ᠳᠠᠷᠠᠰᠤᠨ ᠬᠤᠳᠳᠤᠭ ᠤᠨ ᠡᠷᠲᠡᠨ ᠤ ᠬᠤᠲᠠ
ᠨᠡᠶᠢᠲᠡᠯᠡᠭᠰᠡᠨ ᠴᠠᠭ᠄
2022/11/24
ᠳᠠᠷᠠᠰᠤᠨ ᠬᠤᠳᠳᠤᠭ ᠤᠨ ᠡᠷᠲᠡᠨ ᠤ ᠬᠤᠲᠠ       ᠰᠢᠷᠡᠮᠦ᠋ᠷᠡᠨ ᠰᠤᠮᠤᠨ ᠤ ᠰᠢᠷᠠᠮᠦ᠋ᠷᠡᠨ ᠰᠦᠮ᠎ᠡ ᠠᠴᠠ ᠵᠡᠭᠦᠨᠰᠢ 14 ᠠᠴᠠ 15 ᠭᠠᠵᠠᠷ ᠤᠨ ᠪᠠᠷᠤᠭ ᠲᠠᠬᠢ ᠠᠭᠤᠯᠠ ᠶᠢᠨ ᠡᠩᠭᠡᠷ ᠳᠡᠭᠡᠷ᠎ᠡ ᠨᠢᠭᠡ ᠡᠷᠲᠡᠨ ᠤ ᠬᠤᠲᠠ ᠶᠢᠨ ᠪᠠᠭᠤᠷᠢ ᠪᠠᠶᠢᠳᠠᠭ᠃ ᠲᠣᠰ ᠭᠠᠵᠠᠷ ᠤᠨ ᠬᠢᠨᠢ ᠨᠡᠷ᠎ᠡ ᠪᠠᠷ ︽ᠳᠡᠷᠡᠰᠦᠨ ᠬᠤᠳᠳᠤᠭ ᠤᠨ ᠡᠷᠲᠡᠨ ᠤ ᠬᠤᠲᠠ︾ ᠭᠡᠵᠤ ᠨᠡᠷᠡᠯᠡᠵᠡᠢ᠃      ᠡᠨᠡᠬᠦ ᠬᠤᠲᠠ ᠶᠢ ᠨᠢᠭᠡᠨ ᠪᠢᠴᠢᠬᠠᠨ ᠠᠭᠤᠯᠠ ᠶᠢᠨ ᠡᠮᠦᠨ᠎ᠡ ᠡᠩᠭᠡᠷ ᠳᠡᠭᠡᠷ᠎ᠡ ᠪᠠᠶᠢᠭᠤᠯᠵᠤ᠂ ᠳᠥᠷᠪᠡᠨ ᠲᠠᠯ᠎ᠠ ᠶᠢᠨ ᠬᠡᠷᠡᠮ ᠨᠢ ᠯᠤᠤ ᠮᠡᠲᠦ ᠠᠭᠤᠯᠠ ᠶᠢᠨ ᠣᠷᠤᠭᠤ ᠰᠢᠪᠳᠤᠯᠤᠨ ᠪᠠᠭᠤᠵᠠᠢ᠃ ᠬᠤᠲᠠ ᠶᠢᠨ ᠳᠣᠮᠳᠠ ᠨᠢᠭᠡᠨ ᠬᠡᠷᠡᠮ ᠲᠠᠢ ᠡᠨᠡ ᠨᠢ ᠬᠤᠲᠠ ᠶᠢ ᠵᠡᠭᠦᠨ ᠪᠠᠷᠠᠭᠤᠨ ᠬᠤᠶᠠᠷ ᠬᠡᠰᠡᠭ ᠪᠣᠯᠭᠠᠨ ᠬᠤᠪᠢᠶᠠᠪᠠ᠃ ᠪᠠᠷᠠᠭᠤᠨ ᠬᠤᠲᠠ ᠨᠢ ᠬᠢᠷ᠎ᠠ ᠳᠡᠭᠡᠷ᠎ᠡ᠂ ᠵᠡᠭᠦᠨ ᠬᠤᠲᠠ ᠨᠢ ᠬᠢᠷ᠎ᠠ ᠲᠣᠣᠷ᠎ᠠ ᠪᠠᠶᠢᠷᠢᠰᠢᠵᠤ᠂ ᠬᠤᠲᠠ ᠶᠢᠨ ᠵᠡᠭᠦᠨ ᠲᠠᠯ᠎ᠠ ᠳᠤ ᠨᠢᠭᠡᠨ ᠡᠭᠦᠳᠡ ᠲᠠᠢ᠂ ᠡᠭᠦᠳᠡ ᠶᠢᠨ ᠭᠠᠳᠠᠨ᠎ᠠ ᠬᠠᠯᠬᠠᠪᠴᠢ ᠬᠡᠷᠡᠮ ᠪᠠᠶᠢᠭᠤᠯᠵᠠᠢ᠃ ᠬᠤᠲᠠ ᠶᠢᠨ ᠳᠣᠲᠣᠷ᠎ᠠ ᠪᠠᠨ ᠲᠤᠮᠤ ᠪᠠᠷᠢᠯᠭ᠎ᠠ ᠪᠠᠶᠢᠭᠰᠠᠨ ᠮᠠᠶ᠋ᠢᠭ ᠦᠭᠡᠢ᠂ ᠪᠠᠷᠤᠭ ᠮᠣᠩᠭᠤᠯ ᠭᠡᠷ ᠪᠣᠶᠣ ᠮᠠᠶᠢᠬᠠᠨ ᠮᠠᠶ᠋ᠢᠭ ᠤᠨ ᠳᠥᠭᠦᠮ ᠣᠷᠤᠨ ᠰᠠᠭᠤᠴᠠ ᠲᠠᠢ ᠪᠠᠶᠢᠭᠰᠠᠨ ᠨᠢ ᠭᠠᠷᠴᠠᠭ᠎ᠠ ᠦᠭᠡᠢ᠃ ᠲᠣᠰ ᠬᠤᠲᠠ ᠠᠴᠠ ᠪᠠᠷᠠᠭᠤᠨᠰᠢ ᠬᠤᠶᠠᠷ ᠭᠠᠵᠠᠷ ᠲᠤ ᠪᠠᠶᠢᠭ᠎ᠠ ᠲᠠᠯ᠎ᠠ ᠭᠠᠵᠠᠷ ᠢ ᠨᠣᠲᠤᠭ ᠤᠨ ᠬᠦᠮᠦᠰ ︽ᠪᠢᠴᠢᠭ ᠲᠠᠢ ᠵᠢᠯᠠᠭ᠎ᠠ︾ ᠭᠡᠵᠤ ᠲᠠᠭᠤᠳᠠᠳᠠᠭ᠃ ᠤᠭ ᠲᠠᠭᠠᠨ ᠠᠳᠡ ᠡᠷᠭᠦᠭᠡᠨ ᠱᠠᠰᠢᠨᠲᠠᠨ ᠤ ᠪᠣᠯᠠᠰᠢ ᠶᠢᠨ ᠨᠢᠭᠡ ᠴᠢᠯᠠᠭᠤ ᠪᠠᠶᠢᠭᠰᠠᠨ ᠨᠢ ᠠᠯᠠᠭ᠎ᠠ ᠪᠣᠯᠵᠠᠢ᠃ ᠤᠳᠣ ᠬᠦᠮᠦᠨ ᠤ ᠬᠦᠴᠦ ᠪᠠᠷ ᠵᠠᠰᠠᠪᠦᠷᠢ ᠤᠷᠤᠭᠤᠯᠤᠭᠰᠠᠨ ᠬᠤᠶᠠᠷ ᠲᠣᠬᠤᠢ ᠴᠢᠯᠠᠭᠤ ᠪᠣᠢ᠃ ᠡᠭᠦᠨ ᠠᠴᠠ ᠦᠵᠡᠬᠦ ᠳᠤ ᠡᠨᠡ ᠬᠦ ᠡᠷᠲᠡᠨ ᠤ ᠬᠤᠲᠠ ᠨᠢ ᠡᠷᠬᠡᠭᠦᠨ ᠱᠠᠰᠢᠨᠲᠠᠨ ᠲᠠᠢ ᠬᠤᠯᠪᠤᠭ᠎ᠠ ᠲᠠᠢ ᠪᠠᠶᠢᠭᠰᠠᠨ ᠨᠢ ᠳᠠᠮᠵᠢᠭ ᠦᠭᠡᠢ᠃    
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号