| ︽ᠤᠮᠠᠷᠠᠳᠤ ᠬᠢᠯᠢ ᠶᠢᠨ ᠰᠤᠶᠤᠯ︾ ᠪᠤᠯ ᠦᠪᠦᠷ ᠮᠤᠩᠭᠤᠯ ᠤᠨ ᠤᠷᠤᠨ ᠨᠤᠳᠤᠭ ᠤᠨ ᠴᠢᠨᠠᠷᠳᠠᠢ | ᠰᠤᠶᠤᠯ ᠤᠨᠲ᠋ᠡᠮᠳᠡᠭ ᠪᠠ ᠲᠦᠷᠢ ᠪᠤᠯᠤᠨ᠎ᠠ᠃ ᠡᠨᠡᠬᠦ ᠤᠷᠤᠨ ᠨᠤᠳᠤᠭ ᠤᠨ ᠴᠢᠨᠠᠷᠳᠠᠢ ᠰᠤᠶᠤᠯ ᠤᠨ ᠲᠡᠮᠳᠡᠭ ᠪᠠ | ᠲᠦᠷᠢ ᠲᠦᠷᠬᠦ ᠨᠢ ᠮᠦᠨᠴᠤ ᠲᠤᠮᠳᠠᠳᠤ ᠶᠢᠨ ᠰᠤᠶᠤᠯ ᠤᠨ ᠴᠢᠬᠤᠯᠠ ᠪᠦᠷᠢᠯᠳᠦᠬᠦᠨ ᠬᠡᠰᠡᠭ ᠪᠦᠭᠡᠳ ᠤᠯᠠᠨ | ᠵᠢᠯ ᠤᠨ ᠲᠤᠷᠰᠢ ᠡᠬᠡ ᠤᠯᠤᠰ ᠤᠨᠤᠮᠠᠷᠠᠳᠤ ᠬᠢᠯᠢ ᠳᠤ ᠠᠮᠢᠳᠦᠷᠠᠬᠰᠠᠭᠠᠷ ᠢᠷᠡᠭᠰᠡᠨ ᠦᠪᠦᠷ ᠮᠤᠩᠭᠤᠯ ᠤᠨ | ᠦᠨᠳᠦᠰᠦᠳᠡᠨ ᠨᠦᠭᠦᠳ ᠤᠨ ᠬᠠᠮᠳᠤ ᠪᠠᠷ ᠪᠤᠢᠪᠤᠯᠭᠠᠵᠦ᠂ ᠱᠤᠭᠤᠵᠦ᠂ ᠴᠤᠬᠴᠠᠯᠠᠨ ᠪᠦᠳᠦᠭᠡᠭᠰᠡᠨ ᠰᠤᠶᠤᠯ ᠤᠨ | ᠲᠡᠮᠳᠡᠭ ᠮᠦᠨ᠃ | ᠯᠢᠩᠬᠸ᠎ᠠ ᠪᠤᠯ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠲᠡᠰ ᠤᠨ ᠵᠠᠰᠠᠬᠳᠤ | ᠬᠠᠳᠬᠤᠮᠠᠯ ᠤᠨᠲ᠋ᠦ᠋ᠯᠦᠭᠡᠯᠡᠬᠦ ᠴᠢᠨᠠᠷᠳᠠᠢ ᠦᠪᠯᠡᠨ ᠤᠯᠠᠮᠵᠢᠯᠠᠬᠴᠢ ᠮᠦᠨ ᠪᠦᠭᠡᠳ ᠬᠤᠷᠴᠢᠨ ᠪᠠᠷᠠᠭᠤᠨ ᠭᠠᠷᠦᠨ | ᠡᠮᠦᠨᠡᠳᠤ ᠬᠤᠰᠢᠭᠤᠨ ᠤᠨᠪᠤᠳᠠᠰ ᠤᠨ ᠪᠤᠰᠤ ᠰᠤᠶᠤᠯ ᠤᠨ ᠦᠪ ᠢ ᠬᠠᠮᠠᠭᠠᠯᠠᠬᠤ ᠲᠦᠪ ᠤᠨ ᠲᠡᠮᠵᠢᠯᠬᠡ | ᠲᠤᠤᠷ᠎ᠠ᠂ ᠤᠯᠠᠨ ᠬᠠᠳᠬᠤᠮᠠᠯᠴᠢᠨ ᠱᠠᠪᠢᠰᠤᠷᠭᠠᠵᠦ᠂ ᠤᠷᠤᠨ ᠨᠤᠳᠤᠭ ᠤᠨ ᠢᠶᠠᠨ ᠰᠢᠯᠢᠳᠡᠭ ᠰᠤᠶᠤᠯ ᠤᠨ ᠦᠪ | ᠪᠤᠯᠬᠤ ᠵᠠᠰᠠᠬᠳᠤ ᠬᠠᠳᠬᠤᠮᠠᠯ ᠢᠶᠠᠨ ᠤᠯᠤᠰ ᠤᠷᠤᠨ ᠤᠲ᠋ᠡᠪᠴᠡᠩ ᠳᠤ ᠭᠠᠷᠭᠠᠭᠠᠳ᠂ ᠤᠯᠠᠨ ᠲᠦᠮᠡᠨ ᠤ ᠬᠦᠷᠢᠶᠡᠯᠡᠯ | ᠢ ᠤᠯᠵᠠᠢ᠃ ᠡᠳᠦᠬᠡ ᠲᠡᠷᠡ ᠪᠠᠷ ᠭᠠᠷᠠᠭ ᠪᠦᠷᠢ ᠶᠢᠨ ᠭᠤᠷᠪᠠᠨ ᠤᠡᠳᠦᠷ ᠬᠤᠷᠴᠢᠨ ᠪᠠᠷᠠᠭᠤᠨ ᠭᠠᠷᠦᠨ ᠡᠮᠦᠨᠡᠳᠤ | ᠬᠤᠰᠢᠭᠤᠨ ᠤ ᠨᠤᠮ ᠤᠨ ᠰᠠᠩ ᠳᠤ ᠬᠠᠨᠳᠬᠤᠮᠠᠯ ᠳᠤ ᠲᠤᠷ᠎ᠠ ᠪᠠᠭ᠋ᠠᠳᠠᠢᠡᠮᠡᠭᠳᠡᠶᠢᠴᠤᠳ ᠲᠤ ᠤᠷᠠᠨ | ᠬᠠᠳᠬᠤᠮᠠᠯ ᠤᠨ ᠤᠷ᠎ᠠ ᠮᠡᠷᠬᠡᠵᠢᠯ ᠵᠢᠭᠠᠵᠦ ᠪᠠᠶᠢᠭ᠎ᠠ ᠪᠦᠭᠡᠳ ᠵᠠᠰᠠᠬᠳᠤ ᠬᠠᠳᠬᠤᠮᠠᠯ ᠤᠨᠤᠯᠠᠮᠵᠢᠯᠠᠯ | ᠬᠦᠭᠵᠢᠯᠳᠡ ᠳᠤ ᠰᠡᠳᠬᠢᠯ ᠢᠶᠠᠨ ᠴᠢᠯᠡᠬᠡᠵᠦ ᠪᠠᠢᠭ᠎ᠠ ᠶᠤᠮ᠃ | ᠵᠠᠰᠠᠬᠳᠤ ᠬᠠᠳᠬᠤᠮᠠᠯ ᠨᠢ ᠤᠯᠠᠨ ᠵᠠᠭᠤᠨ ᠵᠢᠯ ᠤᠨ ᠤᠯᠠᠮᠵᠢᠯᠠᠯ ᠪᠠ ᠬᠦᠭᠵᠢᠯᠳᠡ ᠪᠠᠷ ᠲᠠᠮᠵᠢᠨ | ᠦᠪᠡᠷ ᠤᠨᠦᠪᠡᠷᠮᠢᠴᠡ ᠤᠨᠴᠠᠯᠢᠭ ᠢᠶᠠᠨ ᠪᠦᠷᠢᠯᠳᠦᠬᠦᠯᠵᠦ᠂ ᠲᠤᠮᠳᠠᠳᠤ ᠶᠢᠨ ᠦᠨᠳᠦᠰᠦᠳᠡᠨ ᠤ ᠬᠠᠳᠬᠤᠮᠠᠯ ᠤᠨ | ᠤᠷᠳᠤ ᠬᠤᠨᠭ᠍ᠬᠢᠯ ᠳ᠋ᠤ᠋ᠭᠤᠶᠤ ᠰᠠᠶᠢᠬᠠᠨ ᠦᠵᠡᠮᠵᠢ ᠨᠡᠮᠡᠷᠢᠯᠡᠭᠰᠡᠨ ᠪᠠᠶᠢᠨ᠎ᠠ᠃ ︽ᠵᠠᠰᠠᠬᠳᠤ ᠬᠠᠳᠬᠤᠮᠠᠯ︾ ᠨᠢ ᠤᠷᠢᠶᠠᠮᠠᠯ᠂ | ᠨᠠᠭᠠᠮᠠᠯ ᠵᠡᠷᠭᠡ ᠤᠯᠠᠨ ᠵᠦᠢᠯᠤᠨ ᠤᠶᠤᠬᠤ ᠠᠷᠭ᠎ᠠ ᠪᠠᠷ ᠲᠡᠷᠯᠢᠭ᠂ ᠲᠡᠷᠡ ᠶᠢᠨ ᠪᠤᠯᠤᠩ᠂ ᠲᠠᠮᠠᠬᠢᠨ ᠤᠭᠤᠳᠠ᠂ | ᠭᠤᠳᠤᠯ᠂ ᠪᠤᠬᠴᠤ ᠵᠡᠷᠭᠡ ᠲᠡᠭᠡᠷ᠎ᠡ ᠡᠬᠡᠪᠠᠶᠢᠭᠠᠯᠢ ᠶᠢᠨ ᠴᠡᠴᠡᠭ ᠰᠢᠪᠠᠭᠤ ᠶᠢ ᠬᠠᠳᠬᠤᠵᠦ ᠤᠷᠠᠯᠠᠵᠦ ᠭᠠᠷᠭᠠᠳᠠᠭ | ᠭᠤᠶᠢᠳᠠ ᠰᠠᠶᠢᠬᠠᠨ ᠤᠷᠠᠯᠢᠭ ᠮᠦᠨ᠃ ︽ᠵᠠᠰᠠᠬᠳᠤᠬᠠᠳᠬᠤᠮᠠᠯ︾ ᠨᠢ 2011 ᠤᠨ ᠳᠤ ᠦᠪᠦᠷ ᠮᠤᠩᠭᠤᠯ ᠤᠨ | ᠦᠪᠡᠷᠳᠡᠬᠡᠨ ᠵᠠᠰᠠᠬᠤ ᠤᠷᠤᠨ ᠤ ᠭᠤᠷᠪᠠᠳᠤᠭᠠᠷ ᠪᠦᠯᠦᠭ ᠪᠤᠳᠠᠰᠤᠨ ᠪᠤᠰᠤ ᠰᠤᠶᠤᠯ ᠤᠨ ᠦᠪ ᠢ ᠬᠠᠮᠠᠭᠠᠯᠠᠬᠤ | ᠲᠦᠷᠦᠯ ᠵᠦᠢᠯ ᠤᠨ ᠵᠢᠬᠰᠠᠭᠠᠯᠳᠠ ᠳᠤ ᠤᠷᠤᠬᠰᠠᠨ ᠪᠠᠶᠢᠨ᠎ᠠ᠃ | ᠯᠢᠩᠬᠸ᠎ᠠ ᠪᠤᠳᠠᠰ ᠤᠨ ᠪᠤᠰᠤ ᠰᠤᠶᠤᠯ ᠤᠨ ᠦᠪ ᠤᠨ ᠦᠪᠯᠡᠨ ᠤᠯᠠᠮᠵᠢᠯᠠᠬᠴᠢ ᠪᠤᠯᠤᠬᠰᠠᠨ ᠤ | ᠲᠠᠷᠠᠭ᠎ᠠ᠂ᠬᠦᠬᠡᠬᠤᠳᠠ᠂ ᠤᠯᠠᠭᠠᠨᠬᠠᠳᠠ᠂ ᠲᠦᠩᠯᠢᠶᠤᠤ ᠵᠡᠷᠭᠡ ᠭᠠᠵᠠᠷ ᠢᠶᠠᠷ ᠪᠤᠯᠪᠠᠰᠦᠷᠠᠯ ᠳᠤ ᠤᠷᠤᠯᠴᠠᠨ᠂ ᠤᠷ᠎ᠠ | ᠮᠡᠷᠬᠡᠵᠢᠯ ᠵᠶ᠋ᠠᠨᠲ᠋ᠡᠭᠡᠭᠰᠢᠯᠡᠬᠦᠯᠵᠡᠢ᠃ ᠯᠢᠩᠬᠸ᠎ᠠ ᠤᠷᠢᠳ ᠬᠤᠵᠢᠳ ᠬᠤᠷᠴᠢᠨ ᠪᠠᠷᠠᠭᠤᠨ ᠭᠠᠷᠦᠨ ᠡᠮᠦᠨᠡᠳᠤ ᠬᠤᠰᠢᠭᠤᠨ | ᠤ ᠨᠢᠬᠡᠳᠦᠭᠡᠷ ᠪᠠᠭ᠎ᠠᠰᠤᠷᠭᠠᠭᠤᠯᠢ᠂ ᠴᠠᠷᠠᠰᠦᠨ ᠭᠤᠤᠯ ᠪᠠᠭ᠎ᠠ ᠰᠤᠷᠭᠠᠭᠤᠯᠢ᠂ ᠤᠯᠠᠭᠠᠨᠮᠤᠳᠤ ᠪᠠᠭ᠎ᠠ ᠰᠤᠷᠭᠠᠭᠤᠯᠢ᠂ | ᠤᠯᠠᠭᠠᠨᠬᠤᠳᠠ ᠶᠢᠨ ᠠᠵᠢᠯᠮᠡᠷᠬᠡᠵᠢᠯ ᠤᠨ ᠰᠤᠷᠭᠠᠭᠤᠯᠢ ᠳᠤ ᠵᠠᠰᠠᠬᠳᠤ ᠬᠠᠳᠬᠤᠮᠠᠯ ᠤᠨ ᠬᠢᠴᠢᠶᠡᠯ ᠤᠷᠤᠵᠦ | ᠦᠡᠭᠭᠡᠷᠡᠵᠡᠢ᠃ ᠤᠶᠢᠷ᠎ᠠ ᠶᠢᠨ ᠬᠡᠳᠦᠨ ᠵᠢᠯ ᠳᠤ᠂ᠬᠤᠷᠴᠢᠨ ᠪᠠᠷᠠᠭᠤᠨ ᠭᠠᠷᠦᠨ ᠡᠮᠦᠨᠡᠳᠤ ᠬᠤᠰᠢᠭᠤᠨ ᠤ ᠪᠤᠳᠠᠰ ᠤᠨ | ᠪᠤᠰᠤ ᠰᠤᠶᠤᠯ ᠤᠨ ᠦᠪ ᠢ ᠬᠠᠮᠠᠭᠠᠯᠠᠬᠤ ᠲᠦᠪ ᠯᠢᠩᠬᠸᠠᠵᠡᠷᠭᠡ ᠦᠪᠯᠡᠨ ᠤᠯᠠᠮᠵᠢᠯᠠᠬᠴᠢ ᠳᠤ ᠤᠷ᠎ᠠ | ᠠᠪᠢᠶᠠᠰ ᠢᠶᠠᠨ ᠪᠠᠳᠠᠷᠠᠭᠤᠯᠬᠤ ᠲᠡᠪᠴᠠᠩ ᠬᠠᠨᠭ᠍ᠭᠠᠵᠦ᠂ ᠨᠠᠶᠢᠷ ᠨᠠᠭᠠᠳᠦᠮ᠂ ᠰᠤᠶᠤᠯᠤᠨ ᠦᠵᠡᠬᠦᠯᠬᠡ ᠵᠡᠷᠭᠡ | ᠠᠵᠢᠯᠯᠠᠭ᠎ᠠ ᠳᠤ ᠤᠷᠤᠯᠴᠠᠵᠦ᠂ ︽ᠦᠪᠡᠷᠳᠡᠬᠡᠨ ᠵᠠᠰᠠᠬᠤ ᠤᠷᠤᠨ ᠤ ᠬᠠᠮᠤᠭ ᠭᠤᠶᠤ ᠬᠠᠳᠬᠤᠮᠠᠯᠴᠢᠨᠪᠦ᠋ᠰᠡᠬᠦᠢ︾ | ᠵᠡᠷᠭᠡ ᠤᠯᠠᠨ ᠱᠠᠩᠨᠠᠯ ᠬᠦᠬᠢᠬᠦᠯᠦᠯ ᠢᠶᠠᠷ ᠡᠩᠬᠡᠷ ᠢᠶᠠᠨ ᠮᠢᠯᠢᠶᠠᠯᠭᠠᠵᠦ ᠶᠠᠪᠤᠬᠰᠠᠨ ᠶᠤᠮ᠃ ᠤᠳᠤ ᠪᠤᠯᠳᠠᠯ᠎ᠠ | ᠯᠢᠩᠬᠸᠠᠮᠢᠩᠭᠠ ᠭᠠᠷᠦᠢ ᠰᠤᠷᠤᠬᠴᠢ ᠬᠦᠮᠦᠵᠢᠬᠦᠯᠵᠦ᠂ ᠤᠷᠠᠯᠠᠵᠦ ᠬᠠᠳᠬᠤᠬᠰᠠᠨ ᠪᠦᠳᠦᠭᠡᠭᠳᠡᠬᠦᠨ ᠢᠶᠠᠨ ᠤᠯᠤᠰ ᠤᠨ | ᠲᠤᠳᠤᠨ᠎ᠠ ᠭᠠᠳᠠᠨᠠᠪᠤᠷᠤᠯᠠᠭᠤᠯᠵᠦ᠂ ᠡᠮᠡᠭᠳᠡᠶᠢᠴᠤᠳ ᠤᠨ ᠤᠷᠤᠯᠭ᠎ᠠ ᠶᠢ ᠨᠡᠮᠡᠭᠳᠡᠬᠦᠯᠦᠭᠰᠡᠨ ᠢᠶᠠᠷ ᠪᠠᠷᠠᠬᠤ ᠦᠬᠡᠢ | ᠵᠠᠰᠠᠬᠳᠤ ᠬᠠᠳᠬᠤᠮᠠᠯ ᠤᠨ ᠷᠢᠳᠢᠰᠢᠳᠢ ᠶᠢ ᠤᠯᠠᠨ ᠳᠤ ᠲᠠᠨᠢᠭᠤᠯᠵᠦ᠂ ᠤᠮᠠᠷᠠᠳᠤ ᠬᠢᠯᠢ ᠶᠢᠨ ᠰᠤᠶᠤᠯ ᠤᠨ ᠤᠷᠳᠤ | ᠬᠤᠨᠭ᠍ᠬᠢᠯ ᠳᠤ ᠭᠤᠶᠤ ᠰᠠᠶᠢᠬᠠᠨ ᠦᠵᠡᠮᠵᠢᠨᠡᠮᠡᠷᠢᠯᠡᠵᠦ ᠶᠠᠪᠤᠨ᠎ᠠ ᠪᠢᠯᠡ᠃ | ᠬᠢᠩᠭᠠᠨ ᠠᠶᠢᠮᠠᠭ ᠤᠨ ᠬᠠᠮ ᠵᠠᠭᠤᠴᠢᠯᠠᠭᠤᠷ ᠤᠨ ᠲᠦᠪ ᠤᠨ ᠡᠤ ᠰᠡᠷᠬᠦᠯᠡᠩ ᠪᠢᠯᠢᠭ ᠮᠡᠳᠡᠭᠡᠯᠡᠪᠡ | | | | | | | | | |