ᠰᠠᠭᠠᠡᠭ ᠰᠡᠴᠡᠨ ᠪᠤᠯ ᠬᠢᠶᠠᠳ ᠠᠶᠢᠮᠠᠭ ᠤᠨ ᠪᠤᠷᠵᠢᠬᠢᠳ ᠤᠪᠤᠬᠲᠠᠨ᠃ ᠪᠠᠲᠦᠮᠦ᠋ᠡᠭᠬᠡ ᠲᠠᠶᠠᠨ ᠬᠠᠭᠠᠨ ᠤ | ᠭᠤᠷᠪᠠᠳᠤᠭᠠᠷ ᠬᠦᠪᠡᠬᠦᠨ ᠪᠠᠷᠰᠪᠤᠯᠤᠳ ᠤᠨ ᠬᠤᠶᠢᠴᠢ ᠪᠤᠯᠤᠨ᠎ᠠ᠃ 1604 ᠤᠨ ᠳᠤ ᠤᠷᠳᠤᠰ ᠤᠨ ᠦᠦᠰᠢᠨ | ᠬᠤᠰᠢᠭᠤᠨ ᠤ ᠶᠡᠭᠡ ᠰᠢᠪᠠᠷ ︵ᠤᠳᠤᠬᠢ ᠦᠦᠰᠢᠨ ᠬᠤᠰᠢᠭᠤᠨ ᠤ ᠱᠠᠷᠯᠢᠭ ᠰᠤᠮᠤᠨ ᠳᠤ ᠪᠤᠢ︶ ᠭᠡᠳᠡᠭ ᠭᠠᠵᠠᠷ ᠲᠤ | ᠲᠦᠷᠦᠵᠡᠢ᠃ ᠰᠠᠭᠠᠡᠭ ᠰᠡᠴᠡᠨ ᠤ ᠡᠯᠦᠨᠴᠡ ᠡᠪᠦᠭᠡ ᠬᠤᠲᠤᠭᠲᠠᠢ ᠰᠡᠴᠡᠨ ᠬᠤᠨᠭ᠌ ᠲᠠᠶᠢᠵᠢ ᠪᠤᠯ ᠠᠯᠳᠠᠷ ᠴᠤᠤ ᠲᠠᠢ | ᠬᠦᠮᠦᠨ ᠪᠤᠯᠬᠤ ᠶᠤᠮ᠃ ᠲᠡᠷᠡ ᠡᠷᠡᠯᠬᠡᠭ ᠪᠠᠭᠠᠲᠦᠷ ᠡᠷᠳᠡᠮ ᠮᠡᠳᠡᠯᠭᠡ ᠬᠤᠤᠰᠯᠠᠭᠰᠠᠨ ᠬᠦᠮᠦᠨ ᠪᠤᠯᠬᠤᠷ | ᠮᠤᠩᠭᠤᠯ ᠤᠨ ᠲᠦᠮᠡᠨ ᠵᠠᠰᠠᠭᠲᠦ ᠬᠠᠭᠠᠨ ᠤ ᠢᠲᠡᠭᠡᠯ ᠢ ᠤᠯᠵᠦ᠂ ᠵᠠᠰᠠᠭ ᠪᠠᠷᠢᠭᠴᠢ ᠲᠠᠪᠦᠨ ᠲᠦᠰᠢᠮᠡᠯ ᠤᠨ ᠬᠢᠨᠢ | ᠨᠢᠭᠡ ᠨᠢ ᠪᠤᠯᠵᠠᠢ᠃ | ᠬᠤᠲᠤᠭᠲᠠᠢ ᠰᠡᠴᠡᠨ ᠬᠤᠨᠭ᠌ ᠲᠠᠶᠢᠵᠢ 1576 ᠤᠨ ᠳᠤ ᠭᠤᠴᠢᠨ ᠲᠤᠯᠤᠭᠠᠨ ᠨᠠᠰᠦᠲᠠᠢ ᠳᠠᠭᠠᠨ | ᠠᠪᠠᠭ᠎ᠠ ᠠᠯᠲᠠᠨ ᠬᠠᠨ ᠲᠠᠢ ᠪᠠᠨ ᠵᠤᠯᠭᠤᠷᠠ ᠤᠴᠢᠭᠠᠳ᠄ ︽ᠳᠠᠯᠠᠢ ᠯᠠᠮᠠ ᠰᠤᠳᠨᠠᠮᠵᠠᠮᠰᠦ ᠶᠢ ᠵᠠᠯᠠᠵᠦ᠂ ᠡᠷᠲᠡᠨ ᠤ | ᠪᠤᠭᠲᠠ ᠬᠤᠪᠢᠯᠠᠢ ᠰᠠᠴᠡᠨ ᠬᠠᠭᠠᠨ ᠬᠤᠲᠤᠭᠲᠦ ᠫᠠᠭᠫᠠ ᠯᠠᠮᠠ ᠬᠤᠶᠠᠷ ᠤᠨ ᠶᠤᠰᠤᠭᠠᠷ ᠱᠠᠰᠢᠨ ᠲᠦᠷᠦ ᠶᠢ | ᠪᠠᠶᠢᠭᠤᠯᠪᠠᠰᠦ ᠭᠠᠢᠶ᠋ᠬᠠᠮᠰᠢᠭ ᠪᠤᠰᠦ ᠦᠦ︖︾ ᠭᠡᠵᠦ ᠰᠠᠨᠠᠭᠤᠯᠭ᠎ᠠ ᠭᠠᠷᠭᠠᠪᠠ᠃ ᠠᠯᠲᠠᠨ ᠬᠠᠨ ᠲᠡᠷᠡ ᠳᠠᠷᠦᠢ | ᠵᠦᠪᠰᠢᠶᠡᠷᠡᠵᠦ ᠳᠠᠯᠠᠢ ᠯᠠᠮᠠ ᠰᠤᠳᠨᠠᠮᠵᠠᠮᠰᠦ ᠶᠢ ᠵᠠᠯᠠᠵᠦ ᠢᠷᠡᠪᠡ᠃ ᠡᠶᠢᠮᠦ ᠠᠴᠠ ᠬᠤᠲᠤᠭᠲᠠᠢ ᠰᠡᠴᠡᠨ ᠬᠤᠨᠭ᠌ | ᠲᠠᠶᠢᠵᠢ ᠶᠢ ᠮᠤᠩᠭᠤᠯ ᠭᠠᠵᠠᠷ ᠲᠤ ᠰᠢᠷ᠎ᠠ ᠶᠢᠨ ᠱᠠᠰᠢᠨ ᠢ ᠲᠡᠯᠭᠡᠷᠡᠭᠦᠯᠬᠦ ᠳᠤ ᠭᠠᠪᠢᠶ᠎ᠠ ᠵᠢᠳᠭᠦᠯ ᠶᠡᠭᠡᠳᠡᠢ ᠭᠡᠮᠡᠨ ᠲᠠᠯᠠᠢ | ᠯᠠᠮᠠ ᠠᠴᠠ ᠲᠡᠭᠦᠨ ᠳᠤ ︽ᠴᠤᠭᠴᠠᠰ ᠤᠨ ᠵᠢᠷᠦᠭᠡᠨ ᠰᠡᠴᠡᠨ ᠬᠤᠨᠭ᠌ ᠲᠠᠶᠢᠵᠢ︾ ᠭᠡᠬᠦ ᠬᠦᠨᠳᠦᠳᠦ ᠴᠤᠯᠠ ᠡᠷᠭᠦᠪᠡ᠃ | ᠬᠤᠳᠤᠭᠳᠠᠢ ᠰᠡᠴᠡᠨ ᠬᠤᠨᠭ᠌ ᠲᠠᠶᠢᠵᠢ ᠶᠢᠨ ᠬᠦᠦ ᠦᠯᠵᠡᠢ ᠢᠯᠳᠤᠴᠢ ᠲᠠᠷᠬᠠᠨ ᠪᠠᠭᠠᠳᠤᠷ 1587 ᠤᠨ ᠳᠤ | ᠡᠴᠢᠭᠡ ᠶᠢᠨ ᠢᠶᠠᠨ ᠵᠡᠷᠭᠡ ᠬᠡᠷᠬᠡᠮ ᠢ ᠵᠠᠯᠭᠠᠮᠵᠢᠯᠠᠵᠤ ᠪᠠᠭᠠᠳᠤᠷ ᠰᠡᠴᠡᠨ ᠬᠤᠨᠭ᠌ ᠲᠠᠶᠢᠵᠢ ᠡᠷᠭᠦᠮᠵᠢᠯᠡᠭᠳᠡᠪᠡ᠃ | ᠲᠡᠭᠦᠨ ᠤ ᠬᠦᠪᠡᠭᠦᠨ ᠨᠢ ᠪᠠᠳᠤ ᠲᠠᠶᠢᠵᠢ ᠭᠡᠳᠡᠭ ᠶᠤᠮ᠃ ᠠᠷᠪᠠᠨ ᠲᠠᠪᠤᠨ ᠨᠠᠰᠤᠳᠠᠢ ᠳᠠᠭᠠᠨ ᠡᠴᠢᠭᠡ ᠶᠢᠨ ᠢᠶᠠᠨ | ᠪᠠᠭᠠᠳᠤᠷ ᠰᠡᠴᠡᠨ ᠬᠤᠨᠭ᠌ ᠲᠠᠶᠢᠵᠢ ᠴᠤᠯᠠ ᠶᠢ ᠵᠠᠯᠭᠠᠮᠵᠢᠯᠠᠵᠤ ᠵᠠᠰᠠᠭ ᠪᠠᠷᠢᠪᠠ᠃ ᠲᠠᠭᠦᠨ ᠤ ᠬᠦᠦ ᠨᠢ ᠰᠠᠭᠠᠡᠭ | ᠰᠡᠴᠡᠨ ᠬᠤᠨᠭ᠌ ᠲᠠᠶᠢᠵᠢ ᠪᠤᠯᠤᠨ᠎ᠠ᠃ | ᠰᠠᠭᠠᠡᠭ ᠰᠡᠴᠡᠨ ᠠᠷᠪᠠᠨ ᠨᠢᠭᠡᠨ ᠨᠠᠰᠤᠳᠠᠢ ᠳᠠᠭᠠᠨ ᠡᠴᠢᠭᠡ ᠶᠢᠨ ᠢᠶᠠᠨ ᠵᠡᠷᠭᠡ ᠬᠡᠷᠬᠡᠮ ᠢ ᠵᠠᠯᠭᠠᠮᠵᠢᠯᠠᠵᠤ | ᠬᠤᠨᠭ᠌ ᠲᠠᠶᠢᠵᠢ ᠡᠷᠭᠦᠮᠵᠢᠯᠡᠭᠳᠡᠭᠰᠡᠨ ᠪᠦᠭᠡᠳ ᠠᠷᠪᠠᠨ ᠲᠤᠯᠤᠭᠠᠨ ᠨᠠᠰᠤᠳᠠᠢ ᠳᠠᠭᠠᠨ ᠲᠦᠰᠢᠮᠡᠯ ᠰᠠᠭᠤᠵᠤ ᠵᠠᠰᠠᠭ | ᠪᠠᠷᠢᠪᠠ᠃ ᠰᠠᠭᠠᠡᠭ ᠰᠡᠴᠡᠨ ᠬᠤᠨᠭ᠌ ᠲᠠᠶᠢᠵᠢ ᠵᠠᠰᠠᠭ ᠪᠠᠷᠢᠭᠰᠠᠨ ᠲᠠᠷᠡ ᠵᠢᠯ ︵1621︶ ᠳᠤ ᠲᠡᠮᠡᠭᠡᠳᠦ ᠬᠤᠳᠠ ︵ | ᠤᠳᠤᠬᠢ ᠱᠠᠨ ᠰᠢ ᠮᠤᠵᠢ ᠶᠢᠨ ᠢᠤᠢ ᠯᠢᠨ ᠬᠤᠳᠠ︶ ᠳᠤ ᠲᠦᠷᠦ ᠶᠢᠨ ᠬᠡᠷᠡᠭ ᠢᠶᠠᠷ ᠤᠴᠢᠭᠰᠠᠨ ᠵᠢᠷᠠᠨ ᠡᠯᠴᠢ ᠨᠢ | ᠠᠯᠠᠭᠳᠠᠭᠰᠠᠨ ᠪᠠᠶᠢᠨ᠎ᠠ᠃ ᠪᠠᠷᠠᠭᠤᠨ ᠭᠤᠷᠪᠠᠨ ᠲᠦᠮᠡᠨ ᠤ ᠪᠤᠱᠤᠭᠳᠤ ᠵᠢᠨᠦᠩ ᠬᠠᠨ ᠡᠨᠡ ᠦᠰᠢᠶ᠎ᠡ ᠶᠢ ᠠᠪᠬᠤ | ᠭᠡᠵᠦ ᠠᠷᠪᠠᠨ ᠲᠦᠮᠡᠨ ᠴᠡᠷᠢᠭ ᠲᠠᠶᠢᠴᠢᠯᠠᠵᠤ ᠮᠢᠩ ᠤᠯᠤᠰ ᠤᠨ ᠵᠠᠰᠠᠭ ᠤᠨ ᠭᠠᠵᠠᠷ ᠲᠠᠢ ᠵᠢᠯ ᠭᠠᠷᠤᠢ ᠪᠠᠶᠢᠯᠳᠤᠵᠤ᠂ | 1622 ᠤᠨ ᠳᠤ ᠬᠤᠶᠠᠷ ᠡᠳᠡᠭᠡᠳ ᠲᠠᠬᠢᠨ ᠡᠪᠰᠡᠪᠡ᠃ ᠲᠡᠭᠦᠨ ᠤ ᠬᠤᠶᠢᠨ᠎ᠠ ᠲᠦᠷᠦ ᠶᠢᠨ ᠬᠡᠷᠡᠭ ᠢ | ᠵᠦᠪᠳᠡᠬᠦᠯᠬᠦ ᠪᠠᠷ ᠲᠠᠬᠢᠨ ᠵᠢᠷᠭᠤᠭᠠᠨ ᠡᠯᠴᠢ ᠲᠤᠮᠢᠯᠠᠭᠰᠠᠨ ᠪᠠᠶᠢᠨ᠎ᠠ᠃ ᠰᠠᠭᠠᠡᠭ ᠰᠡᠴᠡᠨ ᠪᠤᠯ ᠡᠨᠡ ᠵᠢᠷᠭᠤᠭᠠᠨ | ᠡᠯᠴᠢ ᠶᠢᠨ ᠲᠤᠳᠤᠷᠠᠬᠢ ᠨᠢᠭᠡ ᠨᠢ ᠪᠤᠯᠤᠨ᠎ᠠ᠃ ᠰᠠᠭᠠᠡᠭ ᠰᠡᠴᠡᠨ ᠬᠤᠨᠭ᠌ ᠲᠠᠶᠢᠵᠢ ᠵᠠᠰᠠᠭ ᠪᠠᠷᠢᠭᠠᠳ ᠲᠡᠮᠡᠢ | ᠤᠳᠠᠭᠠᠳᠤᠢ ᠪᠠᠶᠢᠳᠠᠯ᠎ᠠ᠂ 1627 ᠤᠨ ᠳᠤ ᠪᠠᠷᠠᠭᠤᠨ ᠭᠤᠷᠪᠠᠨ ᠲᠦᠮᠡᠨ ᠤᠷᠪᠠᠭᠠᠳ ᠮᠤᠩᠭᠤᠯ ᠤᠨ ᠬᠠᠭᠠᠨ | ᠲᠦᠷᠦ ᠳᠤ ᠬᠠᠭᠠᠷᠠᠯ ᠭᠠᠷᠪᠠ᠃ ᠡᠨᠡ ᠤᠷᠪᠠᠯᠭᠠᠨ ᠢ ᠲᠠᠷᠤᠩᠭᠤᠢᠢᠯᠠᠬᠤ ᠶᠢᠨ ᠲᠦᠯᠦᠭᠡ᠂ ᠯᠢᠭᠳᠡᠨ ᠬᠤᠳᠤᠭᠳᠤ | ᠬᠠᠭᠠᠨ ᠪᠠᠷᠠᠭᠤᠨᠰᠢ ᠮᠤᠷᠢᠯᠠᠨ ᠢᠷᠡᠭᠰᠡᠨ ᠳᠤ ᠰᠠᠭᠠᠡᠭ ᠰᠡᠴᠡᠨ ᠬᠤᠨᠭ᠌ ᠲᠠᠶᠢᠵᠢ ᠶᠡᠭᠡᠳᠡ ᠪᠠᠶᠠᠷᠯᠠᠵᠤ ᠬᠠᠯᠠᠭᠤᠨ ᠢᠶᠠᠷ | ᠤᠭᠳᠤᠨ ᠠᠪᠤᠪᠠ᠃ ᠲᠡᠭᠡᠭᠡᠳ ᠯᠢᠭᠳᠡᠨ ᠬᠤᠳᠤᠭᠳᠤ ᠬᠠᠭᠠᠨ ᠯᠤᠭ᠎ᠠ ᠬᠠᠮᠳᠤ ᠪᠠᠷ ᠪᠠᠷᠠᠭᠤᠨ ᠭᠤᠷᠪᠠᠨ ᠲᠦᠮᠡᠨ ᠤ | ᠤᠷᠪᠠᠯᠭᠠᠨ ᠢ ᠲᠠᠷᠤᠩᠭᠤᠢᠢᠯᠠᠵᠠᠢ᠃ ᠲᠡᠭᠦᠨ ᠤ ᠬᠤᠶᠢᠨ᠎ᠠ ᠰᠠᠭᠠᠡᠭ ᠰᠡᠴᠡᠨ ᠬᠤᠨᠭ᠌ ᠲᠠᠶᠢᠵᠢ ᠦᠪᠡᠷ ᠤᠨ ᠬᠠᠷᠢᠶᠠᠳᠤ | ᠴᠡᠷᠢᠭ ᠢᠶᠠᠨ ᠠᠪᠴᠤ᠂ ᠯᠢᠭᠳᠡᠨ ᠬᠤᠳᠤᠭᠳᠤ ᠬᠠᠭᠠᠨ ᠢ ᠲᠠᠭᠠᠭᠠᠳ ᠮᠠᠨᠵᠤ ᠴᠢᠩ ᠤᠯᠤᠰ ᠯᠤᠭ᠎ᠠ ᠪᠠᠶᠢᠯᠳᠤᠪᠠ᠃ | ᠲᠡᠭᠡᠭᠡᠳ ᠯᠢᠭᠳᠡᠨ ᠬᠤᠳᠤᠭᠳᠤ ᠬᠠᠭᠠᠨ ᠮᠠᠨᠵᠤ ᠴᠢᠩ ᠤᠯᠤᠰ ᠲᠤ ᠲᠡᠶᠢᠯᠦᠭᠳᠡᠭᠡᠳ ᠪᠠᠷᠠᠭᠤᠨᠰᠢ ᠲᠤᠳᠠᠭᠠᠭᠰᠠᠨ ᠳᠤ | ᠰᠠᠭᠠᠡᠭ ᠰᠡᠴᠡᠨ ᠬᠤᠨᠭ᠌ ᠲᠠᠶᠢᠵᠢ ᠴᠠᠬᠠᠷ ᠤᠨ ᠰᠠᠶᠢᠳ ᠵᠤᠯᠠᠳᠤ ᠪᠠᠭᠠᠳᠤᠷ ᠬᠢᠶ᠎ᠡ᠂ ᠮᠠᠨᠳᠤᠬᠠᠢ ᠲᠠᠷᠬᠠᠨ ᠬᠢᠶ᠎ᠡ᠂ | ᠯᠠᠩᠰᠤ ᠢᠯᠳᠤᠴᠢ ᠪᠠᠭᠠᠳᠤᠷ ᠨᠠᠷ ᠯᠤᠭ᠎ᠠ ᠨᠠᠶᠢᠯᠠᠵᠤ᠂ 1634 ᠤᠨ ᠳᠤ ᠲᠦᠷᠦᠭᠰᠡᠨ ᠨᠤᠳᠤᠭ ᠵᠦᠭ ᠢᠶᠠᠨ | ᠪᠤᠴᠠᠪᠠ᠃ ᠰᠠᠭᠠᠡᠭ ᠰᠡᠴᠡᠨ ᠬᠤᠨᠭ᠌ ᠲᠠᠶᠢᠵᠢ ᠦᠪᠡᠷ ᠤᠨ ᠨᠤᠳᠤᠭ ᠶᠡᠭᠡ ᠰᠢᠪᠡᠷ ᠵᠦᠭ ᠢᠶᠠᠨ ᠪᠤᠴᠠᠬᠤ ᠵᠠᠭᠤᠷ᠎ᠠ | ᠪᠠᠷᠠᠭᠤᠨ ᠭᠤᠷᠪᠠᠨ ᠲᠦᠮᠡᠨ ᠤ ᠵᠢᠨᠦᠩ ᠷᠢᠨᠴᠢᠨ ᠲᠠᠢ ᠠᠭᠤᠯᠵᠠᠵᠤ᠄ ︽ᠪᠢᠳᠡ ᠴᠠᠬᠠᠷ ᠯᠤᠭ᠎ᠠ ᠨᠠᠶᠢᠯᠠᠵᠤ ᠪᠤᠴᠠᠵᠤ | ᠬᠠᠷᠢᠬᠤ ᠪᠠᠷ ᠪᠤᠢ᠂ ᠡᠳᠦᠭᠡ ᠡᠵᠡᠨ ᠶᠦᠭᠡᠨ ᠴᠢᠮᠠᠢᠢ ᠠᠪᠴᠤ ᠪᠤᠴᠠᠶ᠎ᠠ︾ ᠭᠡᠵᠦ ᠬᠡᠯᠡᠪᠡ᠃ 1634 ᠤᠨ ᠳᠤ | ᠷᠢᠨᠴᠢᠨ ᠲᠠᠬᠢᠨ ᠰᠠᠴᠡᠨ ᠵᠢᠨᠦᠩ ᠭᠡᠮᠡᠬᠦ ᠤᠷᠢᠳᠤ ᠶᠢᠨ ᠬᠠᠨ ᠤᠷᠤᠨ ᠳᠠᠭᠠᠨ ᠰᠠᠭᠤᠭᠠᠳ᠂ ᠤᠷᠳᠤᠰ ᠲᠦᠮᠡᠨ ᠳᠤ | ᠦᠯᠡᠳᠡᠭᠰᠡᠨ ᠶᠡᠭᠡ ᠪᠠᠭ᠎ᠠ ᠨᠤᠶᠠᠳ ᠢᠶᠠᠨ ᠴᠤᠭᠯᠠᠭᠤᠯᠤᠨ ᠬᠤᠷᠠᠯ ᠬᠤᠷᠠᠯᠳᠤᠭᠤᠯᠵᠤ ︽ᠲᠠ ᠨᠠᠷ ᠰᠠᠮᠠᠭᠤᠨ | ᠴᠡᠷᠢᠭ ᠤᠨ ᠲᠤᠳᠤᠷ᠎ᠠ ᠠᠴᠠ ᠨᠠᠮᠠᠢᠢ ᠬᠠᠮᠠᠭᠠᠯᠠᠵᠤ ᠪᠤᠴᠠᠭᠠᠨ ᠠᠪᠴᠢᠷᠠᠪᠠ︾ ᠭᠡᠮᠡᠨ ᠲᠤᠰ ᠲᠤᠰ ᠵᠡᠷᠭᠡ ᠬᠡᠷᠬᠡᠮ | ᠰᠤᠶᠤᠷᠬᠠᠪᠠ᠃ ᠲᠡᠷᠡ ᠲᠤᠬᠠᠢ ᠰᠠᠭᠠᠡᠭ ᠰᠡᠴᠡᠨ ᠬᠤᠨᠭ᠌ ᠲᠠᠶᠢᠵᠢ ᠳᠤ ︽ᠡᠷᠭᠡ ᠰᠡᠴᠡᠨ ᠬᠤᠨᠭ᠌ ᠲᠠᠶᠢᠵᠢ︾ ᠭᠡᠳᠡᠭ | ᠬᠦᠨᠳᠦ ᠴᠤᠯᠠ ᠬᠠᠶᠢᠷᠠᠯᠠᠵᠤ ︽ᠬᠤᠰᠢᠭᠤ ᠶᠡᠭᠡ ᠠᠶᠠᠨ ᠤ ᠡᠮᠦᠨ᠎ᠠ ᠨᠢ ᠮᠤᠷᠢᠯᠠᠵᠤ᠂ ᠬᠤᠮᠤᠷᠭᠠᠨ ᠶᠡᠭᠡ ᠠᠪᠠ ᠶᠢᠨ | ᠲᠦᠪ ᠲᠤᠨᠢ ᠶᠠᠪᠤᠳᠤᠭᠠᠢ︕︾ ᠭᠡᠮᠡᠨ ᠵᠠᠷᠯᠢᠭ ᠪᠤᠯᠪᠠ᠃ | 1635 ᠤᠨ ᠳᠤ ᠮᠠᠨᠵᠤ ᠴᠢᠩ ᠤᠯᠤᠰ ᠤᠷᠳᠤᠰ ᠢ ᠲᠠᠭᠠᠭᠤᠯᠤᠨ ᠠᠪᠬᠤ ᠦᠶ᠎ᠡ ᠳᠤ ᠰᠠᠭᠠᠡᠭ | ᠰᠡᠴᠡᠨ ᠬᠤᠨᠭ᠌ ᠲᠠᠶᠢᠵᠢ ᠰᠠᠶ᠋ᠢ ᠭᠤᠴᠢᠨ ᠨᠠᠰᠤᠳᠠᠢ ᠪᠠᠶᠢᠵᠠᠢ᠃ ᠲᠡᠷᠡ ᠪᠤᠯ ᠮᠤᠩᠭᠤᠯ ᠤᠨ ᠲᠦᠰᠢᠮᠡᠳ ᠤᠨ | ᠲᠤᠳᠤᠷ᠎ᠠ ᠡᠷᠬᠢᠮ ᠬᠦᠨᠳᠤᠳᠤ ᠠᠯᠳᠠᠷ ᠴᠤᠯᠠ ᠲᠠᠢ᠂ ᠡᠭᠡᠯ ᠪᠤᠰᠤ ᠶᠢᠨ ᠡᠷᠳᠡᠮ ᠴᠢᠳᠠᠪᠤᠷᠢ ᠲᠠᠢ ᠬᠦᠮᠦᠨ ᠪᠠᠶᠢᠭᠰᠠᠨ | ᠶᠤᠮ᠃ ᠮᠤᠩᠭᠤᠯ ᠤᠨ ᠲᠦᠷᠦ ᠮᠦᠬᠦᠬᠦ ᠶᠢᠨ ᠲᠠᠭᠠᠤ ᠰᠠᠭᠠᠡᠭ ᠰᠡᠴᠡᠨ ᠬᠤᠨᠭ᠌ ᠲᠠᠶᠢᠵᠢ ᠶᠢᠨ ᠤᠯᠤᠰ ᠲᠦᠷᠦ ᠶᠢᠨ | ᠪᠠᠶᠢᠷᠢ ᠰᠠᠭᠤᠷᠢ ᠪᠠᠰᠠ ᠪᠠᠭᠤᠷᠠᠭᠠᠳ᠂ ᠰᠤᠯᠠ ᠬᠦᠮᠦᠨ ᠤ ᠡᠩᠨᠡᠭᠡ ᠳᠤ ᠤᠷᠤᠭᠰᠠᠨ ᠪᠠᠶᠢᠪᠠ᠃ ᠡᠶᠢᠮᠦ ᠠᠴᠠ ᠲᠡᠷᠡ | ᠭᠤᠴᠢᠨ ᠨᠠᠰᠤᠨ ᠠᠴᠠ ᠡᠬᠢᠯᠡᠨ ᠲᠠᠪᠢ ᠶᠢᠰᠦ ᠬᠦᠷᠳᠡᠯ᠎ᠡ ᠬᠤᠷᠢ ᠶᠢᠰᠦᠨ ᠵᠢᠯ ᠤᠨ ᠴᠠᠭ ᠢ ᠵᠠᠷᠤᠴᠠᠭᠤᠯᠵᠤ ︽ | ᠡᠷᠳᠡᠨᠢ ᠶᠢᠨ ᠲᠤᠪᠴᠢ︾ ᠶᠢ ᠪᠢᠴᠢᠵᠤ ᠲᠠᠭᠤᠰᠤᠭᠰᠠᠨ ᠶᠤᠮ᠃ ᠰᠠᠭᠠᠡᠭ ᠰᠠᠴᠡᠨ ︽ᠡᠷᠳᠡᠨᠢ ᠶᠢᠨ ᠲᠤᠪᠴᠢ︾ ᠪᠠᠨ | 1663 ᠤᠨ ᠳᠤ ᠪᠢᠴᠢᠵᠦ ᠲᠠᠭᠤᠰᠬᠠᠭᠰᠠᠨ ᠪᠤᠯᠪᠠᠴᠤ ᠮᠤᠩᠭᠤᠯ ᠤᠨ ᠲᠠᠤᠭᠡ ᠶᠢᠨ ᠪᠢᠴᠢᠯᠭᠡ ᠪᠠᠨ 1634 | ᠤᠨ ᠳᠤ ᠯᠢᠭᠳᠡᠨ ᠬᠠᠭᠠᠨ ᠤ ᠡᠴᠦᠰ ᠪᠤᠯᠤᠭᠰᠠᠨ ᠢᠶᠠᠷ ᠲᠡᠭᠦᠰᠭᠡᠯ ᠪᠤᠯᠭᠠᠵᠠᠢ᠃ ᠡᠨᠡ ᠨᠢ 1635 ᠤᠨ ᠳᠤ | ᠪᠠᠷᠠᠭᠤᠨ ᠭᠤᠷᠪᠠᠨ ᠲᠦᠮᠡᠨ ᠤ ᠷᠢᠨᠴᠢᠨ ᠵᠢᠨᠦᠩ ᠮᠠᠨᠵᠤ ᠳᠤ ᠪᠠᠭᠤᠵᠤ ᠦᠭᠭᠦᠭᠰᠡᠨ ᠪᠠ 1636 ᠤᠨ ᠳᠤ ᠦᠪᠦᠷ | ᠮᠤᠩᠭᠤᠯ ᠤᠨ ᠸᠠᠩ ᠬᠦᠡᠭ ᠨᠠᠷ ᠴᠢᠭᠤᠯᠭᠠᠨ ᠪᠤᠯᠵᠤ᠂ ᠮᠠᠨᠵᠦ ᠶᠢᠨ ᠬᠤᠨᠭ᠌ ᠲᠠᠶᠢᠵᠢ ᠮᠤᠩᠭᠤᠯ ᠤᠨ ᠬᠠᠭᠠᠨ ᠢᠶᠠᠷ | ᠡᠷᠭᠦᠭᠰᠡᠨ ᠵᠡᠷᠭᠡ ᠲᠡᠤᠬᠡ ᠶᠢᠨ ᠭᠤᠳᠤᠮᠰᠢᠭᠳᠤ ᠬᠡᠷᠡᠭ ᠤᠳ ᠢ ᠪᠢᠴᠢᠬᠦ ᠠᠴᠠ ᠵᠤᠷᠢᠭᠤᠳᠠ ᠵᠠᠶᠢᠯᠠᠰᠬᠢᠵᠤ᠂ | ᠲᠤᠭᠤᠢ ᠪᠠᠷ ᠡᠰᠠᠷᠭᠦᠴᠡᠭᠰᠡᠨ ᠶᠠᠪᠤᠳᠠᠯ ᠪᠤᠯᠬᠤ ᠪᠢᠯᠡ᠃ ᠡᠶᠢᠮᠦ ᠴᠤ ᠤᠴᠢᠷ ᠠᠴᠠ ᠮᠠᠨᠵᠤ ᠴᠢᠩ ᠤᠨ ᠡᠩᠭᠡ | ᠠᠮᠤᠭᠤᠯᠠᠩ ᠪᠠ ᠲᠡᠭᠷᠢ ᠲᠡᠳᠭᠦᠭᠴᠢ ᠬᠠᠭᠠᠨ ᠤ ᠦᠶ᠎ᠡ ᠳᠤ ︽ᠡᠷᠳᠡᠨᠢ ᠶᠢᠨ ᠲᠤᠪᠴᠢ︾ ᠳᠤ ᠨᠡᠮᠡᠯᠳᠡ ᠬᠠᠰᠤᠯᠳᠠ᠂ | ᠵᠠᠰᠠᠯᠳᠠ ᠦᠭᠡᠷᠡᠴᠢᠯᠡᠯᠳᠡ ᠶᠡᠭᠡᠳᠡ ᠬᠢᠭᠰᠡᠨ ᠪᠠᠶᠢᠨᠠᠮ᠃ ᠢᠡᠭᠭᠢᠭᠡᠳ ︽ᠡᠷᠳᠡᠨᠢ ᠶᠢᠨ ᠲᠤᠪᠴᠢ︾ ᠨᠢ ︽ ᠡᠯᠳᠡᠪ | ᠰᠤᠳᠤᠷ ᠤᠨ ᠬᠤᠷᠢᠶᠠᠩᠭᠤᠢ ᠡᠷᠳᠡᠨᠢ ᠠᠯᠳᠠᠨ ᠲᠤᠪᠴᠢ︾᠂ ︽ᠬᠠᠳ ᠤᠨ ᠦᠨᠳᠦᠰᠤᠨ ᠤ ᠡᠷᠳᠡᠨᠢ ᠶᠢᠨ ᠲᠤᠪᠴᠢ︾ | ᠂ ︽ᠡᠨᠡᠳᠬᠡᠭ ᠲᠦᠪᠡᠳ ᠮᠤᠩᠭᠤᠯ ᠤᠨ ᠬᠠᠳ ᠤᠨ ᠴᠠᠭᠠᠨ ᠲᠡᠭᠦᠭᠡ ᠨᠡᠷᠡᠳᠦ ᠲᠤᠭᠤᠵᠢ︾᠂ ︽ᠰᠠᠪᠠ ᠰᠢᠮ᠎ᠡ | ᠶᠡᠭᠡ ᠶᠢᠷᠳᠢᠨᠴᠤ ᠶᠢᠨ ᠬᠠᠭᠠᠳ ᠤᠨ ᠦᠨᠳᠤᠰᠤᠨ ᠤ ᠴᠢᠬᠤᠯᠠ ᠤᠳᠬ᠎ᠠ ᠳᠤ ᠰᠤᠳᠤᠷ︾᠂ ︽ᠮᠤᠩᠭᠤᠯ ᠤᠨ | ᠬᠠᠳ ᠤᠨ ᠢᠵᠠᠭᠤᠷ ᠤᠨ ᠲᠡᠤᠭᠡ︾᠂ ︽ᠮᠤᠩᠭᠤᠯ ᠤᠨ ᠢᠵᠠᠭᠤᠷ ᠤᠨ ᠲᠡᠤᠭᠡ︾ ᠵᠡᠷᠭᠡ ᠤᠯᠠᠨ ᠨᠡᠷ᠎ᠡ ᠲᠠᠢ | ᠪᠤᠯᠤᠭᠰᠠᠨ ᠶᠤᠮ᠃ ᠰᠡᠭᠦᠯᠳᠡᠵᠤ ᠢᠷᠡᠭᠡᠳ ᠰᠠᠶ᠋ᠢ ︽ᠬᠠᠳ ᠤᠨ ᠦᠨᠳᠦᠰᠦᠨ ᠤ ᠡᠷᠳᠡᠨᠢ ᠶᠢᠨ ᠲᠤᠪᠴᠢ︾ ᠪᠤᠶᠤ | ᠲᠤᠪᠴᠢᠯᠠᠭᠠᠳ ︽ᠡᠷᠳᠡᠨᠢ ᠶᠢᠨ ᠲᠤᠪᠴᠢ︾ ᠭᠡᠬᠦ ᠪᠤᠯᠵᠠᠢ᠃ | ︽ᠡᠷᠳᠡᠨᠢ ᠶᠢᠨ ᠲᠤᠪᠴᠢ︾ ᠶᠢ ︽ᠨᠢᠭᠤᠴᠠ ᠲᠤᠪᠴᠢᠶᠠᠨ︾ ᠤ ᠠᠷᠭ᠎ᠠ ᠪᠠᠷᠢᠯ ᠢᠶᠠᠷ ᠪᠢᠴᠢᠵᠦ᠂ | ᠲᠡᠤᠭᠡᠳᠦ ᠶᠠᠪᠤᠳᠠᠯ ᠢ ᠤᠷᠠᠨ ᠲᠤᠮᠤᠭ᠂ ᠤᠷᠠᠨ ᠰᠠᠨᠠᠭ᠎ᠠ᠂ ᠤᠷᠠᠨ ᠰᠢᠯᠦᠭ ᠢᠶᠠᠷ ᠲᠦᠷᠰᠦᠯᠡᠨ ᠢᠯᠡᠳᠭᠡᠭᠰᠡᠨ ᠲᠤᠯᠠ | 17 ᠳ᠋ᠤᠭᠠᠷ ᠵᠠᠭᠤᠨ ᠤ ᠮᠤᠩᠭᠤᠯ ᠲᠡᠤᠭᠡᠨ ᠤᠷᠠᠨ ᠵᠤᠬᠢᠶᠠᠯ ᠤᠳ ᠤᠨ ᠲᠡᠷᠢᠬᠦᠨ ᠳᠤ ᠤᠷᠤᠬᠤ ᠶᠤᠮ᠃ | ᠡᠶᠢᠮᠦ ᠠᠴᠠ ᠰᠠᠭᠠᠡᠭ ᠰᠡᠴᠡᠨ ᠬᠤᠨᠭ᠌ ᠲᠠᠶᠢᠵᠢ ᠪᠤᠯ ᠮᠤᠩᠭᠤᠯ ᠤᠨ ᠲᠡᠤᠭᠡᠨᠡ ᠠᠯᠳᠠᠷᠳᠠᠢ ︽ᠭᠤᠷᠪᠠᠨ ᠲᠤᠪᠴᠢ︾ | ᠶᠢᠨ ᠨᠢᠭᠡ ᠨᠢ ᠪᠤᠯᠬᠤ ︽ᠡᠷᠳᠡᠨᠢ ᠶᠢᠨ ᠲᠤᠪᠴᠢ︾ ᠶᠢ ᠪᠢᠴᠢᠭᠰᠡᠨ ᠰᠤᠶᠤᠯ ᠤᠨ ᠲᠤᠮᠤ ᠵᠢᠳᠭᠦᠯᠳᠡᠨ ᠪᠤᠯᠬᠤ | ᠶᠤᠮᠰᠠᠨ᠃ |