ᠰᠢᠶᠣᠣ ᠴᠧᠩ ᠬᠤᠤ ᠶᠢᠨ ᠡᠷᠲᠡᠨ ᠤ ᠬᠤᠲᠠ
ᠨᠡᠶᠢᠲᠡᠯᠡᠭᠰᠡᠨ ᠴᠠᠭ᠄
2022/11/24
       ᠰᠢᠶᠣᠣ ᠴᠧᠩ ᠬᠤᠤ ᠶᠢᠨ ᠡᠷᠲᠡᠨ ᠤ ᠪᠠᠬᠢᠯᠡᠯᠲᠡ ᠪᠣᠯ ᠪᠠᠭ᠎ᠠ ᠣᠩᠭᠤᠨ ᠰᠢᠶᠠᠩ ᠤᠨ ᠰᠢᠶᠤᠤ ᠴᠧᠩ ᠬᠤᠤ ᠲᠤᠰᠬᠤᠨ ᠤ ᠪᠠᠷᠠᠭᠤᠨᠲᠠᠢ ᠪᠤᠢ᠃ ᠬᠤᠲᠠ ᠶᠢᠨ ᠤᠷᠴᠢᠮ ᠳᠤ ᠠᠭᠤᠯᠠ ᠨᠢᠷᠣᠭᠤ ᠦᠷᠭᠦᠯᠵᠢᠯᠡᠵᠦ᠂ ᠰᠢᠷᠠᠮᠦ᠋ᠷᠡᠨ ᠭᠤᠣᠯ ᠵᠠᠭᠦᠨᠳᠡᠭᠡᠬᠦᠷ ᠨᠢ ᠤᠶᠢᠷᠠᠬᠠᠨ ᠤᠷᠤᠰᠴᠤ ᠪᠠᠶᠢᠨ᠎ᠠ᠃ ᠡᠷᠲᠡᠨ ᠤ ᠬᠤᠲᠠ ᠨᠢ ᠤᠷᠲᠤ ᠳᠥᠷᠪᠡᠯᠵᠢᠨ ᠬᠡᠯᠪᠡᠷᠢᠲᠡᠢ᠂ ᠬᠡᠷᠡᠮ ᠤᠨ ᠦᠯᠡᠳᠡᠭᠳᠡᠯ ᠨᠢ ᠨᠡᠯᠢᠶᠡᠳ ᠲᠣᠳᠣᠷᠬᠠᠢ ᠬᠠᠷᠠᠭᠳᠠᠵᠤ᠂ ᠡᠮᠦᠨᠡᠰᠢ ᠬᠤᠶᠢᠰᠢ ᠪᠠᠨ 207 ᠮᠧᠳ᠋ᠷ᠂ ᠵᠡᠭᠦᠨᠰᠢ ᠪᠠᠷᠠᠭᠤᠨᠰᠢ ᠪᠠᠨ 90 ᠮᠧᠳ᠋ᠷ᠂ ᠣᠳᠤᠬᠢ ᠦᠨᠳᠦᠷ ᠨᠢ 3 ᠠᠴᠠ 4 ᠮᠧᠳ᠋ᠷ᠂ ᠥᠷᠭᠡᠨ ᠨᠢ 10 ᠮᠧᠳ᠋ᠷ ᠬᠢᠷᠢᠲᠡᠢ ᠪᠠᠶᠢᠨ᠎ᠠ᠃ ᠳᠥᠷᠪᠡᠨ ᠦᠨᠴᠦᠭ ᠲᠤᠨᠢ ᠠᠰᠠᠷ ᠪᠠᠶᠢᠭᠰᠠᠨ ᠪᠣᠯᠣᠯᠲᠠᠢ᠂ ᠳᠡᠮᠡᠢ ᠲᠣᠳᠤᠷᠬᠠᠢ ᠦᠭᠡᠢ᠃ ᠬᠤᠲᠠ ᠶᠢᠨ ᠳᠣᠲᠣᠷ᠎ᠠ ᠨᠢ ᠤᠳᠣ ᠡᠪᠡᠰᠦ ᠣᠷᠭᠤᠮᠠᠯ ᠢᠶᠠᠷ ᠬᠤᠴᠢᠭᠳᠠᠵᠤ᠂ ᠦᠯᠡᠳᠡᠭᠳᠡᠯ ᠶᠠᠭᠤᠮ᠎ᠠ ᠳᠡᠮᠡᠢ ᠬᠠᠷᠠᠭᠳᠠᠬᠤ ᠦᠭᠡᠢ᠃ ᠬᠠᠶᠠ ᠨᠢᠭᠡ ᠴᠠᠭᠠᠨ ᠰᠢᠷ ᠲᠠᠢ ᠸᠠᠭᠠᠷ ᠤᠨ ᠬᠡᠯᠳᠡᠷᠬᠡᠢ᠂ ᠰᠠᠭᠠᠷᠠᠯ ᠸᠠᠭᠠᠷ ᠤᠨ ᠬᠡᠯᠳᠡᠷᠬᠡᠢ ᠣᠯᠳᠠᠳᠠᠭ᠃      ᠲᠣᠰ ᠭᠠᠵᠠᠷ ᠤᠨ ᠠᠷᠠᠳ ᠤᠳ ᠬᠤᠲᠠ ᠶᠢᠨ ᠲᠣᠳᠣᠷᠠᠬᠢ ᠵᠡᠭᠦᠨ ᠬᠤᠶᠢᠲᠤ ᠪᠣᠯᠣᠩ ᠠᠴᠠ ᠴᠢᠯᠠᠭᠤᠨ ᠤᠭᠤᠷ᠂ ᠲᠡᠮᠦᠷ ᠠᠨᠵᠢᠰᠤ᠂ ᠲᠡᠮᠦᠷ ᠠᠷᠴᠢᠭᠤᠷ᠂ ᠨᠤᠭᠤᠭᠠᠨ ᠰᠢᠷ ᠬᠦᠶᠦᠯᠭᠡᠭᠰᠡᠨ ᠸᠠᠭᠠᠷ ᠤᠨ ᠬᠡᠯᠳᠡᠷᠬᠡᠢ ᠮᠠᠯᠲᠠᠵᠤ ᠭᠠᠷᠭᠠᠭᠰᠠᠨ ᠭᠡᠳᠡᠭ᠃ ᠬᠤᠲᠠ ᠶᠢᠨ ᠵᠡᠭᠦᠨᠲᠡᠢ ᠦᠨᠡᠰᠦᠨ ᠣᠪᠤᠭᠠᠨ ᠳᠡᠭᠡᠷ᠎ᠡ ᠠᠴᠠ ᠭᠠᠤᠯᠢᠨ ᠵᠣᠭᠤᠰ᠂ ᠠᠷᠪᠠᠨ ᠬᠤᠶᠠᠷ ᠵᠢᠯ ᠲᠠᠢ ᠭᠠᠤᠯᠢᠨ ᠫᠠᠶᠢᠰᠠ᠂ ᠭᠠᠤᠯᠢᠨ ᠲᠣᠯᠢ᠂ ᠮᠣᠷᠢᠨ ᠲᠣᠯᠤᠭᠠᠢ ᠶᠢᠨ ᠶᠠᠰᠦ᠂ ᠰᠠᠭᠠᠷᠠᠯ ᠸᠠᠭᠠᠷ ᠪᠣᠯᠣᠨ ᠡᠯᠳᠡᠪ ᠵᠦᠢᠯ ᠤᠨ ᠰᠢᠷ ᠪᠣᠳᠤᠭ ᠲᠠᠢ ᠸᠠᠭᠠᠷ ᠤᠨ ᠬᠡᠯᠳᠡᠷᠬᠡᠢ ᠣᠯᠤᠭᠰᠠᠨ ᠭᠡᠵᠤ ᠨᠣᠲᠤᠭ ᠤᠨ ᠬᠢᠨ ᠶᠠᠷᠢᠵᠤ ᠪᠠᠶᠢᠪᠠ    
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号