ᠰᠢᠷᠠᠮᠦ᠋ᠷᠡᠨ ᠰᠣᠮᠤᠨ ᠤ ᠡᠷᠲᠡᠨ ᠤ ᠬᠤᠲᠠ
ᠨᠡᠶᠢᠲᠡᠯᠡᠭᠰᠡᠨ ᠴᠠᠭ᠄
2022/11/24
      ᠰᠢᠷᠠᠮᠦ᠋ᠷᠡᠨ ᠰᠣᠮᠣ ᠠᠴᠠ ᠪᠠᠷᠠᠭᠤᠨᠰᠢ ᠳᠥᠷᠪᠡᠨ ᠭᠠᠵᠠᠷ ᠤᠨ ᠪᠠᠷᠤᠭ ᠲᠤ ᠪᠠᠯᠭᠠᠰᠤ ᠭᠡᠳᠡᠭ ᠡᠷᠲᠡᠨ ᠤ ᠬᠤᠲᠠ ᠪᠣᠢ᠃ ᠰᠢᠷᠠᠮᠦ᠋ᠷᠡᠨ ᠭᠤᠣᠯ᠂ ᠬᠤᠲᠠ ᠶᠢ ᠣᠷᠢᠶᠠᠵᠤ ᠭᠠᠷᠳᠠᠭ᠃ ᠡᠨᠡᠬᠦ ᠡᠷᠲᠡᠨ ᠤ ᠬᠤᠲᠠ᠂ ᠭᠤᠣᠯ ᠤᠨ ᠭᠤᠷᠪᠠᠯᠵᠢᠨ ᠬᠤᠶᠢᠭ ᠳᠡᠭᠡᠷ᠎ᠡ ᠪᠠᠶᠢᠷᠢᠯᠠᠵᠠᠢ᠃ ᠬᠤᠲᠠ ᠶᠢᠨ ᠬᠡᠷᠡᠮ ᠨᠢ ᠬᠡᠰᠡᠭ ᠲᠠᠰᠣᠷᠠᠵᠤ᠂ ᠬᠡᠰᠡᠭ ᠦᠷᠭᠦᠯᠵᠢᠯᠡᠵᠦ᠂ ᠬᠠᠮᠤᠭ ᠤᠨ ᠥᠨᠳᠦᠷ ᠨᠢ 3 ᠮᠧᠳ᠋ᠷ ᠠᠴᠠ ᠬᠡᠳᠦᠷᠡᠬᠦ ᠦᠭᠡᠢ᠂ ᠲᠠᠯ᠎ᠠ ᠪᠦᠷᠢ ᠶᠢᠨ ᠤᠷᠲᠤ ᠨᠢ ᠪᠠᠷᠤᠭ 400 ᠢᠯᠡᠭᠦᠣ ᠮᠧᠳ᠋ᠷ᠃ ᠲᠡᠭᠰᠢ ᠳᠥᠷᠪᠡᠯᠵᠢᠨ ᠬᠤᠲᠠ ᠪᠣᠯᠤᠨ᠎ᠠ᠃ ᠪᠠᠷᠠᠭᠤᠨ ᠪᠣᠯᠣᠨ ᠬᠤᠶᠢᠲᠣ ᠬᠤᠶᠠᠷ ᠲᠠᠯ᠎ᠠ ᠳᠠᠭᠠᠨ ᠡᠭᠦᠳᠡ ᠲᠠᠢ᠂ ᠬᠤᠶᠠᠷ ᠡᠭᠦᠳᠡᠨ ᠤ ᠪᠠᠨ ᠭᠠᠳᠠᠨ᠎ᠠ ᠲᠣᠰ ᠪᠦᠷᠢ ᠬᠤᠶᠠᠷ ᠰᠢᠷᠤᠢ ᠶᠢᠨ ᠤᠪᠣᠭ᠎ᠠ ᠪᠣᠢ᠃ ᠤᠭ ᠲᠠᠭᠠᠨ ᠪᠠᠷᠢᠯᠭ᠎ᠠ ᠪᠠᠶᠢᠵᠠᠢ᠃ ᠳᠥᠷᠪᠡᠨ ᠥᠨᠴᠦᠭ ᠲᠡᠭᠡᠨ ᠰᠢᠷᠤᠢ ᠶᠢᠨ ᠤᠪᠣᠭ᠎ᠠ ᠲᠠᠢ ᠠᠴᠠ ᠦᠵᠡᠪᠡᠯ ᠥᠨᠴᠦᠭ ᠤᠨ ᠠᠰᠠᠷ ᠪᠠᠶᠢᠭᠰᠠᠨ ᠨᠢ ᠮᠡᠳᠡᠨ᠎ᠡ᠃     ᠬᠤᠲᠠ ᠶᠢᠨ ᠳᠣᠲᠣᠷ᠎ᠠ ᠡᠪᠡᠰᠦ ᠣᠷᠭᠤᠮᠠᠯ ᠲᠦᠭᠦᠷᠴᠤ᠂ ᠬᠤᠲᠠ ᠶᠢᠨ ᠪᠠᠷᠠᠭᠤᠨ ᠡᠮᠦᠨ᠎ᠡ ᠬᠡᠰᠡᠭ ᠲᠤ ᠭᠤᠷᠪᠠᠨ ᠰᠢᠷᠤᠢ ᠶᠢᠨ ᠤᠪᠣᠭ᠎ᠠ ᠪᠣᠢ᠃ ᠲᠤᠬᠠᠢ ᠶᠢᠨ ᠦᠶ᠎ᠡ ᠳᠤ ᠲᠣᠮᠤ ᠪᠠᠷᠢᠯᠭ᠎ᠠ ᠪᠠᠶᠢᠭᠰᠠᠨ ᠪᠠᠶᠢᠬᠤ ᠶᠣᠰᠦᠲᠠᠢ᠃ ᠲᠡᠭᠦᠨ ᠤ ᠳᠡᠭᠡᠷ᠎ᠡ ᠨᠢ ᠬᠠᠪᠲᠠᠭᠠᠢ ᠸᠠᠭᠠᠷ᠂ ᠲᠠᠯ᠎ᠠ ᠸᠠᠭᠠᠷ ᠪᠣᠯᠣᠨ ᠴᠠᠭᠠᠨ ᠰᠢᠷ ᠲᠠᠢ ᠰᠠᠪᠠ ᠶᠢᠨ ᠬᠡᠯᠲᠡᠷᠬᠡᠢ ᠦᠵᠡᠭᠳᠡᠵᠦ ᠪᠠᠶᠢᠳᠠᠭ᠃      ᠡᠷᠲᠡᠨ ᠤ ᠬᠤᠲᠠ ᠶᠢᠨ ᠵᠡᠭᠦᠨ ᠬᠤᠶᠢᠨ᠎ᠠ ᠪᠠᠰᠠ ᠨᠢᠭᠡ ᠵᠢᠵᠢᠭ ᠬᠤᠲᠠ ᠪᠣᠢ᠃ ᠬᠤᠲᠠ ᠶᠢᠨ ᠳᠣᠮᠳᠠ ᠪᠠᠨ ᠬᠡᠷᠡᠮ ᠲᠠᠢ᠂ ᠬᠤᠶᠢᠨ᠎ᠠ ᠡᠮᠦᠨ᠎ᠡ ᠬᠤᠶᠠᠷ ᠬᠡᠰᠡᠭ ᠪᠣᠯᠣᠨ ᠬᠤᠪᠢᠶᠠᠭᠳᠠᠵᠣ᠂ ᠬᠤᠲᠠ ᠶᠢᠨ ᠳᠥᠷᠪᠡᠨ ᠥᠨᠴᠦᠭ ᠲᠤ ᠰᠢᠷᠦᠢ ᠶᠢᠨ ᠤᠪᠣᠭ᠎ᠠ ᠲᠠᠢ᠂ ᠪᠠᠷᠢᠯᠭ᠎ᠠ ᠪᠠᠶᠢᠭᠰᠠᠨ ᠨᠢ ᠭᠠᠷᠴᠠᠭ᠎ᠠ ᠦᠭᠡᠢ᠃ ᠬᠤᠲᠠ ᠶᠢᠨ ᠳᠣᠲᠤᠷ᠎ᠠ ᠰᠣᠶᠤᠯ ᠲᠡᠦᠬᠡ ᠶᠢᠨ ᠦᠯᠡᠳᠡᠭᠳᠡᠯ ᠭᠡᠮᠡᠷ ᠶᠠᠭᠤᠮ᠎ᠠ ᠦᠭᠡᠢ᠃ ᠲᠡᠷᠡ ᠨᠢ ᠶᠡᠭᠡ ᠬᠤᠲᠠ ᠲᠠᠢ ᠬᠠᠷᠢᠴᠠᠭ᠎ᠠ ᠲᠠᠢ᠂ ᠬᠦᠷᠢᠶ᠎ᠡ ᠬᠡᠪᠴᠢᠶ᠎ᠡ ᠭᠠᠵᠠᠷ ᠤᠨ ᠪᠠᠶᠢᠴᠠ ᠪᠠᠷ ᠨᠢ ᠪᠠᠷᠣᠭᠯᠠᠬᠤ ᠳᠤ ᠪᠠᠯᠭᠠᠰᠤ ᠬᠤᠲᠠ ᠶᠢᠨ ᠮᠣᠷᠢ ᠤᠨᠤᠭ᠎ᠠ᠂ ᠮᠠᠯ ᠲᠠᠵᠢᠭᠡᠪᠦᠷᠢ ᠶᠢ ᠲᠡᠵᠢᠭᠡᠵᠦ ᠬᠤᠷᠢᠳᠠᠭ ᠭᠠᠵᠠᠷ ᠪᠠᠶᠢᠭᠰᠠᠨ ᠪᠣᠯᠣᠯᠲᠠᠢ᠃
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号