ᠳᠡᠭᠡᠳᠦ ᠰᠡᠭᠦᠵᠢ ᠰᠢᠶᠠᠩ ᠤᠨ ᠴᠧᠩ ᠬᠦᠷᠢᠶ᠎ᠡ ᠲᠣᠰᠬᠤᠨ ᠤ ᠡᠮᠦᠨ᠎ᠡ᠂ ᠬᠡᠪᠴᠢᠶ᠎ᠡ ᠪᠠᠷ ᠨᠠᠯᠢᠶᠡᠳ ᠶᠡᠭᠡ | ᠶᠣᠸᠠᠨ ᠣᠯᠣᠰ ᠤᠨ ᠦᠶ᠎ᠡ ᠶᠢᠨ ᠡᠷᠲᠡᠨ ᠤ ᠬᠤᠲᠠ ᠪᠠᠶᠢᠳᠠᠭ᠃ ᠭᠠᠵᠠᠷ ᠤᠨ ᠪᠠᠶᠢᠴᠠ ᠨᠢ ᠡᠩᠬᠦᠯ ᠲᠣᠩᠬᠤᠯ | ᠪᠠᠶᠢᠵᠤ᠂ ᠮᠤᠷᠤᠯᠵᠠᠨ ᠳᠠᠬᠢᠷᠯᠠᠭᠰᠠᠨ ᠬᠦᠢ ᠪᠤᠣ ᠡᠾᠧ ᠭᠤᠣᠯ ᠵᠡᠬᠦᠨᠲᠡᠭᠦᠷ ᠨᠢ ᠬᠤᠶᠢᠰᠢ ᠪᠠᠨ ᠣᠷᠣᠰᠴᠠᠢ᠃ | ᠬᠤᠲᠠ ᠨᠢ ᠲᠡᠭᠰᠢ ᠲᠥᠷᠪᠡᠯᠵᠢᠨ᠂ ᠠᠯᠬᠤᠵᠣ ᠬᠡᠮᠵᠢᠭᠰᠡᠨ ᠢᠶᠠᠷ ᠪᠠᠷᠤᠭ ᠲᠠᠯ᠎ᠠ ᠪᠦᠷᠢ ᠶᠢᠨ ᠣᠷᠲᠣ ᠨᠢ 500 ᠮᠧᠳ᠋ᠷ | ᠰᠢᠬᠠᠮ᠂ ᠬᠤᠲᠠ ᠶᠢᠨ ᠭᠠᠳᠠᠨ᠎ᠠ ᠬᠤᠶᠠᠷ ᠵᠣᠷᠪᠣᠰ ᠰᠡᠷᠭᠡᠶᠢᠯᠡᠯᠲᠡ ᠶᠢᠨ ᠭᠤᠣ ᠲᠠᠢ᠂ ᠭᠤᠤ ᠶᠢᠨ ᠲᠣᠲᠤᠷ᠎ᠠ ᠤᠰᠤ | ᠪᠠᠶᠢᠭᠰᠠᠨ ᠨᠢ ᠲᠣᠲᠣᠷᠬᠠᠢ᠂ ᠪᠠᠷᠣᠭᠯᠠᠬᠤ ᠳᠤ ᠬᠦᠢ ᠪᠤᠣ ᠡᠾᠧ ᠭᠤᠣᠯ ᠠᠴᠠ ᠣᠰᠤ ᠲᠠᠲᠠᠵᠣ ᠣᠷᠣᠭᠤᠯᠵᠤ | ᠪᠠᠶᠢᠭᠰᠠᠨ ᠪᠣᠯᠣᠯᠲᠠᠢ᠃ ᠬᠤᠲᠠ ᠶᠢᠨ ᠬᠡᠷᠡᠮ ᠤᠨ ᠦᠨᠳᠦᠷ ᠨᠢ 3 ᠮᠧᠳ᠋ᠷ ᠣᠷᠴᠢᠮ᠂ ᠵᠡᠭᠦᠨ ᠪᠠᠷᠠᠭᠤᠨ | ᠲᠠᠯ᠎ᠠ ᠳᠠᠭᠠᠨ ᠡᠭᠦᠳᠡ ᠲᠠᠢ᠂ ᠲᠥᠷᠪᠡᠨ ᠦᠨᠴᠦᠭ ᠲᠡᠭᠡᠨ ᠰᠢᠷᠤᠢ ᠶᠢᠨ ᠤᠪᠣᠭ᠎ᠠ ᠲᠠᠢ᠃ ᠡᠨᠡ ᠰᠢᠷᠣᠢ ᠶᠢᠨ | ᠣᠪᠣᠭ᠎ᠠ ᠨᠢ ᠪᠠᠷᠤᠭ ᠥᠨᠴᠥᠭ ᠤᠨ ᠠᠰᠠᠷ ᠤᠨ ᠦᠯᠡᠳᠡᠭᠳᠡᠯ ᠪᠣᠯᠣᠯᠲᠠᠢ᠃ ᠡᠷᠲᠡᠨ ᠤ ᠬᠤᠲᠠ ᠶᠢᠨ ᠪᠠᠶᠢᠷᠢ | ᠪᠠᠶᠢᠴᠠ ᠶᠢ ᠰᠢᠨᠵᠢᠬᠦ ᠳᠤ ᠰᠡᠷᠭᠡᠶᠢᠯᠡᠯᠳᠡ ᠶᠢᠨ ᠠᠷᠭ᠎ᠠ ᠬᠡᠮᠵᠢᠶ᠎ᠡ ᠶᠢ ᠶᠡᠭᠡ ᠠᠪᠴᠤ᠂ ᠪᠠᠲᠤ ᠪᠠᠬᠢ ᠬᠠᠮᠠᠭᠠᠯᠠᠯᠲᠠ ᠲᠠᠢ | ᠪᠠᠶᠢᠵᠠᠢ᠃ | ᠡᠨᠡ ᠬᠦ ᠬᠤᠲᠠ ᠶᠢᠨ ᠲᠤᠲᠣᠷ᠎ᠠ ᠡᠪᠡᠰᠦ ᠣᠷᠭᠤᠮᠠᠯ ᠪᠦᠷᠭᠦᠵᠣ᠂ ᠶᠠᠮᠠᠷ ᠨᠢᠭᠡᠨ ᠵᠦᠢᠯ ᠢ ᠣᠯᠬᠤ ᠳᠤ ᠪᠡᠷᠬᠡ | ᠪᠣᠯᠪᠠᠴᠤ ᠲᠤᠰ ᠭᠠᠵᠠᠷ ᠤᠨ ᠠᠷᠠᠳ ᠤᠳ ᠬᠤᠲᠠ ᠶᠢᠨ ᠵᠡᠭᠦᠨ ᠬᠤᠶᠢᠲᠣ ᠬᠡᠰᠡᠭ ᠲᠤ ᠮᠠᠯᠲᠠᠭᠰᠠᠨ ᠭᠠᠵᠠᠷ ᠠᠴᠠ | ᠠᠮᠢᠲᠠᠨ ᠤ ᠨᠢᠭᠤᠷ ᠤᠨ ᠲᠥᠷᠰᠦᠲᠡᠢ ᠸᠠᠭᠠᠷ ᠤᠨ ᠬᠠᠯᠬᠠᠪᠴᠢ ᠪᠣᠯᠤᠨ ᠰᠢᠷ ᠲᠠᠢ ᠸᠠᠭᠠᠷ ᠰᠠᠪᠠᠨ ᠤ ᠬᠡᠯᠲᠡᠷᠬᠡᠢ | ᠭᠠᠷᠪᠠ ᠭᠡᠵᠤ ᠬᠡᠯᠡᠯᠴᠡᠵᠦ ᠪᠠᠶᠢᠪᠠ᠃ | ᠡᠨᠡ ᠬᠤᠲᠠ ᠨᠢ ᠶᠣᠸᠠᠨ ᠣᠯᠣᠰ ᠤᠨ ᠶᠠᠮᠠᠷ ᠬᠤᠲᠠ ᠪᠣᠯᠬᠤ ᠶᠢ ᠲᠣᠷᠠᠳᠴᠣ ᠥᠩᠭᠡᠷᠡᠭᠰᠡᠨ ᠬᠦᠮᠦᠨ ᠦᠭᠡᠢ | ᠂ ᠭᠡᠳᠡᠯ᠎ᠡ ᠬᠤᠲᠠ ᠶᠢᠨ ᠪᠠᠬᠢᠯᠢᠭ᠌ ᠰᠡᠷᠭᠡᠶᠢᠯᠡᠯᠲᠠ ᠪᠣᠯᠣᠨ ᠣᠷᠣᠰᠢᠵᠤ ᠪᠠᠶᠢᠬᠤ ᠪᠠᠶᠢᠷᠢᠰᠢᠯ ᠠᠴᠠ ᠨᠢ ᠮᠠᠭᠠᠳᠯᠠᠵᠤ | ᠦᠵᠡᠪᠡᠯ ᠠᠯᠲᠠᠨ ᠣᠯᠣᠰ ᠤᠨ ᠰᠡᠭᠦᠯᠴᠢ ᠶᠢᠨ ᠶᠣᠸᠠᠨ ᠣᠯᠣᠰ ᠤᠨ ᠡᠬᠢᠨ ᠤ ᠦᠶ᠎ᠡ ᠶᠢᠨ ᠡᠦ ᠱᠠ ᠪᠠᠬᠢᠯᠡᠯᠲᠡ ︵乌 | 莎堡﹀︶ ᠪᠣᠯᠣᠯᠲᠠᠢ᠃ |