ᠪᠠᠳᠣᠬᠠᠭᠠᠯᠭ᠎ᠠ ᠰᠦᠮ᠎ᠡ ᠶᠢ ᠡᠩᠬᠡ ᠠᠮᠣᠭᠤᠯᠠᠩ ᠬᠠᠭᠠᠨ ᠤ ᠳᠥᠴᠢᠨ ᠨᠢᠭᠡᠳᠦᠭᠡᠷ ᠤᠨ ︵1702 ᠣᠨ﹀ | ᠠᠴᠠ ᠡᠬᠢᠯᠡᠵᠤ ᠪᠠᠶᠢᠭᠤᠯᠣᠭᠰᠠᠨ ᠶᠣᠮ᠃ ᠰᠦᠮ᠎ᠡ ᠶᠢᠨ ᠭᠠᠵᠠᠷ ᠢ ᠠᠭᠤᠯᠠ ᠬᠠᠶᠢᠷᠬᠠᠨ ᠵᠠᠯᠭᠠᠯᠳᠣᠭᠰᠠᠨ ᠪᠠᠷᠲᠠᠭᠠᠲᠣ | ᠰᠦᠷᠯᠢᠭ ᠪᠠᠳᠣᠬᠠᠭᠯᠭᠠ ᠶᠢᠨ ᠦᠯᠵᠡᠢ ᠲᠣᠬᠤᠢ ᠳᠤ ᠰᠣᠩᠭᠤᠵᠣ᠂ ᠰᠢᠷᠡᠭᠡᠲᠦ ᠵᠣᠣ ᠶᠢᠨ ᠲᠥᠷᠪᠡᠳᠦᠭᠡᠷ ᠲᠦᠷᠢ | ᠶᠢᠨ ᠭᠡᠭᠡᠨ ᠠᠭᠸᠠᠩᠷᠠᠪᠳᠠᠨ ᠢ ᠵᠠᠯᠠᠵᠤ ᠰᠦᠮ᠎ᠡ ᠶᠢᠨ ᠬᠡᠯᠪᠡᠷᠢ ᠮᠠᠶ᠋ᠢᠭ᠂ ᠬᠦᠷᠢᠶ᠎ᠡ ᠬᠡᠪᠴᠢᠶ᠎ᠡ ᠶᠢ ᠲᠤᠭᠳᠠᠭᠠᠭᠰᠠᠨ | ᠠᠵᠢ᠃ ᠡᠩᠬᠡ ᠠᠮᠣᠭᠤᠯᠠᠩ ᠬᠠᠭᠠᠨ ᠤ ᠳᠦᠴᠢᠳᠦᠭᠡᠷ ᠣᠨ ︿1701 ᠣᠨ﹀ ᠠᠴᠠ ᠡᠬᠢᠯᠡᠨ ᠨᠢᠩ ᠦ᠂ ᠮᠣᠨᠠ | ᠠᠭᠤᠯᠠ᠂ ᠪᠡᠳᠭᠡᠷ᠂ ᠠᠷᠣ ᠬᠦᠷᠢᠶ᠎ᠡ ᠵᠡᠷᠭᠡ ᠭᠠᠵᠠᠷ ᠠᠴᠠ ᠬᠠᠰᠠᠭ ᠲᠡᠷᠭᠡ᠂ ᠲᠡᠮᠡᠭᠡᠨ ᠲᠡᠭᠡᠭᠡᠪᠦᠷᠢ ᠪᠠᠷ ᠮᠣᠳᠣ | ᠵᠦᠭᠡᠭᠡᠪᠦᠷᠢᠯᠡᠵᠤ᠂ ᠱᠠᠨ ᠰᠢ᠂ ᠬᠦᠢ ᠬᠤᠸᠠ ᠴᠧᠩ ᠵᠡᠷᠭᠡ ᠭᠠᠵᠠᠷ ᠠᠴᠠ ᠮᠣᠳᠣ᠂ ᠰᠢᠪᠠᠷ᠂ ᠴᠢᠯᠠᠭᠤ᠂ | ᠲᠣᠭᠤᠰᠬᠠᠨ ᠤ ᠣᠷᠠᠨ ᠲᠠᠷᠬᠠᠨ ᠢ ᠵᠠᠯᠠᠵᠤ ᠠᠪᠴᠢᠷᠠᠭᠠᠳ᠂ ᠡᠩᠬᠡ ᠠᠮᠣᠭᠤᠯᠠᠩ ᠬᠠᠭᠠᠨ ᠤ ᠳᠦᠴᠢᠨ ᠬᠤᠶᠠᠳᠣᠭᠠᠷ | ᠣᠨ ︿1703 ᠣᠨ﹀ ᠠᠴᠠ ᠪᠠᠷᠢᠯᠭ᠎ᠠ ᠶᠢᠨ ᠠᠵᠢᠯ ᠢᠶᠠᠨ ᠵᠢᠩᠬᠢᠨᠢ ᠪᠠᠷ ᠡᠬᠢᠯᠡᠭᠦᠯᠪᠡ᠃ | ᠡᠩᠬᠡ ᠠᠮᠣᠭᠤᠯᠠᠩ ᠬᠠᠭᠠᠨ ᠤ ᠳᠦᠴᠢᠨ ᠲᠦᠷᠪᠡᠳᠦᠬᠡᠷ ᠣᠨ ︵1705 ᠣᠨ﹀ ᠪᠣᠯᠲᠠᠯᠠᠬᠢ ᠭᠤᠷᠪᠠᠨ | ᠵᠢᠯ ᠤᠨ ᠴᠠᠭ ᠵᠠᠷᠤᠴᠠᠭᠤᠯᠵᠤ᠂ ᠦᠪᠡᠷ ᠤᠨ ᠰᠢᠳᠦᠭᠡᠨ ︵ᠤᠳᠤ ᠶᠢᠨ ᠴᠣᠭᠴᠢᠨ ᠲᠤᠭᠠᠩ﹀ ᠰᠦᠮ᠎ᠡ ᠶᠢ | ᠪᠦᠲᠦᠭᠡᠵᠦ ᠳᠠᠭᠤᠰᠴᠠᠢ᠃ ᠨᠤᠨᠤᠢ ᠴᠢᠨ ᠸᠠᠩ ᠪᠣᠷᠬᠠᠨ ᠰᠢᠳᠦᠭᠡᠨ ᠤ ᠰᠦᠮ᠎ᠡ ᠪᠠᠶᠢᠭᠤᠯᠵᠤ ᠲᠡᠭᠦᠰᠦᠭᠰᠡᠨ | ᠮᠡᠳᠡᠭᠡ ᠪᠠᠨ ᠡᠵᠡᠨ ᠬᠠᠭᠠᠨ ᠳᠤ ᠠᠶᠢᠯᠠᠳᠬᠠᠭᠰᠠᠨ ᠳᠤ ᠡᠩᠬᠡ ᠠᠮᠣᠭᠤᠯᠠᠩ ᠬᠠᠭᠠᠨ ᠠᠴᠠ ᠨᠤᠨᠤᠢ ᠴᠢᠨ ᠸᠠᠩ ᠤᠨ | ᠰᠦᠮ᠎ᠡ ᠪᠠᠶᠢᠭᠤᠯᠣᠭᠰᠠᠨ ᠭᠠᠪᠢᠶ᠎ᠠ ᠳᠤ ᠰᠢᠩᠬᠤᠨ ᠭᠠᠨᠵᠤᠤᠷ ᠨᠣᠮ ᠱᠠᠩᠨᠠᠬᠤ ᠶᠢᠨ ᠬᠠᠮᠲᠤ ᠵᠠᠷᠯᠢᠭ ᠰᠠᠶᠢᠰᠢᠶᠠᠯ ᠢ | ᠶᠡᠭᠡ ᠪᠠᠷ ᠬᠦᠷᠲᠡᠭᠡᠵᠤ᠂ ᠰᠦᠮ᠎ᠡ ᠶᠢ ︽ᠪᠣᠶᠠᠨ ᠢ ᠪᠠᠳᠠᠷᠠᠭᠤᠯᠣᠭᠴᠢ ᠰᠦᠮ᠎ᠡ︾ ᠭᠡᠵᠤ ᠰᠤᠶᠤᠷᠬᠠᠨ ᠨᠡᠷᠡᠶᠢᠳᠦᠭᠡᠳ | ᠮᠣᠩᠭᠤᠯ᠂ ᠮᠠᠨᠵᠤ᠂ ᠲᠦᠪᠡᠳ᠂ ᠬᠢᠲᠡᠳ ᠦᠰᠦᠭ ᠲᠠᠢ ᠬᠠᠭᠠᠨ ᠤ ᠲᠠᠮᠠᠭ᠎ᠠ ᠲᠠᠢ ᠢᠯᠡᠷᠭᠡᠶᠢᠯᠡᠯ ᠪᠢᠴᠢᠭ ᠢ | ᠭᠠᠷᠳᠠᠭᠤᠯᠵᠠᠢ᠃ ᠡᠭᠦᠨ ᠤ ᠳᠠᠷᠠᠭ᠎ᠠ ᠪᠠᠷ ᠰᠢᠷ᠎ᠠ ᠶᠢᠨ ᠱᠠᠰᠢᠨ ᠤ ᠳᠦᠷᠢᠮ ᠭᠤᠷᠢᠮ ᠢᠶᠠᠷ ᠶᠡᠭᠡ ᠪᠠᠷ ᠱᠠᠪᠢ ᠡᠯᠰᠡᠬᠦ | ᠠᠵᠢᠯᠯᠠᠭ᠎ᠠ ᠥᠷᠨᠢᠭᠦᠯᠦᠭᠰᠡᠨ ᠠᠴᠠ ᠲᠠᠮᠠᠢ ᠣᠳᠠᠯ ᠦᠭᠡᠢ ᠯᠡᠮᠡ ᠬᠤᠸᠠᠷᠠᠭ ᠣᠯᠠᠰᠢᠷᠠᠵᠣ᠂ ᠭᠠᠯᠪᠠ ᠶᠢᠨ ᠭᠤᠪᠢ | ᠶᠢᠨ ᠡᠮᠦᠨ᠎ᠡ ᠣᠷᠣᠨ ᠤ ᠯᠠᠮᠠ ᠶᠢᠨ ᠱᠠᠰᠢᠨ ᠤ ᠭᠤᠯᠣᠮᠲᠠ ᠶᠢᠨ ᠨᠢᠭᠡ ᠨᠢ ᠪᠣᠯᠣᠭᠰᠠᠨ ᠪᠢᠯᠡ᠃ ︽ᠪᠣᠶᠠᠨ ᠢ | ᠪᠠᠳᠠᠷᠠᠭᠤᠯᠣᠭᠴᠢ ᠰᠦᠮ᠎ᠡ︾ ᠳᠤ ᠣᠷᠢᠳ ᠬᠤᠵᠢᠳ ᠣᠷᠲᠤ ᠬᠠᠷᠰᠢ ᠨᠡᠮᠡᠵᠦ ᠪᠠᠶᠢᠭᠤᠯᠤᠭᠰᠠᠨ ᠠᠴᠠ ᠴᠤᠭᠴᠢᠨ | ᠷᠠᠰᠠᠩ᠂ ᠴᠦᠢᠷᠸᠠ ᠷᠠᠰᠠᠩ᠂ ᠵᠦᠳᠪᠡ ᠷᠠᠰᠠᠩ᠂ ᠮᠠᠮᠪᠠ ᠷᠠᠰᠠᠩ᠂ ᠳ᠋ᠦᠩᠬᠦᠷ ᠷᠠᠰᠠᠩ ᠭᠡᠬᠦ ᠲᠠᠪᠣᠨ ᠷᠠᠰᠠᠩ ᠲᠠᠢ | ᠪᠣᠯᠵᠠᠢ᠃ ᠲᠠᠪᠣᠨ ᠷᠠᠰᠠᠩ ᠨᠢ ᠠᠰ ᠠᠰ ᠲᠠᠭᠠᠨ ᠲᠤᠭᠠᠩ ᠲᠠᠢ᠂ ᠰᠠᠬᠢᠭᠤᠯᠰᠣᠨ ᠤ ᠷᠠᠰᠠᠩ ᠲᠠᠢ᠂ ᠰᠠᠩ | ᠵᠢᠰᠠ ᠲᠠᠢ᠂ ᠲᠡᠳᠡᠭᠡᠷ ᠶᠢᠨ ᠭᠤᠣᠯ ᠰᠢᠳᠦᠭᠡᠨ ᠢ ᠲᠣᠷᠠᠳᠪᠠᠯ᠄ ᠴᠤᠭᠴᠢᠨ ᠷᠠᠰᠠᠩ ᠳᠤ ᠶᠠᠮᠠᠨᠳᠠᠺᠠ᠂ ᠭᠤᠮᠪᠤ᠂ | ᠭᠤᠩᠭᠦᠷ᠂ ᠵᠠᠮᠰᠠᠷᠠᠩ᠂ ᠴᠦᠢᠵᠢᠯ᠂ ᠯᠾᠠᠮᠦ᠂ ᠨᠠᠮᠰᠠᠷᠠᠢ ᠭᠡᠬᠦ ᠳᠣᠯᠣᠭᠠᠨ ᠲᠣᠭᠰᠢᠳ ᠢ ᠳᠠᠬᠢᠳᠠᠭ᠃ ᠴᠦᠢᠷᠸᠠ | ᠷᠠᠰᠠᠩ ᠳᠤ ᠮᠠᠶᠢᠳᠠᠷᠢ᠂ ᠪᠣᠭᠳᠠ ᠯᠠᠮᠠ᠂ ᠵᠠᠯᠴᠠᠪ᠂ ᠬᠠᠶᠢᠷᠠᠪ᠂ ᠨᠤᠭᠤᠭᠠᠨ ᠳ᠋ᠠᠷ᠎ᠠ ᠡᠬᠡ ᠪᠣᠷᠬᠠᠨ ᠢ ᠳᠠᠬᠢᠳᠠᠭ᠃ | ᠮᠥᠨ ᠭᠤᠩᠭᠢᠨ ᠳᠤ ᠫᠧᠷᠠᠩᠯᠠᠢ ᠵᠠᠯᠪᠠ ᠰᠠᠬᠢᠭᠤᠯᠰᠣᠨ ᠢ ᠳᠠᠬᠢᠳᠠᠭ᠃ ᠵᠦᠳᠪᠡ ᠷᠠᠰᠠᠩ ᠤᠨ ᠵᠧ ᠶᠠᠪᠰᠠᠷᠢ | ᠰᠦᠮ᠎ᠡ ᠳᠤ ᠰᠠᠩᠳᠠᠢ᠂ ᠳᠠᠮᠴᠤᠭ᠂ ᠵᠢᠭᠵᠢᠳ ᠡᠨᠡ ᠭᠤᠷᠪᠠᠨ ᠢᠳᠠᠮ ᠢ ᠭᠤᠣᠯ ᠰᠢᠳᠦᠭᠡᠨ ᠪᠣᠯᠭᠠᠳᠠᠭ ᠠᠵᠢ᠃ | ᠮᠦᠨ ᠷᠠᠰᠠᠩ ᠤᠨ ᠰᠠᠬᠢᠭᠤᠯᠰᠣᠨ ᠲᠠᠢ ᠪᠦᠯᠦᠭᠡ᠃ ᠮᠠᠮᠪᠠ ᠷᠠᠰᠠᠩ ᠳᠤ ᠨᠠᠢᠮᠠᠨ ᠣᠲᠠᠴᠢ ᠶᠢᠨ ᠰᠢᠳᠦᠭᠡᠨ ᠲᠠᠢ᠂ | ᠮᠥᠨ ᠷᠠᠰᠠᠩ ᠳᠤ ᠱᠠᠩᠯᠠᠨ ᠰᠠᠬᠢᠭᠤᠯᠰᠣᠨ ᠲᠠᠢ᠃ ᠳ᠋ᠦᠩᠬᠦᠷ ᠷᠠᠰᠠᠩ ᠳᠤ ᠳ᠋ᠦᠩᠬᠦᠷ ᠢᠳᠠᠮ ᠭᠤᠣᠯ | ᠰᠢᠲᠦᠭᠡᠨ ᠲᠠᠢ᠂ ᠮᠦᠨ ᠷᠠᠰᠠᠩ ᠳᠤ ᠰᠦᠩᠬᠢ ᠵᠠᠯᠪᠠ ᠰᠠᠬᠢᠭᠤᠯᠰᠣᠨ ᠲᠠᠢ᠃ ᠰᠦᠮ᠎ᠡ ᠶᠢᠨ ᠲᠦᠪ ᠲᠣᠮᠳᠠ ᠨᠢ ︽ | ᠴᠠᠭᠠᠨ ᠬᠦᠷᠢᠶ᠎ᠡ︾ ᠭᠡᠵᠤ ᠪᠣᠢ᠃ ᠡᠨᠡ ᠬᠦᠷᠢᠶᠡᠨ ᠳᠤ ᠴᠠᠮ ᠬᠠᠷᠠᠶᠢᠬᠤ᠂ ᠴᠦᠢᠷᠸᠠ ᠪᠣᠯᠢᠶᠠᠯᠳᠣᠬᠤ ᠵᠡᠷᠭᠡ | ᠠᠵᠢᠯᠯᠠᠭ᠎ᠠ ᠶᠢ ᠬᠢᠳᠡᠭ᠃ | ᠡᠭᠦᠨ ᠤ ᠵᠡᠭᠦᠨ ᠬᠡᠷᠡᠮ ᠤᠨ ᠳᠣᠮᠳᠠ ᠬᠡᠰᠡᠭ ᠲᠤ ᠬᠤᠶᠠᠷ ᠪᠠᠭ᠎ᠠ ᠡᠬᠦᠳᠡ ᠲᠠᠢ᠂ ᠨᠢᠭᠡ ᠡᠭᠦᠳᠡ ᠶᠢ ᠨᠢ | ᠦᠷᠭᠦᠯᠵᠢ ᠨᠡᠭᠡᠭᠡᠵᠤ ᠬᠦᠮᠦᠨ ᠣᠷᠣᠵᠣ ᠭᠠᠷᠣᠨ᠎ᠠ᠃ ᠨᠥᠭᠦᠭᠡ ᠡᠭᠦᠳᠡ ᠶᠢ ᠴᠠᠭ ᠤᠨ ᠯᠤᠩᠯᠤᠮ ᠪᠠ ᠮᠧᠭᠽᠢᠮ | ᠬᠤᠷᠠᠬᠤ ᠳᠤ ᠱᠠᠪᠢ ᠨᠠᠷ ᠤᠨ ᠴᠠᠪ ᠮᠠᠩᠵᠠᠨ ᠢ ᠴᠣᠭᠴᠢᠨ ᠤ ᠷᠦᠩᠭᠡᠨ ᠠᠴᠠ ᠬᠦᠷᠭᠡᠵᠤ ᠪᠠᠷᠢᠬᠤ ᠳᠤ ᠪᠡᠯᠡᠳᠬᠡᠭᠰᠡᠨ | ᠪᠠᠶᠢᠭ᠎ᠠ ᠶᠤᠮ᠃ ᠡᠮᠦᠨ᠎ᠡ ᠬᠡᠷᠡᠮ ᠤᠨ ᠳᠣᠮᠳᠠ ᠬᠡᠰᠡᠭ ᠤᠨ ᠶᠡᠭᠡ ᠡᠬᠦᠳᠡ ᠶᠢ ᠮᠠᠬᠠᠷᠠᠨᠽᠠ ᠶᠢᠨ ᠡᠭᠦᠳᠡ ᠭᠡᠳᠡᠭ᠃ | ᠡᠭᠦᠨ ᠢ ᠮᠥᠨ ᠭᠤᠷᠪᠠᠨ ᠣᠳᠠᠭᠠᠨ ᠤ ᠬᠤᠷᠠᠯ ᠤᠨ ᠦᠶᠡᠰ ᠲᠤ ᠮᠠᠶᠢᠳᠠᠷᠢ ᠪᠣᠷᠬᠠᠨ ᠢ ᠵᠠᠯᠠᠬᠤ᠂ ᠪᠠᠯᠢᠩ | ᠵᠠᠯᠠᠬᠤ ᠳᠤ ᠬᠤᠭᠤᠴᠠᠭ᠎ᠠ ᠲᠠᠢ ᠨᠡᠭᠡᠭᠡᠨ᠎ᠡ᠃ ᠪᠠᠰᠠ ᠮᠠᠬᠠᠷᠠᠨᠽᠠ ᠶᠢᠨ ᠬᠤᠶᠠᠷ ᠲᠠᠯ᠎ᠠ ᠳᠤ ᠲᠤᠰᠪᠦᠷᠢ ᠨᠢᠭᠡ ᠪᠠᠭ᠎ᠠ | ᠡᠭᠦᠳᠡ ᠲᠠᠢ᠃ ᠰᠥᠮ᠎ᠡ ᠶᠢᠨ ᠠᠷᠣ ᠬᠦᠷᠢᠶᠡᠨ ᠳᠤ ᠨᠠᠢᠮᠠ ᠨᠠᠢᠮᠠ ᠶᠢᠨ ᠠᠷᠪᠠᠨ ᠵᠢᠷᠭᠤᠭᠠᠨ ᠬᠤᠷᠯᠤ ᠰᠠᠭᠤᠯᠭᠠᠭᠰᠠᠨ | ᠪᠠᠶᠢᠳᠠᠭ᠃ ᠪᠠᠷᠠᠭᠤᠨ ᠬᠡᠷᠡᠮ ᠤᠨ ᠬᠡᠰᠡᠭ ᠲᠤ ᠪᠠᠭ᠎ᠠ ᠡᠭᠦᠳᠡ ᠲᠠᠢ᠂ ᠡᠨᠡ ᠨᠢ ᠭᠤᠷᠢᠶ᠎ᠠ ᠲᠠᠢ ᠪᠠᠶᠢᠵᠤ᠂ ᠬᠦᠮᠦᠨ | ᠣᠷᠤᠵᠤ ᠭᠠᠷᠤᠨ᠎ᠠ᠃ | ᠡᠨᠡ ᠬᠦᠷᠢᠶᠡᠨ ᠤ ᠭᠠᠳᠠᠭᠤᠷ ᠬᠦᠷᠢᠶ᠎ᠡ ᠶᠢ ᠲᠣᠮᠳᠠ ᠭᠤᠷᠢᠶ᠎ᠠ ᠭᠡᠳᠡᠭ᠃ ᠲᠤᠰ ᠭᠤᠷᠪᠠᠨ ᠬᠦᠷᠢᠶ᠎ᠡ ᠶᠢ | ᠰᠦᠮ᠎ᠡ ᠶᠢᠨ ᠭᠤᠷᠪᠠᠨ ᠭᠤᠷᠢᠶ᠎ᠠ ᠭᠡᠵᠣ ᠨᠡᠷᠡᠶᠢᠳᠳᠡᠭ᠃ ︽ᠴᠠᠭᠠᠨ ᠬᠦᠷᠢᠶᠡᠨ︾ ᠤ ᠲᠤᠳᠣᠷ᠎ᠠ ᠴᠣᠭᠴᠢᠨ ᠲᠣᠭᠠᠩ | ᠂ ᠴᠦᠢᠷᠸᠠ ᠰᠦᠮ᠎ᠡ᠂ ᠴᠣᠭᠴᠢᠨ ᠭᠤᠩᠬᠢᠨ᠂ ᠨᠠᠪᠴᠢ᠂ ᠯᠠᠩᠾᠯᠠ᠂ ᠭᠠᠨᠵᠣᠣᠷ᠂ ᠳ᠋ᠠᠨᠵᠤᠤᠷ᠂ ᠮᠠᠬᠠᠷᠠᠨᠽᠠ ᠵᠡᠷᠭᠡ | ᠶᠢᠰᠦᠨ ᠰᠦᠮ᠎ᠡ᠂ ᠬᠤᠶᠠᠷ ᠰᠣᠪᠣᠷᠭ᠎ᠠ ᠪᠠᠶᠢᠳᠠᠭ᠃ ᠡᠳᠡᠭᠡᠷ ᠰᠦᠮ᠎ᠡ ᠳᠤ ᠪᠣᠷᠬᠠᠨ ᠰᠢᠳᠦᠭᠡᠨ ᠠᠷᠪᠢᠨ | ᠪᠠᠶᠢᠭᠰᠠᠨ ᠢᠶᠠᠷ ᠪᠠᠷᠠᠬᠤ ᠦᠭᠡᠢ ᠭᠠᠨᠵᠣᠣᠷ ᠳ᠋ᠠᠨᠵᠤᠤᠷ ᠤᠨ ᠰᠣᠳᠣᠷ ᠠᠴᠠ ᠡᠬᠢᠯᠡᠨ ᠦᠨ᠎ᠡ ᠴᠠᠨ᠎ᠠ ᠲᠠᠢ ᠬᠤᠪᠤᠷ | ᠨᠠᠨᠳᠢᠨ ᠲᠡᠦᠬᠡ ᠶᠢᠨ ᠨᠣᠮ ᠰᠣᠳᠣᠷ ᠢ ᠲᠣᠩ ᠠᠷᠪᠢᠨ ᠬᠠᠳᠠᠭᠠᠯᠠᠵᠤ ᠲᠠᠯᠪᠢᠭᠰᠠᠨ ᠪᠠᠶᠢᠳᠠᠭ ᠶᠣᠮ᠃ ᠴᠤᠭᠴᠢᠨ | ᠲᠣᠭᠠᠩ ᠪᠣᠯ ᠰᠥᠮ᠎ᠡ ᠶᠢᠨ ᠲᠥᠪ ᠲᠤᠮᠳᠠ ᠰᠦᠨᠳᠡᠷᠯᠡᠨ ᠪᠦᠭᠦᠢ ᠠᠩᠬᠠᠳᠠᠭᠴᠢ ᠪᠠᠷᠢᠯᠭ᠎ᠠ ᠪᠦᠭᠡᠳ ᠡᠪᠦᠭᠡ | ᠳᠡᠭᠡᠳᠦᠰ ᠤᠨ ᠰᠢᠳᠦᠭᠡᠨ ᠪᠢᠯᠡ︔ ᠡᠨᠡ ᠲᠣᠭᠠᠩ ᠶᠢᠨ ᠠᠰ ᠡᠮᠦᠨ᠎ᠡ ᠨᠢ ᠮᠠᠬᠠᠷᠠᠨᠽᠠ ᠭᠡᠬᠦ ᠶᠡᠭᠡ ᠡᠬᠦᠳᠡ ᠲᠠᠢ | ᠰᠦᠮ᠎ᠡ ᠪᠤᠢ᠃ ᠡᠭᠦᠳᠡᠨ ᠤ ᠪᠠᠷᠠᠭᠤᠨ ᠲᠠᠯ᠎ᠠ ᠶᠢᠨ ᠲᠠᠰᠣᠯᠭᠠᠨ ᠳᠤ ᠶᠣᠯᠬᠤᠷᠰᠦ᠋ᠷᠦᠩ᠂ ᠲᠠᠭᠵᠢᠪᠣᠣ᠂ ᠵᠡᠭᠦᠨ | ᠲᠠᠯ᠎ᠠ ᠶᠢᠨ ᠲᠠᠰᠣᠯᠭᠠᠨ ᠳᠤ ᠵᠠᠮᠢᠰᠠᠩ᠂ ᠪᠢᠰᠢᠷᠠᠸᠠᠨᠢ ᠭᠡᠬᠦ ᠳᠦᠷᠪᠡᠨ ᠮᠠᠬᠠᠷᠠᠨᠽᠠ ᠶᠢᠨ ᠲᠦᠷᠢ ᠶᠢ ᠰᠢᠪᠡᠷ ᠢᠶᠠᠷ | ᠪᠦᠲᠦᠭᠡᠵᠤ ᠥᠩᠭᠡ ᠶᠢᠨ ᠪᠣᠳᠤᠭ ᠪᠠᠷ ᠢᠯᠭᠠᠭᠰᠠᠨ ᠲᠣᠮᠣ ᠪᠣᠷᠬᠠᠳ ᠪᠣᠢ᠃ ᠭᠤᠣᠯ ᠡᠭᠦᠳᠡ ᠪᠠᠷ ᠥᠩᠭᠡᠷᠡᠮᠡᠭᠴᠡ | ᠥᠩᠭᠡ ᠪᠦᠷᠢ ᠶᠢᠨ ᠪᠣᠳᠤᠭ ᠢᠯᠭᠠᠷᠠᠭᠰᠠᠨ ᠠᠷᠪᠠᠨ ᠬᠤᠶᠠᠷ ᠪᠦᠳᠦᠭᠦᠨ ᠲᠣᠯᠭᠠᠭᠤᠷᠢ ᠪᠣᠢ᠃ ᠪᠠᠷᠠᠭᠤᠨ ᠵᠡᠭᠦᠨ | ᠨᠠᠢᠮᠠᠨ ᠲᠤᠯᠭᠠᠭᠤᠷᠢ ᠤᠨ ᠳᠣᠮᠳᠠ ᠲᠤᠮᠤ ᠭᠡᠭᠴᠢ ᠶᠢᠨ ᠬᠤᠶᠠᠷ ᠬᠤᠷᠯᠤ ᠶᠢ ᠰᠠᠭᠤᠯᠭᠠᠵᠤ᠂ ᠭᠤᠣᠯ ᠳᠦᠷᠪᠡᠨ | ᠲᠣᠯᠭᠠᠭᠤᠷᠢ ᠤᠨ ᠲᠣᠮᠳᠠᠭᠤᠷ ᠶᠡᠭᠡ ᠣᠯᠠᠭᠠᠨ ᠬᠠᠭᠠᠯᠭ᠎ᠠ ᠦᠵᠡᠭᠳᠡᠳᠡᠭ᠃ ᠲᠡᠭᠦᠨ ᠤ ᠳᠡᠭᠡᠷ᠎ᠡ ᠲᠠᠯ᠎ᠠ ᠳᠤ ᠨᠢ ︽ | ᠠᠷᠭ᠎ᠠ ᠪᠢᠯᠢᠭ︾ ᠬᠡᠮᠡᠬᠦ ᠣᠷᠠᠯᠢᠭ ᠰᠠᠶᠢᠬᠠᠨ ᠮᠣᠩᠭᠤᠯ ᠦᠰᠦᠭ ᠲᠠᠢ ᠥᠩᠭᠡ ᠪᠣᠳᠤᠭ ᠢᠶᠠᠷ ᠢᠯᠭᠠᠵᠤ ᠪᠢᠴᠢᠭᠰᠡᠨ | ᠨᠠᠮᠴᠢᠸᠠᠩᠳᠠᠨ ᠡᠪᠬᠡᠮᠡᠯ ᠬᠤᠣᠰ ᠦᠰᠦᠭ ᠳᠣᠷᠠᠶᠢᠵᠤ᠂ ᠲᠤᠮᠳᠠ ᠪᠡᠶ᠎ᠡ ᠳᠤ ᠨᠢ ᠰᠢᠷ᠎ᠠ ᠭᠠᠣᠯᠢ ᠪᠠᠷ ᠱᠣᠭᠤᠵᠣ᠂ | ᠠᠯᠲᠠ ᠪᠠᠷ ᠥᠩᠭᠡᠯᠡᠭᠰᠡᠨ ᠬᠤᠣᠰ ᠮᠠᠲᠠᠷ ᠤᠨ ᠲᠣᠯᠣᠭᠠᠢ ᠶᠢ ᠬᠠᠳᠠᠵᠤ᠂ ᠲᠣᠰ ᠪᠦᠷᠢ ᠭᠠᠤᠯᠢᠨ ᠭᠠᠷᠬ᠎ᠠ | ᠰᠥᠪᠡᠯᠡᠭᠡᠳ᠂ ᠬᠤᠶᠠᠷ ᠲᠠᠯ᠎ᠠ ᠳᠤ ᠨᠢ ᠨᠠᠴᠣᠭᠳᠣᠷᠵᠢ ᠶᠢ ᠠᠯᠲᠠᠨ ᠪᠣᠳᠤᠭ ᠪᠠᠷ ᠵᠢᠷᠤᠵᠤ ᠬᠤᠣᠰᠯᠠᠨ ᠪᠢᠴᠢᠭᠰᠡᠨ | ᠪᠠᠶᠢᠳᠠᠭ᠃ ᠲᠣᠣᠷ᠎ᠠ ᠲᠠᠯ᠎ᠠ ᠳᠤ ᠨᠢ ᠲᠡᠮᠦᠷ ᠢᠶᠠᠷ ᠪᠠᠬᠢᠯᠡᠨ ᠬᠢᠭᠰᠡᠨ ᠴᠦ᠋ ᠬᠠᠳᠠᠵᠣ ᠴᠣᠣᠷᠭᠠᠯᠠᠭᠰᠠᠨ ᠪᠠᠶᠢᠳᠠᠭ᠃ | ᠡᠨᠡ ᠴᠣᠭᠴᠢᠨ ᠲᠣᠭᠠᠩ ᠤᠨ ᠡᠮᠦᠨ᠎ᠡ ᠡᠬᠦᠳᠡ ᠪᠣᠯᠬᠤ ᠪᠦᠭᠡᠳ ᠣᠯᠠᠨ ᠬᠤᠸᠠᠷᠠᠭ ᠤᠨ ᠬᠤᠷᠠᠯ ᠨᠣᠮ | ᠬᠢᠬᠦ᠂ ᠮᠥᠷᠭᠦᠯᠴᠢᠳ ᠤᠨ ᠣᠷᠣᠵᠣ ᠭᠠᠷᠬᠤ ᠭᠤᠣᠯ ᠡᠭᠦᠳᠡ ᠪᠣᠯᠣᠨ᠎ᠠ᠃ ᠴᠤᠭᠴᠢᠨ ᠲᠣᠭᠠᠩ᠂ ᠲᠣᠳᠣᠷ᠎ᠠ | ᠭᠠᠳᠠᠨ᠎ᠠ ᠪᠠᠨ ᠨᠠᠶᠠᠨ ᠳᠦᠷᠪᠡᠨ ᠲᠤᠯᠭᠠᠭᠤᠷᠢ᠂ ᠵᠠᠭᠤ ᠪᠦᠭᠡᠳ ᠨᠠᠢᠮᠠᠨ ᠨᠢᠷᠣᠭᠤ ᠪᠠᠷ ᠪᠣᠰᠬᠠᠭᠳᠠᠵᠤ᠂ ᠥᠨᠳᠦᠷ ᠨᠢ | ᠨᠠᠶᠠᠨ ᠲᠣᠬᠤᠢ᠂ ᠰᠠᠭᠤᠷᠢ ᠶᠢᠨ ᠲᠠᠯᠠᠪᠠᠢ ᠨᠢ ᠨᠠᠢᠮᠠᠨ ᠮᠢᠩᠭᠠᠨ ᠲᠡᠭᠰᠢ ᠲᠦᠷᠪᠡᠯᠵᠢᠨ ᠲᠤᠬᠤᠢ ᠶᠢᠨ ᠬᠡᠮᠵᠢᠶ᠎ᠡ ᠲᠠᠢ᠃ | ᠲᠤᠰ ᠰᠠᠭᠤᠷᠢ ᠳᠡᠭᠡᠷ᠎ᠡ ᠭᠤᠷᠪᠠᠨ ᠳᠠᠪᠬᠤᠷ ᠠᠰᠠᠷ ᠳᠡᠭᠲᠡᠷᠯᠡᠨ ᠨᠢᠷᠣᠭᠤᠯᠠᠵᠤ᠂ ᠠᠰᠠᠷ ᠪᠦᠷᠢ ᠶᠢᠨ ᠣᠷᠣᠢ ᠳᠡᠭᠡᠷ᠎ᠡ | ᠠᠯᠲᠠᠨ ᠭᠠᠨᠵᠢᠷ᠎ᠠ ᠲᠠᠢ᠂ ᠥᠨᠴᠦᠭ ᠪᠦᠷᠢ ᠳᠤ ᠠᠯᠲᠠᠨ ᠰᠢᠷᠭᠠᠯ ᠲᠠᠪᠣᠨ ᠬᠤᠩᠬᠤ ᠡᠯᠭᠦᠨ ᠰᠠᠯᠬᠢᠨ ᠤ ᠠᠶᠠᠰ ᠢᠶᠠᠷ | ᠬᠠᠩᠬᠢᠷ ᠴᠢᠩᠭᠡᠷ ᠳᠤᠤᠭᠠᠷᠭᠠᠳᠠᠭ᠃ | ᠭᠤᠣᠯ ᠠᠰᠠᠷ ᠤᠨ ᠣᠷᠣᠢ ᠶᠢᠨ ᠳᠥᠷᠪᠡᠨ ᠲᠠᠯ᠎ᠠ ᠶᠢᠨ ᠭᠡᠭᠡᠪᠴᠢ ᠶᠢᠨ ᠰᠢᠯ ᠳᠤ ᠨᠠᠷᠠᠨ ᠤ ᠭᠡᠷᠡᠯ | ᠰᠠᠴᠣᠷᠠᠵᠣ᠂ ᠬᠤᠷᠠᠯ ᠤᠨ ᠲᠠᠯᠠᠪᠠᠢ ᠶᠢ ᠭᠡᠶᠢᠭᠦᠯᠳᠡᠭ᠃ ᠠᠰᠠᠷ ᠤᠨ ᠡᠮᠦᠨ᠎ᠡ ᠲᠠᠪᠴᠠᠩ ᠳᠡᠭᠡᠷ᠎ᠡ ᠵᠡᠰ ᠭᠠᠣᠯᠢ ᠪᠠᠷ | ᠭᠢᠭᠰᠡᠨ ᠬᠠᠷᠠᠩᠭ᠎ᠠ ᠡᠯᠭᠦᠵᠤ᠂ ᠨᠠᠷᠠ ᠰᠠᠷ᠎ᠠ᠂ ᠪᠣᠳᠢ ᠭᠦᠷᠦᠭᠡᠰᠦ᠂ ᠨᠤᠷᠪᠤ ᠵᠠᠮᠴᠢᠨ᠂ ᠲᠣᠯᠢ ᠬᠤᠷᠯᠣ ᠠᠯᠲᠠᠨ | ᠥᠩᠭᠡ ᠪᠠᠨ ᠰᠠᠴᠤᠷᠠᠭᠤᠯᠳᠠᠭ᠃ ᠲᠣᠭᠠᠩ ᠤᠨ ᠠᠷᠤ ᠳᠠᠭᠠᠨ ᠬᠤᠶᠠᠷ ᠪᠠᠭ᠎ᠠ ᠡᠭᠦᠳᠡ ᠲᠠᠢ᠂ ᠡᠭᠦᠪᠡᠷ ᠶᠡᠬᠡᠰ ᠯᠠᠮᠠ᠂ | ᠨᠣᠶᠠᠳ ᠨᠠᠭᠠᠰᠢ ᠴᠠᠭᠠᠰᠢ ᠵᠠᠯᠠᠷᠠᠳᠠᠭ ᠪᠠ ᠮᠥᠷᠭᠦᠯᠴᠢᠳ ᠤᠨ ᠲᠤᠭ᠎ᠠ ᠣᠯᠠᠨ ᠪᠤᠯ ᠡᠮᠦᠨ᠎ᠡ ᠡᠭᠦᠳᠡ ᠪᠠᠷ | ᠣᠷᠣᠭᠤᠯᠵᠤ᠂ ᠠᠷᠣ ᠡᠭᠦᠳᠡ ᠪᠠᠷ ᠭᠠᠷᠭᠠᠵᠤ ᠪᠠᠶᠢᠭᠰᠠᠨ ᠲᠡᠦᠬᠡ ᠲᠠᠢ ᠠᠵᠢ᠃ ᠲᠣᠭᠠᠩ ᠤᠨ ᠶᠡᠭᠡ ᠡᠭᠦᠳᠡ ᠪᠠᠷ | ᠠᠯᠬᠤᠨ ᠣᠷᠣᠮᠠᠭᠴᠠ ᠦᠨᠳᠦᠷ ᠲᠣᠭᠠᠩ ᠢ ᠲᠣᠯᠭᠠᠭᠤᠷᠢᠯᠠᠭᠰᠠᠨ ᠳᠥᠴᠢᠨ ᠨᠠᠢᠮᠠᠨ ᠲᠣᠯᠭᠠᠭᠤᠷᠢ ᠢ ᠯᠣᠣ | ᠭᠠᠷᠣᠳᠢ ᠶᠢᠨ ᠲᠥᠷᠰᠦ ᠶᠢ ᠥᠩᠭᠡ ᠢᠯᠭᠠᠷᠠᠭᠤᠯᠣᠨ ᠨᠡᠬᠡᠭᠰᠡᠨ ᠬᠢᠪᠢᠰ ᠢᠶᠠᠷ ᠣᠷᠢᠶᠠᠵᠣ᠂ ᠥᠩᠭᠡ ᠪᠦᠷᠢ ᠶᠢᠨ | ᠲᠣᠷᠭ᠎ᠠ ᠬᠤᠷᠭᠤᠢ ᠮᠠᠩᠨᠤᠭ ᠢ ᠠᠯᠠᠭᠯᠠᠵᠣ᠂ ᠥᠨᠴᠦᠭᠯᠡᠨ ᠬᠢᠭᠰᠡᠨ ᠭᠤᠶᠣ ᠰᠠᠶᠢᠬᠠᠨ ᠭᠤᠷᠪᠠᠨ ᠶᠡᠭᠡ ᠯᠠᠪᠠᠷᠢ ︵ | ᠴᠢᠮᠡᠭ﹀ ᠶᠢ ᠡᠯᠭᠦᠭᠰᠡᠨ ᠪᠠᠶᠢᠳᠠᠭ᠃ ᠪᠠᠰᠠ ᠲᠣᠯᠭᠠᠭᠤᠷᠢ ᠪᠦᠷᠢ ᠶᠢᠨ ᠬᠤᠭᠤᠷᠣᠨᠳᠣ ᠮᠠᠩᠨᠤᠭ ᠬᠤᠷᠭᠤᠢ | ᠲᠣᠷᠭ᠎ᠠ ᠪᠠᠷ ᠣᠷᠠᠯᠠᠨ ᠬᠢᠭᠰᠡᠨ ᠣᠯᠠᠨ ᠵᠦᠢᠯ ᠤᠨ ᠣᠨᠵᠢᠯᠠᠭᠠ ᠶᠢᠨ ᠴᠢᠮᠡᠭ ᠤᠳ ᠢ ᠬᠤᠣᠰ ᠬᠤᠣᠰ ᠢᠶᠠᠷ | ᠳᠡᠭᠦᠵᠢᠯᠡᠭᠰᠡᠨ ᠪᠠᠶᠢᠳᠠᠭ᠃ ᠬᠤᠶᠢᠲᠤ ᠬᠡᠷᠡᠮ ᠤᠨ ᠲᠥᠪ ᠳᠣᠮᠳᠠ ᠨᠢ ᠳᠥᠷᠪᠡᠨ ᠲᠣᠬᠤᠢ ᠬᠠᠭᠠᠰ ᠦᠨᠳᠦᠷ᠂ | ᠭᠤᠷᠪᠠᠨ ᠲᠣᠬᠤᠢ ᠬᠠᠭᠠᠰ ᠥᠷᠭᠡᠨ᠂ ᠭᠤᠷᠪᠠᠨ ᠲᠠᠯ᠎ᠠ ᠳᠤ ᠨᠢ ᠳᠥᠷᠪᠡᠨ ᠬᠦᠴᠦᠲᠡᠨ ᠤ ᠳᠦᠷᠰᠦ ᠪᠠ ᠴᠡᠴᠡᠭ | ᠨᠠᠪᠴᠢ ᠶᠢᠨ ᠰᠡᠶᠢᠯᠦᠮᠡᠯ ᠲᠠᠢ᠂ ᠠᠯᠲᠠᠨ ᠪᠣᠳᠤᠭ ᠢᠶᠠᠷ ᠢᠯᠭᠠᠨ ᠵᠢᠷᠣᠭᠰᠠᠨ᠂ ᠬᠤᠶᠠᠷ ᠲᠠᠯ᠎ᠠ ᠳᠠᠭᠠᠨ ᠭᠠᠷᠴᠣ | ᠪᠠᠭᠤᠬᠤ ᠱᠠᠲᠣ ᠲᠠᠢ᠂ ᠴᠡᠩᠭᠡᠮ᠎ᠡ ᠲᠣᠷᠭ᠎ᠠ ᠪᠠᠷ ᠭᠤᠶᠣ ᠰᠠᠶᠢᠬᠠᠨ ᠡᠮᠵᠢᠶᠡᠷᠢᠯᠡᠭᠰᠡᠨ ᠢᠰᠡᠭᠡᠢ ᠬᠢᠪᠢᠰ ᠤᠨ ᠣᠯᠪᠣᠭ ᠢ | ᠬᠡᠳᠦᠨ ᠳᠠᠪᠬᠤᠷ ᠳᠡᠪᠢᠰᠴᠤ᠂ ᠰᠢᠷ᠎ᠠ ᠲᠣᠷᠭᠠᠨ ᠲᠦᠰᠢᠯᠭᠡ ᠶᠢ ᠲᠡᠭᠰᠢ ᠰᠠᠶᠢᠬᠠᠨ ᠠᠭᠤᠯᠵᠣ᠂ ᠣᠷᠲᠣ ᠲᠣᠷᠭᠠᠨ | ᠬᠠᠳᠠᠭ ᠢ ᠬᠦᠪᠡᠭᠡᠯᠡᠨ ᠨᠢᠩᠳᠡᠷᠯᠡᠭᠰᠡᠨ ︽ᠬᠠᠭᠠᠨ ᠡᠵᠡᠨ ᠤ ᠰᠢᠷᠡᠭᠡ︾ ᠮᠡᠲᠦ ᠦᠨᠳᠦᠷ ᠰᠠᠶᠢᠬᠠᠨ ᠰᠢᠷᠡᠭᠡ ᠪᠠᠶᠢᠳᠠᠭ | ᠃ ᠠᠳᠡ ᠰᠢᠷᠡᠭᠡᠨ ᠤ ᠯᠠᠮᠠᠲᠠᠨ ᠬᠤᠷᠠᠯ ᠳᠤ ᠰᠠᠭᠠᠳᠠᠵᠤ ᠰᠠᠭᠤᠳᠠᠭ ᠶᠤᠮ᠃ ᠡᠨᠡ ᠰᠢᠷᠡᠭᠡᠨ ᠳᠡᠭᠡᠷ᠎ᠡ ᠲᠣᠰᠢᠶᠡᠯ | ᠳᠡᠪᠰᠢᠵᠦ ᠰᠠᠭᠠᠲᠠᠭᠰᠠᠨ ᠰᠢᠷᠡᠭᠡᠨ ᠯᠡᠮᠡ ᠨᠠᠷ ᠭᠡᠪᠡᠯ ᠪᠣᠶᠠᠨ ᠢ ᠪᠠᠳᠠᠷᠠᠭᠤᠯᠣᠭᠴᠢ ᠰᠦᠮ᠎ᠡ ᠶᠢ ᠡᠬᠢᠯᠡᠨ | ᠴᠣᠭᠴᠠᠯᠠᠬᠤ ᠶᠢᠨ ᠭᠤᠣᠯ ᠣᠳᠣᠷᠢᠳᠣᠭᠴᠢ ᠬᠦᠮᠦᠨ — ᠳᠦᠷᠪᠡᠳᠦᠭᠡᠷ ᠳᠦᠷᠢ ᠶᠢᠨ ᠰᠢᠷᠡᠭᠡᠳᠦ ᠭᠡᠭᠡᠨ — | ᠠᠭᠸᠠᠩᠷᠠᠪᠳᠠᠨ᠂ ᠶᠢᠰᠦᠳᠦᠭᠡᠷ ᠲᠦᠷᠢ ᠶᠢᠨ ᠪᠠᠨᠴᠢᠨ ᠡᠷᠳᠡᠨᠢ — ᠯᠣᠪᠰᠠᠩᠳᠦ᠋ᠪᠳᠡᠨᠴᠦ᠋ᠢᠵᠢᠨᠢᠮᠡ᠂ ᠲᠣᠯᠣᠨ | ᠨᠠᠭᠤᠷ ᠤᠨ ᠭᠠᠨᠵᠣᠣᠷ ᠭᠡᠭᠡᠨ ᠤ ᠰᠡᠭᠦᠯᠴᠢ ᠶᠢᠨ ᠳᠦᠷᠢ ᠵᠡᠷᠭᠡ ᠨᠡᠷ᠎ᠡ ᠠᠯᠳᠠᠷᠲᠤ ᠪᠣᠭᠳᠠ ᠭᠡᠭᠡᠳ ᠵᠡᠷᠭᠡ ᠪᠣᠢ᠃ | ᠡᠨᠡ ᠰᠢᠷᠡᠭᠡᠨ ᠤ ᠪᠠᠷᠠᠭᠤᠨ ᠵᠡᠭᠦᠨ ᠲᠠᠯ᠎ᠠ ᠳᠤ ᠨᠢ ᠲᠠᠯᠪᠢᠭᠰᠠᠨ ᠭᠤᠶᠣ ᠬᠢᠴᠡ ᠲᠠᠢ ᠰᠢᠷᠡᠭᠡ ᠨᠦᠭᠦᠳ ᠨᠢ ᠪᠣᠰᠣᠳ | ᠬᠡᠶᠢᠳ ᠰᠦᠮ᠎ᠡ ᠶᠢᠨ ᠭᠡᠭᠡᠨ᠂ ᠬᠤᠪᠢᠯᠭᠠᠨ᠂ ᠱᠠᠪᠷᠣᠩ᠂ ᠰᠢᠷᠡᠭᠡᠨ ᠳᠤ ᠰᠠᠭᠤᠵᠣ ᠥᠩᠭᠡᠷᠡᠭᠰᠡᠨ ︽ᠰᠦᠷᠦᠪ︾ | ᠯᠠᠮᠠ ᠨᠠᠷ ᠵᠠᠯᠠᠵᠤ ᠰᠠᠭᠤᠯᠭᠠᠳᠠᠭ ᠶᠣᠮ᠃ ᠲᠣᠭᠠᠩ ᠤᠨ ᠬᠦᠰᠡᠷ ᠲᠤ ᠨᠠᠷᠢᠨ ᠬᠢᠪᠢᠰᠦᠨ ᠬᠦᠢᠭᠦᠷ ᠳᠡᠪᠢᠰᠴᠤ ᠣᠯᠠᠨ | ᠬᠤᠸᠠᠷᠠᠭ ᠤᠨ ᠬᠤᠷᠠᠯ ᠳᠤ ᠰᠠᠭᠤᠬᠤ ᠳᠤ ᠪᠡᠯᠡᠳᠬᠡᠭᠰᠡᠨ ᠪᠠᠶᠢᠳᠠᠭ᠃ ᠲᠣᠭᠠᠩ ᠤᠨ ᠵᠡᠭᠦᠨ ᠴᠤᠩᠬᠤᠨ ᠤ ᠳᠣᠣᠷ᠎ᠠ | ᠲᠠᠯ᠎ᠠ ᠳᠤ ᠨᠢ ᠳᠥᠷᠪᠡᠯᠵᠢᠨ ᠶᠡᠭᠡ ᠰᠢᠷᠡᠭᠡ ᠲᠠᠯᠪᠢᠵᠣ᠂ ᠬᠡᠳᠦᠨ ᠲᠠᠪᠬᠤᠷ ᠣᠯᠪᠤᠭ ᠲᠡᠪᠢᠰᠦᠭᠡᠳ᠂ ᠬᠤᠶᠠᠷ ᠢᠮᠠᠬᠤ | ᠳᠥᠷᠪᠡᠯᠵᠢᠨ᠂ ᠬᠤᠶᠠᠷ ᠲᠣᠬᠤᠢ ᠭᠠᠷᠣᠢ ᠣᠷᠲᠣ᠂ ᠦᠵᠦᠭᠦᠷ ᠢ ᠨᠢ ᠭᠠᠣᠯᠢ ᠪᠠᠷ ᠪᠥᠭᠡᠵᠢᠯᠡᠵᠣ᠂ ᠲᠣᠷᠭᠠᠨ | ᠬᠠᠳᠠᠭ ᠢᠶᠠᠷ ᠴᠢᠮᠡᠭᠰᠡᠨ ᠮᠣᠳᠣ ᠲᠠᠯᠪᠢᠵᠣ᠂ ᠨᠢᠭᠡᠨ ᠴᠡᠭᠡᠮ ᠵᠠᠩᠴᠢ ᠡᠪᠬᠡᠭᠡᠰᠦ ᠲᠠᠢ ᠪᠠᠶᠢᠳᠠᠭ᠃ ᠡᠨᠡ ᠪᠣᠯ | ᠴᠤᠭᠴᠢᠨ ᠭᠡᠰᠬᠦᠢ ᠨᠠᠷ ᠬᠤᠷᠠᠯ ᠬᠤᠷᠠᠬᠤ ᠳᠤ ᠰᠠᠭᠤᠬᠤ᠂ ᠬᠤᠷᠠᠯ ᠤᠨ ᠶᠣᠰᠣ ᠳᠢᠭᠯᠢᠮ ᠢ ᠪᠠᠶᠢᠴᠠᠭᠠᠬᠤ ᠳᠤ | ᠪᠡᠯᠡᠳᠬᠡᠭᠰᠡᠨ ᠵᠦᠢᠯ ᠪᠣᠯᠣᠨ᠎ᠠ᠃ ᠡᠬᠦᠳᠡᠨ ᠤ ᠪᠠᠷᠠᠭᠤᠨ ᠵᠡᠭᠦᠨ ᠲᠠᠯ᠎ᠠ ᠳᠤ ᠨᠢ ᠭᠤᠮᠪᠤ᠂ ᠯᠾᠠᠮᠤ᠂ ᠨᠠᠮᠰᠠᠷᠠᠢ᠂ | ᠴᠦᠢᠷᠠᠵᠢᠯ᠂ ᠵᠠᠮᠰᠡᠷᠠᠩ ᠵᠡᠷᠭᠡ ᠲᠠᠪᠣᠨ ᠳᠣᠭᠰᠢᠳ ᠤᠨ ᠵᠢᠷᠤᠭ ᠪᠣᠢ᠃ ᠪᠠᠷᠠᠭᠤᠨ ᠵᠠᠬᠦᠨ ᠬᠡᠷᠡᠮ ᠳᠡᠭᠡᠷ᠎ᠡ ᠨᠢ | ᠱᠠᠭᠵᠠᠮᠣᠨᠢ ᠪᠣᠷᠬᠠᠨ ᠤ ᠲᠡᠦᠬᠡ ᠶᠢ ᠠᠷᠪᠠᠨ ᠬᠤᠶᠠᠷ ᠵᠣᠬᠢᠶᠠᠩᠭᠤᠢ ᠬᠤᠪᠢᠶᠠᠨ ᠵᠢᠷᠤᠵᠤ᠂ ᠬᠤᠶᠢᠲᠤ ᠬᠡᠷᠡᠮ | ᠳᠡᠭᠡᠷ᠎ᠡ ᠨᠢ ᠴᠠᠭᠳᠠᠷ ᠳᠠᠮᠷᠢᠨ᠂ ᠵᠠᠩᠷᠠᠶᠢᠰᠠᠭ᠂ ᠠᠶᠣᠰᠢ ᠪᠣᠷᠬᠠᠨ ᠤ ᠬᠦᠷᠦᠭ ᠢ ᠵᠢᠷᠤᠭᠰᠠᠨ ᠪᠠᠶᠢᠳᠠᠭ᠃ ᠴᠤᠭᠴᠢᠨ | ᠲᠣᠭᠠᠩ ᠤᠨ ᠠᠷᠣ ᠲᠠᠰᠣᠯᠭᠠᠨ ᠳᠤ ᠰᠢᠲᠦᠭᠡᠨ ᠤ ᠲᠣᠭᠠᠩ ᠭᠡᠵᠣ ᠪᠣᠢ᠃ ᠠᠷᠣ ᠵᠣᠣ ᠶᠢᠨ ᠪᠠᠶᠢᠳᠠᠯ ᠨᠢ ᠠᠷᠪᠠᠨ | ᠬᠤᠶᠠᠷ ᠪᠠᠭ᠎ᠠ ᠬᠠᠭᠠᠯᠭ᠎ᠠ ᠪᠠᠷ ᠲᠠᠰᠣᠯᠣᠭᠳᠠᠵᠣ᠂ ᠬᠠᠭᠠᠯᠭ᠎ᠠ ᠪᠦᠷᠢ ᠳᠤ ᠨᠢ ︽ᠥᠷᠭᠡᠨ ᠪᠣᠶᠠᠨ︾᠂ ︽ᠬᠡᠰᠢᠭ | ᠦᠯᠡᠮᠵᠢ︾᠂ ︽ᠠᠮᠣᠭᠤᠯᠠᠩ ᠪᠠᠶᠠᠷ︾᠂ ︽ᠬᠤᠲᠣᠭᠳᠣ ᠠᠪᠣᠷᠠᠯ︾᠂ ︽ᠵᠢᠷᠭᠠᠯ ᠣᠳᠣᠷᠢᠳᠣᠭᠴᠢ︾᠂ ︽ | ᠶᠣᠰᠣ ᠡᠷᠳᠡᠮ︾ ᠭᠡᠰᠡᠨ ᠭᠤᠷ ᠡᠪᠭᠡᠮᠡᠯ ᠦᠰᠦᠭ ᠢ ᠠᠷᠪᠠᠨ ᠬᠤᠶᠠᠷ ᠮᠣᠳᠣᠨ ᠳᠡᠭᠡᠷ᠎ᠡ ᠰᠡᠶᠢᠯᠵᠤ᠂ ᠠᠯᠲᠠᠨ | ᠪᠣᠳᠤᠭ ᠢᠶᠠᠷ ᠰᠢᠷᠳᠡᠭᠰᠡᠨ ᠪᠠᠶᠢᠳᠠᠭ᠃ | ᠵᠣᠣ ᠶᠢᠨ ᠲᠦᠪ ᠳᠣᠮᠳᠠ ᠨᠢ ᠭᠤᠷᠪᠠᠨ ᠴᠠᠭ ᠤᠨ ᠪᠣᠷᠬᠠᠨ — ᠺᠡᠰᠢᠪ᠂ ᠱᠠᠭᠵᠠᠮᠣᠨᠢ᠂ ᠮᠠᠶᠢᠳᠠᠷᠢ ᠶᠢ | ᠬᠠᠶᠠᠳᠠᠭᠤᠯᠣᠨ ᠲᠠᠬᠢᠵᠣ᠂ ᠲᠡᠭᠦᠨ ᠤ ᠡᠮᠦᠨ᠎ᠡ ᠱᠠᠷᠢᠪᠣᠣ ᠮᠣᠩᠭᠠᠯᠵᠠᠪᠣᠣ ᠭᠡᠳᠡᠭ ᠱᠠᠭᠵᠠᠮᠣᠨᠢ ᠶᠢᠨ ᠬᠤᠶᠠᠷ ᠱᠠᠪᠢ᠂ | ᠳᠠᠷᠠᠭ᠎ᠠ ᠨᠢ ᠪᠤᠭᠳᠠ ᠵᠧ ᠯᠠᠮᠠ᠂ ᠲᠡᠭᠦᠨ ᠤ ᠱᠠᠪᠢ ᠵᠠᠯᠴᠠᠪ᠂ ᠬᠠᠶᠢᠷᠣᠪ ᠶᠢᠨ ᠳᠦᠷᠢ ᠪᠠ ᠪᠠᠷᠠᠭᠤᠨ ᠵᠡᠭᠦᠨ | ᠲᠠᠯ᠎ᠠ ᠳᠤ ᠨᠢ ᠵᠠᠮᠢᠶᠠᠨ᠂ ᠴᠠᠩᠨᠠᠳᠣᠷᠵᠢ᠂ ᠵᠠᠩᠷᠠᠶᠢᠰᠠᠭ᠂ ᠰᠠᠶ᠋ᠢᠨᠢᠮᠪᠣᠣ᠂ ᠷᠢᠸᠠᠨᠠᠮᠵᠢᠯ᠂ ᠨᠠᠮᠷᠠᠨᠢᠮᠪᠣᠣ᠂ ᠵᠠᠮᠪᠠ᠂ | ᠬᠦᠨᠳᠦᠨᠰᠠᠮᠪᠣᠣ᠂ ᠴᠠᠭᠳᠠᠷ᠂ ᠳᠠᠮᠷᠢᠨ ᠵᠡᠷᠭᠡ ᠶᠢᠨ ᠠᠷᠪᠠᠨ ᠨᠠᠢᠮᠠᠨ ᠪᠣᠷᠬᠠᠨ ᠢ ᠳᠡᠰ ᠳᠠᠷᠠᠭᠠᠯᠠᠨ ᠪᠦᠳᠦᠭᠡᠵᠦ᠂ | ᠠᠯᠲᠠᠨ ᠪᠣᠳᠤᠭ ᠢᠶᠠᠷ ᠰᠢᠷᠠᠯᠠᠭᠤᠯᠣᠭᠰᠠᠨ ᠣᠷᠠᠯᠢᠭ ᠬᠢᠴᠡ ᠲᠠᠢ ᠪᠠᠷᠢᠮᠠᠯ ᠬᠦᠷᠦᠭ ᠤᠳ ᠪᠣᠢ᠃ ᠪᠠᠷᠠᠭᠤᠨ ᠵᠡᠭᠦᠨ | ᠬᠡᠷᠡᠮ ᠳᠤ ᠨᠢ ᠵᠧ ᠯᠠᠮᠠ ᠶᠢᠨ ᠮᠢᠩᠭᠠᠨ ᠬᠥᠷᠦᠭ ᠢ ᠠᠯᠲᠠ ᠪᠠᠷ ᠰᠢᠷᠲᠡᠵᠣ ᠵᠢᠶᠠᠰᠠᠯᠠᠨ ᠰᠢᠭᠢᠳᠬᠡᠭᠰᠡᠨ ᠪᠠᠶᠢᠳᠠᠭ᠃ | ᠠᠷᠣ ᠲᠣᠭᠤᠷᠭᠠᠨ ᠳᠤ ᠨᠢ ᠨᠣᠭᠤᠭᠠᠨ ᠳ᠋ᠠᠷ᠎ᠠ ᠡᠬᠡ ᠶᠢᠨ ᠮᠢᠩᠭᠠᠨ ᠳᠦᠷᠢ ᠶᠢ ᠪᠦᠰ ᠳᠡᠭᠡᠷ᠎ᠡ ᠨᠠᠭᠠᠵᠤ ᠵᠢᠷᠣᠭᠰᠠᠨ | ᠪᠠᠶᠢᠳᠠᠭ᠃ ᠪᠣᠷᠬᠠᠨ ᠤ ᠥᠨᠳᠦᠷ ᠲᠠᠪᠴᠠᠩ ᠤᠨ ᠡᠮᠦᠨ᠎ᠡ ᠨᠢ ᠭᠤᠷᠪᠠᠨ ᠲᠣᠬᠤᠢ ᠥᠷᠭᠡᠨ᠂ ᠠᠷᠪᠠᠨ ᠲᠣᠬᠤᠢ | ᠣᠷᠲᠣ ᠲᠠᠬᠢᠯ ᠤᠨ ᠰᠢᠷᠡᠭᠡᠨ ᠳᠡᠭᠡᠷ᠎ᠡ ᠠᠯᠲᠠ ᠮᠥᠩᠭᠦᠨ ᠵᠠᠰᠠᠯ ᠴᠢᠮᠡᠭ ᠪᠠᠷ ᠴᠢᠮᠡᠭᠰᠡᠨ ᠶᠡᠭᠡ ᠪᠠᠯᠢᠩ ᠭᠤᠷᠪᠠ᠂ | ᠠᠯᠲᠠ ᠪᠠᠷ ᠪᠣᠳᠣᠭᠰᠠᠨ ᠰᠣᠪᠣᠷᠭ᠎ᠠ ᠨᠠᠢᠮᠠ ᠶᠢ ᠥᠷᠦᠨ ᠲᠠᠯᠪᠢᠵᠤ᠂ ᠲᠣᠯᠣᠭᠠᠨ ᠡᠷᠳᠡᠨᠢ᠂ ᠨᠠᠢᠮᠠᠨ ᠲᠠᠬᠢᠯ ᠤᠨ | ᠡᠷᠭᠦᠯ ᠤᠨ ᠵᠦᠢᠯᠡᠰ ᠢᠶᠠᠷ ᠴᠢᠮᠡᠭᠰᠡᠨ ᠵᠠᠭᠤᠨ ᠯᠠᠩ ᠤᠨ ᠮᠥᠩᠭᠦᠨ ᠮᠠᠨᠳᠠᠯ ᠢ ᠶᠣᠰᠣᠴᠢᠯᠠᠨ ᠲᠠᠯᠪᠢᠵᠣ ᠪᠠᠶᠢᠳᠠᠭ᠃ | ᠲᠡᠭᠦᠨᠴᠢᠯᠡᠨ ᠲᠠᠪᠢᠯᠠᠩ ᠤᠨ ᠮᠥᠩᠬᠦᠨ ᠳᠠᠬᠢᠯ ᠨᠠᠢᠮᠠ᠂ ᠵᠠᠭᠤᠨ ᠯᠠᠩ ᠤᠨ ᠮᠥᠩᠭᠦᠨ ᠲᠠᠬᠢᠯ ᠨᠢᠭᠡ᠂ ᠡᠷᠳᠡᠨᠢᠰ ᠤᠨ | ᠵᠦᠢᠯᠡᠰ ᠢ ᠬᠤᠯᠢᠵᠣ ᠬᠢᠭᠰᠡᠨ ᠵᠡᠰ ᠭᠠᠣᠯᠢᠨ ᠳᠠᠬᠢᠯ ᠬᠤᠷᠢᠨ ᠳᠥᠷᠪᠡ᠂ ᠲᠡᠭᠷᠢ ᠳᠡᠳᠬᠦᠭᠴᠢ ᠬᠠᠭᠠᠨ ᠠᠴᠠ | ᠡᠷᠭᠦᠭᠰᠡᠨ ᠵᠠᠭᠤᠨ ᠵᠢᠩ ᠲᠣᠰᠣᠨ ᠤ ᠪᠠᠭᠳᠠᠭᠠᠮᠵᠢ ᠲᠠᠢ ᠬᠦᠷᠡᠯ ᠴᠦᠭᠦᠴᠡ ᠵᠡᠷᠭᠡ ᠬᠤᠪᠣᠷ ᠨᠠᠨᠳᠢᠨ ᠲᠣᠷᠠᠰᠬᠠᠯᠲᠣ | ᠵᠦᠢᠯᠡᠰ᠂ ᠵᠡᠰ ᠭᠠᠣᠯᠢᠨ ᠪᠦᠷᠢᠶ᠎ᠡ ᠪᠢᠰᠬᠢᠭᠦᠷ᠂ ᠭᠠᠩᠳᠠᠩ ᠬᠡᠩᠭᠡᠷᠭᠡ᠂ ᠴᠠᠩ᠂ ᠱᠧᠯᠨᠢᠩ᠂ ᠬᠤᠩᠬᠤ ᠳᠠᠮᠠᠷᠣ᠂ | ᠪᠣᠮᠪᠠ ᠬᠦᠰᠢ᠂ ᠵᠡᠰ ᠭᠠᠣᠯᠢᠨ ᠣᠰᠣᠨ ᠳᠠᠬᠢᠯ᠂ ᠵᠣᠯᠠ ᠶᠢᠨ ᠴᠥᠭᠦᠴᠡ᠂ ᠬᠡᠳᠦᠨ ᠮᠢᠩᠭᠠᠨ ᠵᠦᠢᠯᠡᠰ ᠤᠨ | ᠮᠥᠩᠬᠦ ᠪᠠᠷ ᠪᠦᠰᠡᠯᠡᠵᠣ ᠲᠠᠯᠪᠢᠷᠠᠭᠤᠷᠯᠠᠭᠰᠠᠨ ᠭᠠᠪᠠᠯᠠ ᠶᠢᠨ ᠶᠠᠰᠣᠨ ᠲᠣᠳᠪᠠ ᠪᠠ ᠡᠷᠢᠬᠡ ᠶᠢ ᠲᠠᠯᠪᠢᠨ᠂ ᠬᠤᠪᠣᠷ | ᠡᠮ ᠤᠨ ᠵᠦᠢᠯᠠᠰ ᠢᠶᠠᠷ ᠨᠠᠶᠢᠷᠠᠭᠤᠯᠣᠭᠰᠠᠨ ᠠᠷᠴᠠ ᠭᠦᠵᠢ ᠶᠢ ᠴᠠᠭ ᠢᠮᠠᠭᠲᠠ ᠰᠢᠲᠠᠭᠠᠨ ᠠᠩᠭᠢᠯᠠᠭᠤᠯᠵᠣ᠂ | ᠠᠷᠢᠭᠤᠨ ᠴᠠᠭᠠᠨ ᠬᠠᠳᠠᠭ ᠰᠠᠯᠲᠠ ᠶᠢ ᠨᠢᠩᠳᠡᠷᠯᠡᠵᠣ᠂ ᠠᠷᠢᠭᠤᠨ ᠴᠡᠪᠡᠷ ᠢ ᠰᠠᠶᠢᠳᠣᠷ ᠡᠷᠬᠢᠮᠯᠡᠨ ᠵᠢᠯ ᠤᠨ ᠳᠦᠷᠪᠡᠨ | ᠣᠯᠠᠷᠢᠯ ᠳᠤ ᠮᠥᠩᠬᠡ ᠶᠢᠨ ᠵᠣᠯᠠ ᠶᠢ ᠠᠯᠭᠠᠰᠠᠯ ᠦᠭᠡᠢ ᠠᠰᠠᠭᠠᠵᠤ᠂ ᠰᠥᠰᠦᠭ ᠪᠢᠰᠢᠷᠡᠯᠲᠡᠨ ᠤ ᠰᠡᠳᠬᠢᠯ | ᠰᠠᠨᠠᠭ᠎ᠠ ᠶᠢ ᠬᠠᠩᠭᠠᠮᠵᠢ ᠲᠠᠢ ᠪᠣᠯᠭᠠᠳᠠᠭ ᠠᠵᠢ᠃ | ᠴᠣᠭᠴᠢᠨ ᠲᠣᠭᠠᠩ ᠪᠠᠶᠢᠭᠤᠯᠣᠭᠳᠠᠵᠣ᠂ ᠯᠡᠮᠡ ᠬᠤᠸᠠᠷᠠᠭ ᠴᠣᠭᠯᠠᠷᠠᠨ ᠬᠤᠷᠠᠯ ᠨᠣᠮ ᠬᠢᠬᠦ ᠨᠢ ᠡᠳᠦᠷ | ᠢᠷᠡᠬᠦᠶ᠎ᠡ ᠨᠡᠮᠡᠭᠳᠡᠬᠦ ᠶᠢᠨ ᠲᠠᠭᠠᠤ ᠱᠠᠰᠢᠨ ᠤ ᠬᠡᠷᠡᠭᠴᠡᠭᠡ ᠪᠠᠷ ᠰᠦᠮ᠎ᠡ ᠳᠣᠭᠠᠩ ᠢ ᠨᠡᠮᠡᠨ ᠪᠠᠶᠢᠭᠤᠯᠬᠤ ᠴᠢᠬᠤᠯᠠ ᠲᠠᠢ | ᠪᠣᠯᠣᠭᠰᠠᠨ ᠣᠴᠢᠷ ᠠᠴᠠ ᠲᠡᠭᠷᠢ ᠳᠡᠳᠭᠦᠭᠴᠢ ᠬᠠᠭᠠᠨ ᠤ ᠬᠤᠶᠠᠳᠤᠭᠠᠷ ᠣᠨ ︵1737 ᠣᠨ﹀ ᠳᠤ ᠳ᠋ᠣᠣᠷᠠᠮᠪᠠ | ᠲᠣᠷᠣᠮᠪᠠ ᠬᠡᠰᠬᠦᠢ ᠯᠣᠪᠰᠠᠩᠨᠢᠷᠤᠭ ᠭᠤᠣᠯ ᠡᠷᠬᠢᠯᠡᠨ ᠴᠦᠢᠷᠸᠠ ᠷᠠᠰᠠᠩ ᠢ ᠪᠠᠶᠢᠭᠤᠯᠵᠠᠢ᠃ ᠭᠤᠷᠪᠠᠨ ᠵᠢᠯ ᠤᠨ | ᠲᠠᠷᠠᠭ᠎ᠠ ᠨᠢ ᠳ᠋ᠣᠣᠷᠠᠮᠪᠠ ᠠᠭᠸᠠᠩᠶᠤᠨᠳᠣᠨ ᠭᠤᠣᠯ ᠡᠷᠬᠢᠯᠡᠨ ᠵᠣᠳᠪᠠ᠂ ᠮᠠᠮᠪᠠ ᠷᠠᠰᠠᠩ ᠢ ᠪᠠᠶᠢᠭᠤᠯᠵᠣ᠂ ᠲᠡᠭᠷᠢ | ᠳᠡᠳᠭᠦᠭᠴᠢ ᠬᠠᠭᠠᠨ ᠤ ᠦᠶ᠎ᠡ ᠳᠤ ᠴᠢᠱᠣᠢ ᠭᠡᠭᠡᠨ ᠠᠭᠸᠠᠩᠱᠠᠳᠷᠠᠪᠳᠠᠨᠪᠢᠨᠢᠮᠠ ᠭᠤᠣᠯ ᠡᠷᠬᠢᠯᠡᠨ ᠳ᠋ᠦᠩᠬᠦᠷ ᠷᠠᠰᠠᠩ | ᠢ ᠪᠠᠶᠢᠭᠤᠯᠵᠠᠢ᠃ ᠡᠨᠡ ᠦᠶ᠎ᠡ ᠳᠤ ᠪᠣᠶᠠᠨ ᠪᠠᠳᠠᠷᠭᠤᠯᠣᠭᠴᠢ ᠰᠦᠮ᠎ᠡ ᠨᠢ ᠲᠠᠪᠣᠨ ᠷᠠᠰᠠᠩ ᠪᠦᠷᠢᠯᠳᠦᠭᠰᠡᠨ ᠨᠡᠷ᠎ᠡ | ᠠᠯᠳᠠᠷ ᠲᠠᠢ ᠶᠡᠭᠡ ᠰᠦᠮ᠎ᠡ ᠪᠣᠯᠵᠣ᠂ ᠬᠦᠨ ᠤᠬᠠᠭᠠᠨ᠂ ᠨᠠᠷᠢᠨ ᠡᠷᠳᠡᠮ᠂ ᠠᠨᠠᠭᠠᠬᠤ ᠣᠬᠠᠭᠠᠨ᠂ ᠴᠠᠭᠠᠨ ᠵᠢᠷᠣᠬᠠᠢ | ᠶᠢᠨ ᠶᠣᠰᠣ ᠶᠢ ᠰᠣᠷᠣᠯᠴᠠᠨ ᠰᠣᠳᠣᠯᠬᠤ ᠭᠤᠣᠯ ᠭᠠᠵᠠᠷ ᠤᠨ ᠨᠢᠭᠡ ᠪᠣᠯᠪᠠ᠃ ᠬᠤᠵᠢᠮ ᠨᠢ ᠱᠠᠪᠢ ᠨᠠᠷ ᠤᠨ ᠲᠤᠭ᠎ᠠ | ᠣᠯᠠᠮ ᠣᠯᠠᠰᠢᠷᠠᠵᠤ᠂ ᠪᠠᠷᠢᠯᠭ᠎ᠠ ᠪᠠᠶᠢᠰᠢᠩ ᠵᠢᠯ ᠠᠴᠠ ᠵᠢᠯ ᠨᠡᠮᠡᠭᠳᠡᠵᠣ᠂ ᠬᠤᠪᠢᠨ ᠤ ᠪᠠᠶᠢᠰᠢᠩ 360᠂ ᠮᠣᠩᠭᠤᠯ | ᠭᠡᠷ 300 ᠭᠠᠷᠣᠢ ᠪᠣᠯᠵᠤ ᠥᠩᠭᠡᠷᠡᠭᠰᠡᠨ ᠤᠳᠠᠭ᠎ᠠ ᠲᠠᠢ ᠪᠢᠯᠡ᠃ ᠰᠦᠮ᠎ᠡ ᠬᠡᠶᠢᠳ ᠤᠨ ᠬᠦᠭᠵᠢᠬᠦ ᠢ ᠲᠠᠭᠠᠯᠳᠣᠨ᠂ | ᠥᠭᠯᠢᠭᠡ ᠪᠣᠶᠠᠨ ᠤ ᠡᠳ᠋ ᠠᠭᠤᠷᠠᠰᠣᠨ ᠶᠡᠭᠡ ᠬᠤᠷᠠᠮᠳᠣᠵᠣ᠂ ᠨᠣᠮ ᠬᠤᠷᠠᠯ ᠤᠨ ᠬᠡᠷᠡᠭᠴᠡᠭᠡ ᠠᠴᠠ ᠰᠠᠩ ᠵᠢᠰᠠ ᠶᠢᠨ | ᠰᠦᠷᠦᠭ ᠮᠠᠯ ᠢ ᠡᠵᠡᠩᠨᠡᠬᠦ ᠴᠢᠬᠤᠯᠠ ᠲᠠᠢ ᠪᠣᠯᠵᠣ᠂ ᠲᠠᠪᠣᠨ ᠷᠠᠰᠠᠩ ᠲᠣᠰ ᠪᠦᠷᠢ ᠰᠠᠩ ᠵᠢᠰᠠ ᠭᠠᠷᠭᠠᠵᠣ᠂ ᠮᠠᠯ | ᠰᠦᠷᠦᠭ ᠢᠶᠠᠨ ᠬᠠᠮᠢᠶᠠᠷᠬᠤ ᠪᠣᠯᠣᠭᠰᠠᠨ ᠶᠣᠮ᠃ ᠰᠦᠮ᠎ᠡ ᠶᠢᠨ ᠮᠠᠯ ᠰᠦᠷᠦᠭ ᠨᠢ ᠬᠤᠰᠢᠭᠤᠨ ᠤ ᠬᠡᠪᠴᠢᠶᠡᠨ ᠳᠤ | ᠲᠠᠷᠬᠠᠨ ᠪᠠᠯᠴᠢᠵᠣ᠂ ᠬᠤᠰᠢᠭᠤᠨ ᠤ ᠪᠦᠬᠦ ᠡᠷᠦᠭᠡ ᠶᠢᠨ ᠬᠠᠭᠠᠰ ᠠᠴᠠ ᠳᠡᠭᠡᠰᠢᠬᠢ ᠨᠢ ᠡᠨᠡ ᠰᠦᠮ᠎ᠡ ᠶᠢᠨ | ᠰᠦᠷᠦᠭᠴᠢᠨ ᠪᠣᠯᠵᠣ ᠪᠠᠶᠢᠪᠠ᠃ ᠮᠠᠯ ᠰᠦᠷᠦᠭ ᠨᠢ ᠬᠠᠮᠤᠭ ᠣᠯᠠᠨ ` ᠳᠠᠭᠠᠨ ᠲᠠᠪᠣᠨ ᠲᠦᠮᠡ ᠳᠤ ᠬᠦᠷᠴᠤ᠂ | ᠭᠠᠭᠴᠠ ᠲᠠᠬᠢᠯ ᠵᠢᠰᠢᠶ᠎ᠠ ᠶᠢᠨ ᠬᠤᠨᠢ ᠨᠢ ᠲᠦᠮᠡ ᠭᠦᠷᠴᠣ ᠪᠢᠯᠡ᠃ |