| ᠡᠵᠡᠨ ᠬᠤᠷᠤᠭ᠎ᠠ ᠬᠤᠰᠢᠭᠤᠨ ᠤ ᠠᠯᠳᠠᠨᠰᠢᠷᠡᠭᠡᠳᠦ ᠪᠠᠯᠭᠠᠰᠤᠨ ᠳᠤ ᠵᠢᠶᠦ᠋ᠨ ᠸᠠᠩ ᠤᠨ ᠤᠷᠳᠤᠨ ᠬᠡᠰᠡᠨ | ᠬᠠᠭᠤᠴᠢ ᠪᠠᠷᠢᠯᠭ᠎ᠠ ᠪᠠᠶᠢᠳᠠᠭ᠃ ᠡᠨᠡ ᠤᠷᠳᠤᠨ ᠤᠨ ᠵᠢᠯ ᠤᠨ ᠤᠷᠴᠢᠯ ᠳᠤ ᠲᠠᠪᠳᠠᠭᠳᠠᠬᠤ ᠳᠠᠭᠠᠨ ᠵᠤᠯ ᠢᠶᠠᠷ | ᠨᠤᠷᠠᠭᠠᠭᠳᠠᠭᠰᠠᠨ ᠦᠭᠡᠢ ᠪᠦᠳᠦᠨ ᠬᠡᠪ ᠢᠶᠠᠷ ᠢᠶᠠᠨ ᠦᠯᠡᠳᠡᠭᠰᠡᠨ ᠪᠠᠶᠢᠨ᠎ᠠ᠃ ᠵᠢᠶᠦ᠋ᠨ ᠸᠠᠩ ᠤᠨ ᠤᠷᠳᠤᠨ ᠪᠤᠯ | ᠵᠢᠶᠦ᠋ᠨ ᠸᠠᠩ ᠤᠨ ᠬᠤᠰᠢᠭᠤ ᠵᠠᠰᠠᠭ ᠪᠠᠷᠢᠬᠤ ᠬᠤᠪᠢ ᠶᠢᠨ ᠤᠷᠳᠤᠨ ᠮᠦᠨ᠃ ᠲᠤᠬᠠᠢ ᠶᠢᠨ ᠦᠶ᠎ᠡ ᠳᠤ | ᠬᠤᠰᠢᠭᠤᠨ ᠤ ᠨᠢᠭᠡ ᠪᠦᠯᠦᠭ ᠠᠯᠪᠠᠨ ᠪᠠᠶᠢᠭᠤᠯᠭ᠎ᠠ ᠡᠨᠡ ᠬᠦᠷᠢᠶᠡᠨ ᠲᠤᠳᠤᠷ᠎ᠠ ᠠᠯᠪᠠᠯᠠᠵᠤ ᠪᠠᠶᠢᠭᠰᠠᠨ ᠠᠴᠠ | ᠬᠠᠭᠤᠴᠢᠨ ᠤ ᠦᠯᠡᠳᠡᠭᠳᠡᠯ ᠪᠤᠯᠤᠭᠰᠠᠨ ᠬᠡᠷ ᠪᠠᠶᠢᠰᠢᠩ ᠨᠢ ᠵᠤᠯ ᠢᠶᠠᠷ ᠦᠢᠮᠡᠭᠡᠨ ᠲᠡᠪᠵᠢᠶᠡᠨ ᠤ ᠬᠦᠯ ᠠᠴᠠ | ᠮᠤᠯᠳᠤᠷᠠᠵᠤ ᠭᠠᠷᠤᠭᠰᠠᠨ ᠪᠠᠶᠢᠨ᠎ᠠ᠃ ᠤᠯᠠᠨ ᠸᠠᠩ ᠨᠤᠶᠠᠳ ᠤᠨ ᠦᠶ᠎ᠡ ᠤᠯᠠᠷᠢᠨ ᠵᠠᠯᠭᠠᠮᠵᠢᠯᠠᠭᠰᠠᠨ ᠢᠶᠠᠷ᠂ | ᠸᠠᠩ ᠤᠨ ᠤᠷᠳᠤᠨ ᠴᠤ ᠤᠯᠠᠨᠳᠠ ᠨᠡᠭᠦᠵᠤ ᠪᠠᠶᠢᠵᠠᠢ᠃ ᠪᠠᠳᠠᠷᠠᠭᠤᠯᠳᠤ ᠲᠦᠷᠦ ᠶᠢᠨ ᠬᠤᠷᠢᠨ ᠨᠠᠢᠮᠠᠨ ᠤᠨ ︵ | 1902 ᠤᠨ︶ ᠳᠤ᠂ ᠵᠢᠶᠦ᠋ᠨ ᠸᠠᠩ ᠤᠨ ᠬᠤᠰᠢᠭᠤᠨ ᠤ ᠠᠷᠪᠠᠨ ᠲᠦᠷᠪᠡᠳᠦᠭᠡᠷ ᠦᠶ᠎ᠡ ᠶᠢᠨ ᠵᠠᠰᠠᠭᠳᠤ | ᠲᠡᠭᠦᠰᠠᠠᠯᠳᠠᠨᠬᠤᠶᠠᠭᠳᠤ ᠤᠷᠤ ᠵᠠᠯᠭᠠᠮᠵᠢᠯᠠᠭᠰᠠᠨ ᠤ ᠲᠠᠷᠠᠭ᠎ᠠ ᠵᠢᠶᠦ᠋ᠨ ᠸᠠᠩ ᠤᠨ ᠤᠷᠳᠤᠨ ᠤᠳᠤ ᠶᠢᠨ ᠪᠠᠶᠢᠭ᠎ᠠ | ᠭᠠᠵᠠᠷ ᠲᠤ ᠨᠡᠭᠦᠵᠤ ᠢᠷᠡᠵᠡᠢ᠃ | ᠤᠢᠢᠷ᠎ᠠ ᠶᠢᠨ ᠵᠢᠯ ᠳᠤ ᠡᠵᠡᠨ ᠬᠤᠷᠤᠭ᠎ᠠ ᠬᠤᠰᠢᠭᠤᠨ ᠤ ᠵᠠᠰᠠᠭ ᠤᠨ ᠤᠷᠳᠤᠨ ᠦᠯᠡᠮᠵᠢ ᠮᠦᠡᠭᠭᠦ ᠵᠤᠭᠤᠰ | ᠭᠠᠷᠭᠠᠵᠤ ᠡᠨᠡ ᠸᠠᠩ ᠤᠨ ᠤᠷᠳᠤᠨ ᠤ ᠬᠠᠭᠤᠴᠢᠷᠠᠵᠤ ᠮᠠᠭᠤᠳᠠᠭᠰᠠᠨ ᠵᠢᠷᠤᠭ ᠤᠷᠠᠯᠠᠯ ᠢ ᠲᠡᠬᠢᠵᠤ ᠰᠢᠨᠡᠳᠭᠡᠨ | ᠰᠢᠷᠳᠡᠵᠤ᠂ ᠬᠤᠰᠢᠭᠤᠨ ᠤ ︽ᠲᠡᠤᠭᠡᠳᠤ ᠲᠤᠷᠠᠰᠬᠠᠯ ᠤᠨ ᠮᠦᠽᠧᠢ︾ ᠪᠤᠯᠭᠠᠨ ᠭᠠᠳᠠᠭᠠᠳᠤ ᠲᠤᠳᠤᠭᠠᠳᠤ ᠶᠢᠨ | ᠰᠤᠨᠢᠷᠬᠠᠭᠴᠢᠳ ᠲᠤ ᠦᠵᠡᠮᠦᠷᠢ ᠪᠤᠯᠭᠠᠨ ᠨᠡᠭᠡᠭᠡᠭᠰᠡᠨ ᠪᠠᠶᠢᠨ᠎ᠠ᠃ ᠵᠢᠶᠦ᠋ᠨ ᠸᠠᠩ ᠤᠨ ᠤᠷᠳᠤᠨ ᠨᠢ ᠡᠷᠳᠡᠨ ᠤ | ᠪᠠᠷᠢᠯᠭ᠎ᠠ ᠶᠢᠨ ᠭᠤᠴᠤ ᠰᠠᠶᠢᠬᠠᠨ ᠲᠦᠷᠢ ᠪᠠᠶᠢᠳᠠᠯ ᠢ ᠢᠯᠡᠷᠡᠬᠦᠯᠵᠤ᠂ ᠤᠯᠠᠭᠠᠨ ᠡᠭᠦᠳᠡ᠂ ᠤᠯᠠᠭᠠᠨ ᠪᠠᠭᠠᠨ᠎ᠠ᠂ | ᠦᠨᠳᠦᠷ ᠲᠤᠭᠤᠰᠬᠠᠨ ᠬᠠᠶᠢᠰᠢᠩ ᠲᠠᠢ ᠬᠡᠷᠡᠮ︔ ᠪᠡᠯᠭᠡᠳᠦ ᠬᠦᠷᠦᠭᠡᠰᠦ᠂ ᠯᠤᠤ ᠭᠠᠷᠤᠳᠢ᠂ ᠦᠡᠭᠭᠡᠳᠦ ᠲᠡᠭᠡᠪᠦᠷ ᠤᠨ | ᠠᠮᠢᠳᠠᠨ ᠠᠷᠢᠶᠠᠳᠠᠨ ᠤ ᠴᠢᠮᠡᠭᠯᠡᠯ ᠤᠳ ᠨᠢ ᠠᠯᠳᠠᠨ ᠰᠢᠷᠭᠠᠯ ᠨᠠᠷᠠᠨ ᠤ ᠬᠡᠷᠡᠯ ᠳᠤ ᠲᠤᠶᠠᠭᠠᠷᠠᠨ ᠬᠠᠷᠠᠭᠳᠠᠨ᠎ᠠ᠃ | ᠤᠷᠳᠤᠨ ᠤ ᠲᠤᠳᠤᠷ᠎ᠠ ᠠᠯᠬᠤᠯᠠᠬᠤ ᠳᠤ ᠬᠤᠸᠠᠷ ᠴᠡᠴᠡᠭ ᠤᠨ ᠦᠨᠦᠷ ᠰᠡᠩᠬᠢᠨᠡᠵᠤ᠂ ᠦᠷᠬᠦᠭᠡ ᠬᠡᠷ ᠨᠢ ᠤᠨᠳᠠᠬᠤ | ᠠᠮᠠᠷᠠᠬᠤ ᠲᠠᠰᠤᠯᠭ᠎ᠠ᠂ ᠵᠤᠴᠢᠯᠠᠬᠤ ᠲᠠᠰᠤᠯᠭ᠎ᠠ ᠬᠡᠳ ᠲᠤᠳᠤᠷᠬᠠᠢ ᠬᠤᠪᠢᠶᠠᠷᠢᠯᠠᠯ ᠲᠠᠢ᠂ ᠲᠤᠳᠤᠷᠠᠬᠢ ᠡᠳ᠋ᠯᠡᠯ | ᠬᠡᠷᠡᠭᠰᠡᠯ ᠨᠢ ᠪᠦᠷᠢᠨ ᠲᠦᠭᠦᠷ᠂ ᠰᠢᠷᠡᠭᠡ ᠰᠠᠨᠳᠠᠯᠢ ᠠᠪᠳᠠᠷ᠎ᠠ ᠱᠦᠬᠦᠢ ᠨᠢ ᠡᠷᠬᠢᠮ ᠸᠠᠩ ᠬᠦᠡᠭ ᠤᠨ ᠡᠳ᠋ᠯᠡᠳᠡᠭ | ᠯᠤᠤ ᠶᠢᠨ ᠬᠤᠸᠠᠷ ᠲᠠᠢ᠂ ᠠᠯᠢ ᠰᠠᠶᠢᠬᠠᠨ ᠴᠢᠮᠡᠭᠯᠡᠯ ᠲᠠᠢ ᠪᠠᠶᠢᠯ᠎ᠠ᠃ ᠸᠠᠩ ᠤᠨ ᠤᠷᠳᠤᠨ ᠤ ᠠᠷᠤ ᠡᠮᠦᠨ᠎ᠡ | ᠬᠦᠷᠢᠶ᠎ᠡ ᠨᠢ ᠬᠤᠶᠠᠷ ᠬᠤᠤᠰ ᠠᠯᠳᠠ ᠭᠠᠷᠤᠢ ᠦᠨᠳᠦᠷ ᠬᠦᠭᠡ ᠲᠤᠭᠤᠰᠬ᠎ᠠ ᠪᠠᠷ ᠪᠤᠰᠬᠠᠭᠰᠠᠨ ᠬᠡᠷᠡᠮ ᠢᠶᠠᠷ | ᠵᠠᠯᠭᠠᠯᠳᠤᠵᠤ᠂ ᠬᠡᠷᠡᠮ ᠲᠡᠭᠡᠷ᠎ᠡ ᠨᠢ ᠬᠤᠳᠠ ᠶᠢᠨ ᠬᠠᠶᠢᠰᠠᠩ ᠪᠤᠰᠬᠠᠵᠤ ᠰᠡᠷᠭᠡᠶᠢᠯᠡᠨ ᠬᠠᠮᠠᠭᠠᠯᠠᠯᠳᠠ ᠬᠢᠵᠡᠢ᠃ | ᠶᠡᠷᠦᠩᠭᠡᠢ ᠳᠡᠭᠡᠨ ᠲᠤᠭᠤᠰᠬ᠎ᠠ᠂ ᠮᠤᠳᠤ᠂ ᠬᠠᠳᠠ ᠪᠠᠷ ᠲᠡᠭᠰᠢ ᠤᠷᠤᠢ ᠪᠠ ᠠᠭᠤᠯᠠᠨ ᠤᠷᠤᠢ ᠶᠢᠨ ᠬᠡᠯᠪᠡᠷᠢᠳᠡᠢ | ᠪᠤᠰᠬᠠᠵᠤ᠂ ᠮᠤᠩᠭᠤᠯ᠂ ᠲᠦᠪᠡᠳ᠂ ᠬᠢᠳᠠᠳ ᠪᠠᠷᠢᠯᠭ᠎ᠠ ᠶᠢᠨ ᠤᠨᠴᠠᠯᠢᠭ ᠢ ᠨᠢᠭᠡᠳᠭᠡᠭᠰᠡᠨ ᠪᠠᠶᠢᠳᠠᠭ᠃ ︽ᠶᠡᠭᠡ | ᠵᠤᠤ ᠠᠶᠢᠮᠠᠭ ᠤᠨ ᠤᠢᠢᠯᠠᠯᠭ᠎ᠠ︾ ᠳᠤ ︽ᠵᠢᠷᠤᠭᠳᠤ ᠲᠡᠭᠡᠪᠦᠷᠢ᠂ ᠯᠤᠤ ᠶᠢᠨ ᠬᠤᠸᠠᠷᠳᠤ ᠴᠢᠮᠡᠭᠯᠡᠯ ᠢᠶᠠᠷ ᠢᠶᠠᠨ | ᠡᠷᠬᠢᠮᠰᠦᠭ ᠭᠤᠶᠢᠳᠠ ᠬᠠᠷᠠᠭᠳᠠᠯ ᠲᠠᠢ᠂ ᠶᠡᠭᠡ ᠵᠤᠤ ᠶᠢᠨ ᠬᠠᠮᠤᠭ ᠤᠨ ᠰᠢᠨ᠎ᠡ ᠸᠠᠩ ᠤᠨ ᠤᠷᠳᠤᠨ ᠮᠦᠨ︾ ᠬᠡᠵᠤ | ᠱᠠᠭᠰᠢᠭᠳᠠᠨ ᠪᠢᠴᠢᠭᠳᠡᠵᠡᠢ᠃ | ᠴᠢ ᠵᠦᠡᠭ ᠢ 1949 ᠤᠨ ᠤ 3 ᠰᠠᠷ᠎ᠠ ᠳᠤ ᠡᠵᠡᠨ ᠬᠤᠷᠤᠭ᠎ᠠ ᠬᠤᠰᠢᠭᠤᠨ ᠤ ᠬᠠᠮᠤᠭ ᠰᠡᠬᠦᠯᠴᠢ ᠶᠢᠨ | ᠵᠠᠰᠠᠭ ᠸᠠᠩ ᠰᠠᠭᠤᠵᠤ᠂ 1949 ᠤᠨ ᠤ 9 ᠰᠠᠷ᠎ᠠ ᠶᠢᠨ 19 ᠤ ᠡᠳᠦᠷ᠂ ᠲᠡᠤᠭᠡ ᠶᠢᠨ ᠶᠡᠭᠡ ᠤᠷᠤᠰᠬᠠᠯ ᠢ | ᠠᠶᠠᠳᠠᠨ ᠲᠠᠭᠠᠵᠤ᠂ ᠰᠦᠢᠶᠤᠸᠠᠨ ᠤ ︽9.19︾ ᠤ ᠪᠤᠰᠤᠯᠭ᠎ᠠ ᠳᠤ ᠤᠷᠤᠯᠴᠠᠵᠠᠢ᠃ ᠰᠡᠭᠦᠯᠡᠷ ᠨᠢ ᠡᠵᠡᠨ | ᠬᠤᠷᠤᠭ᠎ᠠ ᠬᠤᠰᠢᠭᠤᠨ ᠤ ᠬᠤᠰᠢᠭᠤ ᠲᠠᠷᠤᠭ᠎ᠠ ᠶᠢᠨ ᠲᠤᠰᠢᠶᠠᠯ ᠢ ᠬᠠᠷᠢᠭᠤᠴᠠᠪᠠ᠃ 1954 ᠤᠨ ᠳᠤ ᠴᠢᠩᠭᠢᠰ ᠤᠨ | ᠤᠡᠭᠭᠤᠨ ᠢ ᠤᠭᠳᠤᠨ ᠠᠪᠴᠢᠷᠠᠬᠤ ᠲᠦᠯᠦᠭᠡᠯᠡᠭᠴᠢᠳ ᠤᠨ ᠬᠡᠰᠢᠬᠦᠨ ᠤ ᠬᠤᠪᠢ ᠪᠠᠷ ᠬᠦᠬᠡᠨᠠᠭᠤᠷ ᠮᠤᠵᠢ ᠶᠢᠨ | ᠬᠦᠮᠪᠤᠨ ᠬᠡᠶᠢᠳ ᠲᠤ ᠬᠦᠷᠴᠤ᠂ ᠨᠡᠭᠦᠯᠭᠡᠨ ᠠᠪᠴᠢᠷᠠᠬᠤ ᠶᠤᠰᠤᠯᠠᠯ ᠳᠤ ᠤᠷᠤᠯᠴᠠᠨ᠂ ᠴᠢᠩᠬᠢᠰ ᠤᠨ ᠤᠡᠭᠭᠤᠨ ᠢ | ᠤᠭ ᠨᠤᠳᠤᠭ ᠲᠤᠨᠢ ᠬᠠᠮᠠᠭᠠᠯᠠᠨ ᠬᠦᠷᠭᠡᠵᠡᠢ᠃ ᠲᠡᠷᠡ ᠪᠤᠯ ᠴᠢᠩᠬᠢᠰ ᠬᠠᠭᠠᠨ ᠤ 34 ᠳ᠋ᠤᠭᠡᠷ ᠦᠶ᠎ᠡ ᠶᠢᠨ ᠬᠤᠶᠢᠴᠢ | ᠮᠦᠨ᠃ 1956 ᠤᠨ ᠳᠤ ᠶᠡᠭᠡ ᠵᠤᠤ ᠠᠶᠢᠮᠠᠭ ᠤᠨ ᠲᠡᠳ᠋ ᠲᠠᠷᠤᠭ᠎ᠠ ᠶᠢᠨ ᠲᠤᠰᠢᠶᠠᠯ ᠢ ᠬᠠᠷᠢᠭᠤᠴᠠᠵᠤ ᠪᠠᠶᠢᠪᠠ᠃ | ᠤᠷᠠᠨ ᠵᠤᠬᠢᠶᠠᠯ᠂ ᠲᠡᠤᠭᠡ ᠰᠤᠳᠤᠯᠤᠯ ᠤᠨ ᠲᠠᠯ᠎ᠠ ᠪᠠᠷ ᠤᠯᠠᠨ ᠰᠠᠶᠢᠬᠠᠨ ᠪᠦᠳᠦᠭᠡᠯ ᠲᠠᠢ ᠪᠢᠯᠡ᠃ |