ᠵᠦᠩᠬᠡᠨ ᠬᠠᠲᠤᠨ ᠪᠣᠯ ᠠᠯᠲᠠᠨ ᠬᠠᠨ ᠤ ᠬᠠᠲᠤᠨ᠂ ᠤᠮᠠᠷᠠᠲᠤ ᠶᠤᠸᠠᠨ ᠤᠯᠤᠰ ᠤᠨ ᠦᠶ᠎ᠡ ᠶᠢᠨ | ᠰᠢᠯᠭᠠᠷᠠᠭᠰᠠᠨ ᠡᠮᠡᠭᠲᠡᠢ ᠪᠠᠭᠠᠲᠤᠷ᠃ ᠲᠡᠷᠡ ᠮᠤᠩᠭᠤᠯ ᠦᠨᠳᠦᠰᠦᠳᠡᠨ ᠤ ᠬᠦᠭᠵᠢᠯ ᠮᠠᠨᠳᠤᠯ᠂ ᠮᠤᠩᠭᠤᠯ ᠪᠠ ᠬᠢᠲᠠᠳ | ᠂ ᠲᠦᠪᠡᠳ ᠵᠡᠷᠭᠡ ᠦᠨᠳᠦᠰᠦᠳᠡᠨ ᠨᠦᠭᠦᠳ ᠤᠨ ᠤᠯᠤᠰ ᠲᠦᠷᠦ᠂ ᠠᠵᠤ ᠠᠬᠤᠢ᠂ ᠰᠤᠶᠤᠯ ᠤᠨ ᠬᠠᠷᠢᠯᠴᠠᠭ᠎ᠠ᠂ | ᠪᠦᠯᠬᠦᠮᠳᠠᠯ ᠨᠢᠭᠲᠠᠷᠠᠯ᠂ ᠡᠬᠡ ᠣᠷᠣᠨ ᠤ ᠨᠢᠭᠡᠳᠦᠯ ᠳᠤ ᠯᠤᠲᠤ ᠶᠡᠭᠡ ᠭᠠᠪᠢᠶ᠎ᠠ ᠵᠢᠳᠭᠦᠯ ᠦᠵᠡᠭᠦᠯᠵᠡᠢ᠃ ᠲᠡᠤᠬᠡ | ᠰᠤᠳᠤᠷ ᠲᠤ ᠲᠡᠭᠦᠨ ᠢ ︽ᠰᠠᠨ ᠨᠢᠶᠠᠩᠽᠢ︾᠂ ︽ᠵᠦᠩ ᠱᠦᠨ ᠬᠠᠲᠤᠨ︾᠂ ︽ᠡᠷᠬᠡᠳᠦ ᠬᠠᠲᠤᠨ︾᠂ ︽ᠳ᠋ᠠᠷ᠎ᠠ | ᠡᠬᠡ ᠶᠢᠨ ᠬᠤᠪᠢᠯᠭᠠᠨ ᠠᠷᠢᠶ᠎ᠠ ᠳ᠋ᠠᠷ᠎ᠠ︾ ᠭᠡᠬᠦ ᠵᠡᠷᠭᠡ ᠶᠢᠨ ᠨᠡᠷ᠎ᠡ ᠴᠤᠯᠠ ᠪᠠᠷ ᠲᠡᠮᠳᠡᠭᠯᠡᠵᠦ ᠪᠠᠶᠢᠨ᠎ᠠ᠃ | ᠮᠤᠩᠭᠤᠯ ᠰᠣᠷᠪᠣᠯᠵᠢ ᠪᠢᠴᠢᠭ ᠲᠤ ᠵᠦᠩᠬᠡᠨ ᠬᠠᠲᠤᠨ ᠭᠡᠰᠡᠨ ᠴᠤᠯᠠ ᠲᠠᠢ ᠬᠠᠲᠤᠳ ᠣᠯᠠᠨ ᠭᠠᠷᠳᠠᠭ᠃ | ᠠᠯᠲᠠᠨ ᠬᠠᠨ ᠤ ᠬᠤᠯᠠ ᠶᠢᠨ ᠳᠡᠭᠡᠳᠦᠰ ᠮᠠᠨᠳᠤᠭᠤᠯᠢ ᠬᠠᠭᠠᠨ ᠤ ᠶᠡᠭᠡ ᠬᠠᠲᠤᠨ ᠢ ᠵᠦᠩᠬᠡᠨ ᠬᠠᠲᠤᠨ ᠭᠡᠳᠡᠭ᠃ | ᠠᠯᠲᠠᠨ ᠬᠠᠨ ᠲᠠᠢ ᠠᠳᠠᠯᠢ ᠴᠠᠭ ᠦᠶ᠎ᠡ ᠳᠤ ᠪᠠᠶᠢᠭᠰᠠᠨ ᠣᠷᠳᠤᠰ ᠤᠨ ᠪᠣᠱᠤᠭᠲᠤ ᠵᠢᠨᠦᠩ ᠤᠨ ᠬᠠᠲᠤᠨ ᠢ ᠪᠠᠰᠠ | ᠵᠦᠩᠬᠡᠨ ᠬᠠᠲᠤᠨ ᠭᠡᠳᠡᠭ᠃ ᠵᠦᠩᠭᠡᠨ ᠭᠡᠳᠡᠭ ᠨᠢ 15-16 ᠳ᠋ᠤᠭᠠᠷ ᠵᠠᠭᠤᠨ ᠤ ᠮᠤᠩᠭᠤᠯ ᠤᠨ ᠬᠠᠲᠤᠳ ᠤᠨ | ᠴᠤᠯᠠ ᠪᠠᠶᠢᠭᠰᠠᠨ᠃ ᠡᠨᠡ ᠴᠤᠯᠠ ᠶᠢᠨ ᠭᠠᠷᠤᠯ ᠨᠢ ᠬᠢᠲᠠᠳ ᠦᠭᠡ ᠭᠡᠳᠡᠭ ᠲᠤ ᠡᠷᠳᠡᠮᠳᠡᠳ ᠰᠠᠨᠠᠯ ᠨᠢᠭᠡᠳᠠᠢ ᠪᠠᠶᠢᠭ᠎ᠠ | ᠪᠣᠯᠪᠠᠴᠤ ᠴᠣᠬᠤᠮ ᠵᠦᠩ ᠭᠦᠩ ︵中宫 — ᠭᠤᠣᠯ ᠣᠷᠳᠤᠨ︶᠂ ᠵᠧᠩ ᠭᠦᠩ ︵正宫 — | ᠲᠦᠪ ᠣᠷᠳᠤᠨ︶ ᠬᠤᠶᠠᠷ ᠦᠭᠡᠨ ᠤ ᠠᠯᠢ ᠨᠢ ᠪᠣᠢ ᠭᠡᠳᠡᠭ ᠨᠢ ᠰᠠᠨᠠᠯ ᠵᠦᠷᠢᠯᠳᠦᠭᠰᠡᠭᠡᠷ ᠪᠠᠶᠢᠨ᠎ᠠ᠃ | ᠵᠦᠩᠬᠡᠨ ᠬᠠᠲᠤᠨ ᠪᠣᠯ ᠠᠯᠲᠠᠨ ᠬᠠᠨ ᠤ ᠭᠤᠷᠪᠠᠳᠤᠭᠠᠷ ᠬᠠᠲᠤᠨ᠂ ᠰᠤᠯᠠ ᠬᠠᠲᠤᠨ ᠭᠡᠵᠦ ᠲᠤᠬᠠᠢ ᠶᠢᠨ | ᠦᠶ᠎ᠡ ᠶᠢᠨ ᠨᠣᠮ ᠰᠤᠳᠤᠷ ᠲᠤ ᠲᠡᠮᠳᠡᠭᠯᠡᠵᠦ ᠪᠣᠢ᠃ ᠡᠶᠢᠮᠦ ᠤᠴᠢᠷ ᠠᠴᠠ ᠬᠢᠲᠠᠳ ᠤᠳ ᠰᠠᠨ ᠨᠢᠶᠠᠩᠽᠢ ᠭᠡᠵᠦ | ᠳᠠᠭᠤᠳᠠᠳᠠᠭ᠃ ᠬᠢᠲᠠᠳ ᠰᠤᠳᠤᠷ ᠲᠤ ᠲᠡᠭᠦᠨ ᠢ ᠪᠠᠰᠠ ᠡᠷᠬᠡᠳᠦ ᠬᠠᠲᠤᠨ ᠭᠡᠵᠦ ᠨᠡᠷᠡᠯᠡᠳᠡᠭ᠃ ᠡᠷᠬᠡᠳᠦ ᠭᠡᠳᠡᠭ ᠪᠣᠯ | ᠡᠷᠬᠡᠲᠡᠢ ᠭᠡᠰᠡᠨ ᠦᠭᠡ᠃ | ᠠᠯᠲᠠᠨ ᠬᠠᠨ᠂ ᠰᠡᠩᠭᠡ ᠲᠦᠭᠦᠷᠡᠩ ᠬᠠᠨ᠂ ᠨᠠᠮᠤᠲᠠᠢ ᠴᠦᠷᠦᠬᠡ ᠰᠡᠴᠡᠨ ᠬᠠᠨ ᠤ ᠦᠶ᠎ᠡ ᠳᠤ ᠵᠦᠩᠬᠡᠨ | ᠬᠠᠲᠤᠨ ᠪᠦᠷ ᠲᠦᠷᠦ ᠱᠠᠰᠢᠨ ᠤ ᠶᠡᠭᠡ ᠬᠡᠷᠡᠭ ᠲᠤ ᠣᠷᠣᠯᠴᠠᠵᠤ᠂ ᠶᠡᠭᠡ ᠡᠷᠬᠡ ᠠᠳᠬᠤᠵᠤ ᠪᠠᠶᠢᠭᠰᠠᠨ᠃ ᠡᠶᠢᠮᠦ | ᠤᠴᠢᠷ ᠠᠴᠠ ᠡᠷᠬᠡᠳᠦ ᠬᠠᠲᠤᠨ ᠨᠡᠷ᠎ᠡ ᠪᠣᠯ ᠲᠡᠭᠦᠨ ᠤ ᠪᠤᠲᠠᠲᠠᠢ ᠪᠠᠶᠢᠷᠢ ᠰᠠᠭᠤᠷᠢ ᠶᠢ ᠦᠨᠳᠦᠰᠦᠯᠡᠵᠦ ᠨᠡᠷᠡᠯᠡᠭᠰᠡᠨ | ᠪᠣᠯᠬᠤ ᠨᠢ ᠲᠣᠳᠣᠷᠬᠠᠢ᠃ ᠡᠷᠲᠡᠨ ᠤ ᠮᠣᠩᠭᠤᠯ ᠰᠣᠷᠪᠣᠯᠵᠢ ᠪᠢᠴᠢᠭ ᠲᠤ ᠡᠨᠡ ᠬᠠᠲᠤᠨ ᠢ ᠤᠶᠠᠨᠴᠤ ᠬᠠᠲᠤᠨ ᠭᠡᠵᠦ | ᠨᠡᠷᠡᠯᠡᠵᠦ ᠪᠠᠶᠢᠳᠠᠭ᠃ ᠡᠷᠳᠡᠨ ᠤ ᠮᠤᠩᠭᠤᠯ ᠪᠢᠴᠢᠭ ᠲᠤ ︽ᠨᠠ᠊︾ ᠢ ᠳᠤᠰᠤᠯ ᠦᠭᠡᠢ ᠪᠢᠴᠢᠳᠡᠭ ᠪᠣᠯᠬᠤᠷ ᠡᠨᠡ | ᠨᠡᠷ᠎ᠡ ᠶᠢ ︽ᠤᠶᠠᠨᠴᠤ᠂ ᠨᠣᠶᠠᠨᠴᠤ︾ ᠭᠡᠵᠦ ᠬᠤᠶᠠᠷ ᠣᠨᠳᠣᠤ ᠪᠠᠷ ᠤᠩᠰᠢᠵᠤ ᠪᠣᠯᠣᠨ᠎ᠠ᠃ ᠡᠶᠢᠮᠦ ᠠᠴᠠ ᠵᠦᠩᠬᠡᠨ | ᠬᠠᠲᠤᠨ ᠤ ᠨᠡᠷ᠎ᠡ ᠶᠢ ᠣᠳᠤ ᠶᠢᠨ ᠪᠢᠴᠢᠭ ᠲᠤ ᠤᠶᠠᠨᠴᠢ ᠬᠠᠲᠤᠨ ᠪᠣᠶᠣ ᠨᠣᠶᠠᠨᠴᠢ ᠬᠠᠲᠤᠨ ᠭᠡᠵᠦ ᠬᠤᠶᠠᠷ | ᠣᠨᠳᠣᠤ ᠪᠠᠷ ᠪᠢᠴᠢᠵᠦ᠂ ᠳᠠᠭᠤᠳᠠᠵᠤ ᠪᠠᠶᠢᠨ᠎ᠠ᠃ ︽ᠠᠯᠲᠠᠨ ᠬᠠᠨ ᠤ ᠲᠤᠭᠤᠵᠢ︾ ᠳᠤ ᠭᠠᠷᠬᠤ ᠨᠢᠭᠡ ᠪᠠᠳᠠᠭ | ᠰᠢᠯᠦᠭ ᠤᠨ ᠲᠣᠯᠣᠭᠠᠢ ᠬᠤᠯᠪᠣᠯᠲᠠ ᠨᠢ ︽ᠨᠠ᠊︾ ᠪᠠᠶᠢᠭᠰᠠᠨ ᠪᠦᠭᠡᠳ ᠡᠨᠡ ᠪᠠᠳᠠᠭ ᠰᠢᠯᠦᠭ ᠤᠨ ᠨᠢᠭᠡ ᠮᠦᠷ ᠢ | ᠵᠦᠩᠬᠡᠨ ᠬᠠᠲᠤᠨ ᠤ ᠨᠡᠷ᠎ᠡ ᠪᠠᠷ ᠡᠬᠢᠯᠡᠵᠦ ᠪᠠᠶᠢᠨ᠎ᠠ᠃ ᠡᠭᠦᠨ ᠠᠴᠠ ᠦᠵᠡᠬᠦ ᠳᠤ ᠨᠣᠶᠠᠨᠴᠢ ᠭᠡᠵᠦ ᠤᠩᠰᠢᠬᠤ | ᠪᠣᠯᠣᠮᠵᠢ ᠶᠡᠭᠡᠳᠡᠢ᠃ ᠭᠡᠪᠡᠴᠦ ᠵᠠᠷᠢᠮ ᠬᠦᠮᠦᠰ ᠤᠶᠠᠨᠴᠢ ᠬᠡᠵᠦ ᠦᠵᠡᠵᠦ ᠪᠠᠶᠢᠨ᠎ᠠ᠃ ᠡᠷᠬᠡᠳᠦ ᠬᠠᠲᠤᠨ ᠭᠡᠰᠡᠨ | ᠴᠤᠯᠠ ᠲᠠᠢ ᠬᠤᠯᠪᠣᠭᠳᠠᠭᠤᠯᠤᠨ ᠪᠣᠳᠣᠪᠠᠯ ᠨᠣᠶᠠᠨᠴᠢ ᠬᠠᠲᠤᠨ ᠭᠡᠵᠦ ᠤᠩᠰᠢᠪᠠᠯ ᠲᠠᠭᠠᠷᠠᠬᠤ ᠪᠠᠶᠢᠬ᠎ᠠ᠃ | ᠵᠦᠩᠬᠡᠨ ᠬᠠᠲᠤᠨ ᠪᠠᠷᠤᠭ 1550 ᠣᠨ ᠠᠴᠠ 1612 ᠣᠨ ᠤ ᠦᠶ᠎ᠡ ᠪᠠᠷ ᠠᠮᠢᠳᠤᠷᠠᠵᠤ ᠪᠠᠶᠢᠵᠠᠢ᠂ | ᠪᠣᠳᠣᠵᠤ ᠦᠵᠡᠪᠡᠯ ᠪᠠᠷᠤᠭ 63 ᠨᠠᠰᠤᠯᠠᠵᠠᠢ᠃ | ᠵᠦᠩᠬᠡᠨ ᠬᠠᠲᠤᠨ ᠢ ᠮᠤᠩᠭᠤᠯ ᠰᠤᠳᠤᠷ ᠲᠤ ᠪᠠᠰᠠ ᠤᠬᠠᠭᠠᠨ ᠰᠡᠴᠡᠨ ᠬᠠᠲᠤᠨ ᠭᠡᠵᠦ ᠦᠨᠳᠦᠷ | ᠦᠨᠡᠯᠡᠵᠦ ᠪᠣᠢ᠃ ᠬᠢᠲᠠᠳ ᠰᠤᠳᠤᠷ ᠲᠤ ᠵᠦᠩᠬᠡᠨ ᠬᠠᠲᠤᠨ ᠢ ᠴᠢᠷᠠᠶᠢᠯᠢᠭ ᠲᠦᠷᠦᠭᠰᠡᠨ᠂ ᠬᠤᠤᠰ ᠦᠭᠡᠢ ᠡᠮᠡᠭᠲᠡᠢ | ᠭᠡᠵᠦ ᠦᠨᠡᠯᠡᠬᠦ ᠶᠢᠨ ᠵᠡᠷᠭᠡᠴᠡᠭᠡ ᠬᠦᠮᠦᠰᠭᠡ ᠨᠢᠳᠦ ᠭᠡᠭᠡᠨ ᠲᠤᠩᠭᠠᠯᠠᠭ᠂ ᠬᠠᠴᠠᠷ ᠳᠡᠭᠡᠷ᠎ᠡ ᠪᠠᠨ ᠭᠤᠶᠣ ᠬᠦᠮᠦᠨ ᠤ | ᠬᠠᠷ᠎ᠠ ᠮᠡᠩᠭᠡ ᠲᠠᠢ᠂ ᠴᠢᠬᠢᠨ ᠳᠡᠭᠡᠨ ᠲᠣᠮᠣ ᠡᠭᠡᠮᠦᠭ ᠵᠡᠭᠦᠵᠦ᠂ ᠮᠤᠩᠭᠤᠯ ᠤᠨ ᠸᠠᠩ ᠲᠠᠢ ᠠᠳᠠᠯᠢ ᠴᠢᠬᠢᠷᠰᠦᠨ | ᠪᠦᠷᠭᠡ ᠡᠮᠦᠰᠴᠦ᠂ ᠳᠡᠭᠡᠷ᠎ᠡ ᠪᠠᠶ᠎ᠡ ᠳᠡᠭᠡᠨ ᠬᠦᠬᠡ ᠦᠩᠭᠡ ᠶᠢᠨ ᠣᠬᠤᠷ ᠬᠠᠨᠴᠤᠢ ᠲᠠᠢ ᠬᠦᠷᠮ᠎ᠡ ᠡᠮᠦᠰᠴᠦ᠂ ᠲᠤᠤᠷ᠎ᠠ | ᠪᠡᠶ᠎ᠡ ᠳᠡᠭᠡᠨ ᠤᠯᠠᠭᠠᠨ ᠦᠩᠭᠡ ᠶᠢᠨ ᠪᠠᠩᠵᠠᠯ ᠡᠮᠦᠰᠴᠦ᠂ ᠪᠦᠰᠡᠨ ᠳᠡᠭᠡᠨ ᠬᠢᠳᠤᠭ᠎ᠠ ᠵᠡᠭᠦᠵᠦ᠂ ᠭᠠᠷ ᠲᠠᠭᠠᠨ ᠴᠠᠭᠠᠨ | ᠦᠩᠭᠡ ᠶᠢᠨ ᠡᠷᠢᠬᠡ ᠠᠳᠬᠤᠭᠰᠠᠨ ᠭᠡᠵᠦ ᠨᠡᠯᠢᠶᠠᠳ ᠨᠠᠷᠢᠯᠢᠭ ᠲᠦᠷᠰᠦᠯᠡᠵᠡᠢ᠃ ᠡᠨᠡ ᠵᠢᠷᠤᠭᠯᠠᠯ ᠨᠢ ᠲᠦᠮᠡᠳ ᠲᠤ | ᠬᠠᠮᠤᠭ ᠤᠨ ᠠᠩᠬ᠎ᠠ ᠪᠠᠶᠢᠭᠤᠯᠤᠭᠰᠠᠨ ᠮᠠᠶᠢᠳᠠᠷᠢ ᠬᠡᠶᠢᠳ ᠤᠨ ᠬᠠᠨ᠎ᠠ ᠶᠢᠨ ᠵᠢᠷᠤᠭ ᠲᠠᠬᠢ ᠰᠠᠨ ᠨᠢᠶᠠᠩᠽᠢ ᠲᠠᠢ ᠮᠠᠰᠢ | ᠠᠳᠠᠯᠢᠬᠠᠨ ᠪᠠᠶᠢᠨ᠎ᠠ᠃ | ᠲᠡᠷᠡ ᠪᠠᠷ ᠶᠡᠭᠡ ᠰᠡᠴᠡᠨ ᠰᠡᠷᠭᠦᠯᠡᠩ᠂ ᠦᠨᠡᠨᠴᠢ ᠴᠠᠭᠠᠪᠤᠷ᠂ ᠡᠯᠪᠡᠷᠢᠯ ᠵᠢᠷᠤᠮᠲᠠᠢ ᠬᠦᠮᠦᠨ ᠪᠣᠯᠬᠤ | ᠮᠦᠷᠲᠡᠭᠡᠨ ᠮᠣᠷᠢ ᠤᠨᠤᠵᠤ᠂ ᠨᠣᠮᠤ ᠰᠤᠮᠤ ᠬᠠᠷᠪᠤᠬᠤ ᠳᠠᠭᠠᠨ ᠴᠠᠭᠠᠷᠠᠭᠰᠠᠨ᠂ ᠤᠬᠠᠭᠠᠨ ᠴᠢᠳᠠᠯ ᠬᠤᠤᠰᠯᠠᠭᠰᠠᠨ | ᠰᠦᠷᠡᠬᠡᠢ ᠪᠦᠰᠡᠭᠦᠢ᠃ ᠪᠢᠴᠢᠭ ᠰᠠᠶᠢᠨ ᠮᠡᠳᠡᠨ᠎ᠡ᠂ ᠮᠤᠩᠭᠤᠯ ᠪᠢᠴᠢᠭ ᠲᠤ ᠨᠡᠪᠲᠡᠷᠡᠭᠰᠡᠨ᠂ ᠣᠯᠠᠨ ᠤᠴᠢᠷ ᠲᠤ ᠪᠦᠷ | ᠨᠡᠪᠲᠡᠷᠡᠭᠰᠡᠨ᠃ | ᠬᠠᠨ ᠤ ᠬᠠᠲᠤᠨ ᠪᠠᠶᠢᠭᠰᠠᠨ ᠤᠴᠢᠷ ᠠᠴᠠ ᠲᠡᠷᠡ ᠪᠠᠷ ᠬᠠᠭᠠᠨ ᠢ ᠬᠠᠪᠰᠤᠷᠴᠤ᠂ ᠶᠡᠭᠡ ᠶᠠᠪᠤᠳᠠᠯ | ᠪᠦᠳᠦᠭᠡᠵᠦ ᠪᠠᠶᠢᠭᠰᠠᠨ ᠭᠡᠵᠦ ᠬᠢᠲᠠᠳ ᠰᠤᠳᠤᠷ ᠲᠤ ᠨᠡᠩ ᠨᠠᠷᠢᠨ ᠵᠦᠢᠯᠡᠰ ᠢ ᠴᠤ ᠲᠡᠮᠳᠡᠭᠯᠡᠵᠦ ᠪᠠᠶᠢᠳᠠᠭ᠃ | ᠡᠶᠢᠮᠦ ᠠᠴᠠ ᠲᠡᠷᠡ ᠪᠠᠷ ᠮᠤᠩᠭᠤᠯ ᠤᠨ ᠨᠡᠶᠢᠭᠡᠮ ᠤᠨ ᠤᠯᠤᠰ ᠲᠦᠷᠦ ᠶᠢᠨ ᠦᠨᠳᠦᠷ ᠪᠠᠶᠢᠷᠢᠨ ᠳᠤ ᠪᠠᠶᠢᠵᠡᠢ᠃ | ᠠᠯᠲᠠᠨ ᠬᠠᠨ ᠨᠠᠰᠤ ᠪᠠᠷᠠᠭᠰᠠᠨ ᠤ ᠰᠡᠭᠦᠯᠡᠷ ᠬᠤᠶᠠᠷ ᠭᠤᠷᠪᠠᠨ ᠵᠢᠯ ᠬᠠᠨ ᠣᠷᠣᠨ ᠳᠤ ᠰᠠᠭᠤᠭᠰᠠᠨ | ᠠᠯᠲᠠᠨ ᠬᠠᠨ ᠤ ᠬᠦᠤ ᠰᠡᠩᠭᠡ ᠬᠠᠨ ᠲᠠᠢ ᠤᠷᠤᠭᠯᠠᠵᠠᠢ᠃ ᠰᠡᠩᠭᠡ ᠳᠦᠭᠦᠷᠡᠩ 1586 ᠣᠨ ᠳᠤ ᠨᠠᠰᠤ | ᠪᠠᠷᠠᠭᠰᠠᠨ ᠤ ᠲᠠᠷᠠᠭ᠎ᠠ ᠰᠡᠩᠭᠡ ᠳᠦᠭᠦᠷᠡᠩ ᠤᠨ ᠬᠦᠤ ᠨᠠᠮᠤᠲᠠᠢ ᠴᠦᠷᠦᠭᠡ ᠰᠡᠴᠡᠨ ᠬᠠᠨ ᠤ ᠬᠠᠲᠤᠨ ᠪᠣᠯᠣᠭᠰᠠᠨ᠂ | ᠡᠨᠡ ᠦᠶ᠎ᠡ ᠳᠤ ᠵᠦᠩᠬᠡᠨ ᠬᠠᠲᠤᠨ ᠨᠢᠭᠡᠨᠲᠠ ᠭᠤᠴᠢᠨ ᠳᠣᠯᠤᠭ᠎ᠠ ᠬᠦᠷᠦᠭᠰᠡᠨ ᠪᠠᠶᠢᠯ᠎ᠠ᠃ | ᠨᠠᠮᠤᠲᠠᠢ ᠴᠦᠷᠦᠭᠡ ᠰᠡᠴᠡᠨ ᠬᠠᠨ 1607 ᠣᠨ ᠤ ᠦᠶ᠎ᠡ ᠪᠠᠷ ᠨᠠᠰᠤ ᠪᠠᠷᠠᠭᠰᠠᠨ᠂ ᠢᠩᠭᠢᠵᠦ ᠪᠣᠳᠤᠵᠤ | ᠦᠵᠡᠪᠡᠯ ᠵᠦᠩᠬᠡᠨ ᠬᠠᠲᠤᠨ ᠨᠠᠮᠤᠲᠠᠢ ᠴᠦᠷᠦᠭᠡ ᠲᠠᠢ ᠪᠠᠷᠤᠭ ᠬᠤᠷᠢᠨ ᠵᠢᠯ ᠬᠠᠮᠲᠤ ᠠᠮᠢᠳᠤᠷᠠᠭᠰᠠᠨ ᠪᠠᠶᠢᠨ᠎ᠠ᠃ | ᠡᠶᠢᠮᠦ ᠤᠴᠢᠷ ᠠᠴᠠ ᠵᠦᠩᠭᠡᠨ ᠬᠠᠲᠤᠨ ᠤ ᠠᠮᠢᠳᠤᠷᠠᠯ᠂ ᠦᠢᠯᠡ ᠠᠵᠢᠯᠯᠠᠭ᠎ᠠ ᠨᠢ ᠠᠯᠲᠠᠨ ᠬᠠᠨ᠂ ᠰᠡᠩᠭᠡ | ᠳᠦᠭᠦᠷᠡᠩ᠂ ᠨᠠᠮᠤᠲᠠᠢ ᠴᠦᠷᠦᠭᠡ ᠰᠡᠴᠡᠨ ᠬᠠᠨ ᠭᠤᠷᠪᠠᠨ ᠦᠶ᠎ᠡ ᠶᠢᠨ ᠲᠦᠮᠡᠳ ᠤᠨ ᠪᠤᠶᠤ ᠪᠠᠷᠠᠭᠤᠨ ᠭᠤᠷᠪᠠᠨ | ᠲᠦᠮᠡᠨ ᠤ ᠤᠯᠤᠰ ᠲᠦᠷᠦ ᠪᠠ ᠱᠠᠰᠢᠨ ᠤ ᠶᠡᠭᠡ ᠬᠡᠷᠡᠭ ᠲᠤ ᠣᠷᠣᠯᠴᠠᠵᠤ ᠪᠠᠶᠢᠭᠰᠠᠨ ᠶᠡᠭᠡ ᠡᠷᠬᠡ ᠲᠠᠷᠬᠠᠳᠠᠢ᠂ | ᠨᠣᠶᠠᠨᠴᠢ᠂ ᠠᠶᠢᠬᠤᠪᠳᠤᠷ ᠬᠠᠲᠤᠨ ᠪᠠᠶᠢᠭᠰᠠᠨ ᠪᠣᠯᠬᠤᠷ ᠮᠣᠩᠭᠤᠯᠴᠤᠳ ᠵᠦᠩᠭᠡᠨ ᠬᠠᠲᠤᠨ ᠭᠡᠵᠦ ᠦᠨᠳᠦᠷ | ᠦᠨᠡᠯᠡᠨ ᠪᠠᠰᠠ ᠶᠠᠩᠵᠤ ᠪᠦᠷᠢ ᠶᠢᠨ ᠬᠦᠨᠳᠦᠳᠭᠡᠯ ᠲᠣᠳᠣᠳᠬᠠᠯ ᠤᠨ ᠨᠡᠷ᠎ᠡ ᠵᠡᠭᠦᠯᠭᠡᠳᠡᠭ᠃ ᠲᠦᠪᠡᠳ ᠤᠨ ᠲᠡᠤᠭᠡᠨ | ᠳᠡᠭᠡᠷ᠎ᠡ ᠴᠦ ᠲᠡᠭᠦᠨ ᠢ ᠶᠡᠭᠡ ᠦᠨᠳᠦᠷ ᠦᠨᠡᠯᠡᠵᠦ᠂ ᠳ᠋ᠠᠷ᠎ᠠ ᠪᠤᠳᠢᠰᠸᠠ ᠶᠢᠨ ᠬᠤᠪᠢᠯᠭᠠᠨ ᠠᠷᠢᠶ᠎ᠠ ᠳ᠋ᠠᠷ᠎ᠠ ᠭᠡᠵᠦ᠂ | ᠬᠢᠲᠠᠳ ᠰᠤᠳᠤᠷ ᠲᠤ ᠵᠦᠩ ᠱᠦᠨ ᠹᠦ᠋ ᠷᠧᠨ ᠭᠡᠵᠦ ᠨᠡᠷᠡᠯᠡᠵᠦ ᠪᠠᠶᠢᠭᠰᠠᠨ᠂ ᠰᠢᠳᠤᠷᠭᠤ ᠬᠠᠲᠤᠨ ᠭᠡᠬᠦ ᠤᠳᠬ᠎ᠠ | ᠲᠠᠢ᠃ ᠲᠡᠷᠡ ᠦᠶ᠎ᠡ ᠳᠤ ᠵᠦᠩᠬᠡᠨ ᠬᠠᠲᠤᠨ ᠮᠤᠩᠭᠤᠯ᠂ ᠬᠢᠲᠠᠳ᠂ ᠲᠦᠪᠡᠳ ᠣᠷᠣᠨ ᠤ ᠤᠯᠤᠰ ᠲᠦᠷᠦ | ᠱᠠᠰᠢᠨ ᠳᠤ ᠶᠡᠭᠡ ᠨᠦᠯᠦᠭᠡᠲᠡᠢ ᠪᠠᠶᠢᠭᠰᠠᠨ ᠤᠴᠢᠷ ᠠᠴᠠ ᠲᠡᠭᠦᠨ ᠳᠤ ᠡᠶᠢᠮᠦ ᠣᠯᠠᠨ ᠬᠦᠨᠳᠦᠳᠦ ᠨᠡᠷ᠎ᠡ ᠴᠤᠯᠠ | ᠡᠷᠭᠦᠵᠦ ᠪᠠᠶᠢᠵᠠᠢ᠃ | ᠲᠡᠷᠡ ᠦᠶ᠎ᠡ ᠶᠢᠨ ᠮᠤᠩᠭᠤᠯᠴᠤᠳ ᠤᠨ ᠤᠷᠤᠭ ᠤᠨ ᠳᠦᠷᠢᠮ ᠳᠤ ᠵᠠᠯᠭᠠᠵᠤ ᠰᠠᠭᠤᠬᠤ ᠤᠷᠤᠭ ᠤᠨ | ᠳᠦᠷᠢᠮ ᠤᠨ ᠬᠡᠷᠡᠭᠵᠢᠭᠦᠯᠵᠦ ᠪᠠᠶᠢᠭᠰᠠᠨ᠃ ᠡᠨᠡ ᠳᠦᠷᠢᠮ ᠤᠨ ᠲᠣᠭᠲᠠᠭᠠᠯ ᠢᠶᠠᠷ ᠡᠴᠢᠭᠡ ᠨᠢ ᠦᠬᠦᠪᠡᠯ ᠦᠪᠡᠷ ᠤᠨ | ᠲᠦᠷᠦᠭᠰᠡᠨ ᠡᠬᠡ ᠠᠴᠠ ᠪᠣᠰᠤᠳ ᠡᠬᠡᠨᠡᠷ ᠤᠳ ᠲᠠᠢ ᠨᠢ ᠤᠷᠤᠭᠯᠠᠵᠤ ᠪᠣᠯᠣᠨ᠎ᠠ᠃ ᠠᠬ᠎ᠠ ᠳᠡᠭᠦᠤ ᠨᠠᠷ ᠨᠢ | ᠦᠩᠭᠡᠷᠡᠪᠡᠯ ᠡᠬᠡᠨᠡᠷ ᠤᠳ ᠲᠠᠢ ᠨᠢ ᠵᠠᠯᠭᠠᠵᠤ ᠰᠠᠭᠤᠨ᠎ᠠ᠃ ᠡᠨᠡ ᠮᠡᠲᠤ ᠶᠢᠨ ᠤᠷᠤᠭ ᠤᠨ ᠳᠦᠷᠢᠮ ᠳᠡᠯᠡᠬᠡᠢ ᠶᠢᠨ ᠡᠯ᠎ᠡ | ᠦᠨᠳᠦᠰᠦᠳᠡᠨ ᠳᠤ ᠨᠡᠶᠢᠳᠡᠮ ᠪᠠᠶᠢᠭᠰᠠᠨ᠃ | ᠤᠷᠤᠭ ᠪᠣᠯᠣᠨ ᠭᠡᠷ ᠪᠦᠯᠢ ᠪᠣᠯ ᠨᠡᠶᠢᠭᠡᠮ ᠤᠨ ᠠᠵᠤ ᠠᠬᠤᠢ ᠲᠠᠢ ᠨᠢᠭᠲᠠ ᠬᠤᠯᠪᠤᠭ᠎ᠠ ᠲᠠᠢ᠃ ᠡᠶᠢᠮᠦ | ᠤᠴᠢᠷ ᠠᠴᠠ ᠨᠢᠭᠡ ᠲᠠᠯ᠎ᠠ ᠪᠠᠷ ᠪᠡᠯᠪᠡᠰᠦᠨ ᠬᠤᠴᠤᠷᠤᠭᠰᠠᠨ ᠬᠦᠮᠦᠨ ᠢ ᠬᠠᠷᠠᠭᠠᠯᠵᠠᠬᠤ᠂ ᠨᠦᠬᠦᠭᠡ ᠲᠠᠯ᠎ᠠ ᠪᠠᠷ | ᠦᠮᠴᠢ ᠬᠦᠷᠦᠩᠭᠡ ᠪᠠᠨ ᠤᠯᠠᠮ ᠢᠯᠡᠭᠦᠤ ᠵᠠᠳᠠᠷᠠᠵᠤ ᠪᠤᠲᠠᠷᠠᠬᠤ ᠶᠢ ᠬᠤᠷᠢᠭᠯᠠᠵᠤ ᠰᠡᠷᠭᠡᠶᠢᠯᠡᠬᠦ ᠵᠡᠷᠭᠡ ᠶᠢᠨ | ᠨᠡᠶᠢᠭᠡᠮ ᠤᠨ ᠠᠴᠢ ᠲᠤᠰᠠ ᠲᠠᠢ ᠪᠠᠶᠢᠭᠰᠠᠨ ᠠᠴᠠ ᠲᠡᠷᠡ ᠦᠶ᠎ᠡ ᠶᠢᠨ ᠮᠤᠩᠭᠤᠯᠴᠤᠳ ᠡᠶᠢᠮᠦᠷᠬᠦᠤ ᠳᠦᠷᠢᠮ ᠢ | ᠬᠡᠷᠡᠭᠵᠢᠭᠦᠯᠵᠦ ᠪᠠᠶᠢᠭᠰᠠᠨ ᠪᠠᠶᠢᠨ᠎ᠡ᠃ | | |