ᠤᠷᠢᠬᠠᠨ ᠬᠠᠪᠤᠷ ᠢᠶᠠᠷ ᠤᠷᠠᠨ ᠰᠢᠪᠠᠭᠤᠳ ᠰᠠᠭᠠᠲᠠᠯ᠎ᠠ
ᠨᠡᠶᠢᠲᠡᠯᠡᠭᠰᠡᠨ ᠴᠠᠭ᠄
2024/4/18
F202403151630183616702290.jpg
        ᠤᠷᠢ  ᠣᠷᠣᠵᠤ  ᠤᠷᠢᠬᠠᠨ  ᠰᠠᠯᠬᠢ  ᠰᠡᠪᠰᠢᠶᠡᠯᠡᠨ᠂  ᠲᠦᠮᠡᠨ  ᠪᠣᠳᠠᠰ  ᠠᠮᠢᠯᠠᠨ  ᠰᠡᠷᠭᠦᠯ᠎ᠡ᠃  ᠣᠶᠢᠷ᠎ᠠ   ᠵᠢᠨ‌ᠡᠳᠦᠷ ᠤᠳ ᠲᠤ᠂ ᠲᠩᠷᠢ ᠠᠭᠠᠵᠢᠮ ᠢᠶᠠᠷ ᠳᠤᠯᠠᠭᠠᠷᠠᠬᠤ ᠶᠢ ᠳᠠᠭᠠᠯᠳᠤᠨ᠂ ᠥᠪᠥᠷ ᠮᠣᠩᠭᠤᠯ ᠤᠨ ᠪᠠᠶᠠᠨᠨᠠᠭᠤᠷ ᠬᠤᠲᠠ ᠶᠢᠨ  ᠯᠢᠨ‌ᠾᠧ ᠲᠣᠭᠤᠷᠢᠭ ᠤᠨ ᠬᠠᠲᠤᠨ ᠭᠤᠣᠯ ᠤᠨ ᠤᠯᠤᠰ ᠤᠨ ᠨᠤᠭᠤ ᠭᠠᠵᠠᠷ ᠤᠨ ᠴᠡᠴᠡᠷᠯᠢᠭ ᠲᠤ ᠲᠣᠯᠪᠣᠲᠤ ᠬᠤᠨ᠂ ᠯᠠᠮᠠ ᠭᠠᠯᠠᠭᠤ᠂ᠬᠥᠬᠡ  ᠲᠣᠭᠤᠷᠤᠤ  ᠵᠡᠷᠭᠡ  ᠨᠡᠭᠦᠳᠡᠯ ᠤᠨ  ᠰᠢᠪᠠᠭᠤᠳ  ᠢᠷᠠᠵᠤ᠂  ᠬᠠᠯᠢᠯᠳᠤᠨ  ᠳᠡᠭᠦᠯᠢᠵᠦ᠂   ᠱᠤᠮᠪᠠᠯᠳᠤᠨ   ᠤᠮᠪᠠᠵᠤ᠂ᠰᠢᠪᠠᠭᠤᠳ ᠤᠨ ᠭᠠᠩᠭᠠᠨᠠᠭᠠᠨ ᠳᠤ ᠪᠣᠷᠣᠲᠣᠬᠤᠢ ᠶᠢᠨ ᠪᠠᠶᠢᠭᠠᠯᠢ ᠰᠡᠷᠭᠦᠵᠦ᠂ ᠬᠠᠪᠤᠷ ᠤᠨ ᠤᠷᠢ ᠪᠢᠯᠬᠠᠯ᠎ᠠ᠃                              ᠪᠠᠶᠠᠨᠨᠠᠭᠤᠷ ᠪᠣᠯ ᠮᠠᠨ ᠤ ᠤᠯᠤᠰ ᠤᠨ ᠨᠡᠭᠦᠳᠡᠯ ᠤᠨ ᠰᠢᠪᠠᠭᠤᠳ ᠤᠨ  ᠡᠮᠦᠨᠡᠰᠢ  ᠤᠮᠠᠷᠠᠰᠢ  ᠨᠡᠭᠦᠳᠡᠯᠯᠡᠬᠦ  ᠭᠤᠷᠪᠠᠨ‌ᠵᠠᠮ ᠤᠨ ᠠᠭᠤᠯᠵᠠᠷ ᠪᠥᠭᠡᠳ ᠰᠢᠪᠠᠭᠤᠳ ᠤᠨ ᠨᠡᠭᠦᠳᠡᠯ ᠤᠨ ᠵᠠᠮ ᠳᠡᠭᠡᠷᠡᠬᠢ  ᠴᠢᠬᠤᠯᠠ  ᠥᠷᠲᠡᠭᠡ  ᠪᠣᠯᠣᠨ᠎ᠠ᠃  ᠡᠶᠢᠨ  ᠬᠦ᠂ᠤᠯᠠᠷᠢᠯ ᠰᠣᠯᠢᠭᠳᠠᠨ ᠬᠠᠪᠤᠷ ᠰᠠᠭᠠᠲᠠᠬᠤ ᠶᠢ ᠳᠠᠭᠠᠯᠳᠤᠨ᠂ ᠥᠩᠭᠡᠷᠡᠬᠦ ᠨᠠᠮᠤᠷ ᠠᠯᠤᠰ ᠢ ᠵᠣᠷᠢᠭᠰᠠᠨ  ᠨᠡᠭᠦᠳᠡᠯ ᠤᠨ  ᠰᠢᠪᠠᠭᠤᠳ‌ᠡᠭᠡᠨ ᠪᠤᠴᠠᠵᠤ᠂ ︽ᠳᠠᠪᠠᠭᠠᠨ ᠤ ᠠᠷᠤ ᠶᠢᠨ ᠵᠢᠶᠠᠩᠨᠠᠨ ᠣᠷᠣᠨ︾ ᠬᠡᠮᠡᠭᠳᠡᠭᠰᠡᠨ ᠪᠠᠶᠠᠨᠨᠠᠭᠤᠷ ᠲᠤ ᠬᠠᠪᠤᠷ ᠤᠨ ᠠᠭᠤᠷ ᠠᠮᠢᠰᠬᠤᠯ ᠢ‌ᠨᠡᠮᠡᠷᠢᠯᠡᠵᠦ ᠪᠠᠶᠢᠭ᠎ᠠ ᠨᠢ ᠡᠨᠡ ᠪᠢᠯᠡ᠃                       ᠪᠠᠶᠠᠨᠨᠠᠭᠤᠷ ᠤᠨ ᠡᠳᠥᠷ ᠤᠨ ᠰᠣᠨᠢᠨ ᠤ ᠬᠤᠷᠢᠶ᠎ᠠ ᠶᠢᠨ ᠰᠤᠷᠪᠤᠯᠵᠢᠯᠠᠭᠴᠢ ᠰᠦᠨᠳᠡᠷ ᠴᠢ ᠬᠤᠩ ᠶᠠᠨ ᠮᠡᠳᠡᠭᠡᠯᠡᠪᠡ
 
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号