ᠬᠤᠨᠳᠣ ᠨᠠᠭᠤᠷ
ᠨᠡᠶᠢᠲᠡᠯᠡᠭᠰᠡᠨ ᠴᠠᠭ᠄
2024/3/12
 
         ᠴᠡᠩᠬᠡᠷ ᠥᠩᠭᠡ ᠲᠠᠢ ᠦᠵᠡᠮᠵᠢ᠂ ᠨᠠᠮ ᠵᠢᠮ ᠰᠠᠷᠠ ᠰᠥᠨᠢ ᠶᠢᠨ ᠬᠥᠭ ᠠᠶᠠᠰ᠂ ᠤᠶᠠᠬᠠᠨ ᠰᠠᠶᠢᠬᠠᠨ ᠵᠡᠭᠦᠳᠦ ᠨᠠᠭᠤᠷ ᠤᠨ ᠬᠥᠪᠡᠭᠡᠨ ᠳᠤ᠂ ᠨᠢᠭᠡ ᠰᠦᠷᠦᠭ ︽ᠬᠤᠨ ᠭᠠᠯᠠᠭᠤ︾ ᠨᠠᠭᠠᠳᠤᠨ ᠲᠣᠭᠯᠠᠵᠤ᠂ ᠨᠢᠭᠡ ᠨᠠᠭᠤᠷ ᠤᠨ ᠤᠰᠤᠨ ᠳᠤ ᠪᠥᠵᠢᠭᠯᠡᠨ᠎ᠡ᠃ 12 ᠳ᠋ᠤᠭᠠᠷ ᠰᠠᠷ᠎ᠠ ᠶᠢᠨ 1 ᠤ ᠣᠷᠣᠢ᠂ ᠤᠷᠤᠰ ᠤᠨ ᠬᠠᠭᠠᠨ ᠤ ᠤᠭᠰᠠᠭᠠᠲᠠᠨ ᠤ ᠪᠠᠯᠧᠲ ᠪᠥᠵᠢᠭᠲᠦ ᠵᠦᠴᠦᠭᠡ ︽ᠬᠤᠨᠳᠣ ᠨᠠᠭᠤᠷ︾ ᠢ ᠪᠤᠭᠤᠲᠤ ᠶᠢᠨ ᠶᠡᠭᠡ ᠲᠢᠶᠠᠲᠷ ᠲᠤ ᠲᠣᠭᠯᠠᠪᠠ᠃ ᠪᠠᠯᠧᠲ ᠪᠥᠵᠢᠭ ︽ᠬᠤᠨᠳᠣ ᠨᠠᠭᠤᠷ︾ ᠭᠡᠬᠦ ᠡᠨᠡ ᠬᠦ ᠬᠥᠳᠡᠯᠦᠯ ᠪᠠᠷᠢᠯ ᠤᠨ ᠦᠵᠦᠭᠦᠷ ᠳᠡᠭᠡᠷᠡᠬᠢ ᠭᠠᠶᠢᠬᠠᠮᠰᠢᠭᠲᠤ ᠥᠯᠢᠭᠡᠷ  ᠨᠢ ᠭᠤᠸ᠎ᠠ ᠵᠦᠢ ᠶᠢᠨ ᠲᠡᠦᠬᠡᠨ ᠳᠡᠭᠡᠷᠡᠬᠢ ᠨᠣᠶᠠᠨ ᠣᠷᠭᠢᠯ ᠪᠠ ᠥᠯᠢᠭᠡᠷ ᠵᠢᠱᠢᠶ᠎ᠡ ᠪᠣᠯᠤᠭᠰᠠᠨ ᠪᠠᠶᠢᠨ᠎ᠠ᠃ ᠡᠨᠡ ᠬᠦ ᠲᠠᠬᠢᠨ ᠬᠤᠷᠳᠤᠴᠠ ᠶᠢᠨ ᠳᠠᠷᠤᠪᠴᠢ ᠶᠢ ᠳᠠᠷᠤᠭᠰᠠᠨ ᠴᠠᠭ ᠦᠶ᠎ᠡ ᠳᠤ᠂ ᠲᠤᠬᠠᠢ ᠶᠢᠨ ᠲᠠᠯᠠᠪᠠᠢ ᠳᠤ ᠪᠠᠯᠧᠲ ᠪᠥᠵᠢᠭᠴᠢᠨ ᠤ ᠭᠤᠶᠢᠳᠠ ᠰᠠᠶᠢᠬᠠᠨ ᠪᠠ ᠢᠷᠠᠭᠤ ᠰᠠᠶᠢᠬᠠᠨ ᠢ ᠬᠠᠮᠤᠭ ᠠᠴᠠ ᠢᠯᠡᠭᠦᠦ ᠮᠡᠳᠡᠷᠡᠵᠦ ᠴᠢᠳᠠᠨ᠎ᠠ᠃ ︽ᠳᠥᠷᠪᠡᠨ ᠪᠢᠴᠢᠬᠠᠨ ᠬᠤᠨ︾ ᠤ ᠠᠭᠤᠵᠢᠭᠤ ᠲᠠᠯᠪᠢᠭᠤ ᠪᠠᠶᠠᠷ ᠬᠥᠷ ᠲᠠᠢ ᠠᠶᠢᠵᠠᠮ ᠨᠢ ᠪᠠᠷᠤᠭ ᠬᠠᠮᠤᠭ ᠤᠨ ᠲᠠᠨᠢᠯ ᠳᠠᠰᠤᠯ ᠪᠠᠶᠢᠵᠤ᠂ ᠰᠠᠯᠬᠢ ᠰᠢᠭ᠋ ᠬᠥᠩᠭᠡᠨ᠂ ᠡᠭᠦᠯᠡ ᠰᠢᠭ ᠵᠥᠭᠡᠯᠡᠨ᠂ ᠰᠥᠨᠢ ᠠᠴᠠ ᠨᠠᠩ ᠨᠠᠮ ᠵᠢᠮ᠂ ᠵᠡᠭᠦᠳᠦ ᠠᠴᠠ ᠨᠠᠩ ᠭᠤᠶᠣ ᠰᠠᠶᠢᠬᠠᠨ ᠪᠠᠶᠢᠳᠠᠭ᠃ ᠪᠦᠬᠦ ᠲᠠᠯᠠᠪᠠᠢ ᠶᠢᠨ ᠪᠥᠵᠢᠭᠴᠢᠨ ᠶᠠᠭ ᠰᠣᠭᠲᠣᠭᠤᠷᠠᠵᠤ᠂ ᠦᠵᠡᠭᠴᠢᠳ ᠶᠠᠭ ᠰᠣᠭᠲᠣᠵᠤ ᠪᠠᠶᠢᠪᠠ᠃  
 
ᠢᠷᠡᠯᠲᠡ᠄ ᠪᠤᠭᠤᠳᠤ ᠬᠤᠲᠠ ᠶᠢᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号