ᠮᠤᠬᠤᠷ ᠰᠣᠪᠤᠷᠭ᠎ᠠ ᠶᠢᠨ ᠡᠷᠲᠡᠨ ᠤ ᠬᠤᠲᠠ
ᠨᠡᠶᠢᠲᠡᠯᠡᠭᠰᠡᠨ ᠴᠠᠭ᠄
2022/11/24
       ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠡᠷᠳᠡᠨᠢ ᠤᠪᠣᠭ᠎ᠠ ᠰᠣᠮᠤᠨ ᠤ ᠬᠠᠰᠢᠶᠠᠲᠤ ᠭᠠᠴᠠᠭ᠎ᠠ ᠠᠴᠠ ᠵᠡᠭᠦᠨ ᠡᠮᠦᠨ᠎ᠡ ᠵᠦᠭ ᠲᠤ᠂ ᠡᠷᠲᠡᠨ ᠤ ᠠᠯᠲᠠᠨ ᠤᠯᠣᠰ ᠤᠨ ᠬᠢᠯᠢ ᠶᠢᠨ ᠭᠤᠣ ᠪᠠᠶᠢᠳᠠᠭ ᠪᠠ ᠲᠡᠭᠦᠨ ᠤ ᠡᠮᠦᠨ᠎ᠡ ᠪᠠᠶᠢᠬᠤ ᠮᠤᠬᠤᠷ ᠰᠣᠪᠤᠷᠭ᠎ᠠ ᠭᠡᠳᠡᠭ ᠣᠷᠤᠢ ᠨᠢ ᠳᠡᠭᠰᠢᠬᠡᠨ ᠠᠭᠤᠯᠠ ᠶᠢᠨ ᠵᠡᠭᠦᠨ ᠡᠮᠦᠨ᠎ᠡ᠂ ᠶᠣᠸᠠᠨ ᠣᠯᠣᠰ ᠤᠨ ᠦᠶ᠎ᠡ ᠶᠢᠨ ᠨᠢᠭᠡᠨ ᠡᠷᠲᠡᠨ ᠤ ᠬᠤᠲᠠ ᠶᠢᠨ ᠪᠠᠭᠤᠷᠢ ᠪᠠᠶᠢᠳᠠᠭ ᠶᠤᠮ᠃ ᠡᠭᠦᠨ ᠢ ᠨᠣᠲᠤᠭ ᠤᠨ ᠮᠠᠯᠴᠢᠳ ᠮᠤᠬᠤᠷ ᠰᠤᠪᠣᠷᠭ᠎ᠠ ᠭᠡᠳᠡᠭ ᠠᠭᠤᠯᠠ ᠶᠢᠨ ᠨᠡᠷ᠎ᠡ ᠪᠠᠷ ︽ᠮᠤᠬᠤᠷ ᠰᠣᠪᠤᠷᠭ᠎ᠠ ᠶᠢᠨ ᠬᠤᠲᠠ︾ ᠭᠡᠵᠤ ᠨᠡᠷᠡᠯᠡᠪᠡ᠃      ᠬᠤᠲᠠ ᠶᠢᠨ ᠪᠠᠷᠠᠭᠤᠨ ᠵᠡᠬᠦᠨ ᠬᠤᠶᠠᠷ ᠲᠠᠯ᠎ᠠ ᠪᠠᠷ ᠣᠷᠣᠰᠴᠣ ᠪᠠᠶᠢᠬᠤ ᠭᠤᠣᠯ ᠬᠤᠲᠠ ᠶᠢᠨ ᠵᠡᠭᠦᠨ ᠬᠤᠶᠢᠲᠠᠢ ᠨᠡᠶᠢᠯᠡᠳᠡᠭ᠃     ᠬᠤᠲᠠ ᠨᠢ ᠦᠨᠳᠦᠰᠦᠨ ᠳᠡᠭᠡᠨ ᠠᠭᠤᠯᠠ ᠶᠢᠨ ᠠᠷᠤ ᠪᠠᠷᠢᠵᠤ᠂ ᠡᠮᠦᠨᠡᠰᠢ ᠬᠠᠨᠳᠣᠭᠰᠠᠨ ᠲᠡᠭᠰᠢ ᠳᠥᠷᠪᠡᠯᠵᠢᠨ ᠬᠡᠯᠪᠡᠷᠢᠳᠠᠢ᠂ ᠲᠠᠯ᠎ᠠ ᠪᠦᠷᠢ ᠶᠢᠨ ᠤᠷᠲᠤ ᠨᠢ 500 ᠮᠧᠳ᠋ᠷ ᠣᠷᠴᠢᠮ᠂ ᠲᠥᠷᠪᠡᠨ ᠲᠠᠯ᠎ᠠ ᠶᠢᠨ ᠬᠡᠷᠡᠮ ᠤᠨ ᠦᠨᠳᠦᠷ ᠪᠣᠭᠤᠨᠢ ᠨᠢ ᠠᠳᠠᠯᠢ ᠦᠭᠡᠢ᠃ ᠬᠡᠷᠡᠮ ᠤᠨ ᠬᠠᠮᠤᠭ ᠥᠨᠳᠦᠷ ᠨᠢ 6 ᠮᠧᠳ᠋ᠷ᠂ ᠰᠠᠭᠤᠷᠢ ᠶᠢᠨ ᠥᠷᠭᠡᠨ ᠨᠢ 10 ᠭᠠᠷᠣᠢ ᠮᠧᠳ᠋ᠷ ᠪᠠᠶᠢᠨ᠎ᠠ᠃ ᠬᠤᠲᠠ ᠶᠢᠨ ᠬᠡᠷᠡᠮ ᠤᠨ ᠳᠥᠷᠪᠡᠨ ᠥᠨᠴᠦᠭ ᠨᠢ ᠪᠦᠷ ᠰᠢᠷᠤᠢ ᠶᠢᠨ ᠤᠪᠣᠭ᠎ᠠ ᠲᠠᠢ᠂ ᠤᠭ ᠲᠠᠭᠠᠨ ᠥᠨᠴᠦᠭ ᠤᠨ ᠠᠰᠠᠷ ᠪᠠᠶᠢᠭᠰᠠᠨ ᠪᠣᠯᠣᠯᠲᠠᠢ᠃ ᠬᠤᠲᠠ ᠶᠢᠨ ᠡᠭᠦᠳᠡ ᠶᠢᠨ ᠣᠷᠣ ᠨᠢ ᠳᠡᠮᠡᠢ ᠮᠡᠳᠡᠭᠳᠡᠬᠦ ᠦᠭᠡᠢ ᠪᠣᠯᠵᠠᠢ᠂ ᠡᠮᠦᠨ᠎ᠡ ᠬᠡᠷᠡᠮ ᠳᠤᠨᠢ ᠨᠢᠭᠡ ᠡᠭᠦᠳᠡ ᠪᠠᠶᠢᠭᠰᠠᠨ ᠪᠣᠯᠣᠯᠲᠠᠢ ᠰᠡᠲᠡᠷᠬᠡᠢ ᠲᠠᠢ᠃ ᠡᠭᠦᠳᠡᠨ ᠤ ᠪᠠᠨ ᠭᠠᠳᠠᠨ᠎ᠠ ᠨᠢ ᠪᠠᠰᠠ ᠬᠠᠯᠠᠬᠠᠪᠴᠢ ᠬᠡᠷᠡᠮ ᠪᠠᠶᠢᠭᠰᠠᠨ ᠮᠠᠶ᠋ᠢᠭᠲᠠᠢ ᠪᠠᠶᠢᠨ᠎ᠠ᠃ ᠬᠤᠲᠠ ᠶᠢᠨ ᠪᠠᠷᠠᠭᠤᠨ ᠬᠤᠶᠢᠲᠤ ᠬᠡᠷᠡᠮ ᠤᠨ ᠥᠨᠴᠦᠭ ᠨᠢ ᠣᠰᠤᠨ ᠳᠤ ᠣᠷᠤᠰᠬᠠᠭᠳᠠᠨ ᠪᠠᠯᠠᠷᠠᠵᠠᠢ᠃ ᠬᠤᠲᠠ ᠶᠢᠨ ᠲᠣᠳᠣᠷᠠᠬᠢ ᠪᠠᠷᠢᠯᠭ᠎ᠠ ᠶᠢᠨ ᠲᠤᠷᠤ ᠨᠢ ᠠᠳᠠ ᠲᠡᠨᠳᠡ ᠦᠭᠡᠢ ᠦᠵᠡᠭᠳᠡᠨ᠎ᠡ᠃ ᠭᠤᠣᠯ ᠪᠣᠯᠬᠤ ᠶᠡᠭᠡ ᠪᠠᠷᠢᠯᠭ᠎ᠠ ᠨᠤᠭᠤᠳ ᠨᠢ ᠡᠮᠦᠨ᠎ᠡ ᠠᠴᠠ ᠬᠤᠶᠢᠰᠢ ᠪᠠᠨ ᠬᠤᠲᠠ ᠶᠢᠨ ᠭᠤᠣᠯ ᠲᠡᠩᠬᠡᠯᠢᠭ ᠳᠡᠭᠡᠷ᠎ᠡ ᠪᠠᠨ ᠲᠥᠪᠯᠡᠷᠡᠵᠤ᠂ ᠬᠤᠲᠠ ᠶᠢᠨ ᠪᠠᠷᠠᠭᠤᠨ ᠬᠤᠶᠢᠨ᠎ᠠ ᠨᠢᠭᠡ ᠲᠣᠮᠣ ᠪᠠᠷᠢᠯᠭ᠎ᠠ ᠶᠢᠨ ᠲᠤᠷᠣ ᠬᠠᠷᠠᠭᠳᠠᠨ᠎ᠠ᠃ ᠲᠠᠯ᠎ᠠ ᠪᠦᠷᠢ ᠶᠢᠨ ᠤᠷᠲᠤ ᠨᠢ 30 ᠢᠯᠡᠭᠦᠣ ᠮᠧᠳ᠋ᠷ᠃ ᠲᠤᠷᠤ ᠶᠢᠨ ᠥᠨᠳᠦᠷ ᠨᠢ 5 ᠠᠴᠠ 6 ᠮᠧᠳ᠋ᠷ ᠰᠢᠷᠦᠢ ᠶᠢᠨ ᠤᠪᠣᠭᠠᠨ ᠳᠡᠭᠡᠷ᠎ᠡ ᠬᠤᠶᠠᠷ ᠵᠠᠰᠠᠭᠰᠠᠨ ᠴᠢᠯᠠᠭᠤ ᠪᠠᠶᠢᠬᠤ ᠪᠥᠭᠡᠳ ᠳᠡᠭᠡᠷ᠎ᠡ ᠨᠢ ᠲᠣᠭᠤᠨᠤᠯᠵᠢᠨ ᠵᠢᠷᠤᠭ ᠲᠠᠢ᠂ ᠪᠠᠰᠠ ᠸᠠᠭᠠᠷ ᠲᠣᠭᠤᠰᠬ᠎ᠠ ᠶᠢᠨ ᠬᠡᠮᠬᠡᠷᠬᠡᠢ᠂ ᠸᠠᠭᠠᠷ ᠤᠨ ᠬᠠᠯᠬᠠᠪᠴᠢ ᠵᠡᠷᠭᠡ ᠶᠠᠭᠤᠮᠠᠰ ᠬᠠᠷᠠᠭᠳᠠᠳᠠᠭ᠃       ᠡᠭᠦᠨ ᠠᠴᠠ ᠭᠠᠳᠠᠨ᠎ᠠ ᠬᠤᠲᠠ ᠳᠣᠲᠤᠷ᠎ᠠ ᠪᠠᠰᠠ ᠴᠢᠯᠠᠭᠤᠨ ᠲᠡᠭᠡᠷᠮ᠎ᠡ᠂ ᠴᠢᠯᠠᠭᠤᠨ ᠤᠭᠤᠷ ᠪᠣᠢ᠃ ᠬᠤᠲᠠ ᠠᠴᠠ ᠭᠠᠳᠠᠨᠠᠬᠢ ᠪᠠᠷᠢᠯᠭ᠎ᠠ ᠶᠢᠨ ᠣᠷᠣ ᠮᠥᠷ ᠭᠡᠪᠡᠯ᠂ ᠡᠮᠦᠨᠡᠰᠢ 500 ᠮᠧᠳ᠋ᠷ ᠤᠨ ᠬᠡᠪᠴᠢᠶᠡᠨ ᠳᠤ ᠴᠢᠯᠠᠭᠤᠨ ᠤᠭᠤᠷ᠂ ᠴᠢᠯᠠᠭᠤᠨ ᠲᠡᠭᠡᠷᠮ᠎ᠡ᠂ ᠴᠢᠯᠠᠭᠤᠨ ᠪᠣᠯᠤ᠂ ᠣᠷᠲᠣ ᠣᠬᠤᠷ ᠬᠠᠪᠲᠠᠭᠠᠢ ᠴᠢᠯᠠᠭᠤ᠂ ᠴᠢᠯᠠᠭᠤᠨ ᠲᠤᠯᠭᠠᠭᠤᠷᠢ ᠶᠢᠨ ᠰᠠᠭᠤᠷᠢ᠂ ᠸᠠᠭᠠᠷ ᠱᠠᠭᠠᠵᠠᠩ ᠤᠨ ᠬᠡᠮᠬᠡᠷᠭᠡᠢ ᠠᠷᠪᠢᠨ ᠦᠵᠡᠭᠳᠡᠵᠦ ᠪᠠᠶᠢᠨ᠎ᠠ᠃ ᠬᠤᠲᠠ ᠶᠢᠨ ᠵᠡᠭᠦᠨ ᠬᠤᠶᠢᠲᠤ ᠦᠨᠳᠦᠷᠯᠢᠭ ᠳᠡᠭᠡᠷ᠎ᠡ ᠨᠢᠭᠡ ᠪᠥᠯᠦᠭ ᠡᠷᠲᠡᠨ ᠤ ᠭᠡᠬᠦᠷ ᠣᠩᠭᠤᠨ ᠪᠤᠢ᠃ ᠣᠯᠠᠩᠬᠢ ᠬᠡᠭᠦᠷ ᠣᠩᠭᠤᠨ ᠳᠡᠭᠡᠷ᠎ᠡ ᠨᠢ ᠡᠷᠭᠡᠭᠦᠨ ᠱᠠᠰᠢᠨᠲᠠᠨ ᠤ ᠭᠡᠬᠦᠷ ᠳᠡᠭᠡᠷ᠎ᠡ ᠪᠣᠰᠬᠠᠳᠠᠭ ᠲᠣᠭᠤᠨᠣᠯᠵᠢᠨ ᠪᠣᠶᠣ ᠪᠠᠳᠮ᠎ᠠ ᠬᠤᠸᠠᠷᠲᠠᠢ ᠬᠦᠰᠢᠶ᠎ᠡ ᠴᠢᠯᠠᠭᠤ ᠲᠠᠢ ᠪᠢᠯᠡ᠃ ᠬᠤᠲᠠ ᠶᠢᠨ ᠪᠠᠷᠠᠭᠤᠨ ᠬᠤᠶᠢᠲᠤ ᠠᠭᠤᠯᠠ ᠶᠢᠨ ᠬᠤᠶᠢᠲᠤ ᠬᠤᠷᠮᠣᠢ ᠳᠤ ᠪᠠᠰᠠ ᠠᠷᠪᠢᠨ ᠬᠡᠭᠦᠷ ᠣᠩᠭᠤᠨ ᠪᠠᠶᠢᠪᠠ᠃ ᠡᠨᠡ ᠬᠦ ᠬᠤᠲᠠ ᠠᠯᠲᠠᠨ ᠣᠯᠤᠰ ᠤᠨ ᠬᠢᠯᠢ ᠶᠢᠨ ᠭᠤᠤ ᠶᠢᠨ ᠡᠮᠦᠨ᠎ᠡ ᠣᠶᠢᠷᠠᠬᠠᠨ ᠪᠠᠶᠢᠬᠤ ᠲᠤᠯᠠ ᠤᠭ ᠲᠠᠭᠠᠨ ᠠᠯᠲᠠᠨ ᠣᠯᠤᠰ ᠤᠨ ᠬᠢᠯᠢ ᠶᠢᠨ ᠭᠤᠤ ᠶᠢ ᠰᠠᠬᠢᠨ ᠰᠠᠭᠤᠵᠤ ᠪᠠᠶᠢᠭᠰᠠᠨ ᠬᠢᠯᠢ ᠶᠢᠨ ᠬᠤᠲᠠ ᠪᠣᠯᠬᠤ ᠪᠠᠷ ᠪᠠᠷᠠᠬᠤ ᠦᠭᠡᠢ ᠪᠠᠰᠠ ᠶᠣᠸᠠᠨ ᠣᠯᠤᠰ ᠤᠨ ᠦᠶ᠎ᠡ ᠶᠢᠨ ᠣᠩᠭᠤᠳ ᠠᠶᠢᠮᠠᠭ ᠤᠨ ᠬᠠᠷᠢᠶᠠᠨ ᠤ ᠬᠤᠲᠠ ᠤᠳ ᠤᠨ ᠨᠢᠭᠡ ᠨᠢ ᠪᠣᠯᠬᠤᠷ ᠨᠢ ᠲᠣᠳᠣᠷᠬᠠᠢ ᠪᠠᠶᠢᠨ᠎ᠠ᠃
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号