ᠨᠡᠶᠢᠲᠡ ᠶᠢᠨ ᠣᠨ ᠲᠣᠭᠠᠯᠠᠯ ᠤᠨ 1913 ᠣᠨ ᠤ ᠣᠢ ᠪᠤᠯᠠᠭ ᠤᠨ ᠡᠬᠢ ᠪᠠᠷ᠂ ᠳᠠᠷᠤᠢ ᠳᠤᠮᠳᠠᠳᠤ | ᠢᠷᠭᠡᠨ ᠤᠯᠤᠰ ᠪᠠᠶᠢᠭᠤᠯᠤᠭᠳᠠᠭᠰᠠᠨ ᠤ ᠳᠠᠷᠠᠭᠠᠬᠢ ᠬᠤᠶᠠᠳᠤᠭᠠᠷ ᠡᠪᠦᠯ ᠪᠣᠯᠤᠨ᠎ᠠ᠂ ᠨᠢᠭᠡ ᠪᠦᠯᠦᠭ ᠴᠡᠷᠢᠭ᠂ | ᠬᠤᠳᠠᠯᠳᠤᠭᠠᠴᠢᠨ ᠨᠡᠶᠢᠯᠡᠭᠰᠡᠨ ᠵᠡᠷᠭᠡ ᠥᠨᠳᠦᠷ ᠨᠡᠷ᠎ᠡ ᠴᠣᠣᠲᠠᠢ ᠨᠣᠶᠠᠳ ᠲᠦᠰᠢᠮᠡᠳ ᠳᠠᠯᠠᠨ ᠬᠠᠷ᠎ᠠ ᠠᠭᠤᠯᠠ ᠶᠢᠨ | ᠭᠦᠨ ᠳᠠᠬᠢ ᠰᠢᠭᠤᠶᠢᠲᠤ ᠳᠤ ᠢᠷᠡᠵᠡᠢ᠃ ᠨᠢᠭᠡ ᠲᠡᠷᠢᠭᠦᠨ ᠨᠢ ᠨᠢᠭᠡ ᠪᠡᠶ᠎ᠡ ᠴᠡᠷᠢᠭ ᠤᠨ ᠬᠤᠪᠴᠠᠰᠤ ᠲᠠᠢ᠂ ᠰᠦᠷ | ᠵᠢᠪᠬᠤᠭ᠎ᠠ ᠲᠠᠢ᠂ ᠣᠯᠠᠨ ᠤ ᠬᠦᠷᠢᠶᠡᠯᠡᠯ ᠳᠣᠣᠷ᠎ᠠ ᠰᠢᠭᠤᠶᠢᠲᠤ ᠵᠢᠵᠢᠭ ᠪᠠᠯᠭᠠᠰᠤᠨ ᠳᠤ ᠣᠷᠣᠪᠠ᠃ ᠲᠡᠭᠦᠨ ᠤ ᠡᠨᠡ | ᠤᠳᠠᠭ᠎ᠠ ᠶᠢᠨ ᠠᠶᠢᠯᠴᠢᠯᠠᠯᠲᠠ ᠶᠢᠨ ᠵᠣᠷᠢᠯᠭ᠎ᠠ ᠨᠢ ᠲᠤᠬᠠᠶ ᠶᠢᠨ ᠭᠠᠵᠠᠷ ᠤᠨ ᠨᠡᠭᠦᠷᠡᠰᠦᠨ ᠠᠭᠤᠷᠬᠠᠶ ᠶᠢᠨ | ᠦᠢᠯᠡᠳᠪᠦᠷᠢᠯᠡᠯ ᠤᠨ ᠪᠠᠶᠢᠳᠠᠯ ᠢ ᠰᠢᠨᠵᠢᠯᠡᠨ ᠪᠠᠶᠢᠴᠠᠭᠠᠵᠤ᠂ ᠳᠠᠯᠠᠨ ᠬᠠᠷ᠎ᠠ ᠠᠭᠤᠯᠠ ᠶᠢᠨ ᠨᠡᠭᠦᠷᠡᠰᠦᠨ ᠤ ᠡᠬᠢ | ᠪᠠᠶᠠᠯᠢᠭ ᠢ ᠡᠮᠬᠢᠯᠡᠨ ᠨᠡᠶᠢᠯᠡᠭᠦᠯᠵᠦ᠂ ᠣᠷᠴᠢᠨ ᠦᠶ᠎ᠡ ᠶᠢᠨ ᠠᠴᠢ ᠬᠤᠯᠪᠣᠭᠳᠠᠯ ᠲᠠᠢ ᠲᠣᠮᠣ ᠬᠡᠯᠪᠡᠷᠢ ᠶᠢᠨ | ᠨᠡᠭᠦᠷᠡᠰᠦᠨ ᠤ ᠠᠵᠤ ᠠᠬᠤᠶᠢᠯᠠᠯ ᠢ ᠪᠠᠶᠢᠭᠤᠯᠬᠤ ᠭᠡᠰᠡᠨ ᠶᠤᠮ᠃ ᠡᠨᠡ ᠬᠥᠮᠦᠨ ᠪᠣᠯ ᠳᠠᠷᠤᠶ ᠰᠢᠨ᠎ᠡ ᠪᠠᠷ ᠡᠵᠡᠨ | ᠪᠣᠯᠵᠤ ᠪᠤᠭᠤᠲᠤ ᠶᠢᠨ ᠵᠠᠰᠠᠭ ᠤᠨ ᠶᠠᠪᠤᠳᠠᠯ ᠢ ᠡᠷᠬᠢᠯᠡᠵᠦ ᠪᠠᠶᠢᠭ᠎ᠠ ᠱᠠᠨ ᠰᠢ ᠶᠢᠨ ᠬᠠᠭᠤᠷᠠᠶ ᠵᠠᠮ ᠤᠨ ᠴᠡᠷᠢᠭ ᠤᠨ | ᠶᠢᠰᠦᠳᠦᠭᠡᠷ ᠳ᠋ᠢᠸᠢᠽᠢ ︵ᠰᠡᠭᠦᠯᠡᠷ ᠨᠢ ᠨᠢᠭᠡᠳᠦᠭᠡᠷ ᠳ᠋ᠢᠸᠢᠽᠢ ᠪᠣᠯᠭᠠᠨ ᠥᠭᠡᠷᠡᠴᠢᠯᠡᠪᠡ︶ ᠶᠢᠨ ᠳ᠋ᠢᠸᠢᠽᠢ ᠶᠢᠨ ᠳᠠᠷᠤᠭ᠎ᠠ | ᠺᠦᠩ ᠭᠧᠩ ᠪᠣᠯᠤᠨ᠎ᠠ᠃ | | ︵20 ᠳ᠋ᠤᠭᠠᠷ ᠵᠠᠭᠤᠨ ᠤ ᠨᠠᠶᠠᠭᠠᠳ ᠣᠨ ᠤ ᠦᠶ᠎ᠡ ᠳᠤ ᠰᠢᠭᠤᠶᠢᠲᠤ ᠶᠢᠨ ᠠᠭᠠᠷ ᠠᠶᠠᠯᠠᠯ ᠤᠨ ᠵᠢᠷᠤᠭ︶ | ᠺᠦᠩ ᠭᠧᠩ᠂ ᠡᠷᠭᠦᠭᠰᠡᠨ ᠨᠡᠷ᠎ᠡ ᠸᠧᠨ ᠰᠢᠶᠠᠨ᠂ 1873 ᠣᠨ ᠳᠤ ᠲᠦᠷᠦᠵᠠᠢ᠂ ᠬᠤᠪᠧᠢ ᠮᠤᠵᠢ ᠶᠢᠨ | ᠰᠢ ᠱᠦᠢ ᠶᠢᠨ ᠬᠦᠮᠦᠨ᠃ 1905 ᠣᠨ ᠳᠤ ᠵᠡᠭᠦᠨᠰᠢ ᠶᠠᠫᠤᠨ ᠢ ᠭᠠᠲᠤᠯᠠᠵᠤ᠂ ᠬᠤᠯᠪᠣᠭᠠᠲᠤ ᠬᠤᠷᠠᠯ ᠳᠤ | ᠣᠷᠤᠯᠴᠠᠵᠤ᠂ ᠱᠠᠨ ᠰᠢ ᠶᠢᠨ ᠸᠠᠩ ᠶᠠᠨ ᠰᠢ ᠱᠠᠨ ᠤ ᠶᠠᠫᠤᠨ ᠤ ᠪᠠᠭ᠎ᠠ ᠣᠹᠢᠼᠧᠷ ᠤᠨ ᠰᠤᠷᠭᠠᠭᠤᠯᠢ ᠶᠢᠨ ᠬᠠᠮᠲᠤ | ᠰᠤᠷᠤᠭᠴᠢ ᠪᠣᠯᠪᠠ᠃ 1911 ᠣᠨ ᠳᠤ ᠴᠠᠭᠠᠭᠴᠢᠨ ᠭᠠᠭ᠋ᠠᠶ ᠵᠢᠯ ᠤᠨ ᠬᠤᠪᠢᠰᠬᠠᠯ ᠡᠭᠦᠰᠴᠦ᠂ ᠺᠦᠩ ᠭᠧᠩ ᠤᠨ | ᠰᠠᠭᠤᠭ᠎ᠠ ᠴᠢᠩ ᠤᠯᠤᠰ ᠤᠨ ᠴᠡᠷᠢᠭ ᠤᠨ ᠵᠢᠷᠭᠤᠳᠤᠭᠠᠷ ᠪᠠᠯᠭᠠᠰᠤ ᠴᠢᠩ ᠤᠯᠤᠰ ᠤᠨ ᠵᠠᠰᠠᠭ ᠤᠨ ᠵᠠᠷᠯᠢᠭ ᠢᠶᠠᠷ ᠱᠠᠨ | ᠰᠢ ᠳᠤ ᠬᠦᠷᠴᠦ ᠬᠤᠪᠢᠰᠬᠠᠯ ᠢ ᠳᠠᠷᠤᠩᠭᠤᠶᠢᠯᠠᠪᠠ᠃ ᠵᠠᠮ ᠳᠤᠮᠲᠠ ᠵᠢᠷᠭᠤᠭᠠᠨ ᠪᠠᠯᠭᠠᠰᠤᠨ ᠤ ᠳᠠᠷᠤᠭ᠎ᠠ ᠪᠠᠢᠯᠳᠤᠭᠴᠢ | ᠪᠠ ᠶᠢᠨ ᠴᠡᠷᠢᠭ ᠤᠨ ᠬᠠᠮᠲᠤᠷᠠᠭᠰᠠᠨ ᠪᠣᠰᠤᠯᠭ᠎ᠠ ᠢᠯᠠᠭᠳᠠᠵᠤ᠂ ᠺᠦᠩ ᠭᠧᠩ ᠶᠠᠨ ᠰᠢ ᠱᠠᠨ ᠤ ᠭᠠᠷ ᠳᠣᠣᠷ᠎ᠠ | ᠣᠷᠤᠪᠠ᠃ 1913 ᠣᠨ ᠤ 7 ᠳ᠋ᠤᠭᠠᠷ ᠰᠠᠷ᠎ᠠ ᠳᠤ ᠠᠷᠤ ᠮᠣᠩᠭᠤᠯ ᠨᠢ ᠴᠠᠭᠠᠨ ᠬᠠᠭᠠᠨᠲᠤ ᠤᠷᠤᠰ ᠤᠨ | ᠥᠳᠥᠭᠡᠯᠭᠡ ᠪᠠᠷ ᠲᠠᠪᠤᠨ ᠵᠠᠮ ᠴᠡᠷᠢᠭ ᠢᠶᠠᠨ ᠮᠠᠨᠳᠤᠭᠤᠯᠵᠤ᠂ ᠰᠦᠢᠶᠤᠸᠠᠨ᠂ ᠴᠠᠬᠠᠷ ᠲᠤ ᠬᠠᠯᠳᠠᠵᠤ᠂ ᠡᠭᠦᠨ ᠤ | ᠳᠣᠲᠣᠷ᠎ᠠ ᠨᠢᠭᠡ ᠵᠠᠮ ᠨᠢ ᠪᠠᠲᠤᠬᠠᠭᠠᠯᠭ᠎ᠠ ᠰᠦᠮ᠎ᠡ᠂ ᠭᠦᠶᠡᠩ ᠢ ᠳᠠᠭᠠᠷᠢᠨ ᠡᠵᠡᠯᠡᠵᠦ᠂ ᠳᠠᠯᠠᠨ ᠬᠠᠷ᠎ᠠ ᠠᠭᠤᠯᠠ ᠶᠢ | ᠳᠠᠪᠠᠵᠤ᠂ ᠬᠥᠨᠳᠡᠯᠡᠨ ᠵᠣᠣ᠂ ᠶᠡᠭᠡ ᠰᠢᠭᠡᠲᠡᠢ ᠵᠡᠷᠭᠡ ᠭᠠᠵᠠᠷ ᠢ ᠵᠠᠬᠢᠷᠴᠤ᠂ ᠰᠢᠭᠤᠳ ᠪᠤᠭᠤᠲᠤ ᠬᠤᠳᠠ ᠶᠢ ᠴᠢᠭᠯᠡᠪᠡ | ᠃ ᠰᠠᠬᠢᠨ ᠬᠠᠮᠠᠭᠠᠯᠠᠬᠤ ᠴᠡᠷᠢᠭ ᠬᠦᠴᠦᠨ ᠦᠭᠡᠢ᠂ ᠪᠤᠭᠤᠲᠤ ᠨᠤᠷᠠᠬᠤ ᠠᠶᠤᠯᠲᠠᠢ᠂ ᠶᠠᠨ ᠱᠢ ᠱᠠᠨ᠂ ᠺᠦᠩ ᠭᠧᠩ ᠢ | ᠲᠦᠷᠭᠡᠨ ᠲᠤᠰᠠᠯᠠᠭᠤᠯᠬᠤ ᠪᠠᠷ ᠶᠠᠪᠤᠭᠤᠯᠪᠠ᠃ ᠺᠦᠩ ᠭᠧᠩ ᠴᠡᠷᠢᠭ ᠳᠠᠶᠢᠴᠢᠯᠠᠨ ᠤᠮᠠᠷᠠᠰᠢ ᠳᠠᠶᠢᠯᠠᠵᠤ᠂ | ᠪᠣᠭᠤᠲᠤ ᠶᠢᠨ ᠪᠦᠰᠡᠯᠡᠯᠲᠡ ᠶᠢ ᠠᠯᠳᠠᠷᠠᠭᠠᠵᠤ᠂ ᠭᠡᠳᠡᠷᠬᠦ ᠴᠣᠬᠢᠨ ᠠᠯᠳᠠᠭᠰᠠᠨ ᠭᠠᠵᠠᠷ ᠢ ᠪᠦᠬᠦᠨ ᠢ ᠬᠤᠷᠢᠶᠠᠮᠵᠢᠯᠠᠨ | ᠠᠪᠤᠪᠠ᠃ ᠮᠣᠩᠭᠤᠯ ᠤᠨ ᠴᠡᠷᠢᠭ ᠤᠨ ᠳᠠᠬᠢᠨ ᠪᠦᠰᠡᠯᠡᠯᠲᠡ ᠶᠢ ᠬᠤᠷᠢᠭᠯᠠᠬᠤ ᠶᠢᠨ ᠲᠥᠯᠥᠭᠡ ᠶᠠᠨ ᠰᠢ ᠱᠠᠨ ᠺᠦᠩ | ᠭᠧᠩ ᠢ ᠰᠦᠢ ᠰᠢ ᠪᠠᠯᠭᠠᠰᠤᠨ ᠤ ᠰᠠᠬᠢᠬᠴᠢ ᠲᠦᠰᠢᠮᠡᠯ ᠪᠣᠯᠭᠠᠵᠤ᠂ ᠪᠣᠭᠤᠲᠤ ᠳᠤ ᠰᠠᠭᠤᠯᠭᠠᠪᠠ᠃ | | ᠺᠦᠩ ᠭᠧᠩ ᠵᠠᠯᠠᠭᠤ ᠶᠢᠨ ᠦᠶ᠎ᠡ ᠠᠴᠠ ᠠᠵᠤ ᠦᠢᠯᠡᠰ ᠢᠶᠠᠷ ᠤᠯᠤᠰ ᠲᠠᠭᠠᠨ ᠵᠢᠳᠬᠦᠬᠦ ᠠᠤᠭ᠎ᠠ | ᠬᠦᠰᠡᠯ ᠡᠪᠦᠷᠯᠡᠵᠦ ᠪᠠᠶᠢᠵᠠᠢ᠂ ᠢᠷᠭᠡᠨ ᠤᠯᠤᠰ ᠡᠬᠢᠯᠡᠨ᠂ ᠠᠯᠢᠪᠠ ᠦᠢᠯᠡᠰ ᠢ ᠬᠥᠭᠵᠢᠭᠦᠯᠬᠦ ᠬᠡᠷᠡᠭᠲᠡᠢ᠂ ᠭᠤᠣᠯ | ᠵᠠᠰᠠᠭ ᠤᠨ ᠨᠢᠭᠡ ᠲᠠᠯ᠎ᠠ ᠨᠢ ᠶᠠᠭ ᠶᠡᠭᠡ ᠬᠦᠴᠦᠨ ᠴᠢᠳᠠᠯ ᠢᠶᠠᠨ ᠪᠠᠳᠠᠷᠠᠭᠤᠯᠬᠤ ᠦᠶ᠎ᠡ ᠬᠦᠷᠴᠦ ᠢᠷᠡᠪᠡ᠃ | ᠪᠤᠭᠤᠲᠤ ᠶᠢᠨ ᠬᠢᠨ ᠪᠣᠭᠤᠮᠲᠠ ᠶᠢᠨ ᠭᠠᠳᠠᠨᠠᠬᠢ ᠠᠷᠠᠰᠤ ᠨᠣᠣᠰᠣ ᠲᠥᠪᠯᠡᠷᠡᠭᠦᠯᠦᠨ ᠲᠠᠷᠬᠠᠭᠠᠬᠤ ᠭᠠᠵᠠᠷ ᠪᠣᠯᠤᠭᠰᠠᠨ ᠤ | ᠬᠤᠪᠢ ᠳᠤ ᠠᠷᠠᠯᠵᠢᠶ᠎ᠠ ᠬᠤᠳᠠᠯᠳᠤᠭ᠎ᠠ ᠬᠥᠭᠵᠢᠭᠰᠡᠨ ᠪᠣᠯᠪᠠᠴᠤ ᠣᠷᠴᠢᠨ ᠦᠶ᠎ᠡ ᠶᠢᠨ ᠠᠵᠤ ᠦᠢᠯᠡᠳᠪᠦᠷᠢ | ᠬᠤᠭᠤᠰᠤᠨ ᠪᠠᠶᠢᠨ᠎ᠠ᠃ ᠪᠠᠶᠢᠴᠠᠭᠠᠨ ᠰᠤᠳᠤᠯᠬᠤ ᠪᠠᠷ ᠳᠠᠮᠵᠢᠭᠠᠳ᠂ ᠺᠦᠩ ᠭᠧᠩ ᠰᠠᠭᠤᠷᠢ ᠪᠠᠷ ᠨᠡᠯᠢᠶᠡᠳ ᠰᠠᠶᠢᠨ | ᠰᠢᠭᠤᠶᠢᠲᠤ ᠭᠤᠤ ᠠᠴᠠ ᠡᠬᠢᠯᠡᠨ ᠠᠳᠬᠤᠵᠤ᠂ ᠣᠷᠴᠢᠨ ᠦᠶ᠎ᠡ ᠶᠢᠨ ᠠᠴᠢ ᠬᠤᠯᠪᠣᠭᠳᠠᠯ ᠲᠠᠢ ᠨᠡᠭᠦᠷᠡᠰᠦᠨ | ᠠᠭᠤᠷᠬᠠᠢ ᠶᠢᠨ ᠠᠵᠤ ᠠᠬᠤᠶᠢᠯᠠᠯ ᠢ ᠪᠠᠶᠢᠭᠤᠯᠬᠤ ᠪᠠᠷ ᠲᠣᠭᠲᠠᠪᠠ᠃ | ᠰᠢᠭᠤᠶᠢᠲᠤ ᠠᠭᠤᠷᠬᠠᠢ ᠶᠢᠨ ᠭᠠᠷᠤᠯᠲᠠ ᠥᠨᠳᠥᠷ ᠳᠡᠭᠡᠷ᠎ᠡ ᠨᠡᠷ᠎ᠡ ᠠᠯᠳᠠᠷᠰᠢᠭᠰᠠᠨ ᠨᠢ ᠠᠯᠢ ᠡᠷᠲᠡ ᠮᠢᠩ | ᠤᠯᠤᠰ ᠤᠨ ᠰᠡᠭᠦᠯᠴᠢ ᠴᠢᠩ ᠤᠯᠤᠰ ᠤᠨ ᠡᠬᠢᠨ ᠠᠴᠠ ᠡᠬᠢᠯᠡᠨ ᠲᠤᠰᠬᠤᠨ ᠤ ᠠᠷᠠᠳ ᠵᠢᠵᠢᠭ ᠰᠠᠵᠢᠭ ᠨᠡᠭᠦᠷᠡᠰᠦ | ᠮᠠᠯᠲᠠᠵᠤ ᠪᠠᠶᠢᠪᠠ᠃ ᠴᠢᠩ ᠤᠯᠤᠰ ᠤᠨ ᠡᠶᠡᠪᠡᠷ ᠵᠠᠰᠠᠭᠴᠢ ᠶᠢᠨ ᠶᠢᠰᠦᠳᠦᠭᠡᠷ ᠣᠨ ︵ᠨᠡᠶᠢᠲᠡ ᠶᠢᠨ ᠣᠨ | ᠲᠣᠭᠠᠯᠠᠯ ᠤᠨ 1652 ᠣᠨ︶ ᠳᠤ ᠤᠷᠠᠳ ᠤᠨ ᠡᠮᠦᠨᠡᠲᠦ ᠬᠤᠰᠢᠭᠤ ︵ᠪᠠᠷᠠᠭᠤᠨ ᠭᠦᠩ ᠤᠨ ᠬᠤᠰᠢᠭᠤ︶᠂ | ᠳᠤᠮᠳᠠᠳᠤ ᠬᠤᠰᠢᠭᠤ ︵ᠳᠤᠮᠳᠠ ᠭᠦᠩ ᠤᠨ ᠬᠤᠰᠢᠭᠤ︶᠂ ᠬᠤᠶᠢᠲᠤ ᠬᠤᠰᠢᠭᠤ ︵ᠵᠡᠭᠦᠨ ᠬᠦᠩ ᠤᠨ ᠬᠤᠰᠢᠭᠤ︶ | ᠭᠤᠷᠪᠠᠨ ᠬᠡᠯᠲᠡᠰ ᠵᠠᠷᠯᠢᠭ ᠬᠦᠯᠢᠶᠡᠨ ᠬᠥᠯᠥᠨ ᠪᠤᠶᠢᠷ ᠤᠨ ᠲᠠᠯ᠎ᠠ ᠨᠤᠲᠤᠭ ᠠᠴᠠ ᠪᠠᠷᠠᠭᠤᠨᠰᠢ ᠪᠠᠨ ᠪᠣᠷᠣᠲᠣᠬᠤᠢ ᠶᠢᠨ | ᠬᠤᠶᠢᠨ᠎ᠠ ᠠᠴᠠ ᠤᠮᠠᠷᠠᠰᠢ ᠮᠣᠨᠢ ᠠᠭᠤᠯᠠ ᠶᠢᠨ ᠥᠷᠭᠡᠨ ᠠᠭᠤᠳᠠᠮ ᠭᠠᠵᠠᠷ ᠣᠷᠣᠨ ᠳᠤ ᠨᠡᠭᠦᠪᠡ᠃ ᠵᠡᠭᠦᠨ | ᠭᠦᠩ ᠤᠨ ᠬᠤᠰᠢᠭᠤᠨ ᠤ ᠰᠠᠭᠤᠭ᠎ᠠ ᠭᠠᠵᠠᠷ ᠪᠣᠯ ᠳᠠᠷᠤᠶ ᠥᠨᠥᠳᠦᠷ ᠤᠨ ᠰᠢᠭᠤᠶᠢᠲᠤ ᠲᠣᠭᠤᠷᠢᠭ ᠤᠨ ᠪᠠᠳᠺᠠᠷ | ᠰᠦᠮ᠎ᠡ ᠭᠤᠤ ᠶᠢᠨ ᠠᠮᠠ ᠪᠣᠯᠤᠨ᠎ᠠ᠂ ᠬᠤᠰᠢᠭᠤᠨ ᠤ ᠶᠠᠮᠤᠨ ᠨᠢ ᠥᠨᠥ ᠶᠢᠨ ᠰᠢᠭᠤᠶᠢᠲᠤ ᠲᠣᠭᠤᠷᠢᠭ ᠤᠨ ᠪᠠᠳᠺᠠᠷ | ᠰᠦᠮ᠎ᠡ ᠪᠠᠯᠭᠠᠰᠤᠨ ᠤ ᠭᠠᠭ᠋ᠠᠶᠢᠲᠤ᠂ ᠱᠦᠢ ᠮᠦᠸᠧ ᠲᠠᠨ ᠣᠷᠴᠢᠮ ᠪᠠᠶᠢᠵᠠᠢ᠃ ᠤᠷᠠᠳ ᠤᠨ ᠠᠶᠢᠮᠠᠭ ᠬᠦᠷᠴᠦ | ᠢᠷᠡᠬᠦ ᠶᠢ ᠳᠠᠭᠠᠯᠳᠤᠨ ᠵᠠᠷᠢᠮ ᠬᠢᠲᠠᠳ ᠦᠨᠳᠦᠰᠦᠲᠡᠨ ᠤ ᠨᠡᠭᠦᠳᠡᠯᠴᠢᠨ ᠠᠷᠠᠳ ᠴᠦ ᠬᠤᠰᠢᠭᠤᠨ ᠤ ᠡᠵᠡᠨ ᠢ | ᠲᠦᠰᠢᠵᠦ ᠭᠠᠵᠠᠷ ᠲᠠᠷᠢᠶ᠎ᠠ ᠲᠦᠷᠢᠶᠡᠰᠦᠯᠡᠨ ᠲᠠᠷᠢᠶᠠᠯᠠᠵᠤ᠂ ᠠᠭᠠᠵᠢᠮ ᠢᠶᠠᠷ ᠠᠵᠢᠯ ᠲᠤᠰᠬᠤᠨ ᠪᠣᠯᠪᠠ᠃ | ᠡᠩᠬᠡ ᠠᠮᠤᠭᠤᠯᠠᠩ ᠤᠨ ᠲᠠᠪᠢᠨ ᠨᠢᠭᠡᠳᠦᠭᠡᠷ ᠣᠨ ︵1712 ᠣᠨ︶ ᠳᠤ ᠲᠦᠮᠡᠳ ᠲᠤ ᠲᠥᠷᠦᠭᠰᠡᠨ | ᠯᠠᠮᠠ ᠠᠭᠸᠠᠩᠴᠣᠷᠮᠠ ᠪᠠᠳᠺᠠᠷ ᠰᠦᠮ᠎ᠡ ᠶᠢ ᠪᠠᠶᠢᠭᠤᠯᠵᠤ᠂ ᠬᠡᠳᠦᠨ ᠠᠷᠪᠠᠨ ᠵᠢᠯ ᠤᠨ ᠬᠥᠭᠵᠢᠯᠲᠡ ᠪᠠᠷ ᠳᠠᠮᠵᠢᠭᠠᠳ | ᠲᠩᠷᠢ ᠲᠡᠳᠬᠦᠭᠴᠢ ᠶᠢᠨ ᠦᠶ᠎ᠡ ᠪᠣᠯᠬᠤ ᠳᠤ ᠥᠪᠥᠷ ᠮᠣᠩᠭᠤᠯ ᠤᠨ ᠲᠠᠯ᠎ᠠ ᠨᠤᠲᠤᠭ ᠤᠨ ᠬᠠᠮᠤᠭ ᠶᠡᠭᠡ ᠲᠥᠪᠡᠳ | ᠪᠤᠷᠬᠠᠨ ᠱᠠᠰᠢᠨ ᠤ ᠰᠦᠮ᠎ᠡ ᠪᠣᠯᠣᠭᠰᠠᠨ ᠪᠠᠶᠢᠨ᠎ᠠ᠃ | ᠵᠡᠭᠦᠨ ᠭᠦᠩ ᠤᠨ ᠬᠤᠰᠢᠭᠤᠨ ᠤ ᠶᠠᠮᠤᠨ ᠪᠠ ᠪᠠᠳᠺᠠᠷ ᠰᠦᠮ᠎ᠡ ᠶᠢ ᠪᠠᠶᠢᠭᠤᠯᠤᠭᠰᠠᠨ ᠨᠢ ᠰᠢᠭᠤᠶᠢᠲᠤ | ᠲᠣᠭᠤᠷᠢᠭ ᠤᠨ ᠬᠥᠮᠦᠨ ᠠᠮᠠ ᠴᠤᠭᠯᠠᠷᠠᠯ ᠪᠠ ᠠᠵᠤ ᠠᠬᠤᠶ ᠶᠢᠨ ᠬᠥᠭᠵᠢᠯᠲᠡ ᠶᠢ ᠠᠬᠢᠭᠤᠯᠪᠠ᠃ ᠶᠡᠭᠡ | ᠬᠡᠪᠴᠢᠶᠡᠨ ᠤ ᠨᠡᠭᠦᠷᠡᠰᠦ ᠮᠠᠯᠲᠠᠬᠤ ᠨᠢ ᠶᠠᠭᠤᠨ ᠤ ᠡᠮᠦᠨ᠎ᠡ ᠵᠡᠭᠦᠨ ᠭᠦᠨ ᠤ ᠬᠤᠰᠢᠭᠤᠨ ᠤ ᠭᠠᠵᠠᠷ ᠤᠳ ᠠᠴᠠ | ᠡᠬᠢᠯᠡᠪᠡ᠃ ᠳᠡᠭᠷᠢ ᠳᠠᠳᠬᠦᠭᠴᠢ ᠶᠢᠨ ᠬᠤᠶᠠᠳᠤᠭᠠᠷ ᠣᠨ ︵1737 ᠣᠨ︶ ᠤ ᠨᠢᠭᠡ ᠡᠳᠦᠷ᠂ ᠨᠢᠭᠡᠨ ᠵᠡᠷᠭᠡ | ᠫᠤᠤᠵᠢᠩ ᠤᠨ ᠳᠠᠭᠤᠨ ᠠᠭᠤᠳᠠᠮ ᠠᠭᠤᠯᠠᠨ ᠬᠠᠪᠴᠢᠯ ᠳᠤ ᠴᠤᠤᠷᠢᠶᠠᠳᠤᠵᠤ᠂ ᠰᠢᠭᠤᠶᠢᠳᠤ ᠭᠤᠤ ᠶᠢᠨ ᠠᠩᠬᠠᠳᠠᠭᠴᠢ | ᠵᠢᠩᠬᠢᠨᠢ ᠨᠡᠭᠦᠷᠡᠰᠦᠨ ᠠᠭᠤᠷᠬᠠᠢ ᠨᠡᠬᠡᠭᠡᠭᠳᠡᠪᠡ᠃ ᠲᠡᠷᠡ ᠶᠠᠨ ᠰᠧ ᠭᠡᠳᠡᠭ ᠪᠠᠶᠠᠨ ᠨᠣᠶᠠᠨ ᠲᠡᠦᠬᠡᠨ ᠳᠠᠬᠢ | ᠬᠠᠮᠤᠭ ᠤᠨ ᠠᠩᠬᠠᠨ ᠤ ᠠᠭᠤᠷᠬᠠᠶ ᠪᠠᠶᠢᠭᠤᠯᠤᠭᠴᠢ ᠶᠢᠨ ᠬᠤᠪᠢ ᠪᠠᠷ ᠲᠡᠦᠬᠡ ᠰᠤᠳᠤᠷ ᠲᠤ ᠲᠡᠮᠳᠡᠭᠯᠡᠭᠳᠡᠭᠰᠡᠨ ᠢ ᠯᠠᠪ | ᠪᠣᠳᠣᠵᠤ ᠣᠯᠣᠭᠰᠠᠨ ᠦᠭᠡᠢ ᠪᠠᠶᠢᠬ᠎ᠠ᠃ ᠡᠭᠦᠨ ᠠᠴᠠ ᠰᠡᠭᠦᠯᠡᠷ ᠨᠡᠭᠦᠷᠡᠰᠦᠨ ᠠᠭᠤᠷᠬᠠᠢ ᠠᠭᠠᠵᠢᠮ ᠢᠶᠠᠷ ᠨᠡᠮᠡᠭᠲᠡᠵᠦ᠂ | ᠰᠢᠭᠤᠶᠢᠲᠦ ᠭᠤᠤ ᠰᠣᠪᠠᠭ ᠤᠨ ᠭᠠᠵᠠᠷ ᠪᠣᠯᠭᠠᠨ ᠳᠤ ᠠᠭᠤᠷᠬᠠᠢ ᠶᠢᠨ ᠴᠡᠭ ᠪᠠᠶᠢᠪᠠ᠃ ᠴᠢᠩ ᠤᠯᠤᠰ ᠤᠨ ᠳᠤᠮᠳᠠᠴᠢ | ᠰᠡᠭᠦᠯᠴᠢ ᠶᠢᠨ ᠬᠤᠭᠤᠴᠠᠭᠠᠨ ᠳᠤ᠂ ᠪᠠᠷᠠᠭᠤᠨᠰᠢ ᠨᠡᠭᠦᠳᠡᠯᠯᠡᠬᠦ ᠨᠡᠭᠦᠳᠡᠯᠴᠢᠨ ᠤ ᠳᠠᠪᠠᠯᠭᠠᠨ ᠰᠢᠷᠦᠭᠦᠰᠴᠦ᠂ ᠱᠠᠨ | ᠰᠢ ᠶᠢᠨ ᠨᠡᠭᠦᠳᠡᠯᠴᠢᠨ ᠠᠷᠠᠳ ᠶᠡᠭᠡ ᠬᠡᠮᠵᠢᠶ᠎ᠡ ᠪᠠᠷ ᠣᠷᠣᠵᠤ ᠢᠷᠡᠵᠦ᠂ ᠨᠡᠭᠦᠷᠡᠰᠦ ᠮᠠᠯᠲᠠᠬᠤ ᠳᠤ ᠬᠡᠷᠡᠭᠰᠡᠬᠦ | ᠬᠥᠮᠦᠨ ᠤ ᠬᠦᠴᠦ᠂ ᠡᠳ᠋ ᠤᠨ ᠬᠦᠴᠦ ᠪᠣᠯᠤᠨ ᠮᠡᠷᠭᠡᠵᠢᠯ ᠢ ᠠᠪᠴᠢᠷᠠᠵᠤ᠂ ᠰᠢᠭᠤᠶᠢᠲᠤ ᠶᠢᠨ ᠨᠡᠭᠦᠷᠡᠰᠦ ᠮᠠᠯᠲᠠᠬᠤ | ᠠᠵᠢᠯ ᠨᠢᠭᠡᠳᠦᠭᠡᠷ ᠣᠷᠭᠢᠯ ᠢᠶᠠᠨ ᠤᠭᠲᠤᠨ ᠠᠪᠴᠢᠷᠠᠪᠠ᠃ ᠴᠢᠩ ᠤᠯᠤᠰ ᠤᠨ ᠰᠡᠭᠦᠯᠴᠢ ᠶᠢᠨ ᠦᠶ᠎ᠡ ᠳᠤ | ᠨᠡᠭᠦᠷᠡᠰᠦᠨ ᠤ ᠠᠵᠤ ᠦᠢᠯᠡᠰ ᠨᠢ ᠨᠢᠭᠡᠨᠲᠡ ᠰᠢᠭᠤᠶᠢᠲᠤ ᠲᠣᠭᠤᠷᠢᠭ ᠤᠨ ᠲᠤᠯᠭᠠᠭᠤᠷᠢ ᠠᠵᠤ ᠦᠢᠯᠡᠰ ᠪᠣᠯᠵᠤ᠂ | ᠨᠡᠭᠦᠷᠡᠰᠦᠨ ᠠᠭᠤᠷᠬᠠᠢ ᠶᠢᠨ ᠠᠵᠢᠯᠴᠢᠨ ᠮᠢᠩᠭ᠎ᠠ ᠭᠠᠷᠤᠢ ᠬᠥᠮᠥᠨ ᠪᠣᠯᠵᠤ᠂ ᠵᠢᠯ ᠳᠤ ᠬᠡᠳᠦᠨ ᠲᠦᠮᠡᠨ ᠲᠣᠨ | ᠨᠡᠭᠦᠷᠡᠰᠦ ᠦᠢᠯᠡᠳᠪᠦᠷᠢᠯᠡᠨ᠎ᠡ᠃ ᠨᠡᠭᠦᠷᠡᠰᠦ ᠵᠦᠭᠡᠭᠡᠪᠦᠷᠢᠯᠡᠬᠦ ᠠᠯᠪᠠᠨ ᠵᠠᠮ ᠳᠡᠭᠡᠷ᠎ᠡ᠂ ᠡᠩᠬᠦᠯ ᠳᠤᠩᠬᠤᠯ ᠠᠭᠤᠯᠠᠨ | ᠵᠠᠮ ᠳᠡᠭᠡᠷ᠎ᠡ᠂ ᠡᠯᠵᠢᠭᠡ ᠮᠣᠷᠢᠨ ᠲᠡᠷᠭᠡ ᠲᠠᠰᠤᠷᠠᠯ ᠦᠭᠡᠢ ᠴᠤᠪᠤᠷᠠᠵᠤ᠂ ᠲᠡᠮᠡᠭᠡᠨ ᠬᠤᠩᠬᠤ ᠲᠠᠰᠤᠷᠠᠯᠲᠠ ᠦᠭᠡᠢ | ᠰᠣᠨᠣᠰᠳᠠᠨ᠎ᠠ᠃ ᠨᠡᠭᠦᠷᠡᠰᠦᠨ ᠤ ᠠᠵᠤ ᠦᠢᠯᠡᠰ ᠤᠨ ᠬᠥᠭᠵᠢᠯ ᠴᠡᠴᠡᠭᠯᠡᠯ ᠳᠤ ᠬᠤᠯᠪᠣᠭᠳᠠᠯ ᠪᠦᠬᠦᠢ ᠠᠵᠢᠯᠯᠠᠭ᠎ᠠ ᠴᠤ | ᠳᠠᠭᠠᠯᠳᠤᠨ ᠬᠥᠭᠵᠢᠪᠡ᠃ ᠵᠦᠢᠯ ᠪᠦᠷᠢ ᠶᠢᠨ ᠦᠢᠯᠡᠰ ᠥᠷᠨᠢᠨ ᠬᠥᠭᠵᠢᠪᠡ᠃ ᠪᠠᠷᠠᠭᠠᠨ ᠤ ᠪᠠᠭᠤᠳᠠᠯ ᠳᠡᠯᠭᠡᠭᠦᠷ | ᠨᠡᠭᠡᠭᠡᠵᠦ᠂ ᠲᠡᠷᠭᠡ ᠬᠦᠰᠡᠭᠡ ᠨᠠᠭᠠᠰᠢ ᠴᠠᠭᠠᠰᠢ ᠰᠦᠯᠵᠢᠯᠳᠦᠨ᠎ᠡ᠃ ᠰᠢᠭᠤᠶᠢᠲᠤ ᠲᠣᠭᠤᠷᠢᠭ ᠨᠢᠭᠡᠨ ᠪᠦᠳᠠ | ᠪᠥᠭᠯᠡᠭᠦᠦ ᠵᠢᠵᠢᠭ ᠲᠤᠰᠬᠤᠨ ᠪᠠᠶᠢᠭᠰᠠᠨ ᠠᠴᠠ ᠪᠠᠨ ᠳᠠᠯᠠᠨ ᠬᠠᠷ᠎ᠠ ᠠᠭᠤᠯᠠ ᠶᠢᠨ ᠳᠣᠲᠣᠷᠠᠬᠢ ᠨᠡᠭᠦᠷᠡᠰᠦᠨ ᠤ ᠵᠢᠵᠢᠭ | ᠬᠤᠲᠠ᠂ ᠠᠷᠠᠯᠵᠢᠶ᠎ᠠ ᠬᠤᠳᠠᠯᠳᠤᠭᠠᠨ ᠤ ᠴᠢᠬᠤᠯᠠ ᠪᠠᠯᠭᠠᠰᠤ ᠪᠣᠯᠤᠭᠰᠠᠨ ᠪᠠᠶᠢᠨ᠎ᠠ᠃ ᠴᠢᠩ ᠤᠯᠤᠰ ᠤᠨ | ᠪᠠᠳᠠᠷᠠᠭᠤᠯᠲᠤ ᠲᠥᠷᠥ ᠶᠢᠨ ᠭᠤᠴᠢᠨ ᠳᠥᠷᠪᠡᠳᠦᠭᠡᠷ ᠣᠨ ︵1908 ᠣᠨ︶ ᠳᠤ ᠰᠢᠭᠤᠶᠢᠲᠤ ᠭᠤᠤ ᠣᠷᠴᠢᠮ ᠤᠨ | ᠨᠡᠭᠦᠷᠡᠰᠦᠨ ᠠᠭᠤᠷᠬᠠᠶ ᠶᠢ ᠠᠯᠪᠠᠨ ᠶᠠᠮᠦᠨ ᠢᠶᠠᠷ ᠬᠠᠮᠢᠶᠠᠷᠤᠭᠤᠯᠤᠨ᠂ ᠲᠦᠮᠡᠳ ᠪᠠᠷᠠᠭᠤᠨ ᠬᠤᠰᠢᠭᠤᠨ ᠤ ᠶᠡᠷᠦᠩᠬᠡᠶ | ᠬᠠᠮᠢᠶᠠᠷᠤᠯᠲᠠ ᠶᠢᠨ ᠶᠠᠮᠤᠨ ᠨᠢ ᠰᠢᠭᠤᠶᠢᠲᠤ ᠪᠠᠯᠭᠠᠰᠤ ᠠᠴᠠ ᠪᠤᠭᠤᠲᠤ ᠬᠦᠷᠬᠦ ᠨᠡᠭᠦᠷᠡᠰᠦ ᠵᠥᠭᠡᠭᠡᠪᠦᠷᠢᠯᠡᠬᠦ ᠱᠤᠭᠤᠮ | ᠳᠡᠭᠡᠷ᠎ᠡ ᠭᠠᠶᠢᠯᠢ ᠶᠢᠨ ᠶᠠᠪᠤᠳᠠᠯ ᠤᠨ ᠭᠠᠵᠠᠷ ᠪᠠᠶᠢᠭᠤᠯᠵᠤ᠂ ᠨᠡᠭᠦᠷᠡᠰᠦᠨ ᠤ ᠭᠠᠶᠢᠯᠢ ᠬᠤᠷᠢᠶᠠᠪᠠ᠃ | | ᠰᠢᠭᠤᠶᠢᠳᠤ ᠭᠠᠵᠠᠷ ᠤᠨ ᠠᠭᠤᠯᠠᠨ ᠤᠢ ᠶᠢᠨ ᠭᠠᠵᠠᠷ ᠨᠢ ᠡᠯ᠎ᠡ ᠬᠤᠰᠢᠭᠤᠨ ᠤ ᠸᠠᠩ ᠨᠣᠶᠠᠨ ᠤ | ᠰᠢᠲᠦᠯᠭᠡ ᠪᠠᠷ ᠤᠯᠠᠩᠬᠢ ᠭᠠᠵᠠᠷ ᠨᠢ ᠪᠠᠳᠺᠠᠷ ᠰᠦᠮ᠎ᠡ ᠶᠢᠨ ᠨᠤᠲᠤᠭ ᠪᠣᠯᠪᠠ᠃ ᠬᠡᠷᠪᠡ ᠲᠤᠬᠠᠶ ᠶᠢᠨ ᠭᠠᠵᠠᠷ ᠤᠨ | ᠵᠢᠵᠢᠭ ᠨᠡᠭᠦᠷᠡᠰᠦᠨ ᠠᠭᠤᠷᠬᠠᠶ ᠶᠢ ᠡᠮᠬᠢᠯᠡᠨ ᠨᠡᠶᠢᠯᠡᠭᠦᠯᠵᠦ ᠨᠢᠭᠡᠳᠦᠯᠲᠡᠶ ᠲᠥᠯᠥᠪᠯᠡᠨ ᠨᠡᠭᠡᠭᠡᠨ ᠠᠰᠢᠭᠯᠠᠬᠤ ᠳᠤ | ᠡᠷᠬᠡᠪᠰᠢ ᠪᠠᠳᠺᠠᠷ ᠰᠦᠮ᠎ᠡ ᠶᠢᠨ ᠲᠡᠷᠢᠭᠦᠨ ᠢᠶᠠᠷ ᠵᠦᠪᠰᠢᠶᠡᠷᠡᠭᠦᠯᠬᠦ ᠬᠡᠷᠡᠭᠲᠡᠶ᠃ ᠠᠵᠤ ᠦᠢᠯᠡᠰ ᠢᠶᠠᠷ | ᠤᠯᠤᠰ ᠲᠤ ᠪᠠᠨ ᠵᠢᠳᠭᠦᠬᠦ ᠭᠡᠰᠡᠨ ᠺᠦᠩ ᠭᠧᠩ ᠲᠤᠰᠢᠶᠠᠯ ᠳᠤ ᠭᠠᠷᠤᠭᠰᠠᠨ ᠤ ᠳᠠᠷᠠᠭ᠎ᠠ ᠳᠠᠷᠤᠢ ᠡᠬᠢᠯᠡᠨ ᠰᠠᠶᠢᠳ | ᠨᠣᠶᠠᠳ ᠲᠣᠮᠢᠯᠠᠨ ᠪᠠᠳᠺᠠᠷ ᠰᠦᠮ᠎ᠡ ᠶᠢᠨ ᠲᠤᠩᠬᠤᠷ ᠭᠡᠭᠡᠨ ᠪᠠ ᠶᠡᠭᠡ ᠯᠠᠮᠠ ᠶᠠᠷᠢᠮᠫᠢᠯᠧ ᠲᠠᠢ ᠬᠠᠷᠠᠯᠴᠠᠭᠤᠯᠵᠤ᠂ | ᠠᠭᠤᠯᠠᠨ ᠤ ᠲᠠᠯᠠᠪᠠᠢ ᠲᠦᠷᠢᠶᠡᠰᠦᠯᠡᠨ ᠨᠡᠭᠦᠷᠡᠰᠦᠨ ᠠᠵᠤ ᠠᠬᠤᠢ ᠡᠷᠬᠢᠯᠡᠬᠦ ᠪᠠᠷ ᠵᠦᠪᠳᠡᠯᠴᠡᠪᠡ᠃ ᠭᠡᠪᠡᠴᠦ | ᠲᠤᠬᠠᠢ ᠶᠢᠨ ᠦᠶ᠎ᠡ ᠶᠢᠨ ᠪᠠᠶᠢᠳᠠᠯ ᠣᠷᠤᠭ᠎ᠠ ᠪᠤᠰᠬᠠᠭ᠎ᠠ ᠲᠠᠢ᠂ ᠳᠠᠶᠢᠨ ᠤ ᠪᠠᠶᠢᠳᠠᠯ ᠮᠦᠨ ᠪᠠᠶᠢᠨ ᠳᠠᠬᠢᠨ ᠡᠭᠦᠰᠴᠦ᠂ | ᠪᠠᠳᠺᠠᠷ ᠰᠦᠮ᠎ᠡ ᠡᠷᠡᠭᠡᠯᠵᠡᠭᠡ ᠲᠠᠢ ᠪᠠᠶᠢᠵᠤ᠂ ᠶᠡᠷᠦ ᠵᠦᠪᠰᠢᠶᠡᠷᠡᠭᠰᠡᠨ ᠦᠭᠡᠢ᠃ | ᠡᠨᠡ ᠨᠢ ᠪᠠᠰᠠ ᠭᠡᠭᠡᠨ ᠪᠣᠯᠤᠨ ᠶᠡᠭᠡ ᠯᠠᠮᠠ ᠨᠠᠷ ᠢ ᠵᠣᠪᠠᠭᠠᠵᠤ ᠪᠠᠶᠢᠬᠤ ᠨᠢ ᠰᠢᠯᠲᠠᠭᠠᠨ ᠲᠠᠢ ᠶᠤᠮ᠂ | ᠤᠴᠢᠷ ᠠᠷᠪᠢᠨ ᠨᠠᠮᠤᠷ᠂ ᠪᠣᠭᠤᠮᠲᠠ ᠶᠢᠨ ᠭᠠᠳᠠᠨᠠᠬᠢ ᠵᠢᠵᠢᠭ ᠪᠠᠯᠭᠠᠰᠤ ᠤᠳᠠᠭ᠎ᠠ ᠳᠠᠷᠠᠭᠠᠯᠠᠨ ᠨᠥᠯᠥᠭᠡᠯᠡᠭᠳᠡᠵᠦ᠂ | ᠪᠤᠷᠬᠠᠨ ᠤ ᠡᠭᠦᠳᠡᠨ ᠳᠤ ᠴᠤ ᠲᠠᠶᠢᠪᠣᠩ ᠪᠣᠰᠤ᠂ ᠪᠠᠳᠺᠠᠷ ᠰᠦᠮ᠎ᠡ ᠦᠨᠡᠬᠡᠷ ᠠᠶᠤᠯ ᠠᠴᠠ ᠠᠶᠤᠬᠤ ᠳᠤ ᠪᠠᠨ ᠲᠡᠷᠡ᠃ | ᠤᠷᠢᠳᠠᠪᠡᠷ ᠴᠠᠭᠠᠭᠴᠢᠨ ᠭᠠᠭ᠋ᠠᠢ ᠵᠢᠯ ᠤᠨ ᠡᠮᠦᠨᠡᠳᠦ ᠤᠷᠤᠨ ᠤ ᠬᠤᠪᠢᠰᠬᠠᠯᠳᠦ ᠨᠠᠮ ᠤᠨ ᠤᠴᠢᠷ᠂ ᠳᠠᠷᠠᠭ᠎ᠠ ᠨᠢ | ᠰᠦᠢᠶᠤᠸᠠᠨ ᠴᠤᠤᠷᠢᠶᠠᠳᠤᠨ ᠳᠠᠭᠠᠪᠠ᠃ ᠡᠪᠦᠯ 200 ᠭᠠᠷᠤᠢ ᠭᠠᠳᠠᠭᠠᠳᠤ ᠶᠢᠨ ᠨᠠᠢᠮᠠᠨ ᠬᠤᠰᠢᠭᠤᠨ ᠤ ᠲᠣᠭᠤᠷᠢᠨ | ᠬᠠᠮᠠᠭᠠᠯᠠᠬᠤ ᠠᠩᠭᠢ ᠰᠢᠭᠤᠶᠢᠲᠤ ᠭᠤᠤ ᠳᠤ ᠢᠷᠡᠵᠦ᠂ ᠬᠤᠪᠢᠰᠬᠠᠯ ᠤᠨ ᠨᠠᠮ ᠲᠠᠢ ᠬᠠᠷᠢᠯᠴᠠᠵᠤ ᠪᠤᠭᠤᠲᠤ ᠶᠢᠨ | ᠬᠤᠲᠠ ᠶᠢ ᠳᠠᠭᠠᠷᠢᠪᠠ᠃ ᠰᠡᠭᠦᠯ ᠳᠤ ᠨᠢ ᠬᠠᠭᠠᠨ ᠤ ᠬᠠᠮᠲᠤ ᠮᠡᠳᠡᠭᠴᠢ ᠹᠠᠨ ᠴᠢᠩ ᠧᠨ ᠨᠢᠭᠡ ᠤᠳᠠᠭᠠᠨ ᠤ ᠬᠤᠩ | ᠮᠧᠨ ᠳᠠᠶᠢᠯᠠᠯᠭ᠎ᠠ ᠳᠤ ᠣᠷᠣᠯᠴᠠᠵᠤ ᠬᠤᠪᠢᠰᠬᠠᠯ ᠤᠨ ᠨᠠᠮ ᠢ ᠳᠠᠷᠤᠪᠠ ᠭᠡᠳᠡᠭ᠃ ᠵᠠᠯᠭᠠᠭᠠᠳ ᠱᠠᠨ ᠰᠢ ᠶᠢᠨ | ᠬᠤᠪᠢᠰᠬᠠᠯᠲᠤ ᠴᠡᠷᠢᠭ ᠤᠳ ᠪᠤᠭᠤᠲᠤ ᠬᠤᠲᠠ ᠶᠢ ᠡᠵᠡᠯᠡᠨ ᠠᠪᠤᠭᠠᠳ ᠪᠠᠰᠠ ᠴᠢᠰᠤ ᠤᠷᠤᠰᠬᠠᠨ ᠴᠢᠩ ᠤᠯᠤᠰ ᠤᠨ | ᠴᠡᠷᠢᠭ ᠢ ᠠᠯᠠᠵᠠᠢ᠃ ᠨᠢᠳᠤᠨᠤᠨ ᠪᠣᠯ ᠳᠤᠮᠳᠠᠳᠤ ᠢᠷᠭᠡᠨ ᠤᠯᠤᠰ ᠭᠡᠵᠦ ᠬᠠᠯᠠᠪᠠ᠂ ᠶᠤᠸᠠᠨ ᠳ᠋ᠠ ᠶᠡᠷᠦᠩᠬᠡᠶᠢᠯᠡᠭᠴᠢ | ︽ᠲᠠᠪᠤᠨ ᠦᠨᠳᠦᠰᠦᠲᠡᠨ ᠪᠥᠬᠦᠳᠡ ᠨᠠᠶᠢᠷᠠᠮᠳᠠᠬᠤ︾ ᠭᠡᠵᠦ ᠪᠠᠶᠢᠨ᠎ᠠ᠃ ᠲᠠᠪᠤᠨ ᠦᠩᠭᠡᠭᠲᠦᠨ ᠲᠤᠭ ᠢ ᠬᠡᠳᠦᠨ | ᠡᠳᠦᠷ ᠡᠯᠭᠦᠭᠰᠡᠨ ᠦᠭᠡᠢ᠂ ᠶᠡᠭᠡ ᠬᠦᠷᠢᠶ᠎ᠡ ᠴᠡᠷᠢᠭ ᠢᠶᠠᠷ ᠢᠷᠡᠯ᠎ᠡ᠃ ᠣᠳᠣ ᠬᠡᠳᠦᠶᠢᠪᠡᠷ ᠶᠠᠨ ᠰᠢ ᠱᠠᠨ ᠰᠦᠷ | ᠬᠦᠴᠦᠨ ᠲᠠᠢ᠂ ᠺᠦᠩ ᠵᠠᠩᠵᠤᠨ ᠵᠠᠰᠠᠭ ᠤᠨ ᠡᠷᠬᠡ ᠪᠠᠷᠢᠭᠴᠢ ᠪᠣᠯᠪᠠᠴᠤ ᠮᠠᠷᠭᠠᠰᠢ ᠠᠯᠢ ᠲᠠᠯ᠎ᠠ ᠶᠢᠨ ᠬᠢᠨ ᠡᠷᠬᠡ | ᠪᠠᠷᠢᠬᠤ ᠶᠢ ᠬᠡᠨ ᠴᠤ ᠪᠠᠲᠤᠯᠠᠵᠤ ᠴᠢᠳᠠᠬᠤ ᠦᠭᠡᠢ᠃ | | ᠺᠦᠩ ᠭᠧᠩ ᠪᠣᠯ ᠡᠷᠡᠰ ᠬᠠᠲᠠᠭᠤ ᠵᠠᠩ ᠲᠠᠢ ᠬᠥᠮᠥᠨ᠂ ᠦᠵᠡᠬᠦ ᠳᠤ ᠡᠶᠡᠯᠳᠡᠭ ᠵᠦᠭᠡᠯᠡᠨ ᠪᠣᠯᠪᠠᠴᠤ | ᠤᠴᠢᠷ ᠶᠠᠪᠤᠳᠠᠯ ᠬᠢᠬᠦ ᠳᠤ ᠬᠠᠲᠠᠭᠤ ᠴᠢᠩᠭ᠎ᠠ᠃ ᠡᠨᠡ ᠦᠶᠡᠰ ᠶᠠᠮᠠᠷ ᠨᠢᠭᠡᠨ ᠬᠥᠮᠥᠨ ᠵᠠᠭᠠᠯᠳᠤᠭᠰᠠᠨ ᠢ ᠪᠦ᠋ᠦ ᠮᠡᠳᠡ | ᠂ ᠪᠠᠳᠺᠠᠷ ᠰᠦᠮ᠎ᠡ ᠫᠤᠤ ᠵᠡᠪᠰᠡᠭ ᠳᠠᠷᠤᠵᠤ᠂ ᠮᠠᠭᠤ ᠤᠬᠠᠭᠠᠨ ᠭᠠᠷᠭᠠᠵᠤ ᠪᠠᠶᠢᠨ᠎ᠠ ᠭᠡᠪᠡ᠃ ᠳᠠᠷᠠᠭ᠎ᠠ ᠡᠳᠦᠷ ᠨᠢ᠂ | ᠪᠠᠳᠺᠠᠷ ᠰᠦᠮ᠎ᠡ ᠤᠷᠪᠠᠭ᠋ᠤ ᠭᠡᠵᠦ ᠣᠷᠣᠯᠳᠣᠪᠠ ᠭᠡᠰᠡᠨ ᠴᠡᠷᠢᠭ ᠤᠨ ᠵᠠᠰᠠᠭ ᠤᠨ ᠣᠷᠳᠣᠨ ᠤ ᠠᠯᠪᠠᠨ ᠵᠠᠬᠢᠳᠠᠯ ᠢ | ᠣᠯᠪᠠ᠃ ᠲᠡᠷᠡ ᠲᠠᠷᠤᠢ ᠳᠤ ᠨᠢ᠂ ᠴᠡᠷᠢᠭ ᠤᠨ ᠲᠠᠯ᠎ᠠ ᠶᠢᠨ ᠬᠢᠨ ᠴᠡᠷᠢᠭ ᠲᠣᠮᠢᠯᠠᠵᠤ ᠪᠠᠳᠺᠠᠷ ᠰᠦᠮ᠎ᠡ ᠶᠢ | ᠤᠰᠠᠳᠬᠠᠨ᠎ᠠ ᠭᠡᠵᠤ ᠠᠮᠠᠯᠠᠵᠠᠢ᠃ ᠶᠡᠭᠡ ᠯᠠᠮᠠ ᠶᠠᠷᠢᠮᠫᠢᠯᠧ ᠡᠨᠡ ᠦᠭᠡ ᠶᠢ ᠰᠣᠨᠣᠰᠣᠭᠠᠳ ᠶᠡᠬᠡᠳᠡ ᠰᠣᠴᠢᠪᠠ᠂ | ᠶᠠᠭᠠᠷᠤ ᠰᠠᠨᠳᠤᠷᠤᠤ ᠬᠥᠮᠥᠨ ᠲᠣᠮᠢᠯᠠᠵᠤ ᠪᠢᠴᠢᠭ ᠢᠶᠠᠷ ᠲᠠᠢᠯᠪᠤᠷᠢᠯᠠᠬᠤ ᠶᠢᠨ ᠬᠠᠮᠲᠤ᠂ ᠬᠠᠮᠤᠭ ᠤᠨ ᠲᠣᠮᠣ | ᠠᠷᠠᠯᠵᠢᠶᠠᠨ ᠤ ᠭᠠᠵᠠᠷ ᠤᠨ ᠡᠵᠡᠨ᠂ ᠾᠧᠦ ᠵᠤᠤ ᠮᠢᠩ ᠢ ᠵᠠᠯᠠᠵᠤ ᠡᠪᠯᠡᠭᠦᠯᠪᠡ᠃ | ᠺᠦᠩ ᠵᠣᠣ ᠮᠢᠩ ᠤᠤᠯ ᠨᠢ ᠺᠦᠩ ᠣᠪᠣᠭᠲᠤ ᠶᠢᠨ ᠲᠥᠷᠥᠭᠰᠡᠨ ᠪᠡᠶ᠎ᠡ ᠶᠢᠨ ᠭᠠᠷᠤᠯ ᠢᠶᠠᠷ ᠺᠦᠩ ᠭᠧᠩ | ᠲᠠᠢ ᠵᠣᠯᠭᠠᠭᠰᠠᠨ ᠪᠣᠯᠬᠤᠷ ᠺᠦᠩ ᠭᠧᠩ ᠣᠷᠳᠣᠨ ᠳᠤ ᠬᠦᠷᠴᠦ ᠵᠠᠷᠯᠢᠭ ᠢ ᠬᠤᠷᠢᠶᠠᠨ ᠠᠪᠬᠤ ᠪᠠᠷ | ᠭᠤᠶᠤᠴᠢᠯᠠᠬᠤ ᠶᠢᠨ ᠬᠠᠮᠲᠤ ᠪᠤᠭᠤᠲᠤ ᠶᠢᠨ ᠬᠤᠲᠠ ᠶᠢᠨ ᠬᠡᠳᠦᠨ ᠲᠣᠮᠣ ᠬᠤᠳᠠᠯᠳᠤᠭᠠᠨ ᠤ ᠡᠷᠦᠬᠡ ᠲᠠᠢ ᠬᠠᠷᠢᠯᠴᠠᠵᠤ | ᠬᠠᠮᠲᠤ ᠪᠠᠷ ᠬᠠᠮᠠᠭᠠᠯᠠᠯᠲᠠ ᠬᠢᠪᠡ᠃ ᠺᠦᠩ ᠵᠣᠣ ᠮᠢᠩ ᠺᠦᠩ ᠭᠧᠩ ᠤᠨ ᠠᠭᠤᠷᠬᠠᠢ ᠶᠢᠨ ᠦᠢᠯᠡᠰ ᠤᠨ ᠺᠣᠮᠫᠠᠨᠢ | ᠡᠷᠬᠢᠯᠡᠬᠦ ᠭᠡᠵᠦ ᠪᠠᠶᠢᠭ᠎ᠠ ᠶᠢ ᠮᠡᠳᠡᠵᠦ᠂ ᠪᠠᠳᠺᠠᠷ ᠰᠦᠮ᠎ᠡ ᠶᠢᠨ ᠶᠡᠭᠡ ᠯᠠᠮᠠ ᠶᠠᠷᠢᠮᠫᠢᠯᠧ ᠢ ᠢᠳᠬᠠᠵᠤ ᠰᠢᠭᠤᠶᠢᠲᠤ | ᠨᠡᠭᠦᠷᠡᠰᠦᠨ ᠠᠭᠤᠷᠬᠠᠢ ᠶᠢ ᠨᠡᠭᠡᠭᠡᠨ ᠬᠥᠭᠵᠢᠭᠦᠯᠦᠨ᠎ᠡ ᠭᠡᠵᠦ ᠠᠮᠠᠯᠳᠠᠭᠰᠠᠨ ᠪᠥᠭᠡᠳ ᠳ᠋ᠧ ᠡᠾᠸᠦ ᠢ ᠪᠠ ᠬᠡᠳᠦᠨ | ᠲᠣᠮᠣ ᠬᠤᠳᠠᠯᠳᠤᠭ᠎ᠠ ᠴᠤ ᠬᠠᠮᠲᠤ ᠬᠤᠪᠢ ᠣᠷᠣᠭᠤᠯᠤᠨ᠎ᠠ ᠭᠡᠵᠡᠢ᠃ ᠺᠦᠩ ᠭᠧᠩ ᠰᠣᠨᠣᠰᠤᠮᠠᠭᠴᠠ ᠶᠡᠭᠡ ᠪᠠᠶᠠᠷᠯᠠᠵᠤ | ᠂ ᠴᠡᠷᠢᠭ ᠢᠶᠠᠨ ᠬᠤᠷᠢᠶᠠᠵᠤ ᠵᠠᠷᠯᠢᠭ ᠢᠶᠠᠨ ᠪᠤᠴᠠᠭᠠᠪᠠ᠃ | ᠪᠠᠳᠺᠠᠷ ᠰᠦᠮ᠎ᠡ ᠶᠢᠨ ᠶᠡᠭᠡ ᠯᠠᠮᠠ ᠶᠠᠷᠢᠮᠫᠢᠯᠧ ᠺᠦᠩ ᠵᠣᠣ ᠮᠢᠩ ᠬᠠᠷᠢᠵᠤ ᠢᠷᠡᠬᠦ ᠶᠢ ᠬᠦᠯᠢᠶᠡᠵᠦ ᠲᠠᠰᠬᠦ | ᠦᠭᠡᠢ ᠪᠣᠯᠵᠤ᠂ ᠭᠡᠷ ᠪᠦᠯᠢ ᠶᠢᠨ ᠨᠡᠷ᠎ᠡ ᠶᠢᠨ ᠳᠠᠩᠰᠠ ᠪᠠᠨ ᠡᠪᠦᠷᠯᠡᠨ ᠪᠤᠭᠤᠲᠤ ᠬᠤᠲᠠ ᠳᠤ ᠣᠴᠢᠵᠤ ᠪᠦᠬᠦ ᠭᠡᠷ ᠤᠨ | ᠬᠡᠦᠬᠡᠳ ᠨᠠᠰᠤᠲᠠᠳ ᠬᠡᠳᠦᠨ ᠠᠷᠪᠠᠨ ᠬᠥᠮᠦᠨ ᠤ ᠠᠮᠢ ᠨᠠᠰᠤ ᠪᠠᠷ ᠪᠠᠲᠤᠯᠠᠨ᠂ ᠺᠦᠩ ᠭᠧᠩ ᠴᠡᠷᠢᠭ ᠢᠶᠠᠨ | ᠬᠤᠷᠢᠶᠠᠬᠤ ᠶᠢ ᠴᠢᠩ ᠰᠡᠳᠭᠢᠯ ᠠᠴᠠ ᠪᠠᠨ ᠭᠤᠶᠤᠴᠢᠯᠠᠬᠤ ᠪᠠᠷ ᠰᠢᠢᠳᠪᠡ᠃ ᠺᠦᠩ ᠭᠧᠩ ᠴᠡᠷᠢᠭ ᠲᠣᠮᠢᠯᠠᠭᠰᠠᠨ ᠨᠢ | ᠵᠥᠪᠬᠡᠨ ᠬᠤᠭᠤᠰᠣᠨ ᠰᠦᠷ ᠦᠵᠡᠭᠦᠯᠪᠡ᠂ ᠴᠡᠷᠢᠭ ᠠᠩᠭᠢ ᠵᠠᠷᠯᠢᠭ ᠬᠦᠯᠢᠶᠡᠮᠡᠭᠴᠡ ᠣᠷᠳᠣᠨ ᠳᠤ ᠪᠠᠨ ᠪᠤᠴᠠᠪᠠ᠃ | ᠳ᠋ᠧ ᠾᠧᠦ ᠢ ᠺᠦᠩ ᠵᠣᠣ ᠮᠢᠩ ᠵᠠᠩᠭᠤᠶᠢᠳᠠ ᠶᠢᠨ ᠢᠳᠬᠠᠯ ᠢᠶᠠᠷ ᠭᠡᠭᠡᠨ ᠪᠣᠯᠤᠨ ᠶᠡᠭᠡ ᠯᠠᠮᠠ ᠺᠦᠩ ᠭᠧᠩ ᠤᠨ | ᠠᠭᠤᠯᠠᠨ ᠲᠠᠯᠠᠪᠠᠢ ᠶᠢᠨ ᠠᠭᠤᠷᠬᠠᠢ ᠨᠡᠭᠡᠭᠡᠬᠦ ᠭᠤᠶᠤᠴᠢᠯᠠᠯ ᠢ ᠵᠥᠪᠰᠢᠶᠡᠷᠡᠭᠰᠡᠨ ᠪᠠᠶᠢᠨ᠎ᠠ᠃ ᠺᠦᠩ ᠭᠧᠩ ᠪᠠᠰᠠ | ᠦᠨᠳᠦᠷ ᠪᠠᠷᠢᠮᠵᠢᠶ᠎ᠠ ᠶᠣᠰᠤᠯᠠᠯ ᠢᠶᠠᠷ ᠪᠠᠳᠺᠠᠷ ᠰᠦᠮ᠎ᠡ ᠳᠤ ᠪᠠᠷᠠᠯᠠᠵᠤ᠂ ᠤᠷᠠᠳ ᠤᠨ ᠭᠤᠷᠪᠠᠨ ᠬᠦᠩ ᠤᠨ | ᠬᠤᠰᠢᠭᠤᠨ ᠤ ᠡᠵᠡᠨ ᠳᠤ ᠴᠢᠮᠡᠭᠡ ᠬᠦᠷᠭᠡᠵᠦ ᠪᠠᠷ᠎ᠠ ᠪᠣᠯᠭᠠᠪᠠ᠂ ᠬᠦᠨᠳᠦ ᠪᠡᠯᠡᠭ ᠪᠡᠯᠡᠳᠴᠦ ᠭᠡᠭᠡᠨ ᠪᠠ ᠶᠡᠭᠡ ᠯᠠᠮᠠ | ᠳᠤ ᠲᠠᠯᠠᠷᠬᠠᠵᠤ᠂ ᠢᠷᠡᠭᠡᠳᠦᠢ ᠳᠤ ᠨᠡᠭᠦᠷᠡᠰᠦᠨ ᠠᠭᠤᠷᠬᠠᠢ ᠶᠢᠨ ᠠᠰᠢᠭ ᠣᠷᠣᠯᠭ᠎ᠠ ᠶᠢᠨ 10% ᠶᠢ ᠪᠠᠳᠺᠠᠷ | ᠰᠦᠮ᠎ᠡ ᠳᠤ ᠡᠭᠦᠷᠢᠲᠡ ᠲᠣᠭᠲᠠᠮᠠᠯ ᠤᠯᠵᠠᠪᠤᠷᠢ ᠪᠠᠷ ᠪᠣᠳᠣᠵᠤ᠂ ᠪᠤᠰᠤᠳ ᠬᠤᠪᠢᠶᠠᠷᠢᠯᠠᠯ ᠢ ᠠᠰᠲᠠᠭᠠᠨ ᠪᠣᠳᠤᠨ᠎ᠠ | ᠭᠡᠵᠦ ᠠᠮᠠᠯᠳᠠᠪᠠ᠃ ᠮᠣᠩᠭᠤᠯ ᠬᠤᠰᠢᠭᠤ ᠯᠤᠭ᠎ᠠ ᠶᠢᠨ ᠬᠠᠷᠢᠴᠠᠭ᠎ᠠ ᠶᠢ ᠰᠠᠶᠢᠵᠢᠷᠠᠭᠤᠯᠬᠤ ᠶᠢᠨ ᠲᠥᠯᠥᠭᠡ ᠺᠦᠩ ᠭᠧᠩ | ᠪᠠᠰᠠ ᠭᠤᠷᠪᠠᠨ ᠠᠯᠪᠠᠨ ᠤ ᠬᠤᠰᠢᠭᠤᠨ ᠳᠤ ᠲᠣᠰ ᠪᠦᠷᠢ 20 ᠶᠠᠪᠠᠭᠠᠨ ᠫᠤᠤ᠂ ᠳᠠᠷᠢ ᠰᠤᠮᠤ ᠡᠳᠦᠶ ᠲᠡᠳᠦᠶ | ᠪᠡᠯᠡᠭᠯᠡᠭᠰᠡᠨ ᠪᠠᠶᠢᠨ᠎ᠠ᠂ ᠨᠢᠭᠡ ᠤᠳᠠᠭᠠᠨ ᠤ ᠦᠢᠮᠡᠭᠡᠨ ᠢᠩᠭᠢᠭᠡᠳ ᠨᠠᠮ ᠵᠢᠮᠬᠡᠨ ᠪᠣᠯᠪᠠ᠃ | 1913 ᠣᠨ ᠤ 11 ᠳ᠋ᠦ᠋ᠭᠡᠷ ᠰᠠᠷ᠎ᠠ ᠶᠢᠨ 30 ᠤ ᠡᠳᠦᠷ ᠺᠦᠩ ᠭᠧᠩ ᠤᠨ ᠪᠠᠶᠢᠭᠤᠯᠤᠭᠰᠠᠨ ᠮᠦᠸᠧ | ᠨᠠᠨ ᠠᠭᠤᠷᠬᠠᠢ ᠶᠢᠨ ᠦᠢᠯᠡᠰ ᠤᠨ ᠬᠢᠵᠠᠭᠠᠷᠲᠤ ᠺᠣᠮᠫᠠᠨᠢ ᠪᠣᠯᠣᠨ ᠪᠠᠳᠺᠠᠷ ᠰᠦᠮ᠎ᠡ ᠨᠢ ᠰᠢᠭᠤᠶᠢᠲᠤ ᠶᠢᠨ ᠲᠡᠦᠬᠡᠨ | ᠳᠡᠭᠡᠷᠡᠬᠢ ᠴᠠᠭ ᠦᠶ᠎ᠡ ᠶᠢ ᠵᠠᠭᠠᠭᠯᠠᠭᠰᠠᠨ ᠠᠴᠢ ᠬᠤᠯᠪᠣᠭᠳᠠᠯ ᠲᠠᠢ ︽ᠮᠦᠸᠧ ᠨᠠᠨ ᠠᠭᠤᠷᠬᠠᠢ ᠶᠢᠨ ᠦᠢᠯᠡᠰ ᠤᠨ | ᠬᠢᠵᠠᠭᠠᠷᠲᠤ ᠺᠣᠮᠫᠠᠨᠢ ᠪᠠᠳᠺᠠᠷ ᠰᠦᠮ᠎ᠡ ᠯᠠᠮᠠ ᠶᠢᠨ ᠳᠠᠪᠠᠭ᠎ᠠ ᠠᠭᠤᠯᠠᠨ ᠲᠠᠯᠠᠪᠠᠢ ᠶᠢᠨ ᠨᠡᠭᠦᠷᠡᠰᠦᠨ ᠠᠭᠤᠷᠬᠠᠢ ᠶᠢᠨ | ᠭᠡᠷ᠎ᠡ︾ ᠶᠢ ᠲᠣᠭᠲᠠᠭᠰᠠᠨ ᠪᠠᠶᠢᠨ᠎ᠠ᠃ ᠡᠨᠡ ᠬᠦ ᠬᠡᠷᠡᠭ ᠨᠢ ᠰᠢᠭᠤᠶᠢᠲᠤ ᠲᠣᠭᠤᠷᠢᠭ ᠤᠨ ᠨᠡᠭᠦᠷᠡᠰᠦᠨ ᠤ ᠠᠵᠤ | ᠦᠢᠯᠡᠰ ᠲᠡᠦᠬᠡᠨ ᠬᠥᠭᠵᠢᠯᠲᠡ ᠶᠢᠨ ᠰᠢᠨ᠎ᠡ ᠱᠠᠲᠤᠨ ᠳᠤ ᠤᠷᠤᠭᠰᠠᠨ ᠢ ᠬᠠᠷᠠᠭᠤᠯᠵᠤ ᠪᠠᠶᠢᠨ᠎ᠠ᠃ | | ᠭᠡᠷ᠎ᠡ ᠶᠢᠨ ᠵᠦᠢᠯ ᠵᠤᠷᠪᠤᠰ ᠤᠨ ᠭᠤᠣᠯ ᠠᠭᠤᠯᠭ᠎ᠠ ᠪᠣᠯ᠄ | ᠪᠠᠳᠺᠠᠷ ᠰᠦᠮ᠎ᠡ ᠰᠢᠭᠤᠶᠢᠳᠤ ᠶᠢᠨ ᠯᠠᠮᠠ ᠶᠢᠨ ᠳᠠᠪᠠᠭ᠎ᠠ ᠶᠢᠨ ᠦᠮᠴᠢᠯᠡᠯ ᠤᠨ ᠡᠷᠬᠡ ᠶᠢ ᠳᠣᠲᠤᠷᠬᠠᠶᠢᠯᠠᠵᠤ᠂ | ᠮᠦᠸᠧ ᠨᠠᠨ ᠺᠣᠮᠫᠠᠨᠢ ᠯᠠᠮᠠ ᠶᠢᠨ ᠳᠠᠪᠠᠭ᠎ᠠ ᠶᠢᠨ ᠡᠮᠤᠨ᠎ᠡ ᠬᠤᠶᠢᠨ᠎ᠠ ᠭᠤᠴᠢᠨ ᠭᠠᠵᠠᠷ ᠤᠨ ᠳᠤᠳᠤᠷ᠎ᠠ ᠠᠭᠤᠷᠬᠠᠢ | ᠮᠠᠯᠲᠠᠵᠤ ᠪᠣᠯᠬᠤ ᠡᠷᠬᠡ ᠤᠯᠭᠤᠨ᠎ᠠ ᠭᠡᠵᠦ ᠳᠤᠳᠤᠷᠬᠠᠢ ᠳᠤᠭᠳᠠᠭᠠᠵᠠᠢ᠃ | ᠮᠦᠸᠧ ᠨᠠᠨ ᠺᠣᠮᠫᠠᠨᠢ ᠨᠢ ᠯᠠᠮᠠ ᠶᠢᠨ ᠳᠠᠪᠠᠭ᠎ᠠ ᠶᠢᠨ ᠪᠦᠬᠦ ᠠᠭᠤᠯᠠ ᠶᠢᠨ ᠨᠡᠭᠦᠷᠡᠰᠦᠨ ᠠᠭᠤᠷᠬᠠᠢ ᠶᠢ | ᠳᠠᠭᠠᠭᠠᠴᠢᠯᠠᠵᠦ᠂ ᠡᠷᠬᠡᠪᠰᠢ ᠪᠡᠯᠡ ᠮᠦᠩᠭᠦ ᠴᠣᠭᠯᠠᠭᠤᠯᠬᠤ ᠶᠢ ᠪᠠᠲᠦᠯᠠᠵᠦ᠂ ᠬᠤᠭᠤᠴᠠᠭ᠎ᠠ ᠬᠤᠪᠢᠶᠠᠨ ᠲᠣᠭᠲᠠᠭᠰᠠᠨ | ᠭᠠᠵᠠᠷ ᠲᠤ ᠮᠦ ᠪᠦᠷᠢ ᠶᠢ ᠪᠣᠳᠣᠵᠦ᠂ ᠠᠭᠤᠷᠬᠠᠢ ᠶᠢᠨ ᠦᠢᠯᠡᠰ ᠤᠨ ᠳᠦᠷᠢᠮ ᠢ ᠵᠢᠷᠦᠮᠯᠡᠨ ᠬᠠᠶᠢᠨ ᠰᠦᠪᠡᠭᠴᠢᠯᠡᠨ᠎ᠡ | ᠭᠡᠪᠡ᠃ ᠬᠡᠷᠪᠡ ᠦᠢᠯᠡᠳᠪᠦᠷᠢᠯᠡᠯ ᠡᠵᠡᠩᠨᠡᠯᠲᠡ ᠶᠢᠨ ᠳᠤᠮᠳᠠ ᠬᠦᠴᠢᠷᠳᠡᠯ ᠲᠤᠯᠭᠠᠷᠠᠪᠠᠯ᠂ ᠺᠤᠮᠫᠠᠨᠢ ᠨᠢ ᠪᠠᠳᠺᠠᠷ | ᠰᠦᠮ᠎ᠡ ᠲᠠᠢ ᠬᠠᠮᠲᠤ ᠰᠢᠢᠳᠪᠦᠷᠢᠯᠡᠨ᠎ᠡ᠃ | ᠠᠭᠤᠷᠬᠠᠢ ᠮᠠᠯᠳᠠᠬᠤ ᠳᠤᠮᠳᠠ ᠰᠢᠨ᠎ᠠ ᠠᠭᠤᠷᠬᠠᠢ ᠢᠯᠡᠷᠡᠪᠡᠯ᠂ ᠺᠣᠮᠫᠠᠨᠢ ᠦᠪᠡᠷᠳᠡᠭᠡᠨ ᠨᠡᠭᠡᠭᠡᠨ ᠮᠠᠯᠳᠠᠵᠦ | ᠪᠤᠯᠬᠤ ᠦᠭᠡᠢ᠂ ᠭᠡᠭᠡᠨ ᠯᠠᠮᠠ ᠲᠠᠢ ᠵᠦᠪᠳᠡᠯᠴᠡᠬᠦ ᠬᠡᠷᠡᠭᠲᠡᠢ᠂ ᠬᠡᠷᠪᠡ ᠮᠦᠸᠧ ᠨᠠᠨ ᠺᠤᠮᠫᠠᠨᠢ ᠨᠢ ᠨᠡᠭᠡᠭᠡᠨ ᠮᠠᠯᠳᠠᠬᠤ | ᠰᠠᠨᠠᠭ᠎ᠠ ᠲᠠᠢ ᠪᠤᠯ ᠤᠷᠢᠳᠠᠯ ᠨᠦᠬᠦᠴᠡᠯ ᠲᠠᠢ ᠪᠠᠶᠢᠬᠤ ᠬᠡᠷᠡᠭᠲᠡᠢ᠃ | ᠪᠠᠳᠺᠠᠷ ᠰᠦᠮ᠎ᠡ ᠲᠣᠭᠲᠠᠮᠠᠯ ᠲᠦᠷᠢᠶᠡᠰᠦᠨ ᠮᠥᠩᠭᠦ ᠬᠤᠷᠢᠶᠠᠬᠤ ᠠᠴᠠ ᠭᠠᠳᠠᠨ᠎ᠠ ᠵᠢᠯ ᠪᠦᠷᠢ ᠺᠣᠮᠫᠠᠨᠢ ᠶᠢᠨ | ᠴᠡᠪᠡᠷ ᠣᠷᠣᠯᠭ᠎ᠠ ᠶᠢᠨ ᠨᠢᠭᠡ ᠬᠤᠪᠢ ᠶᠢᠨ ᠠᠰᠢᠭ ᠢ ᠣᠯᠣᠨ᠎ᠠ᠃ | ᠪᠠᠳᠺᠠᠷ ᠰᠦᠮ᠎ᠡ ᠥᠮᠴᠢᠲᠡᠨ ᠵᠢᠴᠢ ᠡᠭᠦᠰᠭᠡᠨ ᠪᠠᠢᠭᠤᠯᠤᠭᠴᠢ ᠶᠢᠨ ᠬᠢᠷᠢ ᠭᠡᠮ ᠢᠶᠠᠷ ᠬᠤᠶᠠᠷ ᠵᠦᠢᠯ ᠤᠨ | ᠡᠷᠬᠡ ᠶᠢ ᠬᠦᠷᠲᠡᠬᠦ ᠠᠴᠠ ᠭᠠᠳᠠᠨ᠎ᠠ᠂ ᠴᠢᠯᠥᠭᠡᠲᠡᠢ ᠬᠤᠪᠢ ᠣᠷᠣᠬᠤ ᠡᠷᠬᠡ ᠲᠠᠢ᠂ ᠠᠰᠲᠠᠭᠠᠨ ᠬᠤᠪᠢ | ᠣᠷᠣᠭᠤᠯᠤᠭᠰᠠᠨ ᠬᠡᠰᠡᠭ ᠤᠨ ᠠᠰᠢᠭ ᠢ ᠪᠤᠰᠤᠳ ᠬᠤᠪᠢ ᠣᠷᠣᠭᠤᠯᠤᠭᠴᠢ ᠯᠤᠭ᠎ᠠ ᠴᠥᠮ ᠬᠤᠪᠢᠶᠠᠨ᠎ᠠ᠃ | ᠮᠦᠸᠧ ᠨᠠᠨ ᠺᠣᠮᠫᠠᠨᠢ ᠨᠢ ᠴᠢᠯᠦᠭᠡᠲᠡᠢ ᠲᠡᠮᠳᠡᠭᠲᠦ ᠬᠤᠳᠠᠯᠳᠤᠵᠤ ᠪᠣᠯᠤᠨ᠎ᠠ᠂ ᠠᠭᠤᠷᠬᠠᠢ ᠶᠢᠨ ᠣᠷᠣᠨ ᠳᠤ | ᠭᠡᠷ ᠪᠠᠷᠢᠵᠤ᠂ ᠦᠢᠯᠡᠳᠪᠦᠷᠢ ᠪᠠᠶᠢᠭᠤᠯᠵᠤ᠂ ᠨᠡᠭᠦᠷᠡᠰᠦ ᠰᠢᠲᠠᠭᠠᠵᠤ᠂ ᠱᠠᠭᠠᠵᠠᠩ ᠰᠢᠲᠠᠭᠠᠵᠤ᠂ ᠲᠣᠭᠤᠰᠬ᠎ᠠ | ᠦᠢᠯᠡᠳᠴᠦ ᠪᠣᠯᠣᠨ᠎ᠠ᠃ ᠮᠦᠨ ᠠᠳᠡ ᠠᠴᠠ ᠪᠠᠨ ᠰᠢᠷᠣᠢ ᠭᠠᠷᠭᠠᠨ ᠠᠪᠴᠤ ᠪᠣᠯᠤᠨ᠎ᠠ᠂ ᠭᠡᠪᠡᠴᠦ ᠪᠠᠳᠺᠠᠷ | ᠰᠦᠮ᠎ᠡ ᠳᠤ ᠪᠠ ᠠᠰᠲᠠᠭᠠᠨ ᠵᠠᠷᠤᠳᠠᠯ ᠥᠭᠭᠦᠨ᠎ᠡ᠃ | ᠭᠡᠷ᠎ᠡ ᠶᠢ ᠮᠣᠩᠭᠤᠯ᠂ ᠬᠢᠲᠠᠳ ᠬᠤᠶᠠᠷ ᠬᠡᠯᠡ ᠪᠠᠷ ᠦᠢᠯᠡᠳᠴᠦ᠂ ᠨᠢᠭᠡ ᠬᠡᠯᠪᠡᠷᠢ ᠲᠦᠷᠪᠡᠨ ᠬᠤᠪᠢ᠂ | ᠪᠠᠳᠺᠠᠷ ᠰᠦᠮ᠎ᠡ᠂ ᠮᠦᠸᠧ ᠨᠠᠨ ᠺᠣᠮᠫᠠᠨᠢ᠂ ᠲᠦᠮᠡᠳ ᠶᠡᠷᠦᠩᠬᠡᠢ ᠬᠤᠰᠢᠭᠤ᠂ ᠰᠠᠭᠠᠯᠢᠴᠢᠨ ᠰᠢᠶᠠᠨ ᠲᠤᠰ ᠪᠦᠷᠢ | ᠨᠢᠭᠡ ᠬᠤᠪᠢ ᠡᠵᠡᠮᠰᠢᠨ᠎ᠡ᠃ | ᠭᠡᠷ᠎ᠡ ᠳᠤ ᠪᠠᠰᠠ ᠲᠤᠰᠬᠠᠶᠢᠯᠠᠨ᠂ ᠬᠤᠶᠢᠰᠢᠳᠠ ᠪᠠᠳᠺᠠᠷ ᠰᠦᠮ᠎ᠡ ᠵᠢᠴᠢ ᠮᠦᠸᠧ ᠨᠠᠨ ᠺᠣᠮᠫᠠᠨᠢ ᠠᠶᠤᠯ ᠳᠤ | ᠤᠴᠠᠷᠠᠭᠰᠠᠨ ᠪᠠᠶᠢᠳᠠᠯ ᠳᠤ ᠪᠤᠭᠤᠲᠤ ᠶᠢᠨ ᠣᠷᠣᠨ ᠨᠤᠲᠤᠭ ᠤᠨ ᠠᠯᠪᠠᠨ ᠲᠢᠩᠬᠢᠮ ᠬᠠᠮᠠᠭᠠᠯᠠᠬᠤ ᠠᠴᠠ ᠭᠠᠳᠠᠨ᠎ᠠ᠂ ︽ | ᠮᠥᠨ ᠯᠡ ᠺᠦᠩ ᠱᠢ ᠳᠠᠷᠤᠭ᠎ᠠ ᠠᠴᠠ ᠴᠡᠷᠢᠭ ᠲᠣᠮᠢᠯᠠᠵᠤ ᠬᠠᠮᠠᠭᠠᠯᠠᠭᠤᠯᠤᠨ᠎ᠠ︾ ᠭᠡᠵᠦ ᠲᠤᠰᠬᠠᠢ ᠴᠢᠬᠤᠯᠠᠴᠢᠯᠠᠪᠠ᠃ | ᠭᠡᠷ᠎ᠡ ᠲᠣᠭᠲᠠᠭᠰᠠᠨ ᠤ ᠳᠠᠷᠠᠭ᠎ᠠ᠂ ᠺᠦᠩ ᠭᠧᠩ ᠪᠣᠯᠣᠨ ᠪᠤᠰᠤᠳ ᠡᠭᠦᠰᠬᠡᠭᠴᠢ ᠨᠡᠶᠢᠭᠡᠮ ᠤᠨ ᠡᠯ᠎ᠡ | ᠡᠲᠡᠭᠡᠳ ᠲᠤ ᠢᠳᠡᠪᠬᠢᠲᠡᠶ ᠤᠬᠠᠭᠤᠯᠵᠤ᠂ ᠰᠲ᠋ᠣᠺ ᠲᠠᠷᠬᠠᠭᠠᠬᠤ ᠶᠢ ᠵᠣᠷᠢᠭᠵᠢᠭᠤᠯᠪᠠ᠃ ᠤᠳᠠᠯ ᠦᠭᠡᠢ 5000 | ᠮᠥᠩᠭᠦᠨ ᠵᠣᠭᠤᠰ ᠴᠤᠭᠯᠠᠭᠤᠯᠪᠠ᠂ ᠡᠭᠦᠨ ᠳᠤ ᠺᠦᠩ ᠭᠧᠩ ᠬᠤᠪᠢ ᠬᠥᠮᠦᠨ 1000 ᠲᠥᠭᠦᠷᠢᠭ ᠭᠠᠷᠭᠠᠵᠠᠶ᠃ | ᠪᠦᠬᠦ ᠬᠤᠪᠢ ᠣᠷᠣᠭᠤᠯᠤᠭᠴᠢ ᠵᠢᠴᠢ ᠪᠠᠳᠺᠠᠷ ᠰᠦᠮ᠎ᠡ ᠶᠢᠨ ᠲᠥᠯᠥᠭᠡᠯᠡᠭᠴᠢ ᠣᠷᠣᠯᠴᠠᠭᠰᠠᠨ ᠲᠠᠯᠠᠷᠬᠠᠯ ᠤᠨ | ᠳᠠᠶᠢᠯᠠᠯᠭ᠎ᠠ ᠳᠡᠭᠡᠷ᠎ᠡ᠂ ᠺᠦᠩ ᠭᠧᠩ ᠡᠷᠡᠯᠬᠡᠭ ᠵᠣᠷᠢᠭ ᠢᠶᠠᠷ ᠠᠭᠤᠷᠬᠠᠢ ᠶᠢᠨ ᠲᠣᠭᠤᠷᠢᠭ ᠤᠨ ᠢᠷᠡᠭᠡᠳᠦᠶ ᠶᠢ | ᠵᠢᠷᠤᠭᠯᠠᠵᠠᠶ᠄ ᠮᠠᠰᠢᠨ ᠢᠶᠠᠷ ᠨᠡᠭᠦᠷᠡᠰᠦ ᠮᠠᠯᠲᠠᠬᠤ᠂ ᠲᠡᠮᠦᠷ ᠵᠠᠮ ᠤᠨ ᠳᠡᠭᠡᠪᠦᠷᠢ᠂ ᠨᠠᠷᠢᠯᠢᠭ ᠰᠣᠩᠭᠤᠵᠤ | ᠪᠣᠯᠪᠠᠰᠤᠷᠠᠭᠤᠯᠬᠤ᠂ ᠦᠢᠯᠡᠳᠪᠦᠷᠢ ᠪᠠᠶᠢᠭᠤᠯᠵᠤ ᠴᠠᠬᠢᠯᠭᠠᠨ ᠭᠠᠷᠭᠠᠨ᠎ᠠ᠃ ᠰᠢᠭᠤᠶᠢᠲᠤ ᠲᠣᠭᠤᠷᠢᠭ ᠤᠨ | ᠨᠡᠭᠦᠷᠡᠰᠦᠨ ᠤ ᠠᠵᠤ ᠦᠢᠯᠡᠰ ᠨᠢ ᠯᠠᠪᠲᠠᠢ ᠭᠡᠷᠡᠯ ᠭᠢᠯᠪᠠᠭ᠎ᠠ ᠪᠠᠨ ᠶᠡᠭᠡ ᠪᠠᠷ ᠲᠠᠯᠪᠢᠵᠤ᠂ ᠪᠤᠭᠤᠲᠤ ᠶᠢᠨ ᠬᠢᠨ ᠠᠵᠤ | ᠦᠢᠯᠡᠳᠪᠦᠷᠢᠵᠢᠭᠰᠡᠨ ᠬᠤᠲᠠ ᠪᠣᠯᠵᠤ ᠰᠦᠢᠶᠤᠸᠠᠨ ᠪᠣᠯᠤᠨ᠎ᠠ ᠭᠡᠵᠦ ᠲᠡᠷᠡ ᠲᠠᠭᠠᠪᠠ᠃ ᠺᠦᠩ ᠭᠧᠩ ᠤᠨ | ᠬᠦᠰᠡᠯᠡᠩ ᠬᠡᠳᠦ᠋ᠢᠪᠡᠷ ᠠᠮᠢᠳᠤ ᠪᠠᠶᠢᠬᠤ ᠳᠤ ᠨᠢ ᠪᠡᠶᠡᠯᠡᠭᠳᠡᠭᠡ ᠦᠭᠡᠢ ᠪᠣᠯᠪᠠᠴᠤ ᠲᠡᠭᠦᠨ ᠤ ᠠᠵᠤ ᠦᠢᠯᠡᠰ ᠢᠶᠠᠷ | ᠤᠯᠤᠰ ᠲᠠᠭᠠᠨ ᠵᠢᠳᠬᠦᠬᠦ ᠬᠦᠰᠡᠯᠡᠩ ᠪᠠ ᠪᠣᠳᠠᠲᠠᠢ ᠠᠵᠢᠯᠯᠠᠬᠤ ᠵᠣᠷᠢᠭ ᠰᠠᠨᠠᠭ᠎ᠠ ᠨᠢ ᠬᠤᠵᠢᠮ ᠤᠨ ᠬᠥᠮᠦᠰ ᠢ | ᠵᠣᠷᠢᠭᠵᠢᠭᠤᠯᠤᠭᠰᠠᠭᠠᠷ ᠶᠤᠮ᠃ | ᠮᠦᠸᠧ ᠨᠠᠨ ᠠᠭᠤᠷᠬᠠᠢ ᠶᠢᠨ ᠦᠢᠯᠡᠰ ᠤᠨ ᠺᠣᠮᠫᠠᠨᠢ ᠪᠠᠶᠢᠭᠤᠯᠤᠭᠳᠠᠭᠰᠠᠨ ᠤ ᠲᠠᠷᠠᠭ᠎ᠠ᠂ ᠰᠦᠢᠶᠤᠸᠠᠨ | ᠮᠤᠵᠢ ᠶᠢᠨ ᠵᠠᠰᠠᠭ ᠤᠨ ᠣᠷᠳᠣᠨ ᠳᠤ ᠮᠡᠳᠡᠭᠦᠯᠦᠨ ᠵᠥᠪᠰᠢᠶᠡᠷᠡᠭᠦᠯᠵᠦ᠂ ᠳᠠᠷᠠᠭ᠎ᠠ ᠵᠢᠯ ᠳᠤ ᠨᠢ ᠵᠢᠩᠬᠢᠨᠢ ᠪᠠᠷ ᠠᠵᠢᠯ | ᠡᠬᠢᠯᠡᠭᠦᠯᠵᠡᠢ᠃ ᠤᠷᠢᠳ ᠬᠤᠵᠢᠳ 7 ᠶᠡᠭᠡ ᠪᠠᠭ᠎ᠠ ᠨᠡᠭᠦᠷᠡᠰᠦᠨ ᠠᠭᠤᠷᠬᠠᠶ ᠶᠢ ᠨᠡᠭᠡᠭᠡᠨ ᠮᠠᠯᠲᠠᠵᠤ᠂ ᠪᠥᠬᠦ | ᠬᠥᠭᠵᠢᠯᠲᠡ ᠶᠢᠨ ᠦᠶ᠎ᠡ ᠳᠤ 1200 ᠭᠠᠷᠤᠶ ᠠᠵᠢᠯᠲᠠᠨ ᠠᠵᠢᠯᠴᠢᠨ ᠪᠠᠶᠢᠵᠤ᠂ ᠵᠢᠯ ᠳᠤ 10 ᠲᠦᠮᠡᠨ ᠲᠣᠨ | ᠲᠦᠭᠦᠬᠡᠶ ᠨᠡᠭᠦᠷᠡᠰᠦ ᠦᠢᠯᠡᠳᠪᠦᠷᠢᠯᠡᠵᠦ᠂ ᠺᠣᠮᠫᠠᠨᠢ ᠶᠢᠨ ᠠᠵᠤ ᠠᠬᠤᠶ ᠶᠢᠨ ᠦᠷ᠎ᠡ ᠠᠰᠢᠭ ᠨᠢ ᠮᠠᠰᠢ ᠰᠠᠶᠢᠨ ᠪᠠᠶᠢᠪᠠ | ᠂ ᠵᠦᠪᠬᠡᠨ ᠲᠣᠰ ᠵᠢᠯ ᠳᠤ ᠪᠠᠨ 8 ᠲᠦᠮᠡ ᠭᠠᠷᠤᠶ ᠲᠥᠭᠦᠷᠢᠭ ᠠᠰᠢᠭ ᠣᠯᠤᠭᠰᠠᠨ ᠪᠠᠶᠢᠨ᠎ᠠ᠃ ᠤᠳᠠᠯ ᠦᠭᠡᠢ | ᠺᠦᠩ ᠭᠧᠩ ᠳ᠋ᠠ ᠲᠦᠩ ᠤᠨ ᠪᠠᠷᠠᠭᠤᠨ ᠪᠠᠯᠭᠠᠰᠤᠨ ᠤ ᠡᠯᠴᠢᠨ ᠰᠠᠶᠢᠳ ᠤᠨ ᠲᠤᠰᠢᠶᠠᠯ ᠢᠶᠠᠷ ᠲᠣᠮᠢᠯᠠᠭᠳᠠᠵᠤ᠂ | ᠰᠡᠭᠦᠯᠡᠷ ᠨᠢ ᠪᠠᠰᠠ ᠡᠯ᠎ᠡ ᠭᠠᠵᠠᠷ ᠲᠤ ᠲᠣᠮᠢᠯᠠᠭᠳᠠᠵᠤ᠂ 1931 ᠣᠨ ᠪᠣᠯᠬᠤ ᠳᠤ ᠰᠠᠶ᠋ᠢ ᠵᠠᠪᠰᠢᠶᠠᠨ ᠣᠯᠵᠤ | ᠪᠣᠭᠤᠲᠤ ᠳᠤ ᠬᠦᠷᠴᠦ ᠮᠦᠸᠧ ᠨᠠᠨ ᠺᠣᠮᠫᠠᠨᠢ ᠶᠢ ᠳᠠᠬᠢᠨ ᠰᠤᠷᠪᠤᠯᠵᠢᠯᠠᠪᠠ᠃ ᠭᠤᠷᠪᠠᠳᠠᠬᠢ ᠤᠳᠠᠭ᠎ᠠ ᠳᠠᠬᠢᠨ | ᠢᠷᠡᠬᠦ ᠳᠤ ᠨᠢᠭᠡᠨᠲᠡ ᠨᠢᠭᠡᠨᠲᠡ ᠶᠠᠫᠣᠨ ᠢ ᠡᠰᠡᠷᠭᠦᠴᠡᠬᠦ ᠳᠠᠶᠢᠨ ᠢᠯᠠᠯᠲᠠ ᠣᠯᠣᠭᠰᠠᠨ ᠤ ᠳᠠᠷᠠᠭ᠎ᠠ᠂ ᠮᠦᠸᠧ ᠨᠠᠨ | ᠺᠤᠮᠫᠠᠨᠢ ᠶᠢ ᠰᠦᠢᠶᠦᠸᠠᠨ ᠮᠤᠵᠢ ᠶᠢᠨ ᠵᠠᠰᠠᠭ ᠤᠨ ᠣᠷᠳᠣᠨ ᠳᠤ ᠲᠤᠰᠢᠶᠠᠬᠤ ᠭᠠᠷ ᠭᠦᠢᠴᠡᠳᠬᠡᠯ ᠬᠢᠬᠦ ᠦᠶ᠎ᠡ | ᠪᠣᠯᠣᠨ᠎ᠠ᠃ ᠡᠨᠡ ᠨᠢ ᠬᠤᠵᠢᠮ ᠤᠨ ᠦᠭᠡ ᠪᠣᠯᠵᠠᠢ᠃ | ᠮᠦᠸᠧ ᠨᠠᠨ ᠠᠭᠤᠷᠬᠠᠢ ᠶᠢᠨ ᠦᠢᠯᠡᠰ ᠤᠨ ᠺᠣᠮᠫᠠᠨᠢ ᠪᠠᠶᠢᠭᠤᠯᠤᠭᠳᠠᠭᠰᠠᠨ ᠨᠢ ᠵᠢᠱᠢᠶ᠎ᠡ ᠦᠵᠡᠭᠦᠯᠬᠦ | ᠦᠢᠯᠡᠳᠦᠯ ᠦᠵᠡᠭᠦᠯᠦᠭᠰᠡᠨ ᠶᠤᠮ᠂ ᠬᠤᠶᠢᠰᠢ ᠶᠢᠨ ᠬᠡᠳᠦᠨ ᠵᠢᠯ ᠳᠤ᠂ ᠣᠷᠣᠨ ᠤ ᠳᠣᠲᠤᠨ᠎ᠠ ᠭᠠᠳᠠᠨᠠᠬᠢ | ᠬᠤᠳᠠᠯᠳᠤᠭᠠᠴᠢᠳ ᠪᠦᠷ ᠰᠢᠭᠤᠶᠢᠲᠤ ᠲᠣᠭᠤᠷᠢᠭ ᠲᠤ ᠪᠡᠯᠡ ᠣᠷᠣᠭᠤᠯᠤᠨ ᠠᠭᠤᠷᠬᠠᠢ ᠪᠠᠶᠢᠭᠤᠯᠤᠭᠰᠠᠨ ᠪᠠᠶᠢᠨ᠎ᠠ᠂ | ᠬᠡᠪᠴᠢᠶ᠎ᠡ ᠪᠠᠷ ᠨᠡᠯᠢᠶᠠᠳ ᠶᠡᠭᠡ ᠨᠢ᠂ ᠵᠢᠱᠢᠶᠡᠯᠡᠪᠡᠯ᠄ ᠹᠦ᠋ ᠰᠦᠢ ᠺᠣᠮᠫᠠᠨᠢ᠂ ᠳ᠋ᠠ ᠭᠤᠸᠠᠩ ᠺᠣᠮᠫᠠᠨᠢ᠂ ᠵᠢᠢ ᠴᠠᠩ | ᠺᠣᠮᠫᠠᠨᠢ᠂ ᠭᠤᠸᠠᠩ ᠰᠢᠩ ᠺᠣᠮᠫᠠᠨᠢ ᠵᠡᠷᠭᠡ᠃ ᠡᠨᠡ ᠬᠦ ᠦᠪᠡᠳᠡᠭᠰᠢ ᠪᠠᠶᠢᠳᠠᠯ ᠨᠢ 1938 ᠣᠨ ᠤ ᠶᠠᠫᠣᠨ | ᠳᠡᠭᠡᠷᠡᠮᠴᠢᠳ ᠰᠢᠭᠤᠶᠢᠲᠤ ᠭᠠᠵᠠᠷ ᠢ ᠡᠵᠡᠯᠡᠬᠦ ᠬᠦᠷᠲᠡᠯ᠎ᠡ ᠦᠷᠭᠦᠯᠵᠢᠯᠡᠵᠡᠢ᠃ | | ᠳᠠᠯᠠᠨ ᠬᠠᠷ᠎ᠠ ᠠᠭᠤᠯᠠ ᠶᠢᠨ ᠨᠡᠭᠦᠷᠡᠰᠦᠨ ᠤ ᠦᠢᠯᠡᠰ ᠤᠨ ᠬᠥᠭᠵᠢᠨ ᠴᠡᠴᠡᠭᠯᠡᠭᠰᠡᠨ ᠢ ᠳᠤᠮᠳᠠᠳᠤ ᠢᠷᠭᠡᠨ | ᠤᠯᠤᠰ ᠤᠨ ᠲᠥᠪ ᠵᠠᠰᠠᠭ ᠤᠨ ᠣᠷᠳᠣᠨ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠦ᠂ 1915 ᠣᠨ ᠳᠤ᠂ | ᠲᠥᠪ ᠤᠨ ᠭᠠᠵᠠᠷ ᠰᠢᠨᠵᠢᠯᠡᠭᠡᠨ ᠤ ᠪᠠᠶᠢᠴᠠᠭᠠᠯᠲᠠ ᠶᠢᠨ ᠭᠠᠵᠠᠷ 50 ᠭᠠᠷᠤᠢ ᠡᠳᠦᠷ ᠦᠷᠭᠦᠯᠵᠢᠯᠡᠵᠦ᠂ ᠰᠢᠭᠤᠶᠢᠲᠤ | ᠲᠣᠭᠤᠷᠢᠭ ᠢ ᠪᠠᠭᠲᠠᠭᠠᠭᠰᠠᠨ ᠳᠠᠯᠠᠨ ᠬᠠᠷ᠎ᠠ ᠠᠭᠤᠯᠠ ᠶᠢᠨ ᠨᠡᠭᠦᠷᠡᠰᠦᠨ ᠤ ᠠᠢ ᠰᠠᠪᠠ ᠪᠣᠯᠤᠨ ᠤᠯᠠᠭᠠᠨᠴᠠᠪ ᠤᠨ | ᠨᠡᠭᠦᠷᠡᠰᠦᠨ ᠤ ᠠᠢ ᠰᠠᠪᠠ ᠳᠤ ᠪᠠᠶᠢᠴᠠᠭᠠᠯᠲᠠ ᠬᠢᠵᠡᠶ᠃ ︽ᠰᠦᠢᠶᠤᠸᠠᠨ ᠮᠤᠵᠢ ᠶᠢᠨ ᠲᠦᠮᠡᠳ ᠤᠨ ᠠᠭᠤᠷᠬᠠᠶ ᠶᠢᠨ | ᠭᠠᠷᠤᠯᠲᠠ ᠶᠢᠨ ᠭᠠᠵᠠᠷ ᠰᠢᠨᠵᠢᠯᠡᠭᠡᠨ ᠤ ᠮᠡᠳᠡᠭᠦᠯᠦᠯᠲᠡ︾ ᠶᠢ ᠨᠡᠶᠢᠲᠡᠯᠡᠭᠰᠡᠨ ᠪᠥᠭᠡᠳ ᠳᠠᠯᠠᠨ ᠬᠠᠷ᠎ᠠ ᠠᠭᠤᠯᠠ ᠶᠢᠨ | ᠨᠡᠭᠦᠷᠡᠰᠦᠨ ᠠᠭᠤᠷᠬᠠᠶ ᠶᠢᠨ ᠭᠠᠵᠠᠷ ᠤᠨ ᠳᠠᠪᠬᠤᠷᠭ᠎ᠠ᠂ ᠲᠣᠭᠲᠠᠴᠠ᠂ ᠨᠡᠭᠦᠷᠡᠰᠦᠨ ᠠᠭᠤᠷᠬᠠᠶ ᠶᠢᠨ ᠲᠠᠷᠬᠠᠯᠲᠠ ᠵᠢᠴᠢ | ᠠᠯᠤᠰ ᠬᠡᠲᠦ ᠶᠢᠨ ᠲᠥᠯᠥᠪ ᠢ ᠵᠢᠷᠤᠭᠯᠠᠭᠰᠠᠨ ᠪᠠᠶᠢᠨ᠎ᠠ᠃ | ᠡᠭᠦᠨ ᠤ ᠳᠠᠷᠠᠭ᠎ᠠ ᠢᠷᠭᠡᠨ ᠤᠯᠤᠰ ᠤᠨ ᠵᠠᠰᠠᠭ ᠤᠨ ᠣᠷᠳᠣᠨ᠂ ᠶᠠᠫᠤᠨ ᠬᠠᠭᠤᠷᠮᠠᠭ ᠮᠠᠨᠵᠤ ᠶᠢᠨ | ᠪᠠᠶᠢᠭᠤᠯᠤᠮᠵᠢ ᠴᠤ ᠭᠠᠵᠠᠷ ᠰᠢᠨᠵᠢᠯᠡᠭᠡᠨ ᠤ ᠠᠵᠢᠯᠲᠠᠳ ᠢ ᠣᠯᠠᠨ ᠤᠳᠠᠭ᠎ᠠ ᠲᠣᠮᠢᠯᠠᠨ ᠪᠠᠶᠢᠴᠠᠭᠠᠯᠲᠠ ᠬᠢᠯᠭᠡᠵᠦ | ᠬᠠᠶᠢᠨ ᠰᠢᠨᠵᠢᠯᠡᠭᠦᠯᠪᠡ᠃ ᠶᠠᠫᠤᠨ ᠬᠠᠭᠤᠷᠮᠠᠭ ᠮᠠᠨᠵᠤ ᠲᠤᠰᠬᠠᠶᠢᠯᠠᠨ ᠰᠢᠭᠤᠶᠢᠲᠤ ᠶᠢᠨ ᠨᠡᠭᠦᠷᠡᠰᠦᠨ ᠤ ᠠᠢ | ᠰᠠᠪᠠ ᠳᠤ ᠬᠠᠨᠳᠤᠭᠤᠯᠤᠨ ︽ᠳᠠᠯᠠᠨ ᠬᠠᠷ᠎ᠠ ᠠᠭᠤᠯᠠ ᠶᠢᠨ ᠨᠡᠭᠦᠷᠡᠰᠦᠨ ᠤ ᠠᠢ ᠰᠠᠪᠠ ᠶᠢᠨ ᠣᠶᠢᠷ᠎ᠠ ᠬᠠᠪᠢ ᠶᠢᠨ | ᠭᠠᠵᠠᠷ ᠰᠢᠨᠵᠢᠯᠡᠭᠡᠨ ᠤ ᠪᠠᠶᠢᠴᠠᠭᠠᠯᠲᠠ ᠶᠢᠨ ᠮᠡᠳᠡᠭᠦᠯᠦᠯᠲᠡ︾ ᠶᠢ ᠨᠠᠶᠢᠷᠠᠭᠤᠯᠤᠨ ᠪᠢᠴᠢᠵᠦ᠂ ᠴᠠᠩᠱᠠᠨ ᠤ ᠨᠡᠭᠦᠷᠡᠰᠦᠨ | ᠠᠭᠤᠷᠬᠠᠢ ᠶᠢᠨ ᠭᠤᠯᠳᠤᠩ ᠤᠨ ᠣᠪᠣᠭ᠎ᠠ ᠶᠢᠨ ᠵᠢᠷᠤᠭ ᠪᠢᠴᠢᠭ ᠢ ᠭᠤᠤᠯᠳᠠᠯᠭ᠎ᠠ ᠲᠠᠢ ᠵᠢᠷᠤᠵᠦ᠂ | ᠬᠠᠳᠠᠭᠠᠯᠠᠭᠳᠠᠴᠠ ᠶᠢᠨ ᠬᠡᠮᠵᠢᠶ᠎ᠡ ᠪᠠ ᠮᠠᠯᠲᠠᠵᠤ ᠪᠣᠯᠬᠤ ᠬᠡᠮᠵᠢᠶ᠎ᠡ ᠶᠢ ᠨᠠᠷᠢᠨ ᠲᠣᠳᠣᠷᠬᠠᠶ ᠮᠡᠳᠡᠭᠦᠯᠵᠡᠢ᠃ | ᠪᠠᠳᠺᠠᠷ ᠰᠦᠮ᠎ᠡ ᠭᠡᠷ᠎ᠡ ᠲᠣᠭᠲᠠᠭᠰᠠᠨ ᠤ ᠳᠠᠷᠠᠭ᠎ᠠ ᠠᠯᠪᠠᠨ ᠶᠠᠮᠤᠨ ᠲᠠᠢ ᠬᠠᠷᠢᠴᠠᠭ᠎ᠠ ᠨᠡᠩ ᠨᠢᠭᠲᠠ ᠪᠣᠯᠵᠤ | ᠂ ᠴᠡᠷᠢᠭ ᠳᠠᠶᠢᠨ ᠤ ᠰᠠᠮᠠᠭᠤᠨ ᠴᠠᠭ ᠲᠤ᠂ ᠴᠡᠷᠢᠭ ᠠᠩᠭᠢ ᠶᠢᠨ ᠠᠬᠤᠶ ᠪᠠᠶᠢᠳᠠᠯ ᠲᠠᠢ ᠪᠠᠳᠺᠠᠷ ᠰᠦᠮ᠎ᠡ ᠨᠠᠮ | ᠰᠡᠯᠡᠭᠦᠨ ᠪᠠᠶᠢᠭᠰᠠᠨ ᠶᠤᠮ᠃ ᠪᠠᠳᠺᠠᠷ ᠰᠦᠮ᠎ᠡ ᠪᠣᠯᠤᠨ ᠪᠤᠭᠤᠲᠤ ᠶᠢᠨ ᠬᠤᠳᠠᠯᠳᠤᠭᠠᠴᠢᠳ ᠤᠨ ᠡᠪᠯᠡᠯ ᠡᠳᠦᠷ | ᠢᠷᠡᠬᠦᠶ᠎ᠡ ᠳᠠᠰᠤᠯᠴᠠᠵᠤ᠂ ᠨᠡᠷ᠎ᠡ ᠲᠥᠷᠥ ᠲᠠᠢ ᠪᠣᠯᠵᠤ᠂ ᠴᠡᠷᠢᠭ ᠵᠠᠰᠠᠭ ᠬᠤᠳᠠᠯᠳᠤᠭᠠᠨ ᠤ ᠡᠲᠡᠭᠡᠳ ᠤᠨ ᠬᠢᠨ | ᠪᠠᠳᠺᠠᠷ ᠰᠦᠮ᠎ᠡ ᠳᠤ ᠮᠠᠰᠢ ᠥᠭᠭᠢᠶᠡᠮᠦᠷ ᠶᠣᠰᠤᠯᠠᠯ ᠪᠠ ᠬᠦᠷᠲᠡᠮᠵᠢ ᠣᠯᠭᠤᠵᠤ ᠪᠠᠶᠢᠵᠠᠢ᠃ 1933 ᠤᠨ ᠳᠤ | ᠪᠠᠳᠺᠠᠷ ᠰᠦᠮ᠎ᠡ ᠤᠳᠠᠭᠠᠨ ᠵᠢᠯ ᠵᠠᠰᠠᠨ ᠰᠡᠯᠪᠢᠭᠰᠡᠨ ᠦᠭᠡᠢ ᠠᠴᠠ ᠪᠦᠬᠦᠯᠢ ᠴᠤᠭᠴᠠ ᠪᠠᠷ ᠨᠢ ᠰᠡᠯᠪᠢᠨ ᠵᠠᠰᠠᠬᠤ | ᠴᠢᠬᠤᠯᠠᠳᠠᠢ᠂ ᠭᠡᠲᠡᠯ᠎ᠡ ᠪᠠᠷᠢᠯᠭ᠎ᠠ ᠶᠢᠨ ᠠᠵᠢᠯ ᠶᠡᠭᠡ ᠪᠠᠶᠢᠵᠤ᠂ ᠭᠠᠭᠴᠠ ᠪᠠᠳᠺᠠᠷ ᠰᠦᠮ᠎ᠡ ᠬᠠᠷᠢᠭᠤᠴᠠᠵᠦ ᠳᠡᠶᠢᠯᠬᠦ | ᠦᠭᠡᠢ ᠪᠠᠶᠢᠪᠠ᠂ ᠢᠩᠭᠢᠭᠡᠳ ᠮᠦᠸᠧ ᠨᠠᠨ ᠺᠤᠮᠫᠠᠨᠢ ᠪᠤᠯᠤᠨ ᠪᠤᠭᠤᠳᠤ ᠶᠢᠨ ᠬᠤᠳᠠᠯᠳᠤᠭᠠᠴᠢᠳ ᠤᠨ ᠡᠪᠯᠡᠯ ᠢ | ᠵᠠᠯᠠᠵᠦ᠂ ᠨᠡᠶᠢᠬᠡᠮ ᠤᠨ ᠡᠯ᠎ᠡ ᠡᠳᠡᠬᠡᠳ ᠲᠠᠢ ᠬᠠᠷᠢᠯᠴᠠᠵᠤ ᠬᠠᠮᠳᠤ ᠪᠠᠷ ᠵᠣᠭᠤᠰ ᠴᠤᠭᠯᠠᠭᠤᠯᠪᠠ᠃ ᠡᠳᠦᠭᠡ | ᠦᠯᠡᠳᠡᠭᠳᠡᠵᠦ ᠪᠠᠶᠢᠬᠤ ︽ᠪᠠᠳᠺᠠᠷ ᠰᠦᠮ᠎ᠡ ᠶᠢ ᠳᠠᠬᠢᠨ ᠵᠠᠰᠠᠬᠤ ᠪᠤᠶᠠᠨᠲᠤ ᠶᠢᠨ ᠨᠡᠷᠡᠰ ᠤᠨ ᠵᠢᠭᠰᠠᠭᠠᠯᠲᠠ︾ ᠶᠢᠨ | ᠳᠣᠲᠣᠷ᠎ᠠ ᠮᠠᠨ ᠲᠠᠢ᠂ ᠸᠠᠩ ᠵᠢᠩ ᠭᠦᠸᠧ᠂ ᠪᠠ ᠸᠧᠨ ᠵᠢᠶᠦ᠋ᠨ᠂ ᠯᠢᠶᠠᠩ ᠱᠠᠩ ᠳ᠋ᠦᠩ ᠵᠡᠷᠭᠡ ᠶᠢᠨ ᠰᠦᠢ ᠴᠡᠷᠢᠭ | ᠵᠠᠰᠠᠭ ᠤᠨ ᠶᠡᠭᠡ ᠭᠡᠰᠢᠭᠦᠨ ᠪᠤᠢ᠃ ᠬᠤᠯᠠ ᠬᠤᠪᠧᠢ ᠮᠤᠵᠢ ᠶᠢᠨ ᠠᠷᠠᠳ ᠤᠨ ᠶᠠᠪᠤᠳᠠᠯ ᠤᠨ ᠲᠢᠩᠬᠢᠮ ᠤᠨ ᠳᠠᠷᠤᠭ᠎ᠠ | ᠪᠠᠶᠢᠭᠰᠠᠨ ᠺᠦᠩ ᠭᠧᠩ ᠡᠭᠦᠨ ᠢ ᠰᠣᠨᠤᠰᠴᠤ ᠬᠠᠷᠠᠮ ᠦᠭᠡᠢ ᠨᠡᠷ᠎ᠡ ᠲᠡᠮᠳᠡᠭᠯᠡᠭᠦᠯᠦᠭᠰᠡᠨ ᠪᠠᠶᠢᠨ᠎ᠠ᠃ ᠡᠨᠡ ᠨᠢ | ᠪᠠᠳᠺᠠᠷ ᠰᠦᠮ᠎ᠡ ᠰᠦᠢᠶᠤᠸᠠᠨ ᠬᠤᠲᠠ ᠳᠠᠬᠢ ᠨᠥᠯᠥᠭᠡᠯᠡᠯ ᠪᠣᠯᠤᠨ ᠮᠦᠸᠧ ᠨᠠᠨ ᠺᠣᠮᠫᠠᠨᠢ ᠵᠢᠴᠢ ᠺᠥᠩ ᠭᠧᠩ | ᠠᠯᠪᠠᠨ ᠤ ᠬᠤᠳᠠᠯᠳᠤᠭᠠᠨ ᠤ ᠡᠲᠡᠭᠡᠳ ᠤᠨ ᠤᠷᠢᠶᠠᠯᠠᠬᠤ ᠬᠦᠴᠦᠨ ᠢ ᠭᠦᠢᠴᠡᠳ ᠬᠠᠷᠠᠭᠤᠯᠪᠠ᠃ | | ᠮᠦᠸᠧ ᠨᠠᠨ ᠺᠣᠮᠫᠠᠨᠢ ᠵᠢᠩᠬᠢᠨᠢ ᠪᠠᠷ ᠦᠢᠯᠡᠳᠪᠦᠷᠢᠯᠡᠭᠰᠡᠨ ᠤ ᠳᠠᠷᠠᠭ᠎ᠠ᠂ ᠪᠠᠳᠺᠠᠷ ᠰᠦᠮ᠎ᠡ ᠵᠢᠯ ᠪᠦᠷᠢ | ᠴᠦᠮ ᠶᠡᠭᠡ ᠬᠡᠮᠵᠢᠶᠡᠨ ᠤ ᠤᠷᠤᠯᠭ᠎ᠠ ᠪᠠᠶᠢᠬᠤ ᠪᠦᠭᠡᠳ ᠲᠦᠮᠡᠳ ᠵᠡᠭᠦᠨ ᠬᠤᠰᠢᠭᠤᠨ ᠤ ᠰᠢᠭᠤᠶᠢᠲᠤ ᠲᠣᠭᠤᠷᠢᠭ ᠤᠨ | ᠨᠡᠭᠦᠷᠡᠰᠦᠨ ᠤ ᠭᠠᠶᠢᠯᠢ ᠶᠢᠨ ᠳᠥᠷᠪᠡᠨ ᠤ ᠨᠢᠭᠡ ᠶᠢ ᠣᠯᠳᠠᠭ ᠪᠠᠶᠢᠪᠠ᠃ ᠣᠯᠵᠤ ᠦᠵᠡᠬᠦ ᠠᠰᠢᠭ ᠣᠯᠵᠠᠪᠤᠷᠢ ᠨᠢ | ᠪᠠᠳᠺᠠᠷ ᠰᠦᠮ᠎ᠡ ᠶᠢ ᠥᠪᠡᠰᠦᠪᠡᠨ ᠨᠡᠭᠦᠷᠡᠰᠦᠨ ᠠᠭᠤᠷᠬᠠᠢ ᠡᠷᠬᠢᠯᠡᠬᠦ ᠪᠣᠳᠣᠯᠭ᠎ᠠ ᠲᠠᠢ ᠪᠣᠯᠭᠠᠪᠠ᠃ ᠢᠩᠬᠢᠭᠡᠳ | ᠰᠦᠮ᠎ᠡ ᠶᠢᠨ ᠬᠠᠷᠢᠶ᠎ᠠ ᠭᠠᠵᠠᠷ ᠲᠤ ᠴᠤ ᠨᠡᠭᠦᠷᠡᠰᠦᠨ ᠠᠭᠤᠷᠬᠠᠢ ᠪᠠᠶᠢᠭᠤᠯᠵᠠᠢ᠃ ᠳᠤᠮᠳᠠᠳᠤ ᠢᠷᠭᠡᠨ ᠤᠯᠤᠰ ᠤᠨ | ᠰᠡᠭᠦᠯᠴᠢ ᠶᠢᠨ ᠦᠶ᠎ᠡ ᠪᠣᠯᠬᠤ ᠳᠤ ᠪᠠᠳᠺᠠᠷ ᠰᠦᠮ᠎ᠡ ᠶᠢᠨ ᠬᠠᠷᠢᠶᠠᠨ ᠳᠠᠬᠢ ᠨᠡᠭᠦᠷᠡᠰᠦᠨ ᠠᠭᠤᠷᠬᠠᠢ 16 ᠪᠣᠯᠵᠤ᠂ | 600 ᠭᠠᠷᠤᠢ ᠠᠵᠢᠯᠯᠠᠭᠰᠠᠳ ᠲᠠᠢ ᠪᠣᠯᠵᠠᠢ᠃ | ᠮᠦᠸᠧ ᠨᠠᠨ ᠺᠤᠮᠫᠠᠨᠢ ᠬᠠᠮᠤᠭ ᠠᠩᠬᠠᠨ ᠤ ᠠᠷᠪᠠᠨ ᠬᠡᠳᠦᠨ ᠵᠢᠯ ᠤᠨ ᠬᠤᠭᠤᠴᠠᠭᠠᠨ ᠳᠤ ᠦᠢᠯᠡᠳᠪᠦᠷᠢᠯᠡᠯ | ᠡᠵᠡᠩᠨᠡᠯᠳᠡ ᠨᠢ ᠰᠢᠭᠤᠳ ᠰᠢᠯᠤᠭᠤᠨ ᠥᠭᠡᠳᠡ ᠡᠰᠡᠷᠡᠭ ᠪᠠᠶᠢᠵᠦ᠂ ᠦᠪᠡᠷᠳᠡᠭᠡᠨ ᠪᠠᠶᠢᠭᠤᠯᠤᠭᠰᠠᠨ ᠨᠡᠭᠦᠷᠡᠰᠦᠨ | ᠠᠭᠤᠷᠬᠠᠢ ᠠᠴᠠ ᠭᠠᠳᠠᠨ᠎ᠠ ᠪᠠᠰᠠ ᠬᠡᠳᠦᠨ ᠵᠢᠵᠢᠭ ᠺᠤᠮᠫᠠᠨᠢ ᠶᠢ ᠬᠤᠳᠠᠯᠳᠤᠨ ᠠᠪᠴᠦ ᠨᠡᠶᠢᠯᠡᠬᠦᠯᠦᠨ᠂ ᠨᠡᠭᠦᠷᠡᠰᠦ | ᠮᠠᠯᠳᠠᠬᠤ ᠬᠡᠪᠴᠢᠶ᠎ᠡ ᠶᠢ ᠪᠠᠢ ᠬᠤ᠋ ᠭᠧᠦ ᠤᠷᠴᠢᠮ ᠬᠦᠷᠲᠡᠯ᠎ᠡ ᠦᠷᠭᠡᠳᠭᠡᠵᠦ᠂ ᠰᠢᠭᠤᠶᠢᠳᠦ ᠲᠣᠭᠤᠷᠢᠭ ᠤᠨ | ᠨᠡᠬᠦᠷᠡᠰᠦᠨ ᠤ ᠦᠢᠯᠡᠳᠪᠦᠷᠢᠯᠡᠯ ᠢ ᠦᠨᠳᠦᠰᠦᠨ ᠳᠤ ᠪᠠᠨ ᠭᠠᠭᠴᠠᠭᠠᠷ ᠡᠵᠡᠷᠬᠡᠵᠡᠢ᠃ ᠮᠦᠸᠧ ᠨᠠᠨ ᠺᠣᠮᠫᠠᠨᠢ ᠶᠢᠨ | ᠳᠣᠣᠷᠠᠬᠢ ᠨᠡᠭᠦᠷᠡᠰᠦᠨ ᠤ ᠦᠢᠯᠡᠳᠪᠦᠷᠢ ᠶᠢᠨ ᠲᠣᠪᠴᠢᠶ᠎ᠠ ᠨᠢ ᠯᠠᠮᠠ ᠶᠢᠨ ᠳᠠᠪᠠᠭ᠎ᠠ᠂ ᠠᠭᠤᠷᠬᠠᠢ ᠶᠢᠨ ᠠᠵᠢᠯᠴᠢᠨ | ᠬᠠᠷᠢᠴᠠᠩᠭᠤᠢ ᠲᠦᠪᠯᠡᠷᠡᠭᠰᠡᠨ ᠣᠳᠣ ᠶᠢᠨ ᠳ᠋ᠠ ᠹᠠ ᠬᠠᠭᠤᠴᠢᠨ ᠵᠡᠭᠡᠯᠢ ᠣᠷᠴᠢᠮ ᠲᠣᠬᠢᠷᠠᠭᠤᠯᠵᠤ ᠪᠠᠶᠢᠭᠰᠠᠨ ᠪᠥᠭᠡᠳ | ᠠᠭᠠᠵᠢᠮ ᠢᠶᠠᠷ ᠲᠥᠪᠯᠡᠷᠡᠭᠰᠡᠨ ᠣᠷᠣᠨ ᠪᠣᠯᠵᠠᠢ᠃ ᠰᠡᠭᠦᠯᠡᠷ ᠨᠢ ᠶᠠᠫᠤᠨ ᠤ ᠡᠵᠡᠷᠬᠡᠭ ᠲᠦᠷᠢᠮᠡᠭᠡᠶᠢᠳᠡᠨ ᠰᠢᠭᠤᠶᠢᠲᠤ | ᠶᠢ ᠡᠵᠡᠯᠡᠭᠰᠡᠨ ᠨᠢ ᠴᠤ ᠶᠠᠭ ᠡᠭᠦᠨ ᠢᠶᠠᠷ ᠦᠨᠳᠦᠰᠦ ᠪᠣᠯᠭᠠᠨ ᠴᠡᠷᠢᠭ ᠴᠠᠭᠳᠠᠭ᠎ᠠ ᠶᠢᠨ ᠪᠠᠶᠢᠭᠤᠯᠤᠮᠵᠢ ᠪᠠᠶᠢᠭᠤᠯᠵᠤ᠂ | ᠪᠠᠷᠢᠯᠭ᠎ᠠ ᠶᠢᠨ ᠬᠤᠸᠠᠷᠠᠨ᠂ ᠣᠷᠣᠨ ᠰᠠᠭᠤᠴᠠ᠂ ᠬᠤᠳᠠᠯᠳᠤᠭᠠᠨ ᠤ ᠬᠤᠳᠠ ᠪᠠᠶᠢᠭᠤᠯᠪᠠ᠃ | ᠨᠡᠭᠦᠷᠡᠰᠦᠨ ᠤ ᠠᠵᠤ ᠦᠢᠯᠡᠰ ᠤᠨ ᠬᠥᠭᠵᠢᠯᠲᠡ ᠶᠢ ᠳᠠᠭᠠᠯᠳᠤᠨ᠂ ᠰᠢᠭᠤᠶᠢᠲᠤ ᠲᠣᠭᠤᠷᠢᠭ ᠤᠨ ᠠᠵᠤ | ᠦᠢᠯᠡᠰ ᠤᠨ ᠠᠵᠢᠯᠴᠢᠨ ᠠᠩᠭᠢ ᠶᠢᠨ ᠡᠩᠨᠡᠭᠡ ᠲᠠᠰᠤᠷᠠᠯᠲᠠ ᠦᠭᠡᠢ ᠪᠤᠵᠠᠭᠠᠶᠢᠷᠠᠪᠠ᠂ ᠡᠨᠡ ᠨᠢ ᠡᠷᠲᠡ ᠦᠶ᠎ᠡ ᠶᠢᠨ | ᠳᠤᠮᠳᠠᠳᠤ ᠤᠯᠤᠰ ᠤᠨ ᠡᠪ ᠬᠠᠮᠲᠤ ᠨᠠᠮ ᠤᠨ ᠵᠣᠬᠢᠶᠠᠨ ᠪᠠᠶᠢᠭᠤᠯᠤᠯᠲᠠ ᠶᠢᠨ ᠪᠦᠲᠦᠭᠡᠨ ᠪᠠᠶᠢᠭᠤᠯᠤᠯᠲᠠ ᠳᠤ | ᠠᠩᠭᠢ ᠶᠢᠨ ᠰᠠᠭᠤᠷᠢ ᠶᠢ ᠬᠠᠩᠭᠠᠭᠰᠠᠨ ᠪᠠᠶᠢᠨ᠎ᠠ᠃ 1925 ᠣᠨ ᠤ 9 ᠳ᠋ᠦ᠋ᠭᠡᠷ ᠰᠠᠷ᠎ᠠ ᠳᠤ ᠳᠤᠮᠳᠠᠳᠤ ᠤᠯᠤᠰ ᠤᠨ | ᠡᠪ ᠬᠠᠮᠲᠤ ᠨᠠᠮ ᠤᠨ ᠤᠮᠠᠷᠠᠲᠤ ᠣᠷᠣᠨ ᠤ ᠬᠤᠷᠢᠶ᠎ᠠ ᠶᠢᠨ ᠪᠤᠭᠤᠲᠤ ᠶᠢᠨ ᠠᠵᠢᠯᠯᠠᠬᠤ ᠬᠤᠷᠢᠶ᠎ᠠ ᠶᠢᠨ ᠱᠦᠵᠢ ᠯᠢ | ᠢᠦᠢ ᡁᠢ ᠰᠢᠭᠤᠶᠢᠲᠤ ᠲᠣᠭᠤᠷᠢᠭ ᠲᠤ ᠠᠵᠢᠯᠴᠢᠨ ᠤ ᠬᠥᠳᠡᠯᠭᠡᠭᠡᠨ ᠥᠷᠨᠢᠭᠦᠯᠵᠦ᠂ ᠮᠢᠩᠭ᠎ᠠ ᠭᠠᠷᠤᠢ ᠬᠥᠮᠥᠨ | ᠣᠷᠣᠯᠴᠠᠭᠰᠠᠨ ᠶᠡᠭᠡ ᠠᠵᠢᠯ ᠬᠠᠶᠠᠯᠲᠠ ᠶᠢ ᠵᠣᠬᠢᠶᠠᠨ ᠪᠠᠶᠢᠭᠤᠯᠤᠨ ᠲᠠᠶᠢᠴᠢᠯᠠᠵᠠᠢ᠃ ᠠᠵᠢᠯ ᠬᠠᠶᠠᠯᠲᠠ ᠨᠢ 7 ᠡᠳᠦᠷ | ᠦᠷᠭᠦᠯᠵᠢᠯᠡᠵᠦ᠂ ᠪᠦᠷᠢᠨ ᠢᠯᠠᠯᠲᠠ ᠣᠯᠪᠠ᠃ ᠡᠨᠡ ᠪᠣᠯ ᠰᠢᠭᠤᠶᠢᠲᠤ ᠲᠣᠭᠤᠷᠢᠭ ᠤᠨ ᠲᠡᠦᠬᠡᠨ ᠳᠡᠭᠡᠷᠡᠬᠢ ᠮᠠᠨ ᠤ | ᠨᠠᠮ ᠤᠨ ᠵᠣᠬᠢᠶᠠᠨ ᠪᠠᠢᠭᠤᠯᠤᠯᠲᠠ ᠶᠢᠨ ᠠᠩᠬᠠᠳᠤᠭᠠᠷ ᠤᠳᠠᠭᠠᠨ ᠤ ᠶᠡᠭᠡ ᠬᠡᠪᠴᠢᠶᠡᠨ ᠤ ᠠᠵᠢᠯᠴᠢᠨ ᠤ ᠬᠥᠳᠡᠯᠭᠡᠭᠡᠨ | ᠪᠣᠯᠤᠨ᠎ᠠ᠂ ᠰᠢᠭᠤᠶᠢᠲᠤ ᠲᠣᠭᠤᠷᠢᠭ ᠤᠨ ᠨᠠᠮ ᠤᠨ ᠵᠣᠬᠢᠶᠠᠨ ᠪᠠᠢᠭᠤᠯᠤᠯᠲᠠ ᠳᠤ ᠨᠢᠭᠡ ᠪᠦᠯᠦᠭ ᠭᠤᠣᠯᠯᠠᠭᠴᠢ | ᠬᠦᠴᠦᠨ ᠢ ᠪᠠᠶᠢᠭᠤᠯᠵᠤ ᠥᠭᠴᠡᠢ᠃ 1929 ᠣᠨ ᠤ 6 ᠳ᠋ᠤᠭᠠᠷ ᠰᠠᠷ᠎ᠠ ᠳᠤ ᠳᠤᠮᠳᠠᠳᠤ ᠤᠯᠤᠰ ᠤᠨ ᠡᠪ ᠬᠠᠮᠲᠤ | ᠨᠠᠮ ᠤᠨ ᠪᠠᠷᠠᠭᠤᠨ ᠮᠣᠩᠭᠤᠯ ᠤᠨ ᠠᠵᠢᠯ ᠤᠨ ᠬᠤᠷᠢᠶᠠᠨ ᠤ ᠱᠦᠵᠢ ᠹᠦ᠋ ᠳ᠋ᠢᠩ ᠲᠤᠬᠠᠶ ᠶᠢᠨ ᠵᠢᠯ ᠳᠤ ᠶᠡᠭᠡ ᠠᠵᠢᠯ | ᠬᠠᠶᠠᠭᠰᠠᠨ ᠢᠳᠡᠪᠬᠢᠲᠡᠨ ᠤ ᠳᠣᠲᠣᠷ᠎ᠠ ᠠᠴᠠ 19 ᠨᠠᠮ ᠤᠨ ᠭᠡᠰᠢᠭᠦᠨ ᠬᠦᠭᠵᠢᠭᠦᠯᠵᠦ᠂ 6 ᠨᠠᠮ ᠤᠨ ᠳᠤᠭᠤᠶᠢᠯᠠᠩ | ᠪᠠᠶᠢᠭᠤᠯᠵᠤ᠂ ᠰᠢᠭᠤᠶᠢᠲᠤ ᠲᠣᠭᠤᠷᠢᠭ ᠵᠢᠩᠭᠢᠨᠢ ᠨᠠᠮ ᠤᠨ ᠵᠣᠬᠢᠶᠠᠨ ᠪᠠᠶᠢᠭᠤᠯᠤᠯᠲᠠ ᠲᠠᠢ ᠪᠣᠯᠵᠠᠶ᠃ | 1937 ᠣᠨ ᠤ 10 ᠳ᠋ᠤᠭᠠᠷ ᠰᠠᠷ᠎ᠠ ᠳᠤ ᠶᠠᠫᠣᠨ ᠤ ᠲᠦᠷᠢᠮᠡᠬᠡᠶᠢᠯᠡᠭᠴᠢ ᠴᠡᠷᠢᠭ ᠪᠤᠭᠤᠲᠤ ᠶᠢ ᠡᠵᠡᠯᠡᠵᠦ᠂ | ᠮᠦᠸᠧ ᠨᠠᠨ ᠺᠣᠮᠫᠠᠨᠢ ᠶᠢ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠪᠣᠯᠭᠠᠭᠰᠠᠨ ᠪᠣᠳᠠᠲᠤ ᠬᠡᠷᠡᠭ ᠢ ᠬᠠᠶᠢᠬᠤᠷᠤᠯ | ᠦᠭᠡᠢ 1939 ᠣᠨ ᠳᠤ ᠮᠦᠸᠧ ᠨᠠᠨ ᠺᠣᠮᠫᠠᠨᠢ ᠶᠢ ︽ᠳᠠᠶᠢᠰᠤᠨ ᠤ ᠬᠥᠷᠥᠩᠭᠡ︾ ᠭᠡᠵᠦ ᠮᠠᠭᠠᠳᠯᠠᠨ | ᠲᠣᠭᠲᠠᠭᠠᠵᠤ᠂ ᠺᠣᠮᠫᠠᠨᠢ ᠶᠢᠨ ᠡᠳ᠋ ᠬᠥᠷᠥᠩᠭᠡ ᠪᠠ ᠠᠭᠤᠷᠬᠠᠢ ᠶᠢᠨ ᠣᠷᠣᠨ ᠢ ᠬᠦᠴᠦᠷᠬᠡᠭᠯᠡᠨ ᠡᠵᠡᠯᠡᠵᠦ᠂ ︽ᠳᠠᠯᠠᠨ | ᠬᠠᠷ᠎ᠠ ᠠᠭᠤᠯᠠ ᠶᠢᠨ ᠨᠡᠭᠦᠷᠡᠰᠦᠨ ᠠᠭᠤᠷᠬᠠᠢ ᠶᠢᠨ ᠬᠤᠪᠢᠴᠠᠭᠠᠲᠤ ᠺᠣᠮᠫᠠᠨᠢ︾ ᠶᠢ ᠪᠠᠶᠢᠭᠤᠯᠪᠠ᠃ ᠶᠠᠫᠤᠨᠴᠤᠳ | ᠰᠢᠭᠤᠶᠢᠲᠤ ᠶᠢ ᠬᠦᠴᠦᠷᠬᠡᠭᠯᠡᠨ ᠡᠵᠡᠯᠡᠵᠦ ᠪᠠᠶᠢᠭᠰᠠᠨ ᠬᠤᠭᠤᠴᠠᠭᠠᠨ ᠳᠤ ᠬᠠᠷᠭᠢᠰ ᠬᠡᠷᠴᠡᠭᠡᠶ ᠠᠯᠪᠠ ᠬᠠᠭᠠᠵᠤ᠂ | ᠬᠦᠯᠦᠰᠦᠨ ᠠᠵᠢᠯᠴᠢᠨ ᠢ ᠬᠤᠣᠷᠯᠠᠨ ᠬᠦᠨᠦᠭᠡᠵᠦ᠂ ᠬᠤᠣᠷᠲᠤ ᠴᠢᠨᠠᠷᠲᠠᠢ ᠠᠭᠤᠷᠬᠠᠢ ᠶᠢᠨ ᠭᠠᠮᠰᠢᠭ ᠲᠠᠰᠤᠷᠠᠯᠲᠠ | ᠦᠭᠡᠢ ᠪᠠᠶᠢᠵᠤ᠂ ᠬᠡᠭᠦᠷ ᠪᠡᠶ᠎ᠡ ᠭᠤᠤ ᠭᠠᠩᠭ᠎ᠠ ᠳᠦᠭᠦᠷᠴᠦ ᠪᠠᠶᠢᠪᠠ᠃ 1940 ᠣᠨ ᠳᠤ ᠶᠠᠫᠣᠨ ᠬᠠᠭᠤᠷᠮᠠᠭ | ᠴᠡᠷᠢᠭ ᠬᠦᠯᠦᠰᠦᠨ ᠠᠵᠢᠯᠴᠢᠨ ᠢ ᠠᠯᠪᠠ ᠪᠠᠷ ᠪᠠᠷᠢᠵᠤ᠂ ᠪᠤᠭᠤᠲᠤ ᠠᠴᠠ ᠰᠢᠭᠤᠶᠢᠲᠤ ᠭᠠᠵᠠᠷ ᠬᠦᠷᠬᠦ ᠨᠡᠭᠦᠷᠡᠰᠦ | ᠵᠥᠭᠡᠭᠡᠪᠦᠷᠢᠯᠡᠬᠦ ᠲᠤᠰᠬᠠᠶ ᠱᠤᠭᠤᠮ ᠤᠨ ᠲᠡᠮᠦᠷ ᠵᠠᠮ ᠢ ᠪᠠᠶᠢᠭᠤᠯᠵᠤ᠂ ᠮᠠᠰᠢᠨ ᠲᠥᠬᠦᠭᠡᠷᠦᠮᠵᠢ ᠶᠢ ᠨᠡᠮᠡᠭᠳᠡᠭᠦᠯᠵᠦ᠂ | ᠰᠢᠭᠤᠶᠢᠲᠤ ᠲᠣᠭᠤᠷᠢᠭ ᠤᠨ ᠨᠡᠭᠦᠷᠡᠰᠦᠨ ᠤ ᠡᠬᠢ ᠪᠠᠶᠠᠯᠢᠭ ᠢ ᠭᠠᠯᠵᠠᠭᠤᠷᠠᠭᠰᠠᠨ ᠮᠡᠲᠦ ᠪᠤᠯᠢᠶᠠᠨ ᠳᠡᠭᠡᠷᠡᠮᠳᠡᠪᠡ᠃ | ᠪᠦᠷᠢᠨ ᠪᠤᠰᠤ ᠪᠦᠷᠢᠳᠬᠡᠯ ᠢ ᠦᠨᠳᠦᠰᠦᠯᠡᠪᠡᠯ᠂ ᠶᠠᠫᠤᠨ ᠴᠡᠷᠢᠭ ᠳᠠᠯᠠᠨ ᠬᠠᠷ᠎ᠠ ᠠᠭᠤᠯᠠ ᠶᠢᠨ ᠨᠡᠭᠦᠷᠡᠰᠦᠨ | ᠠᠭᠤᠷᠬᠠᠢ ᠶᠢ ᠡᠵᠡᠯᠡᠭᠰᠡᠨ 7 ᠵᠢᠯ ᠤᠨ ᠬᠤᠭᠤᠴᠠᠭᠠᠨ ᠳᠤ ᠵᠥᠪᠬᠡᠨ ᠶᠠᠫᠤᠨ ᠤ ᠨᠤᠲᠤᠭ ᠳᠡᠪᠢᠰᠬᠡᠷ ᠵᠦᠭ | ᠵᠦᠭᠡᠭᠡᠪᠦᠷᠢᠯᠡᠭᠰᠡᠨ ᠰᠢᠯᠢᠳᠡᠭ ᠨᠡᠭᠦᠷᠡᠰᠦ ᠳᠠᠷᠤᠢ 200 ᠭᠠᠷᠤᠢ ᠲᠦᠮᠡᠨ ᠲᠣᠨ ᠪᠠᠶᠢᠨ᠎ᠠ᠃ 1945 ᠣᠨ ᠤ 7 | ᠳ᠋ᠤᠭᠠᠷ ᠰᠠᠷ᠎ᠠ ᠳᠤ ᠶᠠᠫᠤᠨᠴᠤᠳ ᠮᠦᠬᠦᠯ ᠤᠨ ᠡᠳᠦᠷ ᠬᠦᠷᠴᠦ ᠢᠷᠡᠬᠦ ᠭᠡᠵᠦ ᠪᠠᠶᠢᠨ᠎ᠠ ᠭᠡᠳ ᠲᠡᠮᠦᠷ ᠵᠠᠮ ᠢ ᠨᠤᠷᠠᠭᠠᠵᠤ | ᠂ ᠪᠤᠢ ᠪᠦᠬᠦᠢ ᠠᠭᠤᠷᠬᠠᠢ ᠶᠢᠨ ᠠᠮᠠᠰᠠᠷ ᠢ ᠪᠢᠳᠡᠭᠦᠮᠵᠢᠯᠡᠭᠰᠡᠨ ᠪᠤᠶᠤ ᠳᠡᠯᠪᠡᠴᠢᠵᠦ᠂ ᠳᠠᠯᠠᠨ ᠬᠠᠷ᠎ᠠ ᠠᠭᠤᠯᠠ ᠶᠢᠨ | ᠨᠡᠭᠦᠷᠡᠰᠦᠨ ᠠᠭᠤᠷᠬᠠᠢ ᠶᠢᠨ ᠭᠠᠵᠠᠷ ᠰᠢᠨᠵᠢᠯᠡᠭᠡᠨ ᠤ ᠮᠠᠲ᠋ᠧᠷᠢᠶᠠᠯ ᠢ ᠶᠠᠫᠣᠨ ᠳᠤ ᠪᠠᠨ ᠠᠪᠠᠴᠢᠵᠤ᠂ ︽ᠬᠤᠷᠢᠨ | ᠵᠢᠯ ᠤᠨ ᠳᠠᠷᠠᠭ᠎ᠠ ᠳᠠᠬᠢᠨ ᠠᠭᠤᠯᠵᠠᠶ᠎ᠠ︾ ᠭᠡᠵᠦ ᠰᠤᠷᠲᠠᠯᠴᠢᠯᠠᠪᠠ᠃ | | 1945 ᠤᠨ ᠤ 8 ᠳ᠋ᠤᠭᠠᠷ ᠰᠠᠷ᠎ᠠ ᠶᠢᠨ 15 ᠤ ᠡᠲᠦᠷ ᠶᠠᠫᠤᠨ ᠤ ᠡᠵᠡᠷᠬᠡᠭ ᠲᠦᠷᠢᠮᠡᠬᠡᠶᠢᠳᠡᠨ ᠨᠥᠬᠦᠴᠡᠯ | ᠦᠭᠡᠢ ᠪᠠᠷ ᠪᠠᠭᠤᠵᠤ ᠦᠭᠬᠦ ᠪᠠᠷ ᠲᠤᠩᠬᠠᠭᠯᠠᠪᠠ᠂ ᠮᠦᠸᠧ ᠨᠠᠨ ᠺᠤᠮᠫᠠᠨᠢ ᠨᠢ ᠲᠠᠷᠣᠢ ᠰᠡᠷᠭᠦᠭᠡᠵᠦ᠂ ᠤᠳᠠᠯ ᠦᠭᠡᠢ | ᠰᠦᠢᠶᠤᠸᠠᠨ ᠮᠤᠵᠢ ᠶᠢᠨ ᠵᠠᠰᠠᠭ ᠤᠨ ᠤᠷᠳᠤᠨ ᠬᠠᠮᠢᠶᠠᠷᠪᠠ᠃ ᠡᠭᠦᠨ ᠠᠴᠠ ᠰᠡᠭᠦᠯᠡᠷ᠂ ᠮᠦᠸᠧ ᠨᠠᠨ | ᠠᠭᠤᠷᠬᠠᠢ ᠶᠢᠨ ᠦᠢᠯᠡᠰ ᠤᠨ ᠬᠢᠵᠠᠭᠠᠷᠲᠤ ᠺᠣᠮᠫᠠᠨᠢ ᠲᠡᠦᠬᠡ ᠶᠢᠨ ᠲᠠᠪᠴᠠᠩ ᠠᠴᠠ ᠤᠬᠤᠷᠢᠨ ᠭᠠᠷᠴᠠᠢ᠃ | 1913 ᠣᠨ ᠤ ᠰᠢᠭᠤᠶᠢᠲᠤ ᠶᠢ ᠡᠷᠭᠢᠨ ᠬᠠᠷᠠᠪᠠᠯ ᠦᠪᠡᠷ ᠤᠨ ᠡᠷᠬᠡ ᠦᠭᠡᠢ ᠰᠡᠳᠭᠢᠯ ᠤᠶᠠᠷᠠᠨ᠎ᠠ᠃ | ᠮᠦᠸᠧ ᠨᠠᠨ ᠠᠭᠤᠷᠬᠠᠢ ᠶᠢᠨ ᠦᠢᠯᠡᠰ ᠤᠨ ᠬᠢᠵᠠᠭᠠᠷᠲᠤ ᠺᠣᠮᠫᠠᠨᠢ ᠵᠢᠴᠢ ᠲᠡᠭᠦᠨ ᠤ ᠡᠭᠦᠳᠦᠨ ᠪᠠᠶᠢᠭᠤᠯᠤᠭᠴᠢ ᠭᠡᠷᠡᠯ | ᠰᠠᠴᠤᠷᠠᠩᠭᠤᠢ ᠲᠡᠦᠬᠡᠨ ᠪᠠᠶᠢᠷᠢ ᠰᠠᠭᠤᠷᠢ ᠣᠯᠣᠭᠰᠠᠨ ᠢᠶᠠᠷ ᠪᠠᠷᠠᠬᠤ ᠪᠠᠰᠠ ᠮᠠᠰᠢ ᠣᠯᠠᠨ ᠭᠡᠷᠡᠯ ᠴᠠᠭᠠᠷᠢᠭ ᠳᠣᠣᠷᠠᠬᠢ | ᠭᠡᠷᠡᠯ ᠭᠢᠯᠪᠠᠭ᠎ᠠ ᠦᠭᠡᠢ ᠰᠡᠭᠦᠳᠡᠷ ᠤᠳ ᠦᠯᠡᠳᠡᠭᠡᠵᠡᠢ᠃ ᠺᠦᠩ ᠭᠧᠩ ᠶᠠᠭ ᠲᠡᠭᠦᠨ ᠤ ᠣᠷᠣᠰᠢᠵᠤ ᠪᠠᠶᠢᠭᠰᠠᠨ ᠴᠠᠭ | ᠡᠷᠡᠨ ᠲᠠᠢ ᠠᠳᠠᠯᠢ ᠪᠠᠷ ᠵᠦᠷᠢᠴᠡᠯ ᠪᠠ ᠳᠡᠮᠡᠴᠡᠯ ᠢᠶᠠᠷ ᠲᠦᠭᠦᠷᠴᠦ᠂ ᠭᠠᠵᠢᠭᠤ ᠪᠤᠷᠤᠭᠤ ᠶᠢᠨ ᠦᠵᠡᠯᠴᠡᠭᠡᠨ ᠢᠶᠠᠷ | ᠳᠦᠭᠦᠷᠪᠡ᠃ ᠠᠭᠤᠷᠬᠠᠢ ᠮᠠᠯᠲᠠᠬᠤ ᠠᠵᠢᠯ ᠡᠷᠬᠢᠯᠡᠬᠦ ᠡᠷᠬᠡ ᠶᠢ ᠣᠯᠬᠤ ᠶᠢᠨ ᠲᠥᠯᠥᠭᠡ᠂ ᠬᠦᠴᠦ ᠪᠠᠷ ᠥᠳᠥᠭᠡᠨ | ᠲᠠᠲᠠᠵᠤ ᠠᠪᠬᠤ ᠠᠷᠭ᠎ᠠ ᠪᠠᠷ ᠵᠡᠪᠰᠡᠭᠲᠦ ᠬᠦᠴᠦ ᠪᠠᠷ ᠰᠦᠷᠳᠡᠭᠦᠯᠵᠦ ᠵᠣᠷᠢᠭ ᠢᠶᠠᠷ ᠵᠣᠷᠢᠯᠭ᠎ᠠ ᠳᠤ ᠪᠠᠨ ᠬᠦᠷᠦᠭᠰᠡᠨ | ᠪᠠᠶᠢᠨ᠎ᠠ᠃ ᠠᠵᠤ ᠦᠢᠯᠡᠰ ᠢᠶᠠᠷ ᠤᠯᠤᠰ ᠢᠶᠠᠨ ᠠᠪᠤᠷᠠᠬᠤ ᠤᠷᠢᠶ᠎ᠠ ᠳᠣᠣᠷ᠎ᠠ᠂ ᠠᠵᠤ ᠠᠬᠤᠶᠢᠯᠠᠯ ᠤᠨ ᠬᠦᠭᠵᠢᠯᠲᠡ | ᠲᠤᠰ ᠭᠠᠵᠠᠷ ᠣᠷᠣᠨ ᠤ ᠣᠷᠴᠢᠨ ᠦᠶ᠎ᠡ ᠶᠢᠨ ᠬᠦᠭᠵᠢᠯᠲᠡ ᠳᠤ ᠪᠤᠳᠠᠲᠤ ᠬᠤᠪᠢ ᠨᠡᠮᠡᠷᠢ ᠪᠠᠨ ᠦᠵᠡᠭᠦᠯᠦᠭᠰᠡᠨ | ᠦᠭᠡᠢ᠃ ᠮᠦᠸᠧ ᠨᠠᠨ ᠺᠣᠮᠫᠠᠨᠢ ᠪᠠᠶᠢᠭᠤᠯᠤᠭᠳᠠᠭᠰᠠᠨ ᠡᠬᠢᠨ ᠤ ᠦᠶ᠎ᠡ ᠳᠤ᠂ ᠺᠦᠩ ᠭᠧᠩ ᠦᠢᠯᠡᠳᠪᠦᠷᠢ | ᠪᠠᠶᠢᠭᠤᠯᠬᠤ᠂ ᠴᠠᠬᠢᠯᠭᠠᠨ ᠭᠠᠷᠭᠠᠬᠤ᠂ ᠮᠧᠬᠠᠨᠢᠭᠵᠢᠭᠤᠯᠬᠤ᠂ ᠲᠡᠮᠦᠷ ᠵᠠᠮ ᠵᠡᠷᠭᠡ ᠶᠢᠨ ᠪᠣᠳᠣᠯᠬᠢᠯᠠᠯ ᠢᠶᠠᠨ | ᠳᠤᠷᠠᠳᠤᠭᠰᠠᠨ ᠪᠣᠯᠪᠠᠴᠤ ᠣᠬᠤᠷ ᠬᠤᠭᠤᠴᠠᠭᠠᠨ ᠳᠤ ᠭᠠᠷ ᠰᠠᠵᠢᠯᠠᠭᠤᠷ ᠢᠶᠠᠷ ᠴᠠᠬᠢᠯᠭᠠᠨ ᠭᠠᠷᠭᠠᠬᠤ ᠮᠠᠰᠢᠨ ᠢ | ᠠᠵᠢᠯᠯᠠᠭᠤᠯᠤᠨ ᠠᠵᠢᠯᠯᠠᠭᠤᠯᠬᠤ ᠠᠴᠠ ᠭᠠᠳᠠᠨ᠎ᠠ᠂ ᠴᠠᠬᠢᠯᠭᠠᠨᠵᠢᠭᠤᠯᠬᠤ᠂ ᠮᠠᠰᠢᠨᠴᠢᠯᠠᠯᠲᠠ ᠶᠢ ᠥᠴᠦᠬᠡᠨ ᠴᠦ | ᠠᠬᠢᠭᠤᠯᠤᠭᠰᠠᠨ ᠦᠭᠡᠢ᠃ ᠺᠣᠮᠫᠠᠨᠢ ᠶᠢᠨ ᠳᠡᠭᠡᠳᠦ ᠳᠠᠪᠬᠤᠷᠭ᠎ᠠ ᠨᠢ ᠨᠡᠭᠦᠷᠡᠰᠦᠨ ᠤ ᠠᠷᠠᠯᠵᠢᠶᠠᠨ ᠳᠤ ᠲᠦᠰᠢᠭᠯᠡᠵᠦ | ᠮᠠᠰᠢ ᠣᠯᠠᠨ ᠠᠰᠢᠭ ᠣᠯᠣᠭᠰᠠᠨ ᠪᠣᠯᠪᠠᠴᠤ ᠵᠠᠰᠠᠮᠠᠯ ᠵᠠᠮ ᠢ ᠴᠤ ᠵᠠᠰᠠᠵᠤ ᠰᠡᠯᠪᠢᠭᠰᠡᠨ ᠦᠭᠡᠢ᠃ ᠮᠦᠸᠧ ᠨᠠᠨ | ᠺᠤᠮᠫᠠᠨᠢ ᠬᠡᠳᠦ᠋ᠢᠪᠡᠷ ᠤᠷᠴᠢᠨ ᠦᠶ᠎ᠡ ᠶᠢᠨ ᠬᠠᠭᠤᠷᠮᠠᠭ ᠨᠡᠷ᠎ᠠ ᠲᠠᠢ ᠪᠤᠯᠪᠠᠴᠤ ᠦᠢᠯᠡᠳᠪᠤᠷᠢᠯᠡᠯ ᠡᠵᠡᠩᠨᠡᠯᠳᠡ ᠶᠢᠨ | ᠲᠠᠯ᠎ᠠ ᠪᠠᠷ ᠮᠦᠨ ᠯᠡ ᠪᠠᠯᠠᠷ ᠡᠷᠳᠡᠨ ᠤ ᠦᠢᠯᠡᠳᠪᠤᠷᠢᠯᠡᠯ ᠤᠨ ᠠᠷᠭ᠎ᠠ ᠮᠠᠶ᠋ᠢᠭ ᠪᠠ ᠬᠤᠴᠤᠷᠤᠩᠭᠤᠢ | ᠬᠠᠮᠢᠶᠠᠷᠤᠯᠳᠠ ᠶᠢᠨ ᠲᠦᠷᠢᠮ ᠢ ᠬᠡᠷᠡᠭᠯᠡᠵᠦ ᠪᠠᠶᠢᠵᠠᠢ᠃ ᠺᠣᠮᠫᠠᠨᠢ ᠶᠢᠨ ᠬᠠᠮᠢᠶᠠᠷᠤᠯᠲᠠ ᠶᠢᠨ ᠳᠠᠪᠬᠤᠷᠭ᠎ᠠ ᠹᠧᠣᠳᠠᠯ ᠤᠨ | ᠲᠦᠷᠦᠭᠦᠦ ᠶᠢᠨ ᠠᠭᠤᠷ ᠠᠮᠢᠰᠬᠤᠯ ᠥᠳᠬᠡᠷᠡᠵᠦ᠂ ᠪᠦᠳᠦᠭᠦᠯᠢᠭ ᠢᠶᠠᠷ ᠬᠠᠮᠢᠶᠠᠷᠤᠨ᠂ ᠬᠠᠷ᠎ᠠ ᠠᠵᠢᠯᠴᠢᠨ ᠤ ᠡᠷᠬᠡ | ᠠᠰᠢᠭ ᠢ ᠦᠯᠦ ᠣᠶᠢᠰᠢᠶᠠᠵᠤ᠂ ᠠᠵᠢᠯᠴᠢᠳ ᠢ ᠳᠡᠰ ᠳᠡᠰ ᠢᠶᠠᠷ ᠮᠥᠯᠵᠢᠵᠦ ᠪᠠᠶᠢᠪᠠ᠃ ᠥᠷᠭᠡᠨ ᠣᠯᠠᠨ | ᠠᠭᠤᠷᠬᠠᠢ ᠶᠢᠨ ᠠᠵᠢᠯᠴᠢᠳ ᠡᠳᠦᠷᠵᠢᠨ ᠬᠠᠷᠠᠩᠭᠤᠢ ᠬᠤᠳᠳᠤᠭ ᠲᠤ ᠠᠵᠢᠯᠯᠠᠵᠤ᠂ ᠡᠳᠦᠷ ᠪᠦᠷᠢ 12 ᠴᠠᠭ ᠠᠴᠠ | ᠳᠡᠭᠡᠭᠰᠢ ᠠᠵᠢᠯᠯᠠᠳᠠᠭ᠃ ᠭᠡᠳᠡᠰᠦ ᠦᠯᠦᠰᠭᠦᠯᠡᠩ᠂ ᠬᠤᠪᠴᠠᠰᠤ ᠤᠷᠠᠩᠬᠠᠢ᠂ ᠨᠡᠭᠦᠷᠡᠰᠦᠨ ᠠᠭᠤᠷᠬᠠᠢ ᠶᠢᠨ | ᠠᠳᠡᠯ ᠳᠤ ᠰᠢᠷᠬᠠᠲᠤᠭᠰᠠᠨ ᠠᠴᠠ ᠪᠣᠯᠵᠤ ᠡᠪᠡᠳᠴᠢᠯᠡᠵᠦ ᠦᠬᠦᠭᠰᠡᠨ ᠶᠠᠪᠤᠳᠠᠯ ᠶᠡᠷᠦ ᠪᠤᠰᠤ ᠶᠢᠨ ᠶᠤᠮ᠂ | ᠠᠭᠤᠷᠬᠠᠢ ᠶᠢᠨ ᠠᠵᠢᠯᠴᠢᠳ ᠬᠤᠷᠣᠰᠤᠯ ᠪᠢᠯᠬᠠᠵᠤ ᠨᠡᠭᠦᠷᠡᠰᠦᠨ ᠠᠭᠤᠷᠬᠠᠢ ᠨᠦᠬᠡ ᠶᠢ ︽ᠶᠠᠨ ᠸᠠᠩ ᠠᠭᠤᠢ︾ | ᠭᠡᠳᠡᠭ᠃ ᠮᠦᠸᠧ ᠨᠠᠨ ᠺᠣᠮᠫᠠᠨᠢ ᠶᠢᠨ ᠠᠭᠤᠷᠬᠠᠢ ᠶᠢᠨ ᠣᠷᠣᠨ ᠳᠤ ᠱᠠᠯᠢᠭ ᠵᠠᠪᠬᠠᠢ ᠵᠣᠭᠤᠰ ᠮᠥᠷᠦ᠋ᠢᠴᠡᠬᠦ ᠬᠤᠣᠷ | ᠰᠠᠮᠠᠭᠤᠷᠠᠵᠤ᠂ ᠲᠠᠮᠠᠬᠢᠨ ᠫᠦᠰᠡ᠂ ᠵᠣᠭᠤᠰ ᠨᠠᠭᠠᠳᠬᠤ ᠭᠠᠵᠠᠷ᠂ ᠶᠠᠩᠬᠠᠨ ᠤ ᠭᠠᠵᠠᠷ ᠰᠦᠨᠳᠡᠷᠯᠡᠵᠦ᠂ ᠣᠯᠠᠨ | ᠲᠦᠮᠡᠨ ᠢ ᠬᠦᠨᠳᠦ ᠨᠣᠴᠢᠲᠠᠢ ᠬᠤᠣᠷᠯᠠᠵᠠᠢ᠃ ᠡᠯᠳᠡᠪ ᠵᠦᠢᠯ ᠤᠨ ᠡᠰᠡᠷᠭᠦ ᠲᠠᠯ᠎ᠠ᠂ ᠵᠢᠭᠰᠢᠭᠦᠷᠢᠲᠦ ᠦᠵᠡᠭᠳᠡᠯ ᠨᠢ | ᠬᠡᠳᠦ᠋ᠢᠪᠡᠷ ᠲᠤᠬᠠᠶ ᠶᠢᠨ ᠦᠶ᠎ᠡ ᠶᠢᠨ ᠶᠡᠭᠡ ᠲᠡᠦᠬᠡᠨ ᠠᠬᠤᠶ ᠪᠠᠶᠢᠳᠠᠯ ᠲᠠᠢ ᠪᠠᠶᠢᠭᠰᠠᠨ ᠴᠤ ᠮᠥᠨᠴᠦ ᠠᠩᠭᠢ ᠶᠢᠨ | ᠰᠢᠨᠵᠢ ᠴᠢᠨᠠᠷ ᠪᠣᠯᠤᠨ ᠲᠡᠦᠬᠡ ᠶᠢᠨ ᠬᠢᠵᠠᠭᠠᠷᠲᠤ ᠴᠢᠨᠠᠷ ᠵᠠᠶᠢᠯᠠᠰᠢ ᠦᠭᠡᠶ᠂ ᠪᠢᠳᠡ ᠢᠯᠡᠴᠢᠯᠡᠵᠦ ᠰᠢᠭᠦᠮᠵᠢᠯᠡᠬᠦ | ᠬᠡᠷᠡᠭᠲᠡᠶ᠃ | ᠬᠡᠳᠦ᠋ᠪᠡᠷ ᠡᠶᠢᠮᠦ ᠪᠣᠯᠪᠠᠴᠤ᠂ 1913 ᠮᠥᠨ ᠯᠡ ᠰᠢᠭᠤᠶᠢᠲᠤ ᠲᠣᠭᠤᠷᠢᠭ ᠤᠨ ᠲᠡᠦᠬᠡᠨ ᠳᠡᠭᠡᠷᠡᠬᠢ | ᠪᠠᠯᠠᠷᠠᠰᠢ ᠦᠭᠡᠢ ᠲᠡᠮᠳᠡᠭ ᠪᠣᠯᠣᠨ᠎ᠠ᠃ ᠳᠤᠮᠳᠠᠳᠤ ᠶᠢᠨ ᠦᠨᠳᠦᠰᠦᠲᠡᠨ ᠶᠠᠳᠠᠭᠤ ᠪᠠᠭᠤᠷᠠᠶ᠂ ᠳᠣᠲᠣᠭᠠᠳᠤ ᠶᠢᠨ | ᠰᠠᠮᠠᠭᠤᠷᠠᠯ ᠭᠠᠳᠠᠭᠠᠳᠤ ᠶᠢᠨ ᠠᠶᠤᠯ᠂ ᠳᠠᠶᠢᠨ ᠤ ᠭᠠᠯ ᠲᠠᠰᠤᠷᠠᠯᠳᠠ ᠦᠭᠡᠢ ᠪᠠᠶᠢᠭᠰᠠᠨ ᠣᠨ ᠰᠠᠷ᠎ᠠ ᠳᠤ᠂ | ᠤᠯᠤᠰ ᠢᠶᠠᠨ ᠬᠦᠴᠦᠷᠬᠡᠭᠵᠢᠭᠦᠯᠦᠨ ᠠᠷᠠᠳ ᠢ ᠪᠠᠶᠠᠵᠢᠭᠤᠯᠬᠤ ᠳᠤᠮᠳᠠᠳᠤ ᠶᠢᠨ ᠦᠨᠳᠦᠰᠦᠲᠡᠨ ᠨᠦᠭᠦᠳ ᠤᠨ | ᠬᠥᠪᠡᠭᠦᠳ ᠥᠬᠢᠳ ᠬᠦᠴᠢᠷ ᠪᠡᠷᠬᠡᠰᠢᠶᠡᠯ ᠢ ᠢᠯᠠᠨ ᠳᠠᠪᠠᠵᠤ᠂ ᠴᠤᠭ ᠵᠢᠪᠬᠤᠭ᠎ᠠ ᠪᠠᠨ ᠪᠠᠳᠠᠷᠠᠭᠤᠯᠤᠭᠰᠠᠭᠠᠷ᠃ | ᠰᠢᠨᠲᠠᠷᠠᠰᠢ ᠦᠭᠡᠢ ᠲᠡᠮᠡᠴᠡᠳᠡᠭ ᠦᠢᠯᠡᠰ ᠪᠦᠲᠦᠭᠡᠬᠦ ᠵᠣᠷᠢᠭ ᠰᠠᠨᠠᠭ᠎ᠠ ᠪᠠᠷ᠂ ᠬᠦᠴᠢᠷ ᠪᠡᠷᠬᠡᠰᠢᠶᠡᠯ ᠢ ᠢᠯᠠᠨ ᠳᠠᠪᠠᠭ᠋ᠤ᠂ | ᠵᠣᠷᠢᠭᠲᠠᠢ ᠪᠠᠷ ᠲᠦᠷᠦᠭᠦᠯᠡᠬᠦ ᠶᠡᠷᠦ ᠪᠤᠰᠤ ᠶᠢᠨ ᠰᠥᠰᠥ ᠵᠣᠷᠢᠭ ᠢᠶᠠᠷ ᠨᠤᠭᠤᠷᠠᠰᠢ ᠦᠭᠡᠢ ᠲᠡᠮᠡᠴᠡᠵᠦ᠂ ᠦᠷᠡᠭᠳᠡᠯ | ᠰᠦᠢᠳᠦᠯ ᠠᠴᠠ ᠠᠶᠤᠬᠤ ᠦᠭᠡᠢ ᠬᠦᠴᠦᠷᠬᠡᠭ ᠶᠡᠭᠡ ᠲᠡᠮᠡᠴᠡᠯ ᠤᠨ ᠵᠣᠷᠢᠭ ᠢᠶᠠᠷ ᠴᠠᠭ ᠦᠶ᠎ᠡ ᠳᠤ ᠣᠰᠣᠯᠳᠠᠬᠤ | ᠦᠭᠡᠢ ᠢᠷᠠᠭᠤ ᠬᠠᠭᠤᠳᠠᠰᠤ ᠶᠢ ᠪᠢᠴᠢᠭᠯᠡᠪᠡ᠃ | ᠥᠨᠥᠳᠥᠷ ᠰᠢᠭᠤᠶᠢᠲᠤ ᠲᠣᠭᠤᠷᠢᠭ ᠲᠤ ᠬᠦᠷᠴᠦ᠂ 1913 ᠣᠨ ᠤ ᠤᠯᠠ ᠮᠥᠷ ᠢ ᠡᠷᠢᠯᠬᠢᠯᠡᠪᠡ᠃ | ᠮᠤᠷᠤᠢ ᠰᠠᠷᠤᠢ ᠠᠭᠤᠯᠠᠨ ᠳᠤᠮᠳᠠᠬᠢ ᠵᠥᠷᠢᠭ ᠵᠠᠮ ᠳᠤ᠂ ᠪᠢᠳᠡ ᠲᠤᠬᠠᠢ ᠶᠢᠨ ᠵᠢᠯ ᠤᠨ ᠰᠢᠨᠲᠠᠷᠠᠰᠢ ᠦᠭᠡᠢ | ᠤᠷᠤᠭᠰᠢᠯᠠᠭᠰᠠᠨ᠂ ᠠᠭᠤᠯᠠ ᠠᠪᠠᠷᠢᠵᠤ ᠠᠭᠤᠷᠬᠠᠢ ᠮᠠᠯᠲᠠᠭᠰᠠᠨ ᠤᠯᠠ ᠮᠥᠷ ᠢ ᠢᠯᠭᠠᠨ ᠲᠠᠨᠢᠵᠤ ᠳᠡᠶᠢᠯᠦᠨ᠎ᠡ︔ | ᠡᠵᠡᠭᠦᠢ ᠡᠪᠡᠰᠦᠲᠦ ᠲᠠᠯ᠎ᠠ ᠨᠡᠯᠦ᠋ᠢᠭᠰᠡᠨ ᠠᠭᠤᠷᠬᠠᠢ ᠶᠢᠨ ᠬᠤᠳᠳᠤᠭ ᠤᠨ ᠪᠠᠭᠤᠷᠢ ᠳᠤ᠂ ᠪᠢᠳᠡ ᠪᠠᠰᠠ ᠲᠡᠳᠡᠭᠡᠷ | ᠰᠠᠭᠰᠤ ᠳᠦᠭᠦᠷᠡᠩ ᠴᠢᠰᠤ ᠲᠠᠢ ᠨᠡᠭᠦᠷᠡᠰᠦ ᠶᠢ ᠡᠭᠦᠷᠦᠨ ᠭᠠᠷᠴᠤ ᠢᠷᠡᠬᠦ ᠪᠡᠶ᠎ᠡ ᠶᠢᠨ ᠪᠠᠷᠠᠭ᠎ᠠ ᠶᠢ ᠣᠯᠵᠤ ᠬᠠᠷᠠᠬᠤ | ᠮᠡᠲᠦ᠃ ᠬᠥᠭᠵᠢᠶᠡᠨ ᠨᠠᠷᠭᠢᠶᠠᠨ ᠪᠠ ᠤᠶᠢᠳᠬᠠᠷᠯᠠᠯ᠂ ᠱᠤᠤᠭᠢᠶᠠᠨ ᠪᠠ ᠨᠠᠮ ᠵᠢᠮ᠃ ᠬᠡᠳᠦ᠋ᠢᠪᠡᠷ ᠲᠡᠷᠡ ᠣᠯᠠᠨ ᠨᠡᠷ᠎ᠡ | ᠴᠣᠣᠲᠣ ᠬᠦᠮᠦᠰ ᠨᠢᠭᠡᠨᠲᠡ ᠲᠡᠦᠬᠡ ᠶᠢᠨ ᠲᠤᠭᠤᠰᠤ ᠪᠤᠯᠵᠤ ᠬᠤᠪᠢᠷᠠᠭᠰᠠᠨ ᠴᠤ᠂ ᠭᠡᠲᠡᠯ᠎ᠡ ᠥᠩᠭᠡᠷᠡᠭᠰᠡᠨ ᠤ | ᠤᠴᠢᠷ ᠬᠠᠷᠢᠨ ᠶᠡᠷᠦ ᠪᠠᠯᠠᠷᠠᠰᠢ ᠦᠭᠡᠢ᠃ ᠰᠢᠭᠤᠶᠢᠲᠤ 1913᠂ ᠠᠭᠤᠯᠠᠨ ᠤ ᠣᠷᠤᠢ ᠳᠤ ᠰᠡᠬᠦᠶᠢᠨ ᠰᠦᠨᠳᠡᠷᠯᠡᠬᠦ | ᠬᠦᠰᠢᠶ᠎ᠡ ᠪᠣᠯᠬᠤ ᠶᠢ ᠳᠠᠯᠠᠨ ᠬᠠᠷ᠎ᠠ ᠠᠭᠤᠯᠠ ᠭᠡᠷᠡᠴᠢᠯᠡᠨ᠎ᠡ︕ | | |