ᠦᠷᠦᠪᠴᠢᠬᠡᠨ ᠬᠠᠶᠢᠷ᠎ᠠ ᠶᠢᠨ ᠬᠢᠯᠪᠠᠭ᠎ᠠ ᠲᠠᠢ ᠡᠪᠦᠬᠡᠨ ᠪᠠᠭᠰᠢ ᠶᠢᠨ  ᠵᠢᠳᠬᠦᠯ ᠤᠨ ᠮᠦᠷ
ᠨᠡᠶᠢᠲᠡᠯᠡᠭᠰᠡᠨ ᠴᠠᠭ᠄
2024/2/28
                                ᠭᠠᠩᠪᠠᠭᠠᠳᠣᠷ᠂ ᠠᠯᠮᠠᠰ         ᠲᠡᠭᠡᠷ᠎ᠡ ᠵᠠᠭᠤᠨ ᠤ ᠵᠢᠷᠠᠭᠠᠳ ᠣᠨ ᠤ ᠡᠬᠢᠨ ᠳᠤ ᠲᠠᠷᠴᠣᠬᠳᠦ ᠭᠡᠮᠡᠬᠦ ᠭᠤᠷᠪᠠᠭ᠋ᠠᠨ ᠲᠠᠰᠣᠯᠭ᠎ᠠ ᠬᠢᠴᠢᠶᠡᠯᠯᠡᠬᠦ ᠭᠡᠷ  ᠲᠠᠢ ᠬᠦᠳᠡᠭᠡ ᠶᠢᠨ ᠰᠣᠷᠭᠠᠭᠤᠯᠢ ᠠᠩᠬ᠎ᠠ ᠪᠠᠶᠢᠭᠤᠯᠤᠬᠳᠠᠬᠤ ᠦᠶ᠎ᠡ ᠳᠤ ︽ᠬᠠᠶᠢᠷ᠎ᠠ᠂ ᠬᠠᠷᠢᠭᠤᠴᠠᠯᠭ᠎ᠠ︾ ᠬᠡᠳᠡᠭ ᠴᠢᠩᠭ᠎ᠠ  ᠪᠠᠷᠢᠮᠵᠢᠶ᠎ᠡ ᠪᠠᠷ ᠦᠪᠡᠷ ᠢ ᠪᠠᠨ ᠱᠠᠭᠠᠷᠳᠠᠬᠰᠠᠨ ᠨᠢᠭᠡᠨ ᠵᠠᠯᠠᠭᠤ ᠪᠠᠭᠰᠢ ᠦᠪᠡᠷ  ᠢᠶᠠᠨ ᠭᠠᠷ ᠬᠦᠳᠡᠯᠵᠦ᠂ ᠰᠣᠷᠣᠬᠴᠢ ᠶᠢᠨ ᠰᠢᠷᠡᠭᠡ  ᠰᠠᠨᠳᠡᠯᠢ ᠳᠤ ᠬᠦᠷᠳᠡᠯ᠎ᠡ ᠣᠷᠠᠯᠠᠨ ᠬᠢᠵᠦ᠂ ᠨᠤᠳᠤᠭ ᠤᠨ ᠦᠷ᠎ᠡ  ᠬᠤᠶᠢᠴᠢᠰ  ᠲᠤ  ᠪᠠᠨ  ᠪᠢᠴᠢᠭ  ᠦᠵᠡᠬᠦ  ᠲᠤᠬᠢᠳᠡᠢ  ᠨᠦᠬᠦᠴᠡᠯ  ᠢ ᠪᠦᠷᠢᠯᠳᠦᠬᠦᠯᠵᠦ ᠦᠭᠬᠦ ᠪᠠᠷ ᠴᠢᠷᠮᠠᠶᠢᠵᠦ ᠶᠠᠪᠤᠬᠰᠠᠨ ᠲᠡᠤᠭᠡ ᠲᠠᠢ᠃ ᠡᠨᠡ ᠬᠦᠮᠣᠨ ᠢ ᠲᠦᠮᠡᠡᠪᠡᠶᠡᠷ ᠬᠡᠳᠡᠭ᠃                  ᠦᠰᠴᠦ ᠲᠦᠷᠦᠭᠰᠡᠨ ᠦᠯᠥᠬᠡᠢ ᠨᠤᠳᠤᠭ ᠤᠨ ᠢᠶᠠᠨ ᠠᠭᠤᠳᠡᠮᠬᠠᠨ ᠲᠠᠯ᠎ᠠ ᠳᠤ ᠰᠣᠶᠤᠯ ᠤᠨ  ᠦᠷ᠎ᠡ  ᠶᠢ  ᠰᠠᠴᠣᠬᠤ ᠬᠡᠮᠡᠬᠦ ᠠᠯᠤᠰ ᠤᠨ ᠬᠠᠷᠠᠯᠳᠠ ᠠᠴᠠ ᠡᠰᠢᠯᠡᠭᠰᠡᠨ ᠣᠷᠳᠣ ᠠᠴᠠ ᠣᠷᠳᠣ ᠰᠣᠷᠭᠠᠨ ᠬᠦᠮᠦᠵᠢᠯ ᠤᠨ ᠠᠶᠠᠨ ᠤ  ᠮᠦᠷ  ᠢ  ᠳᠣᠳᠣ ᠠᠴᠠ ᠳᠣᠳᠣ ᠬᠠᠷᠠᠭᠤᠯᠠᠬᠰᠠᠨ ᠲᠦᠮᠡᠡᠪᠡᠶᠡᠷ ᠨᠠᠰᠣᠳᠡᠨ ᠮᠠᠨᠢ ᠦᠬᠡᠳᠡ ᠲᠠᠢ ᠣᠷᠤᠭᠤ ᠲᠠᠢ ᠠᠮᠢᠳᠣᠷᠠᠯ ᠤᠨ ᠵᠠᠮ ᠢ ᠦᠬᠡᠳᠡᠷᠭᠡᠭ ᠪᠤᠳᠣᠯ᠂ ᠦᠷᠦᠪᠴᠢᠭᠡᠨ ᠬᠠᠶᠢᠷ᠎ᠠ ᠪᠠᠷ ᠲᠤᠭᠤᠯᠵᠦ ᠶᠠᠪᠤᠵᠠᠢ᠃ ︽ᠬᠦᠳᠡᠭᠡ ᠶᠢᠨ ᠴᠡᠩᠭᠡᠷ ᠲᠠᠯ᠎ᠠ  ᠠᠴᠠ  ᠭᠡᠤᠭᠡᠳ  ᠪᠠᠭᠠᠴᠣᠳ ᠤᠨ ᠣᠷᠠᠨ ᠳᠣᠳᠣ ᠣᠩᠰᠢᠯᠭ᠎ᠠ ᠶᠢ ᠴᠣᠣᠷᠢᠶᠠᠳᠠᠭᠤᠯᠤᠬᠰᠠᠨ ᠲᠠᠷᠴᠣᠬᠳᠦ ᠰᠣᠷᠭᠠᠭᠤᠯᠢ ᠶᠢ ᠲᠤᠷᠠᠳᠬᠤ ᠲᠠᠢ ᠵᠡᠷᠭᠡ  ᠲᠦᠮᠡᠡᠪᠡᠶᠡᠷ ᠪᠠᠭᠰᠢ ᠶᠢᠨ ᠢᠶᠠᠨ ᠵᠠᠯᠠᠭᠤ ᠢᠳᠡᠷ ᠨᠠᠰᠣᠨ ᠤ ᠦᠩᠭᠡ ᠲᠦᠷᠬᠦ ᠶᠢ ᠰᠠᠨᠠᠵᠦ ᠣᠯᠤᠨ᠎ᠠ᠃  ᠪᠠᠭᠰᠢ  ᠮᠢᠨᠢ  ᠣᠳᠤ  ᠴᠤ  ᠭᠡᠰᠡᠨ ᠵᠠᠯᠠᠭᠤ ᠪᠠᠷ ᠢᠶᠠᠨ ᠰᠢᠦ︾ ᠬᠡᠵᠦ ᠲᠡᠬᠦᠨ ᠤ ᠰᠣᠷᠣᠬᠴᠢᠳ ᠰᠡᠳᠬᠢᠯ ᠲᠤᠬᠳᠣᠯᠤᠨ ᠶᠠᠷᠢᠵᠠᠭᠠᠨ᠎ᠠ᠃                 ᠲᠦᠮᠡᠡᠪᠡᠶᠡᠷ ᠪᠠᠭᠰᠢ ᠪᠤᠯ ᠪᠠᠭᠠᠷᠢᠨ ᠪᠠᠷᠠᠭᠤᠨ ᠬᠤᠰᠢᠭᠤᠨ ᠤ ᠵᠢᠷᠭᠠᠯ ᠤᠨ ᠵᠠᠮ ᠰᠣᠮᠤ ᠶᠢᠨ ᠴᠠᠭᠠᠨᠡᠣᠰᠣ ᠭᠠᠴᠠᠭ᠎ᠠ ᠪᠠᠷ ᠨᠤᠳᠤᠭ ᠲᠠᠢ᠃ ᠨᠠᠰᠣᠳᠡᠨ ᠮᠠᠨᠢ 1961 ᠣᠨ ᠳᠤ ᠠᠷᠡᠳ ᠤᠨ ᠪᠠᠭᠰᠢ ᠶᠢᠨ ᠠᠵᠢᠯ ᠤᠨ ᠪᠠᠶᠢᠷᠢ   ᠳᠤ  ᠭᠠᠷᠴᠦ᠂  ᠣᠷᠢᠳ ᠬᠤᠵᠢᠳ ᠴᠠᠭᠠᠬᠤᠰᠣ ᠰᠣᠷᠭᠠᠭᠤᠯᠢ᠂ ᠲᠠᠷᠴᠤᠬᠳᠦ ᠪᠠᠭ᠎ᠠ ᠰᠣᠷᠭᠠᠭᠤᠯᠢ᠂  ᠵᠢᠷᠭᠠᠯ  ᠤᠨ  ᠵᠠᠮ  ᠰᠣᠮᠤᠨ  ᠤ  ᠭᠤᠤᠯ  ᠪᠦᠷᠢᠨ ᠰᠣᠷᠭᠠᠭᠤᠯᠢ᠂ ᠶᠠᠷᠣᠩᠭᠡᠢ ᠰᠣᠷᠭᠠᠭᠤᠯᠢ ᠵᠡᠷᠭᠡ ᠰᠣᠷᠭᠠᠭᠤᠯᠢ ᠨᠤᠭᠤᠳ ᠢᠶᠠᠷ ᠠᠵᠢᠯᠯᠠᠵᠦ ᠶᠠᠪᠤᠬᠤ ᠳᠤ ᠪᠠᠨ ᠭᠤᠤᠯᠯᠠᠬᠴᠢ ᠪᠠᠭᠰᠢ᠂ ᠬᠢᠴᠢᠶᠠᠯ ᠬᠦᠮᠦᠵᠢᠯ ᠤᠨ ᠡᠷᠬᠢᠯᠡᠭᠴᠢ᠂ ᠵᠠᠬᠢᠷᠣᠯ ᠵᠡᠷᠭᠡ ᠠᠵᠢᠯ ᠡᠬᠦᠷᠭᠡ ᠲᠤᠰᠢᠶᠠᠯ ᠢ ᠬᠠᠷᠢᠭᠤᠴᠠᠵᠦ᠂ ᠲᠠᠪᠤᠨ ᠰᠠᠶᠢᠳᠡᠢ ᠪᠠᠭᠰᠢ᠂ ᠰᠣᠷᠭᠠᠨ ᠬᠦᠮᠦᠵᠢᠯ ᠤᠨ ᠵᠢᠭᠠᠨ ᠰᠣᠷᠭᠠᠬᠤ ᠴᠢᠳᠠᠪᠤᠷᠢᠳᠡᠨ᠂ ᠭᠠᠷᠮᠠᠭᠠᠢ ᠠᠵᠢᠯᠯᠠᠬᠴᠢ᠂ ᠬᠤᠰᠢᠭᠤ ᠵᠠᠰᠠᠭ ᠤᠨ  ᠣᠷᠳᠣᠨ  ᠠᠴᠠ ᠣᠯᠭᠤᠬᠰᠠᠨ ᠬᠦᠳᠡᠯᠮᠦᠷᠢ ᠶᠢᠨ ᠵᠢᠱᠢᠶᠡᠴᠢ ᠵᠡᠷᠭᠡ ᠶᠢᠨ ᠱᠠᠩᠨᠠᠯ ᠬᠦᠬᠢᠬᠦᠯᠥᠯ ᠢ ᠬᠦᠷᠳᠡᠵᠦ᠂1992 ᠣᠨ ᠳᠤ  ᠠᠵᠢᠯ  ᠠᠴᠠ ᠪᠠᠨ ᠲᠠᠷᠬᠠᠯᠠᠬᠳᠠᠵᠠᠢ᠃                 ᠬᠦᠮᠣᠨ ᠢ ᠬᠦᠮᠦᠵᠢᠬᠦᠯᠬᠦ ᠠᠷᠢᠭᠤᠨ ᠲᠠᠷᠬᠠᠨ ᠡᠬᠦᠷᠭᠡ ᠪᠠᠷ ᠣᠶᠢᠯᠡᠰ ᠤᠨ ᠢᠶᠠᠨ ᠬᠦᠭᠡᠭᠡᠴᠡᠯᠲᠦᠯ ᠪᠤᠯᠭᠠᠬᠰᠠᠨ ᠨᠤᠳᠤᠭ ᠤᠨ ᠪᠤᠭᠤᠷᠣᠯ ᠤᠨ ᠮᠠᠨᠢ ᠦᠨᠤᠳᠣᠷ ᠤᠨ ᠭᠠᠷ ᠣᠷᠠᠯᠠᠯ ᠤᠨ ᠪᠦᠳᠦᠭᠡᠭᠳᠡᠬᠦᠨ ᠨᠢ ᠵᠦᠪᠭᠡᠨ ᠦᠷᠡᠯ ᠤᠨ ᠮᠤᠳᠣ  ᠪᠠᠷ  ᠬᠢᠭᠰᠡᠨ ᠦᠯᠥᠬᠡᠢ ᠪᠢᠰᠢ᠂ ᠬᠠᠷᠢᠨ ᠠᠭᠤᠳᠡᠮ ᠨᠤᠳᠤᠭ ᠤᠨ ᠲᠠᠯ᠎ᠠ ᠪᠠᠨ ᠣᠶᠠᠰᠬᠠᠬᠰᠠᠨ ᠬᠠᠶᠢᠷ᠎ᠠ  ᠪᠠᠶᠢᠭ᠎ᠠ  ᠶᠤᠮ᠃  ᠨᠠᠰᠣᠳᠡᠨ  ᠮᠠᠨᠢ ᠵᠠᠯᠠᠭᠤ ᠢᠳᠡᠷ ᠨᠠᠰᠣ ᠪᠠᠨ ᠰᠣᠷᠭᠠᠨ ᠬᠦᠮᠦᠵᠢᠯ ᠳᠤ ᠵᠤᠷᠢᠭᠤᠯᠵᠦ᠂ ᠦᠳᠡᠯᠥᠭᠡ ᠨᠠᠰᠣ ᠪᠠᠨ ᠦᠪ ᠰᠣᠶᠤᠯ ᠤᠨ ᠣᠯᠠᠮᠵᠢᠯᠠᠯ ᠳᠤ ᠵᠤᠷᠢᠭᠤᠯᠬᠤ ᠳᠤ ᠪᠠᠨ ᠲᠡᠪᠡᠷᠢ ᠲᠦᠬᠦᠷᠡᠩ ᠱᠠᠩᠨᠠᠯ ᠬᠦᠬᠢᠬᠦᠯᠥᠯ ᠢᠶᠠᠷ ᠦᠩᠭᠡᠷᠡᠭᠰᠡᠨ ᠤ ᠲᠤᠷᠠᠰᠣᠮᠵᠢ  ᠪᠤᠯᠭᠠᠵᠦ  ︽ᠣᠶᠢᠯᠡᠰ︾ ᠬᠡᠮᠡᠬᠦ ᠡᠷᠬᠢᠮ ᠵᠤᠶᠢᠯ ᠢᠶᠠᠷ ᠬᠦᠰᠡᠯ ᠵᠤᠷᠢᠯᠳᠠ ᠪᠠᠨ ᠪᠤᠯᠭᠠᠵᠦ ᠪᠢᠯᠡ᠃                ᠣᠨ ᠵᠢᠯ ᠦᠩᠭᠡᠷᠡᠬᠦ ᠶᠢ ᠲᠠᠭᠠᠯᠳᠣᠨ᠂ ᠬᠦᠮᠣᠨ ᠪᠤᠯᠭᠠᠨ ᠤ ᠲᠤᠭᠤᠯᠵᠦ ᠶᠠᠪᠤᠬᠰᠠᠨ ᠵᠠᠮ ᠮᠦᠷ  ᠨᠢ  ᠵᠢᠷᠤᠭ  ᠰᠢᠭ᠋ ᠲᠤᠷᠠᠰᠣᠮᠵᠢ ᠪᠤᠯᠵᠦ᠂ ᠰᠠᠶᠢᠨ ᠤ ᠢᠪᠡᠭᠡᠯ ᠲᠠᠢ ᠣᠶᠢᠯᠡᠰ ᠤᠨ ᠮᠦᠷ ᠨᠢ ᠣᠳᠠᠬᠤ ᠲᠤᠳᠣᠮ ᠦᠩᠭᠡ ᠭᠡᠷᠡᠯ  ᠲᠠᠢ᠂  ᠡᠷᠬᠢᠮᠰᠦᠭ ᠭᠤᠸ᠎ᠠ ᠭᠡᠪ ᠢᠶᠠᠷ ᠢᠶᠠᠨ ᠪᠠᠶᠢᠳᠠᠭ ᠠᠴᠠ ᠡᠪᠦᠭᠡᠨ ᠪᠠᠭᠰᠢ ᠶᠢᠨ ᠮᠢᠨᠢ ᠦᠩᠭᠡᠷᠡᠭᠰᠡᠨ ᠤ ᠲᠤᠷᠠᠰᠣᠮᠵᠢ ᠨᠢ ᠲᠡᠬᠦᠨ ᠤ ᠵᠢᠳᠬᠦᠯ ᠤᠨ ᠮᠦᠷ ᠢ ᠬᠡᠶᠢᠬᠡᠬᠦᠯᠵᠦ᠂ ᠦᠨᠤᠳᠣᠷ ᠤᠨ ᠣᠯᠠᠮᠵᠢᠯᠠᠯᠳᠦ ᠭᠠᠷ ᠣᠷᠠᠯᠠᠯ ᠤᠨ ᠪᠦᠳᠦᠭᠡᠭᠳᠡᠬᠦᠨ ᠨᠢ ᠦᠳᠡᠯᠥᠬᠡ ᠨᠠᠰᠣᠨ  ᠤ  ᠬᠢᠨᠢ ᠦᠩᠭᠡ ᠲᠦᠷᠬᠦ ᠶᠢ ᠳᠣᠳᠣᠬᠠᠨ ᠬᠠᠷᠠᠭᠤᠯᠵᠦ ᠪᠠᠶᠢᠨ᠎ᠠ᠃            
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号