ᠲᠦᠢᠨ ᠯᠠᠮᠠ ᠶᠢᠨ ᠰᠦᠮ᠎ᠡ ︵ᠱᠠᠰᠢᠨ ᠠᠮᠣᠭᠤᠯᠠᠩᠲᠣ ᠰᠦᠮ᠎ᠡ﹀
ᠨᠡᠶᠢᠲᠡᠯᠡᠭᠰᠡᠨ ᠴᠠᠭ᠄
2022/11/24
      ᠲᠦᠢᠨ ᠯᠠᠮᠠ ᠶᠢᠨ ᠰᠦᠮ᠎ᠡ ᠶᠢ ᠲᠡᠭᠷᠢ ᠳᠡᠳᠭᠦᠭᠴᠢ ᠬᠠᠭᠠᠨ ᠤ ᠬᠤᠷᠢᠨ ᠬᠤᠶᠠᠳᠣᠭᠠᠷ ᠣᠨ ︿1757 ᠣᠨ﹀ ᠳᠤ ᠬᠠᠯᠬ᠎ᠠ ᠪᠠᠷᠠᠭᠤᠨ ᠭᠠᠷᠣᠨ ᠠᠶᠢᠮᠠᠭ ᠤᠨ ᠳᠦᠷᠪᠡᠳᠦᠭᠡᠷ ᠲᠦᠷᠢ ᠶᠢᠨ ᠵᠠᠰᠠᠭ ᠪᠠᠶᠢᠯᠡ ᠯᠠᠸᠠᠩᠳᠣᠷᠵᠢ ᠶᠢᠨ ᠲᠡᠭᠦᠤ ᠲᠦᠢᠨ ᠯᠠᠮᠠ ᠯᠣᠪᠰᠠᠩᠳᠠᠨᠵᠢᠨ ᠪᠠᠷᠢᠯᠭᠠᠴᠢᠨ ᠵᠣᠬᠢᠶᠠᠨ ᠪᠠᠶᠢᠭᠤᠯᠵᠣ᠂ ᠰᠠᠭᠤᠷᠢ ᠲᠠᠯᠪᠢᠭᠰᠠᠨ ᠢᠶᠠᠨ ᠨᠠᠢᠮᠠᠨ ᠵᠢᠯ ᠵᠠᠷᠣᠴᠠᠭᠤᠯᠵᠣ ᠪᠠᠶᠢᠭᠠᠳ ᠲᠡᠭᠷᠢ ᠳᠡᠳᠭᠦᠭᠴᠢ ᠬᠠᠭᠠᠨ ᠤ ᠭᠤᠴᠢᠳᠣᠭᠠᠷ ᠣᠨ ︵1765 ᠣᠨ﹀ ᠳᠤ ᠪᠠᠶᠢᠭᠤᠯᠵᠣ ᠪᠠᠷᠠᠭᠰᠠᠨ ᠶᠤᠮ᠃ ᠲᠡᠭᠷᠢ ᠳᠡᠳᠭᠦᠭᠴᠢ ᠬᠠᠭᠠᠨ ︽ᠱᠠᠰᠢᠨ ᠠᠮᠣᠭᠤᠯᠠᠩᠲᠣ ᠰᠦᠮ᠎ᠡ︾ ᠭᠡᠵᠦ ᠰᠣᠶᠣᠷᠬᠠᠨ ᠨᠠᠷᠠᠶᠢᠳᠴᠤ᠂ ᠮᠣᠩᠭᠤᠯ᠂ ᠮᠠᠨᠵᠤ᠂ ᠲᠥᠪᠡᠳ᠂ ᠬᠢᠲᠠᠳ ᠦᠰᠦᠭ ᠲᠠᠢ ᠢᠯᠡᠷᠬᠡᠶᠢᠯᠡᠯ ᠦᠭᠴᠡᠢ᠃ ᠲᠣᠬᠠᠢ ᠶᠢᠨ ᠦᠶ᠎ᠡ ᠳᠤ ᠰᠦᠮ᠎ᠡ ᠶᠢᠨ ᠯᠠᠮᠠ ᠶᠢ 35 ᠪᠠᠷ ᠬᠢᠵᠠᠭᠠᠷᠯᠠᠵᠤ ᠪᠠᠶᠢᠪᠠ᠃       ᠬᠠᠯᠬ᠎ᠠ ᠪᠠᠷᠠᠭᠤᠨ ᠭᠠᠷᠣᠨ ᠬᠤᠰᠢᠭᠤᠨ ᠤ ᠬᠠᠷᠢᠶᠠᠨ ᠳᠠᠬᠢ ᠭᠤᠷᠪᠠᠨ ᠶᠡᠭᠡ ᠰᠦᠮ᠎ᠡ ᠶᠢᠨ ᠨᠢᠭᠡ ︵ᠨᠦᠭᠦᠭᠡ ᠬᠤᠶᠠᠷ ᠨᠢ ᠪᠣᠶᠠᠨ ᠢ ᠪᠠᠳᠠᠷᠠᠭᠤᠯᠣᠭᠴᠢ ᠰᠦᠮ᠎ᠡ ᠪᠣᠯᠣᠨ ᠮᠥᠩᠬᠡ ᠪᠠᠶᠠᠰᠬᠤᠯᠠᠩᠲᠤ ᠰᠦᠮ᠎ᠡ﹀ ᠪᠣᠯᠬᠤ ᠡᠨᠡ ᠬᠦ ᠰᠦᠮ᠎ᠡ ᠶᠢ ᠡᠵᠡᠨ ᠬᠠᠭᠠᠨ ᠨᠡᠷ᠎ᠡ ᠰᠣᠶᠣᠷᠬᠠᠭᠰᠠᠨ ᠠᠴᠠ ᠬᠠᠭᠠᠨ ᠲᠥᠷᠦ ᠶᠢᠨ ᠲᠠᠩᠰᠠᠨ ᠳᠤ ᠲᠡᠮᠳᠡᠭᠯᠡᠭᠰᠡᠨ ᠶᠤᠮ᠃       ︽ᠱᠠᠰᠢᠨ ᠠᠮᠣᠭᠤᠯᠠᠩᠲᠣ ᠰᠦᠮ᠎ᠡ︾ ᠶᠢᠨ ᠳᠥᠷᠪᠡᠨ ᠲᠠᠪᠬᠤᠷ ᠴᠣᠭᠴᠢᠨ ᠳᠣᠭᠠᠩ᠂ ᠭᠤᠷᠪᠠᠨ ᠳᠠᠪᠬᠤᠷ ᠮᠠᠶᠢᠳᠠᠷᠢ ᠳᠣᠭᠠᠩ ᠢ ᠴᠦᠮ ᠬᠦᠭᠡ ᠴᠢᠯᠠᠭᠤ ᠪᠠᠷ ᠵᠡᠷᠭᠡᠯᠡᠵᠤ ᠪᠠᠷᠢᠭᠰᠠᠨ ᠠᠵᠢ᠃ ᠮᠠᠶᠢᠳᠠᠷᠢ ᠲᠣᠭᠠᠩ ᠳᠤ 32 ᠲᠳᠬᠤᠢ ᠥᠨᠳᠦᠷ ᠮᠠᠶᠢᠳᠠᠷᠢ ᠪᠣᠷᠠᠬᠨ ᠤ ᠱᠣᠭᠤᠮᠠᠯ ᠢ ᠲᠠᠬᠢᠵᠣ᠂ ᠭᠤᠷᠪᠠᠨ ᠳᠠᠪᠬᠤᠷ ᠱᠠᠳᠣᠨ ᠤ ᠬᠠᠪᠢ ᠳᠤ 10 ᠲᠣᠬᠤᠢ ᠥᠨᠳᠦᠷ ᠴᠠᠭᠳᠠᠷ ᠪᠣᠷᠬᠠᠨ᠂ ᠲᠠᠮᠷᠢᠨ ᠪᠣᠷᠬᠠᠨ ᠪᠣᠯᠣᠨ ᠱᠠᠭᠵᠠᠮᠣᠨᠢ ᠶᠢᠨ ᠨᠠᠢᠮᠠᠨ ᠱᠠᠪᠢ ᠶᠢᠨ ᠰᠢᠪᠠᠷ ᠱᠣᠭᠤᠮᠠᠯ ᠢ ᠲᠠᠬᠢᠵᠤ ᠪᠠᠶᠢᠪᠠ᠃ ᠪᠠᠰᠠ ᠲᠡᠮᠦᠷ ᠬᠢᠨᠵᠢ ᠪᠠᠷ ᠬᠢᠨᠵᠢᠯᠡᠭᠰᠡᠨ ᠲᠦᠷᠪᠡᠨ ᠲᠣᠬᠤᠢ ᠥᠨᠳᠦᠷ ᠮᠠᠶᠢᠳᠠᠷᠢ ᠪᠣᠷᠬᠠᠨ ᠤ ᠭᠠᠤᠯᠢᠨ ᠱᠣᠭᠤᠮᠠᠯ ᠢ ᠳᠠᠬᠢᠳᠠᠭ ᠪᠠᠶᠢᠪᠠ᠃ ᠠᠮᠠᠨ ᠶᠠᠷᠢᠶᠠᠨ ᠳᠤ ᠲᠦᠢᠨ ᠯᠠᠮᠠ ᠮᠥᠩᠬᠡ ᠵᠣᠣ ᠠᠴᠠ ᠵᠠᠯᠠᠵᠤ ᠠᠪᠴᠢᠷᠠᠭᠰᠠᠨ ᠡᠨᠡᠬᠦ ᠮᠠᠶᠢᠳᠠᠷᠢ ᠪᠣᠷᠬᠠᠨ ᠤ ᠭᠠᠣᠯᠢᠨ ᠱᠣᠭᠤᠮᠠᠯ ᠨᠢ ᠨᠢᠭᠡ ᠣᠳᠠᠭ᠎ᠠ ᠬᠤᠷᠢᠭᠠᠳ ᠭᠠᠵᠠᠷ ᠲᠤᠲᠠᠭᠠᠵᠤ ᠶᠠᠪᠣᠭᠰᠠᠨ ᠢ ᠲᠦᠢᠨ ᠯᠡᠮᠡ ᠨᠡᠬᠡᠵᠤ ᠬᠦᠢᠴᠡᠭᠡᠳ᠂ ᠮᠥᠷᠬᠦᠵᠣ ᠰᠥᠬᠦᠷᠡᠨ ᠭᠤᠶᠣᠵᠣ ᠳᠠᠬᠢᠨ ᠵᠠᠯᠠᠵᠤ ᠠᠪᠴᠢᠷᠠᠭᠰᠠᠨ ᠢᠶᠠᠨ ᠬᠢᠨᠵᠢᠯᠡᠭᠰᠡᠨ ᠶᠤᠮ ᠭᠡᠳᠡᠭ᠃       ᠲᠣᠰ ᠰᠦᠮ᠎ᠡ ᠳᠤ ᠯᠤᠪᠰᠠᠩᠳᠠᠨᠵᠢᠨ᠂ ᠵᠠᠮᠢᠶᠠᠨᠳᠠᠨᠵᠢᠨ᠂ ᠭᠠᠯᠰᠠᠩᠳᠠᠨᠵᠢᠨᠸᠠᠩᠵᠢᠯᠨᠢᠮ᠎ᠠ᠂ ᠭᠠᠯᠰᠠᠩ ᠨᠢ ᠬᠠᠮᠪᠤ ᠯᠠᠮᠠ ᠪᠣᠯᠵᠤ ᠥᠩᠭᠡᠷᠡᠵᠡᠢ᠃ ᠬᠠᠶᠢᠷᠣᠪᠵᠠᠮᠰᠣ ᠲᠠᠪᠣᠳᠣᠭᠠᠷ ᠳᠦᠷᠢ ᠶᠢᠨ ᠬᠠᠮᠪᠤ ᠪᠤᠯᠵᠤ ᠪᠠᠶᠢᠬᠤ ᠦᠶ᠎ᠡ ᠳᠤ ︽ᠬᠠᠮᠪᠤ ᠲᠦᠢᠨ ᠯᠠᠮᠠ︾ ᠭᠡᠵᠣ ᠴᠣᠯᠠᠯᠠᠭᠰᠠᠨ ᠪᠢᠯᠡ᠃ ᠬᠦᠮᠦᠰ ᠲᠡᠭᠦᠨ ᠢ ᠲᠦᠢᠨ ᠯᠠᠮᠠ ᠭᠡᠵᠣ ᠳᠠᠭᠤᠳᠠᠵᠣ ᠪᠠᠶᠢᠭᠰᠠᠭᠠᠷ ᠵᠠᠩᠰᠢᠵᠤ᠂ ᠰᠦᠮ᠎ᠡ ᠶᠢ ᠨᠢ ᠴᠦ ᠲᠦᠢᠨ ᠯᠠᠮᠠ ᠶᠢᠨ ᠰᠦᠮ᠎ᠡ ᠭᠡᠬᠦ ᠪᠣᠯᠵᠠᠢ᠃      ︽ᠱᠠᠰᠢᠨ ᠠᠮᠣᠭᠤᠯᠠᠩᠲᠣ ᠰᠦᠮ᠎ᠡ︾ ᠳᠤ ᠡᠩ ᠤᠨ ᠦᠶ᠎ᠡ ᠳᠤ 160 ᠭᠠᠷᠣᠢ ᠯᠠᠮᠠ ᠪᠠᠶᠢᠳᠠᠭ ᠪᠣᠯᠪᠠᠴᠤ ᠬᠤᠷᠠᠯ ᠬᠤᠷᠠᠬᠤ ᠦᠶ᠎ᠡ ᠳᠤ 400 ᠭᠠᠷᠣᠢ ᠯᠠᠮᠠ ᠬᠤᠷᠠᠵᠣ ᠴᠣᠭᠯᠠᠳᠠᠭ ᠪᠠᠶᠢᠵᠠᠢ᠃ ᠲᠤᠰ ᠰᠦᠮ᠎ᠡ ᠵᠢᠯ ᠪᠦᠷᠢ  ᠶᠢᠨ ᠪᠢᠳᠡᠭᠦᠨ᠂ ᠰᠢᠨ᠎ᠡ ᠶᠢᠨ ᠨᠢᠭᠡᠨ ᠳᠤ ᠰᠢᠨ᠎ᠡ ᠵᠢᠯ ᠢ ᠣᠭᠲᠣᠬᠤ ᠬᠤᠷᠠᠯ ᠬᠤᠷᠠᠳᠠᠭ᠃ ᠵᠢᠯ ᠪᠦᠷᠢ ᠶᠢᠨ ᠪᠢᠯᠢᠭ  ᠤᠨ ᠣᠯᠠᠷᠢᠯ ᠤᠨ ᠲᠣᠯᠣᠳᠣᠭᠠᠷ ᠰᠠᠷ᠎ᠠ ᠶᠢᠨ ᠠᠷᠪᠠᠨ ᠳᠤ ᠮᠠᠶᠢᠳᠠᠷᠢ ᠶᠢᠨ ᠬᠤᠷᠠᠯ ᠬᠤᠷᠠᠵᠣ᠂ ᠬᠦᠷᠲᠡᠮ ᠵᠠᠯᠠᠵᠣ᠂ ᠲᠠᠷᠣᠯᠭ᠎ᠠ ᠬᠢᠳᠡᠭ᠃ ᠬᠤᠷᠠᠯ ᠬᠤᠷᠠᠵᠣ ᠪᠠᠶᠢᠭ᠎ᠠ ᠦᠶ᠎ᠡ ᠡᠯ᠎ᠡ ᠭᠠᠵᠠᠷ ᠠᠴᠠ ᠮᠠᠰᠢ ᠠᠷᠪᠢᠨ ᠰᠦᠰᠦᠭᠲᠡᠨ ᠮᠥᠷᠭᠦᠯ ᠬᠢᠬᠦ ᠪᠠᠷ ᠢᠷᠡᠳᠡᠭ᠃ ᠲᠣᠰ ᠬᠤᠰᠢᠭᠤᠨ ᠤ ᠪᠣᠰᠣᠳ ᠰᠦᠮ᠎ᠡ ᠳᠤ ᠬᠦᠷᠲᠡᠮ ᠦᠭᠡᠢ ᠲᠣᠯᠠ ᠵᠢᠯ ᠪᠦᠷᠢ ᠶᠢᠨ ᠪᠢᠯᠢᠭ ᠤᠨ ᠣᠯᠠᠷᠢᠯ ᠤᠨ ᠵᠢᠷᠭᠤᠳᠣᠭᠠᠷ ᠰᠠᠷ᠎ᠠ ᠶᠢᠨ ᠠᠷᠪᠠᠨ ᠵᠢᠷᠭᠤᠭᠠᠨ ᠤ ᠡᠳᠦᠷ ︽︿ᠪᠣᠶᠠᠨ ᠢ ᠪᠠᠳᠠᠷᠠᠭᠤᠯᠣᠭᠴᠢ ᠰᠦᠮ᠎ᠡ︾ ᠨᠢ ᠲᠣᠰ ᠰᠦᠮ᠎ᠡ ᠶᠢᠨ ᠭᠦᠷᠲᠡᠮ ᠢ ᠵᠠᠯᠠᠵᠤ ᠲᠠᠷᠣᠯᠭ᠎ᠠ ᠬᠢᠯᠭᠡᠳᠡᠭ ᠪᠠᠶᠢᠪᠠ᠃ ᠲᠣᠰ ᠰᠦᠮ᠎ᠡ ᠨᠢ ᠣᠷᠢᠳ ᠬᠤᠵᠢᠳ ᠶᠡᠭᠡ ᠷᠠᠰᠠᠩ ︿ᠭᠤᠣᠯ ᠲᠣᠭᠠᠩ﹀᠂ ᠪᠠᠷᠠᠭᠤᠨ ᠷᠠᠰᠠᠩ᠂ ᠸᠴᠢᠷᠪᠠᠨᠢ ᠲᠣᠭᠠᠩ᠂ ᠭᠧᠮᠫᠢ ᠰᠦᠮ᠎ᠡ ᠭᠡᠬᠦ ᠪᠠᠷᠢᠯᠭ᠎ᠠ ᠲᠠᠢ ᠪᠠᠷᠢᠵᠠᠢ᠃ ᠰᠦᠮ᠎ᠡ ᠪᠠᠶᠢᠭᠤᠯᠬᠤ ᠦᠶ᠎ᠡ ᠶᠢᠨ ᠣᠷᠠᠴᠣᠳ ᠪᠣᠯᠣᠨ ᠭᠤᠷᠪᠠᠳᠣᠭᠠᠷ ᠳᠦᠷᠢ ᠶᠢᠨ ᠬᠠᠮᠪᠤ ᠯᠠᠮᠠ ᠶᠢ ᠲᠣᠷᠠᠰᠬᠠᠬᠤ ᠶᠢᠨ ᠲᠥᠯᠦᠭᠡ ᠲᠣᠰ ᠰᠦᠮ᠎ᠡ ᠶᠢᠨ ᠴᠣᠭᠴᠢᠨ ᠲᠣᠭᠠᠩ  ᠶᠢᠨ ᠭᠤᠷᠪᠠᠳᠣᠭᠠᠷ ᠠᠰᠠᠷ ᠳᠡᠭᠡᠷ᠎ᠡ ᠣᠷᠠᠴᠣᠳ ᠤᠨ ᠬᠡᠷᠡᠭᠯᠡᠵᠤ ᠥᠩᠭᠡᠷᠡᠭᠰᠡᠨ ᠪᠠᠭᠠᠵᠢ᠂ ᠠᠶᠠᠭ᠎ᠠ ᠰᠠᠪᠬ᠎ᠠ ᠪᠣᠯᠣᠨ ᠭᠠᠷᠪᠠᠳᠣᠭᠠᠷ ᠳᠦᠷᠢ ᠶᠢᠨ ᠬᠠᠮᠪᠤ ᠯᠠᠮᠠ ᠶᠢᠨ ᠣᠷᠭ᠎ᠠ ︿ᠠᠳᠣᠭᠤ ᠬᠠᠷᠢᠭᠤᠯᠵᠣ ᠪᠠᠶᠢᠭᠠᠳ ᠮᠣᠷᠢᠨ ᠠᠴᠠ ᠪᠠᠨ ᠣᠶᠢᠴᠢᠵᠣ ᠲᠠᠭᠠᠯᠠᠯ ᠪᠣᠯᠣᠭᠰᠠᠨ ᠶᠤᠮ﹀ ᠵᠡᠷᠭᠡ ᠶᠢ ᠲᠠᠬᠢᠵᠣ ᠪᠠᠶᠢᠳᠠᠭ᠃      1932 ᠣᠨ ᠤ 6 ᠰᠠᠷ᠎ᠠ ᠳᠤ ᠶᠢᠰᠦᠳᠦᠭᠡᠷ ᠲᠦᠷᠢ ᠶᠢᠨ ᠪᠠᠨᠴᠢᠨ ᠡᠷᠳᠡᠨᠢ ᠪᠠᠳᠣᠬᠠᠭᠠᠯᠭ᠎ᠠ ᠪᠠᠷ ᠲᠠᠭᠠᠷᠢᠵᠤ ᠭᠠᠷᠬᠤ ᠳᠠᠭᠠᠨ ᠲᠣᠰ ᠰᠦᠮ᠎ᠡ ᠳᠤ ᠬᠦᠷᠴᠤ᠂ ᠨᠣᠮ ᠲᠠᠯᠪᠢᠵᠤ ᠥᠩᠭᠡᠷᠡᠵᠡᠢ᠃ ︽ᠱᠠᠰᠢᠨ ᠠᠮᠣᠭᠤᠯᠠᠩᠲᠣ ᠰᠦᠮ᠎ᠡ︾ ᠪᠠᠰᠠ ᠨᠡᠯᠢᠶᠡᠳ ᠠᠷᠪᠢᠨ ᠡᠷᠳᠡᠮᠲᠡᠨ ᠮᠡᠷᠭᠡᠵᠢᠯᠲᠡᠨ ᠬᠦᠮᠦᠵᠢᠬᠦᠯᠵᠦ ᠭᠠᠷᠭᠠᠭᠰᠠᠨ ᠶᠤᠮ᠃ ᠡᠭᠦᠨ ᠤ ᠳᠣᠲᠣᠷ᠎ᠠ ᠰᠣᠳᠪᠠ᠂ ᠰᠣᠳᠨᠠᠮ᠂ ᠴᠦᠢᠷᠣᠪ ᠵᠡᠷᠭᠡ ᠬᠡᠪᠰᠢ᠂ ᠲᠣᠷᠠᠯᠢᠭ᠂ ᠴᠢᠮᠠᠳᠳᠣᠷᠵᠢ᠂ ᠵᠠᠮᠪᠠᠯ ᠵᠡᠷᠭᠡ ᠨᠡᠷ᠎ᠡ ᠠᠯᠳᠠᠷ ᠲᠠᠢ ᠡᠮᠴᠢ ᠪᠣᠯᠣᠨ ᠬᠠᠶᠢᠮᠴᠤᠭ᠂ ᠰᠠᠩᠵᠠᠢ᠂ ᠣᠳᠰᠠᠷ᠂ ᠲᠦᠪᠳᠡᠨ ᠵᠡᠷᠭᠡ ᠣᠷᠠᠨ ᠵᠢᠷᠤᠭᠴᠢᠨ ᠪᠣᠢ᠃ ᠴᠢᠯᠦᠭᠡᠯᠡᠭᠳᠡᠬᠦ ᠠᠴᠠ ᠡᠮᠦᠨ᠎ᠡ᠂ ᠳᠠᠷᠬᠠᠨ ᠪᠠᠶᠢᠯᠠ ᠬᠤᠰᠢᠭᠤᠨ ᠤ ᠵᠡᠭᠦᠨ ᠰᠦᠮ᠎ᠡ ᠳᠤ ᠬᠠᠷᠢᠶᠠᠯᠠᠭᠳᠠᠬᠤ ᠲᠤᠰ ᠰᠦᠮ᠎ᠡ ᠳᠤ 600 ᠭᠠᠷᠣᠢ ᠪᠤᠳᠠ ᠮᠠᠯ᠂ 8000 ᠭᠠᠷᠣᠢ ᠪᠣᠭ ᠮᠠᠯ ᠲᠠᠢ ᠪᠠᠶᠢᠵᠠᠢ᠃ ᠲᠡᠷᠡ ᠦᠶ᠎ᠡ ᠳᠤ ᠰᠦᠮ᠎ᠡ  ᠶᠢᠨ ᠬᠡᠷᠡᠭ ᠮᠡᠳᠡᠭᠴᠢ ᠶᠢ ᠬᠤᠰᠢᠭᠤᠨ ᠶᠠᠮᠣᠨ ᠠᠴᠠ ᠲᠤᠮᠢᠯᠠᠵᠤ ᠪᠠᠶᠢᠪᠠ᠃ ︽ᠰᠣᠶᠣᠯ ᠤᠨ ᠶᠡᠭᠡ ᠬᠤᠪᠢᠰᠬᠠᠯ︾  ᠤᠨ ᠲᠣᠮᠳᠠ ︽ᠱᠠᠰᠢᠨ ᠠᠮᠣᠭᠤᠯᠠᠩᠲᠣ ᠰᠦᠮ᠎ᠡ︾ ᠦᠷᠡᠭᠳᠡᠵᠦ᠂ ᠦᠯᠡᠳᠡᠭᠳᠡᠯ ᠪᠠᠭᠤᠷᠢ ᠨᠢ ᠦᠨᠦ ᠶᠢᠨ ᠳᠠᠷᠬᠠᠨ ᠮᠣᠣᠮᠢᠩᠭᠠᠨ ᠬᠤᠯᠪᠣᠭᠠᠳᠣ ᠬᠤᠰᠢᠭᠤᠨ ᠤ ᠴᠠᠭᠠᠨ ᠣᠪᠣᠭ᠎ᠠ ᠰᠣᠮᠣᠨ ᠳᠤ ᠪᠣᠢ᠃ ᠣᠶᠢᠷ᠎ᠠ ᠶᠢᠨ ᠬᠡᠳᠦᠨ ᠵᠢᠯ ᠳᠤ ᠬᠤᠰᠢᠭᠤ ᠰᠤᠮᠤ ᠪᠠ ᠡᠷᠭᠦᠯᠴᠢᠳ ᠮᠥᠷᠭᠦᠯᠴᠢᠳ ᠤᠨ ᠴᠢᠷᠮᠠᠶᠢᠯᠭ᠎ᠠ ᠪᠠᠷ ᠰᠦᠮ᠎ᠡ ᠶᠢᠨ ᠭᠤᠷᠢᠶ᠎ᠠ ᠶᠢ ᠳᠠᠬᠢᠨ ᠪᠠᠶᠢᠭᠤᠯᠵᠤ᠂ ᠳᠣᠲᠤᠷ᠎ᠠ ᠨᠢ ᠬᠤᠣᠰ ᠰᠤᠪᠤᠷᠭ᠎ᠠ᠂ ᠮᠠᠨᠢ ᠶᠢᠨ ᠬᠦᠷᠳᠦ ᠵᠡᠷᠭᠡ ᠶᠢ ᠪᠣᠰᠬᠠᠪᠠ᠃
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号