ᠡᠷᠲᠡᠨ ᠤ ᠵᠠᠮ ᠨᠡᠪᠳᠡᠷᠡᠯᠭᠡ
ᠨᠡᠶᠢᠲᠡᠯᠡᠭᠰᠡᠨ ᠴᠠᠭ᠄
2022/12/21
ᠡᠷᠲᠡᠨ ᠤ ᠵᠠᠮ ᠨᠡᠪᠳᠡᠷᠡᠯᠭᠡ   ᠡᠷᠲᠡᠨ ᠤ ᠵᠠᠮ ᠨᠡᠪᠳᠡᠷᠡᠯᠭᠡ ᠴᠢᠩ ᠤᠯᠣᠰ ᠤᠨ ᠡᠩᠬᠡ ᠠᠮᠣᠭᠤᠯᠠᠩ ᠤᠨ ᠦᠶ᠎ᠡ ᠳᠤ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠳᠤ ᠠᠷᠠᠯᠵᠢᠶ᠎ᠠ ᠬᠤᠳᠠᠯᠳᠤᠭᠠᠨ ᠤ ︽ᠴᠠᠢ ᠲᠤᠷᠭᠠᠨ ᠤ ᠵᠠᠮ︾ ᠭᠡᠵᠦ ᠨᠡᠪᠲᠡᠷᠡᠵᠡᠢ᠃ ᠡᠨᠡ ᠬᠦ ᠵᠠᠮ ᠨᠢ ᠣᠳᠣ ᠶᠢᠨ ᠬᠥᠬᠡᠬᠤᠲᠠ ᠠᠴᠠ ᠭᠠᠷᠴᠤ᠂ ᠦᠽᠦᠸᠠᠨ ᠰᠢᠶᠠᠨ ᠢᠶᠠᠷ ᠳᠠᠮᠵᠢᠨ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠪᠠᠳᠣᠬᠭᠠᠯᠠᠭ᠎ᠠ ᠪᠠᠯᠭᠠᠰᠤ ᠶᠢ ᠳᠠᠭᠠᠷᠢᠵᠤ᠂ ᠥᠷᠦᠮᠴᠢ ᠪᠣᠯᠤᠨ ᠲᠡᠭᠷᠢ ᠠᠭᠤᠯᠠ ᠶᠢᠨ ᠡᠮᠦᠨ᠎ᠡ ᠬᠤᠶᠢᠨ᠎ᠠ ᠬᠤᠷᠮᠤᠢ ᠳᠤ ᠬᠥᠷᠳᠡᠭ ᠪᠠᠶᠢᠪᠠ᠃ ᠲᠤᠰ ᠵᠠᠮ ᠢᠶᠠᠷ ᠬᠥᠬᠡᠬᠤᠲᠠ ᠶᠢᠨ ᠬᠡᠳᠦᠨ ᠲᠤᠮᠤ ᠫᠦᠰᠡ ᠪᠣᠯᠬᠤ ᠶᠢᠨ ᠱᠧᠩ ᠬᠦᠢ᠂ ᠶᠣᠸᠠᠨ ᠱᠧᠩ ᠳ᠋ᠧ᠂ ᠲᠢᠶᠡᠨ ᠢ ᠳ᠋ᠧ ᠶᠢᠨ ᠲᠡᠮᠡᠭᠡᠨ ᠵᠢᠩ ᠶᠠᠪᠤᠳᠠᠭ ᠪᠠᠶᠢᠵᠠᠢ᠃ ᠡᠳᠡᠭᠡᠷ ᠫᠦᠰᠡ ᠴᠢᠩ ᠣᠯᠤᠰ ᠤᠨ ᠡᠩᠬᠡ ᠠᠮᠣᠭᠤᠯᠠᠩ᠂ ᠨᠠᠶᠢᠷᠠᠯᠲᠤ ᠲᠥᠪ ᠤᠨ ᠵᠢᠯ ᠤᠳ ᠢᠶᠠᠷ ᠠᠷᠢᠯᠵᠢᠶᠠᠨ ᠤ ᠣᠶᠢᠯᠡᠰ ᠢᠶᠠᠨ ᠡᠬᠢᠯᠡᠭᠦᠯᠵᠦ᠂ ᠢᠷᠭᠡᠨ ᠤᠯᠣᠰ ᠤᠨ 18 ᠳ᠋ᠤᠭᠠᠷ ᠣᠨ ︵1929 ᠣᠨ﹀ ᠬᠦᠷᠬᠦ ᠳᠤ ᠪᠠᠭᠤᠷᠠᠯᠲᠠ ᠶᠢᠨ ᠴᠠᠭ ᠲᠠᠭᠠᠨ ᠣᠷᠤᠵᠤ᠂ 200 ᠭᠠᠷᠣᠢ ᠵᠢᠯ ᠤᠨ ᠲᠡᠦᠬᠡ ᠶᠢ ᠡᠭᠦᠳᠪᠡ᠃ ᠲᠡᠭᠷᠢ ᠳᠡᠳᠬᠦᠭᠴᠢ ᠶᠢᠨ ᠳᠥᠴᠢᠨ ᠵᠢᠷᠭᠤᠳᠣᠭᠠᠷ ᠣᠨ ︵1781 ᠣᠨ﹀ ᠪᠣᠯᠬᠤ ᠳᠤ ᠪᠠᠳᠣᠬᠠᠭᠠᠯᠭ᠎ᠠ ᠶᠢᠨ ᠰᠦᠮ᠎ᠡ ᠬᠡᠶᠢᠳ ᠬᠦᠭᠵᠢᠯᠲᠡ ᠶᠢᠨ ᠣᠷᠬᠢᠯ ᠳᠠᠭᠠᠨ ᠲᠣᠯᠵᠤ᠂ ᠪᠣᠷᠬᠠᠨ ᠨᠣᠮ ᠤᠨ ᠬᠥᠳᠡᠯᠭᠡᠭᠡᠨ ᠢᠶᠠᠷ ᠭᠤᠣᠯ ᠪᠣᠯᠭᠠᠨ ᠠᠷᠠᠯᠵᠢᠶ᠎ᠠ ᠮᠠᠶᠢᠮᠠᠢ᠂ ᠴᠡᠷᠢᠭ ᠲᠠᠶᠢᠨ᠂ ᠤᠮᠠᠷᠠᠲᠤ ᠤᠷᠤᠨ ᠤ ᠬᠠᠷᠢᠯᠴᠠᠭ᠎ᠠ ᠬᠤᠯᠪᠣᠭ᠎ᠠ᠂ ᠵᠠᠮ ᠨᠡᠪᠳᠡᠷᠡᠯᠭᠡ ᠶᠢᠨ ᠭᠤᠣᠯ ᠲᠥᠪᠯᠡᠷᠡᠯ ᠤᠨ ᠨᠢᠭᠡ ᠴᠢᠭ ᠪᠣᠯᠵᠤ ᠪᠠᠶᠢᠪᠠ᠃ ᠡᠭᠦᠨ ᠳᠤᠲᠣᠷ᠎ᠠ ᠰᠦᠢᠶᠣᠸᠠᠨ ᠠᠴᠠ ᠰᠢᠨᠵᠢᠶᠠᠩ ᠬᠦᠷᠬᠦ᠂ ᠰᠦᠢᠶᠣᠸᠠᠨ ᠠᠴᠠ ᠮᠣᠩᠭᠤᠯ ᠤᠯᠤᠰ ᠬᠦᠷᠬᠦ᠂ ᠴᠢᠯᠠᠭᠤᠯᠤᠯᠲᠤ ᠬᠠᠭᠠᠯᠭ᠎ᠠ ᠠᠴᠠ ᠪᠠᠳᠣᠬᠠᠭᠠᠯᠭ᠎ᠠ ᠬᠦᠷᠬᠦ᠂ ᠪᠠᠳᠣᠬᠠᠭᠠᠯᠭ᠎ᠠ ᠠᠴᠠ ᠲᠡᠮᠡᠭᠡᠲᠦ ᠬᠦᠷᠬᠦ ᠵᠠᠮ ᠨᠢ ᠭᠤᠣᠯ ᠱᠤᠭᠤᠮ ᠪᠣᠯᠵᠤ ᠪᠠᠶᠢᠵᠠᠢ᠃    
 
ᠢᠷᠡᠯᠲᠡ᠄ ᠰᠢᠭᠤᠶᠢᠲᠤ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号