᠢᠯ ᠤᠨ 5 ᠰᠠᠷ᠎ᠠ ᠳᠤ᠂ ᠴᠠᠩ ᠱᠢ ᠶᠤᠸᠠᠢ ᠬᠤᠷᠴᠢᠨ ᠪᠠᠷᠠᠭᠤᠨ ᠭᠠᠷᠤᠨ ᠡᠮᠦᠨᠡᠲᠦ  ᠬᠤᠰᠢᠭᠤᠨ ᠤ  ᠤᠯᠠᠭᠠᠨ‌‍ᠲ᠋ᠠᠷᠢᠶᠠᠴᠢᠳ ᠤᠨ ᠭᠠᠷ ᠤᠷᠠᠯᠠᠯ ᠤᠨ ᠲᠤᠰᠬᠠᠶ ᠬᠤᠷᠰᠢᠶ᠎ᠠ ᠶᠢ ᠪᠠᠶᠢᠭᠤᠯᠵᠤ᠂ ᠤᠶᠢᠷ᠎ᠠ ᠬᠠᠪᠢ ᠶᠢᠨ 200 ᠭᠠᠷᠤᠢ  ᠳᠠᠷᠢᠶᠠᠴᠢᠨ‌‍ᠪᠦ᠋ᠰᠡᠬᠦᠶᠢᠴᠤᠳ ᠢᠶᠠᠨ ᠳᠠᠭᠠᠭᠤᠯᠤᠨ ᠦᠢᠯᠡᠰ ᠪᠤᠰᠬᠠᠬᠤ ᠵᠠᠮ ᠢᠶᠠᠷ ᠵᠠᠮᠨᠠᠭᠰᠠᠨ ᠶᠤᠮ᠃                ᠤᠳᠥ ᠤᠯᠠᠭᠠᠨ ᠭᠡᠷᠡᠯ ᠭᠠᠴᠠᠭᠠᠨ ᠳᠤ ᠰᠤᠯᠠ ᠰᠡᠯᠡᠬᠦᠥ ᠴᠠᠭ ᠢᠶᠠᠷ ᠢᠶᠠᠨ ᠡᠪᠡᠰᠥᠨ ᠬᠦᠷᠥᠮᠡᠯ ᠤᠨ ᠥᠢᠯᠡᠳᠬᠦᠨ ᠬᠢᠵᠤ‌ᠤᠷᠤᠯᠭ᠎ᠠ ᠪᠠᠨ ᠨᠡᠮᠡᠭᠳᠡᠬᠦᠯᠵᠤ ᠪᠠᠶᠢᠭ᠎ᠠ ᠬᠦᠮᠥᠨ ᠤᠯᠠᠮ ᠢᠶᠠᠷ ᠤᠯᠠᠰᠢᠷᠠᠯ᠎ᠠ᠃ ᠤᠳᠥ ᠴᠠᠩ ᠱᠢ ᠶᠤᠸᠠᠢ ᠡᠳᠥᠷ ᠪᠦᠷᠢ  ᠸᠢᠴᠠᠲ‌ᠵᠡᠷᠭᠡ ᠲᠠᠪᠴᠠᠩ ᠢᠶᠠᠷ ᠳᠡᠮᠵᠢᠨ᠂ ᠬᠦᠭᠡᠬᠤᠳᠠ᠂ ᠬᠦᠯᠥᠨ ᠪᠤᠶᠢᠷ᠂ ᠡᠷᠢᠶᠡᠨ  ᠬᠤᠳᠠ᠂  ᠭᠢᠷᠢᠨ᠂  ᠬᠠᠷᠠᠮᠥ᠋ᠷᠡᠨ  ᠮᠤᠵᠢ  ᠵᠡᠷᠭᠡ‌ᠭᠠᠵᠠᠷ ᠤᠳ ᠢᠶᠠᠷ ᠥᠢᠯᠡᠳᠬᠦᠨ ᠢᠶᠠᠨ ᠪᠤᠷᠤᠯᠠᠭᠤᠯᠤᠨ᠂ ᠵᠢᠯ ᠪᠦᠷᠢ ᠶᠢᠨ ᠴᠡᠪᠡᠷ ᠤᠷᠤᠯᠭ᠎ᠠ ᠨᠢ 5 ᠲᠦᠮᠡ  ᠭᠠᠷᠤᠶ  ᠲᠥᠭᠦᠷᠢᠭ‌‍ᠲ᠋ᠤᠯᠤᠭᠰᠠᠨ ᠪᠠᠶᠢᠨ᠎ᠠ᠃               ︽ᠪᠢ ᠦᠡᠭᠭᠡᠷᠡᠭᠰᠡᠨ ᠳᠤ ᠡᠮᠥᠨᠡᠳᠥ ᠬᠤᠰᠢᠭᠤᠨ ᠤ ᠨᠡᠳᠥᠭᠡᠷ ᠪᠠᠯᠭᠠᠰᠥ ᠵᠡᠷᠭᠡ  ᠭᠠᠵᠠᠷ ᠢᠶᠠᠷ  ᠤᠷᠢᠭᠳᠠᠵᠤ  ᠡᠪᠡᠰᠥᠨ‌‍ᠬᠦ᠋ᠷᠥᠮᠡᠯ ᠤᠨ ᠮᠡᠷᠭᠡᠵᠢᠯ ᠵᠢᠭᠠᠵᠤ ᠪᠠᠶᠢᠪᠠ᠂ ᠡ᠊ᠨᠡ ᠵᠢᠯ ᠠᠴᠠ ᠡᠬᠢᠯᠡᠨ ᠦᠪᠠᠷ ᠤᠨ ᠲᠤᠰᠬᠠᠢ ᠬᠤᠷᠰᠢᠶ᠎ᠠ ᠳᠠᠭᠠᠨ ᠪᠤᠯᠪᠠᠰᠤᠷᠠᠯ ‍ᠤᠨ‌ᠠᠩᠬᠢ ᠡᠷᠬᠢᠯᠡᠵᠤ᠂ ᠤᠶᠢᠷ᠎ᠠ ᠬᠠᠪᠢ ᠶᠢᠨ ᠳᠠᠷᠢᠶᠠᠴᠢᠨ ᠪᠦᠰᠡᠬᠦᠶᠢᠴᠤᠳ ᠢ ᠴᠤᠭᠯᠠᠭᠤᠯᠥᠨ ᠡᠪᠡᠰᠥᠨ ᠬᠦᠷᠥᠮᠡᠯ ᠤᠨ  ᠮᠡᠷᠭᠡᠵᠢᠯ ᠢ‌‍ᠰᠤᠷᠭᠠᠬᠤ ᠪᠠᠷ ᠲᠦᠯᠥᠪᠯᠡᠵᠤ ᠪᠠᠶᠢᠨ᠎ᠠ᠃ ᠤᠳᠥ ᠮᠠᠨ ᠤ ᠬᠢᠭᠰᠡᠨ ᠤᠯᠪᠤᠭ᠂ ᠴᠢᠷᠥᠬᠦᠯ  ᠱᠠᠬᠠᠢ  ᠪᠠ  ᠵᠢᠵᠢᠭ  ᠰᠠᠭᠰᠥ  ᠵᠠᠬ᠎ᠠ‌‍ᠲ᠋ᠡᠯᠭᠡᠬᠦᠷ ᠲᠤ ᠪᠤᠷᠤᠯᠠᠭᠤᠯᠭ᠎ᠠ ᠮᠠᠰᠢ ᠰᠠᠶᠢᠨ ᠪᠠᠶᠢᠨ᠎ᠠ᠂ ᠪᠢᠳᠡ ᠤᠷᠤᠯᠭ᠎ᠠ ᠪᠠᠨ ᠨᠡᠮᠡᠭᠳᠡᠬᠦᠯᠬᠦ ᠶᠢᠨ ᠬᠠᠮᠳᠥ  ᠥᠢᠯᠡᠳᠬᠦᠨ ᠤ ᠪᠠᠨ‌‍ᠴᠢᠨᠠᠷ ᠢ ᠪᠠᠳᠤᠯᠠᠬᠤ ᠨᠢ ᠨᠡᠩ ᠴᠢᠬᠤᠯᠠ᠂ ᠳᠡᠶᠢᠮᠥ ᠠᠴᠠ ᠪᠤᠯᠪᠠᠰᠤᠷᠠᠯ  ᠬᠦᠷᠳᠡᠭᠡᠬᠦ  ᠶᠠᠪᠤᠴᠠ ᠳᠤ  ᠥᠢᠯᠡᠳᠬᠦᠨ ᠢᠶᠠᠨ  ᠬᠡᠷᠬᠢᠨ‌‍ᠴᠢᠩᠭ᠎ᠠ ᠨᠢᠮᠪᠠᠢ ᠰᠠᠶᠢᠬᠠᠨ ᠬᠢᠬᠦ ᠶᠢ ᠭᠤᠤᠯᠳᠠᠯᠭ᠎ᠠ ᠲᠠᠢ ᠵᠢᠭᠠᠬᠤ ᠪᠤᠯᠤᠨ᠎ᠠ︾ ᠭᠡᠵᠤ ᠴᠠᠩ ᠱᠢ ᠶᠤᠸᠠᠢ ᠢᠳᠡᠭᠡᠯ ᠲᠠᠢ ᠶᠠᠷᠢᠯ᠎ᠠ᠃               ︽ᠡᠪᠡᠰᠦᠨ  ᠭᠦᠷᠦᠮᠡᠯ ᠤᠨ  ᠮᠡᠷᠭᠡᠵᠢᠯ ᠢ  ᠰᠤᠷᠤᠯᠴᠠᠬᠤ  ᠪᠠ  ᠥᠢᠯᠡᠳᠪᠤᠷᠢᠯᠡᠬᠦ ᠳᠤ  ᠲᠦᠬᠦᠬᠡᠢ   ᠮᠠᠲ᠋ᠧᠷᠢᠶᠠᠯ ‍ᠤᠨ‌ᠥᠪᠡᠷ ᠤᠨ ᠥᠷᠲᠡᠭ ᠪᠠᠷᠤᠭ ᠬᠡᠷᠡᠭᠰᠡᠬᠦ ᠥᠬᠡᠶ᠂ ᠬᠥᠳᠡᠭᠡ ᠲᠣᠰᠬᠤᠨ ᠤ ᠭᠠᠵᠠᠷ ᠪᠣᠯᠭᠠᠨ ᠳᠤ ᠬᠠᠷᠠᠭᠳᠠᠬᠤ ᠡᠷᠳᠡᠨᠢ ᠰᠢᠰᠢ ᠵᠢᠨ‌ᠨᠠᠪᠴᠢ ᠵᠡᠷᠭᠡ ᠶᠢ ᠠᠰᠢᠭᠯᠠᠨ ᠬᠠᠶᠠᠭᠳᠠᠮᠠᠯ ᠡᠳ᠋ ᠢ ᠡᠷᠳᠡᠨᠢ ᠪᠣᠯᠭᠠᠵᠤ ᠪᠣᠯᠤᠨ᠎ᠠ᠂ ᠡᠪᠡᠰᠥᠨ ᠬᠦᠷᠥᠮᠡᠯ ᠤᠨ ᠠᠵᠤ  ᠥᠢᠯᠡᠰ  ᠪᠤᠯ‌‍ᠪᠣᠬᠢᠷᠲᠤᠯ ᠥᠬᠡᠶ ᠠᠵᠤ ᠦᠢᠯᠡᠰ ᠮᠥᠨ᠃ ᠲᠠᠷᠠᠭᠠᠴᠢ ᠪᠠᠷ ᠮᠠᠨ ᠤ  ᠭᠠᠴᠠᠭ᠎ᠠ  ᠡᠪᠡᠰᠦᠨ  ᠭᠦᠷᠦᠮᠡᠯ ᠤᠨ  ᠠᠵᠤ  ᠥᠢᠯᠡᠰ ᠢ‌‍ᠲ᠋ᠤᠬᠠᠶ ᠶᠢᠨ ᠭᠠᠵᠠᠷ ᠤᠨ ᠰᠢᠨ᠎ᠡ ᠪᠠᠷ ᠬᠥᠭᠵᠢᠭᠰᠡᠨ ᠤᠨᠴᠠᠯᠢᠭᠳᠤ ᠠᠵᠤ ᠦᠢᠯᠡᠰ ᠪᠣᠯᠭᠠᠨ ᠬᠥᠭᠵᠢᠭᠦᠯᠵᠦ᠂  ᠪᠣᠷᠣᠯᠠᠭᠤᠯᠭ᠎ᠠ ᠵᠢᠨ‌ᠠᠷᠭ᠎ᠠ ᠵᠠᠮ ᠢᠶᠠᠨ ᠥᠷᠭᠡᠳᠭᠡᠨ᠎ᠡ᠃ ᠨᠡᠩ ᠤᠯᠠᠨ ᠡᠮᠡᠭᠲᠡᠶᠢᠴᠦᠳ ᠢ ᠲᠠᠶᠢᠴᠢᠯᠠᠨ ᠡᠪᠡᠰᠦᠨ  ᠭᠦᠷᠦᠮᠡᠯ ᠤᠨ  ᠤᠷ᠎ᠠ  ᠮᠡᠷᠭᠡᠵᠢᠯ ᠢ‌‍ᠰᠤᠷᠤᠯᠴᠠᠭᠤᠯᠵᠤ᠂ ᠵᠢᠵᠢᠭ ᠡᠪᠡᠰᠦᠨ ᠭᠦᠷᠦᠮᠡᠯ ᠢ ᠲᠤᠮᠤ ᠠᠵᠤ ᠥᠢᠯᠡᠰ  ᠪᠤᠯᠭᠠᠵᠤ᠂  ᠬᠦᠳᠡᠭᠡ  ᠲᠤᠰᠬᠤᠨ ᠢ  ᠬᠦᠭᠵᠢᠬᠦᠯᠥᠨ‌ᠮᠠᠨᠳᠤᠭᠤᠯᠬᠤ ᠳᠤ ᠬᠦᠴᠥᠨ ᠨᠡᠮᠡᠷᠢᠯᠡᠨ᠎ᠡ︾ ᠭᠡᠵᠦ ᠤᠯᠠᠭᠠᠨ ᠭᠡᠷᠡᠯ ᠭᠠᠴᠠᠭ᠎ᠠ ᠶᠢᠨ ᠨᠠᠮ ᠤᠨ ᠡᠭᠦᠷ ᠤᠨ  ᠱᠦᠵᠢ  ᠪᠠᠢ  ᠪᠠ ᠵᠢᠨ‌‍ᠬᠡᠯᠡᠪᠡ᠃ ︵ᠬᠢᠨᠭ᠍ᠭᠠᠨ ᠤ ᠡᠳᠥᠷ ᠤᠨ ᠰᠤᠨᠢᠨ ᠤ ᠰᠤᠷᠪᠤᠯᠵᠢᠯᠠᠭᠴᠢ ᠤᠷᠠᠨᠳᠤᠳᠢ ᠴᠢᠮᠡᠭᠡᠯᠡᠭᠴᠢ ᠭᠤᠤ ᠴᠤᠤ)
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号