ᠴᠢᠩᠭᠢᠰ ᠬᠠᠭᠠᠨ
ᠨᠡᠶᠢᠲᠡᠯᠡᠭᠰᠡᠨ ᠴᠠᠭ᠄
2018-12-07
       ᠲᠡᠮᠦᠵᠢᠨ ᠪᠣᠯ 1162 —1227 ᠣᠨ ᠤ ᠬᠤᠭᠤᠷᠣᠨᠳᠣ ᠠᠮᠢᠳᠤᠷᠠᠵᠤ ᠪᠠᠶᠢᠵᠠᠢ᠃ ᠨᠢᠷᠤᠭᠤᠨ ᠮᠤᠩᠭᠤᠯ ᠤᠨ ᠪᠤᠷᠵᠢᠬᠢᠨ ᠣᠪᠣᠭᠲᠠᠨ᠂ 1206 ᠣᠨ ᠳᠤ ᠲᠡᠷᠡ ᠪᠠᠷ ᠤᠨᠤᠨ ᠮᠦᠷᠡᠨ ᠤ ᠬᠦᠪᠡᠭᠡᠨ ᠳᠤ ᠬᠤᠷᠠᠯᠲᠠᠢ ᠬᠤᠷᠠᠯᠳᠤᠭᠤᠯᠤᠨ ᠮᠤᠩᠭᠤᠯ ᠤᠨ ᠶᠡᠭᠡ ᠬᠠᠭᠠᠨ ᠢᠶᠠᠷ ᠡᠷᠭᠦᠮᠵᠢᠯᠡᠭᠳᠡᠨ ᠴᠣᠯᠠ ᠪᠠᠨ ᠴᠢᠩᠭᠢᠰ ᠬᠠᠭᠠᠨ ᠭᠡᠪᠡ᠃ ᠠᠷᠠᠳᠴᠢᠯᠠᠯᠲᠤ ᠲᠥᠷᠥ ᠶᠢᠨ ᠦᠨᠳᠦᠰᠦᠯᠡᠭᠴᠢ ᠪᠢᠯᠡ᠃ ᠮᠤᠩᠭᠤᠯ ᠬᠠᠭᠠᠨᠲᠤ ᠤᠯᠤᠰ ᠢ ᠡᠭᠦᠰᠭᠡᠨ ᠪᠠᠶᠢᠭᠤᠯᠤᠭᠰᠠᠨ ᠡᠵᠡᠨ ᠬᠠᠭᠠᠨ ᠪᠦᠭᠡᠳ ᠠᠯᠳᠠᠷᠲᠤ ᠴᠡᠷᠢᠭ ᠳᠠᠶᠢᠨ ᠤ ᠮᠠᠩᠯᠠᠶᠢᠯᠠᠭᠴᠢ᠂ ᠠᠯᠤᠰ ᠬᠤᠯᠠ ᠶᠢᠨ ᠬᠠᠷᠠᠯᠲᠠ ᠲᠠᠢ ᠤᠯᠤᠰ ᠲᠦᠷᠦᠴᠢᠨ᠂ ᠠᠵᠤ ᠠᠬᠤᠢ ᠶᠢᠨ ᠤᠬᠠᠭᠠᠨᠲᠠᠨ᠂ ᠨᠢᠳᠤᠨ ᠬᠠᠷᠠᠴᠠ ᠶᠢ ᠦᠷᠭᠡᠳᠬᠡᠭᠴᠢ᠂ ᠨᠥᠯᠥᠭᠡ ᠲᠤᠰᠬᠠᠯ ᠶᠡᠬᠡᠲᠦ᠂ ᠠᠷᠠᠯᠵᠢᠶ᠎ᠠ ᠬᠤᠳᠠᠯᠳᠤᠭ᠎ᠠ ᠶᠢ ᠰᠠᠨᠠᠭᠠᠴᠢᠷᠠᠭᠴᠢ᠂ ᠣᠯᠠᠨ ᠱᠠᠰᠢᠨ ᠢ ᠪᠠᠭᠲᠠᠭᠠᠭᠴᠢ ᠠᠭᠤᠳᠠᠮ ᠴᠡᠭᠡᠵᠢ ᠲᠠᠢ ᠡᠷ᠎ᠡ ᠪᠣᠯᠣᠨ᠎ᠠ᠃  ᠶᠤᠸᠠᠨ ᠲᠠᠶᠢᠽᠤ ᠭᠡᠮᠡᠨ ᠨᠡᠬᠡᠮᠵᠢᠯᠡᠨ ᠡᠷᠭᠦᠮᠵᠢᠯᠡᠭᠳᠡᠵᠡᠢ᠃ ᠲᠡᠭᠦᠨ ᠤ ᠦᠢᠯᠡ ᠶᠠᠪᠤᠳᠠᠯ᠂ ᠦᠭᠡ ᠶᠠᠷᠢᠶ᠎ᠠ᠂ ᠵᠠᠬᠢᠶ᠎ᠠ᠂ ᠦᠵᠡᠯ ᠪᠣᠳᠣᠯ ᠤᠨ ᠦᠨᠳᠦᠷ ᠲᠦᠪᠰᠢᠨ ᠢ ᠮᠦᠷᠳᠡᠨ᠂ ᠦᠶ᠎ᠡ ᠦᠶ᠎ᠡ ᠶᠢᠨ ᠦᠨᠳᠦᠰᠦᠲᠡᠨ ᠶᠠᠰᠤᠲᠠᠨ ᠢᠶᠠᠨ ᠪᠣᠳᠣᠭᠴᠢ ᠶᠢᠨ ᠴᠢᠷᠮᠠᠶᠢᠯᠭ᠎ᠠ ᠪᠠᠷ ︽ᠴᠢᠩᠭᠢᠰ ᠬᠠᠭᠠᠨ ᠤ ᠪᠢᠯᠢᠭ ᠰᠣᠶᠣᠷᠬᠠᠯ︾ ᠪᠣᠢ ᠪᠣᠯᠵᠣ᠂ ᠮᠤᠩᠭᠤᠯ ᠬᠦᠮᠦᠨ ᠤ ᠣᠢ ᠤᠬᠠᠭᠠᠨ ᠤ ᠡᠮᠦᠭ ᠲᠦᠰᠢᠭ ᠪᠣᠯᠵᠣ᠂ ᠣᠳᠣ ᠪᠣᠯᠲᠠᠯ᠎ᠠ ᠭᠡᠷᠡᠯ ᠭᠡᠭᠡ ᠪᠠᠨ ᠬᠦᠷᠲᠡᠭᠡᠭᠰᠡᠭᠡᠷ ᠪᠠᠶᠢᠨ᠎ᠠ᠃          
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号