| ᠦᠭᠡᠳᠠᠢ ᠬᠠᠭᠠᠨ ᠦᠷᠤᠰᠢᠶᠠᠯ ᠡᠨᠠᠷᠢᠯ ᠶᠠᠭᠡᠳᠠᠢ ᠮᠦᠷᠳᠠᠭᠡᠨ ᠠᠷᠢᠬᠢ ᠲᠠᠷᠠᠰᠤ ᠤᠤᠭᠤᠵᠤ ᠵᠢᠷᠭᠠᠨ | ᠴᠠᠩᠭᠡᠬᠦ ᠲᠤᠷ᠎ᠠ ᠲᠠᠢ ᠪᠠᠶᠢᠵᠠᠢ᠃ ᠮᠤᠩᠭᠤᠯ ᠤᠨ ᠶᠡᠭᠡ ᠴᠡᠷᠢᠭ ᠡᠮᠤᠨᠠᠰᠢ ᠰᠦᠡᠭ ᠤᠯᠤᠰ ᠢ ᠪᠠᠶᠢᠯᠳᠤᠵᠤ᠂ | ᠪᠠᠷᠠᠭᠤᠠᠰᠢ ᠤᠷᠤᠰ᠂ ᠫᠤᠯᠠᠠᠳ᠋᠂ ᠬᠠᠨᠭ᠍ᠭᠠᠷᠢ ᠵᠠᠷᠭᠡ ᠭᠠᠵᠠᠷ ᠢ ᠲᠠᠶᠢᠯᠠᠭᠠᠤᠨ ᠠᠽᠢᠶ᠎ᠠ ᠡᠸᠦ᠋ᠷᠤᠫᠠ ᠶᠢᠨ ᠤᠯᠠᠨ | ᠤᠯᠤᠰ ᠢ ᠲᠤᠭᠳᠠᠭᠠᠵᠤ ᠪᠠᠶᠢᠭ᠎ᠠ ᠦᠶ᠎ᠠ ᠳᠤ ᠦᠭᠡᠳᠠᠢ ᠬᠠᠭᠠᠨ ᠤᠯᠠᠨ ᠵᠠᠩᠵᠤᠨ ᠪᠠᠭᠠᠳᠤᠷ ᠤᠨ ᠢᠶᠠᠨ ᠲᠠᠶᠢᠨ ᠤ | ᠢᠯᠠᠯᠳᠠ ᠳᠤ ᠪᠠᠶᠠᠰᠴᠤ᠂ ᠵᠢᠯ ᠪᠦᠷᠢ ᠨᠠᠶᠢᠰᠯᠠᠯ ᠬᠤᠳᠠ ᠬᠠᠷᠠᠬᠤᠷᠤᠮ ᠳᠠᠭᠠᠨ ᠬᠠᠪᠤᠷᠵᠢᠵᠤ᠂ ᠬᠠᠷᠠᠬᠤᠷᠤᠮ ᠠᠴᠠ | ᠵᠠᠬᠦᠨ ᠡᠮᠤᠨ᠎ᠠ ᠪᠠᠶᠢᠭ᠎ᠠ ᠦᠷᠮᠥᠭᠳᠤ ᠳᠤ ᠵᠤᠰᠠᠨ᠂ ᠬᠦᠪᠰᠦᠬᠦᠯ ᠨᠠᠭᠤᠷ ︵ᠮᠤᠩᠭᠤᠯ ᠤᠯᠤᠰ ᠤᠨ ᠪᠠᠷᠠᠭᠤᠨ | ᠬᠤᠶᠢᠳᠤ ᠭᠡᠰᠡᠭ ᠲᠤ ᠪᠤᠢ︶ ᠲᠤ ᠨᠠᠮᠤᠷᠵᠢᠭᠠᠤᠨ᠂ ᠤᠡᠭᠬᠢ ᠶᠢᠨ ᠭᠤᠤᠯ ︵ᠤᠳᠤᠬᠢ ᠮᠤᠩᠭᠤᠯ ᠤᠯᠤᠰ ᠲᠤ | ᠪᠠᠶᠢᠭ᠎ᠠ ᠤᠡᠭᠬᠢᠨ ᠭᠤᠤᠯ ᠪᠤᠯᠤᠨ᠎ᠠ︶ ᠳᠤ ᠡᠪᠤᠯᠵᠢᠨ᠂ ᠡᠳᠤᠷ ᠪᠦᠷᠢ ᠤᠯᠤᠰ ᠤᠨ ᠶᠡᠭᠡ ᠭᠡᠷᠡᠭ ᠢ | ᠰᠢᠢᠤᠠᠪᠤᠷᠢᠯᠠᠬᠦ ᠠᠴᠠ ᠭᠠᠳᠠᠨ᠎ᠠ᠂ ᠴᠢᠯᠤᠭᠡ ᠴᠠᠭ ᠲᠠᠭᠠᠨ ᠠᠷᠢᠬᠢ ᠲᠠᠷᠠᠰᠤ ᠤᠤᠭᠤᠵᠤ᠂ ᠠᠪᠠ ᠬᠦᠷᠤᠭᠡ ᠲᠠᠯᠪᠢᠨ | ᠠᠮᠤᠷ ᠰᠠᠶᠢᠬᠠᠨ ᠵᠢᠷᠭᠠᠵᠤ ᠴᠠᠩᠭᠡᠨ ᠪᠠᠶᠢᠪᠠ᠃ | ᠦᠭᠡᠳᠠᠢ ᠬᠠᠭᠠᠨ ᠠᠷᠢᠬᠢ ᠲᠠᠷᠠᠰᠤᠨ ᠳᠤ ᠰᠢᠨᠤᠵᠤ᠂ ᠦᠷᠬᠦᠯᠵᠢ ᠡᠪᠠᠤᠡᠴᠢᠨ ᠵᠤᠪᠠᠯᠠᠩ ᠪᠤᠯᠳᠠᠭ ᠲᠤᠯᠨ | ᠡᠴᠢᠭᠡ ᠬᠠᠭᠠᠨ ᠨᠢ ᠠᠮᠢᠳᠤ ᠰᠠᠷᠡᠬᠦᠨ ᠪᠠᠶᠢᠬᠤ ᠳᠠᠭᠠᠨ ᠤᠯᠠᠨ ᠤᠳᠠᠭ᠎ᠠ ᠪᠤᠷᠤᠭᠤᠰᠢᠶᠠᠨ ᠲᠤᠩᠭᠤᠤᠠᠴᠤ | ᠦᠡᠭᠭᠡᠷᠡᠭᠰᠠᠨ ᠶᠤᠮ᠃ ᠪᠤᠬᠳᠠ ᠡᠵᠡᠨ ᠴᠢᠩᠬᠢᠰ ᠬᠠᠭᠠᠨ ᠲᠡᠭᠷᠢ ᠳᠤ ᠬᠠᠯᠢᠭᠰᠠᠨ ᠤ ᠲᠠᠷᠠᠭ᠎ᠠ᠂ ᠦᠭᠡᠳᠠᠢ ᠬᠠᠭᠠᠨ ᠤ | ᠶᠠᠭᠡᠳᠠ ᠬᠦᠡᠳᠤᠤᠠᠭᠡᠨ ᠦᠵᠠᠳᠡᠭ ᠴᠠᠭᠠᠳᠠᠢ ᠠᠬ᠎ᠠ ᠨᠢ ᠰᠢᠳᠠᠷ ᠲᠦᠰᠢᠮᠠᠯ ᠢᠶᠠᠨ ᠲᠤᠮᠢᠯᠠᠨ ᠢᠯᠠᠭᠡᠵᠤ᠂ ᠠᠷᠢᠬᠢ | ᠲᠠᠷᠠᠰᠤ ᠶᠠᠭᠡᠪᠠᠷ ᠤᠤᠭᠤᠬᠤ ᠶᠢ ᠨᠢ ᠬᠤᠷᠢᠭᠯᠨᠨ ᠴᠠᠬ ᠪᠦᠷᠢ ᠲᠤᠭ᠎ᠠ ᠲᠠᠢ ᠭᠡᠳᠤᠭᠡᠨ ᠬᠤᠨᠳᠠᠭ᠎ᠠ ᠤᠤᠭᠤᠯᠭᠠᠵᠤ | ᠪᠠᠶᠢᠭᠰᠠᠨ ᠶᠤᠮ᠃ ᠦᠭᠡᠳᠠᠢ ᠬᠠᠭᠠᠨ ᠠᠬ᠎ᠠ ᠶᠢᠨ ᠢᠶᠠᠨ ᠵᠠᠬᠢᠶ᠎ᠠ ᠶᠢ ᠢᠯᠨ ᠪᠠᠷ ᠵᠦᠷᠢᠴᠠᠵᠤ ᠴᠢᠳᠠᠬᠤ ᠦᠭᠡᠢ ᠲᠤᠯᠨ | ᠲᠤᠭᠳᠠᠭᠠᠭᠰᠠᠨ ᠲᠤᠭ᠎ᠠ ᠶᠢᠨ ᠬᠢᠨᠢ ᠲᠤᠳᠤᠷ᠎ᠠ ᠲᠤᠮᠤ ᠬᠤᠨᠳᠠᠭ᠎ᠠ ᠪᠠᠷ ᠪᠢᠯᠬᠠᠷᠠᠳᠠᠯᠠ ᠤᠤᠭᠤᠭᠠᠤᠨ ᠰᠤᠭᠳᠤᠭᠤᠷᠠᠳᠠᠭ | ᠪᠠᠶᠢᠯ᠎ᠠ᠃ ᠡᠶᠢᠮᠤ ᠠᠴᠠ ᠴᠠᠭᠠᠳᠠᠢ ᠠᠬ᠎ᠠ ᠶᠢᠨ ᠬᠢᠨᠢ ᠲᠤᠮᠢᠯᠠᠨ ᠢᠷᠠᠬᠦᠯᠥᠭᠰᠠᠨ ᠰᠢᠳᠠᠷ ᠲᠦᠰᠢᠮᠠᠯ ᠴᠤ ᠬᠤᠷᠢᠭᠯᠠᠵᠤ | ᠲᠠᠶᠢᠯᠬᠦ ᠦᠭᠡᠢ ᠪᠤᠯᠤᠭᠰᠠᠨ ᠪᠠᠶᠢᠨ᠎ᠠ᠃ ᠶᠧᠯᠢᠤᠢ ᠴᠦᠼᠠᠢ ᠪᠠᠰᠠ ᠤᠯᠠᠨ ᠤᠳᠠᠭ᠎ᠠ ᠢᠤᠠᠬᠠᠨ ᠬᠤᠷᠢᠭᠯᠠᠭᠰᠠᠨ | ᠪᠤᠯᠪᠠᠴᠤ ᠶᠠᠷᠤ ᠲᠤᠰᠠ ᠪᠤᠯᠤᠭᠰᠠᠨ ᠦᠭᠡᠢ ᠪᠤᠯᠬᠤᠷ ᠠᠷᠭ᠎ᠠ ᠪᠤᠰᠤ ᠠᠷᠢᠬᠢ ᠤᠤᠭᠤᠳᠠᠭ ᠲᠠᠮᠤᠷ ᠰᠠᠪᠠ ᠶᠢ ᠨᠢ | ᠡᠷᠬᠦᠵᠤ᠄ ︽ᠡ᠊ᠨᠡ ᠲᠠᠮᠤᠷ ᠰᠠᠪᠠ ᠪᠠᠶᠢᠳᠠᠯ᠎ᠠ ᠠᠷᠢᠬᠢᠨ ᠳᠤ ᠢᠳᠡᠭᠳᠡᠳᠡᠭ ᠪᠢᠯᠨ᠂ ᠬᠦᠮᠤᠨ ᠤ ᠲᠠᠪᠤᠨ ᠴᠤᠯᠤ ᠶᠢ | ᠨᠠᠩ ᠶᠠᠭᠤᠨ ᠦᠬᠦᠯᠠᠬᠦ ᠠᠵᠢ︖︾ ᠭᠡᠵᠤ ᠢᠤᠠᠬᠠᠪᠠ᠃ ᠲᠠᠬᠦᠨ ᠠᠴᠠ ᠬᠤᠶᠢᠰᠢ ᠦᠭᠡᠳᠠᠢ ᠬᠠᠭᠠᠨ ᠰᠠᠭᠡᠰᠬᠢᠵᠤ᠂ | ᠵᠢᠭᠠᠬᠠᠨ ᠲᠤᠳᠠᠭᠤ ᠰᠢᠬ ᠤᠤᠭᠤᠬᠤ ᠪᠤᠯᠤᠭᠰᠠᠨ ᠭᠡᠨ᠎ᠡ᠃ 1241 ᠤᠨ ᠤ ᠭᠤᠷᠪᠠᠳᠤᠭᠠᠷ ᠰᠠᠷ᠎ᠠ ᠳᠤ ᠦᠭᠡᠳᠠᠢ | ᠬᠠᠭᠠᠨ ᠰᠢᠯᠬᠢᠡᠴᠢᠭ ︵ᠮᠤᠩᠭᠤᠯ ᠤᠯᠤᠰ ᠲᠤ ᠪᠠᠶᠢᠭ᠎ᠠ ᠰᠢᠷ᠎ᠠ ᠤᠷᠳᠤᠨ ᠪᠤᠯᠤᠨ᠎ᠠ︶ ᠲᠤ ᠠᠪᠠᠯᠠᠵᠤ᠂ ᠠᠷᠢᠬᠢᠨ ᠳᠤ | ᠰᠤᠭᠳᠤᠭᠠᠤᠨ ᠬᠦᠡᠳᠤ ᠪᠠᠷ ᠴᠢᠯᠠᠭᠡᠷᠭᠡᠪᠠ᠃ ᠲᠦᠷᠠᠭᠡᠨᠠ ᠬᠠᠳᠤᠨ ᠰᠠᠡᠳᠤᠷᠴᠤ᠂ ᠶᠧᠯᠢᠤᠢ ᠴᠦᠼᠠᠢ ᠶᠢ ᠲᠠᠭᠤᠳᠠᠨ | ᠵᠦᠪᠯᠡᠭᠰᠠᠨ ᠳᠤ ᠶᠧᠯᠢᠤᠢ ᠴᠦᠼᠠᠢ᠄ ︽ᠡᠳᠤᠭᠡ ᠨᠤᠶᠠᠤᠨ ᠲᠦᠰᠢᠮᠠᠤᠨ ᠵᠠᠷᠭᠡ ᠭᠡᠷᠭᠡᠮ ᠢ ᠬᠤᠳᠠᠯᠳᠤᠨ ᠠᠪᠴᠤ | ᠶᠤᠰᠤ ᠪᠤᠰᠤ ᠪᠠᠷ ᠬᠦᠡᠳᠠᠯᠠᠨ ᠭᠤᠤᠯᠳᠤ ᠠᠭᠠᠰᠢᠯᠠᠨ᠂ ᠬᠢᠯᠢᠰ ᠬᠦᠵᠢᠷ ᠢᠶᠠᠷ ᠤᠯᠠᠨ ᠬᠦᠮᠤᠨ ᠢ ᠪᠠᠷᠢᠪᠴᠢᠯᠠᠨ | ᠬᠤᠷᠢᠭᠰᠠᠨ ᠲᠤᠯᠨ ᠪᠤᠷᠬᠠᠨ ᠲᠡᠭᠷᠢ ᠬᠢᠯᠢᠩᠨᠡᠭᠰᠠᠨ ᠮᠠᠭᠠᠤᠨ ᠦᠭᠡᠢ᠂ ᠬᠢᠨᠳᠠᠨ ᠱᠤᠷᠤᠩ ᠢ ᠰᠤᠯᠠᠯᠠᠵᠤ᠂ ᠦᠷᠤᠰᠢᠶᠠᠯ | ᠡᠨᠠᠷᠢᠯ ᠦᠵᠠᠬᠦᠯᠪᠠᠯ ᠬᠠᠭᠠᠨ ᠤ ᠡᠪᠠᠤᠡᠴᠢᠨ ᠡᠳᠠᠭᠡᠷᠠᠵᠤ ᠮᠡᠳᠡᠨ᠎ᠡ︾ ᠬᠡᠵᠦ ᠠᠶᠢᠯᠠᠳᠬᠠᠪᠠ᠃ ᠲᠦᠷᠡᠬᠡᠨᠡ ᠬᠠᠳᠤᠨ | ᠵᠦᠪᠰᠢᠶᠠᠷᠡᠵᠦ᠂ ᠤᠯᠠᠨ ᠶᠠᠯᠠᠳᠠᠨ ᠢ ᠰᠤᠯᠠᠯᠠᠬᠰᠠᠨ ᠳᠤ ᠦᠬᠡᠳᠡᠢ ᠬᠠᠭᠠᠨ ᠤ ᠡᠪᠡᠳᠴᠢᠨ ᠦᠨᠠᠭᠡᠷ ᠢᠯᠠᠷᠢ ᠪᠤᠯᠪᠠ᠃ | ᠲᠤᠰ ᠤᠨ ᠤ ᠠᠷᠪᠠᠨ ᠬᠤᠶᠠᠳᠤᠭᠠᠷ ᠰᠠᠷ᠎ᠠ ᠳᠤ᠂ ᠦᠭᠡᠳᠠᠢ ᠬᠠᠭᠠᠨ ᠤᠯᠠᠨ ᠰᠠᠶᠢᠤᠨ ᠲᠦᠰᠢᠮᠠᠤᠨ ᠢᠶᠠᠨ | ᠲᠠᠭᠠᠭᠤᠯᠵᠤ᠂ ᠶᠡᠭᠡ ᠬᠦᠷᠢᠶ᠎ᠠ ᠠᠪᠠ ᠲᠠᠯᠪᠢᠭᠠᠤᠨ ᠦᠳᠥᠭ ᠬᠤᠯᠠᠨ ᠠᠭᠤᠯᠨ ︵ᠮᠤᠩᠭᠤᠯ ᠤᠯᠤᠰ ᠤᠨ ᠲᠤᠮᠳᠠᠳᠤ | ᠭᠡᠰᠡᠭ ᠲᠤ ᠪᠤᠢ︶ ᠶᠢᠨ ᠲᠠᠷᠭᠡᠳᠠ ᠪᠠᠭᠤᠳᠠᠯᠯᠠᠪᠠ᠃ ᠲᠠᠭᠡᠭᠡᠤᠨ ᠶᠡᠭᠡ ᠲᠦᠰᠢᠮᠠᠯ ᠤᠳᠤᠯᠾᠮᠠᠨ ᠲᠠᠢ ᠪᠠᠨ ᠰᠦᠨᠢ | ᠲᠤᠷᠰᠢ ᠠᠷᠢᠬᠢ ᠲᠠᠷᠠᠰᠤ ᠤᠤᠭᠤᠵᠤ ᠨᠠᠶᠢᠷᠠᠯᠠᠭᠠᠤᠨ ᠮᠠᠷᠭᠠᠰᠢ ᠦᠷᠯᠤᠭᠡ ︵1241 ᠤᠨ ᠤ 12 ᠰᠠᠷ᠎ᠠ ᠶᠢᠨ | 11 ᠤ ᠡᠳᠤᠷ︶ ᠨᠢ ᠨᠠᠰᠤ ᠨᠦᠭᠴᠢᠭᠰᠡᠨ ᠪᠠᠶᠢᠵᠠᠢ᠃ ᠨᠠᠰᠤᠨ ᠰᠠᠬᠦᠳᠠᠷ ᠲᠠᠪᠢᠨ ᠵᠢᠷᠭᠤᠭᠠᠳᠠᠢ ᠪᠦᠯᠤᠭᠡ᠂ ᠶᠡᠭᠡ | ᠰᠠᠭᠤᠷᠢᠨ ᠳᠤ ᠠᠷᠪᠠᠨ ᠭᠤᠷᠪᠠᠨ ᠵᠢᠯ ᠰᠠᠭᠤᠭᠰᠠᠨ ᠪᠠᠶᠢᠪᠠ᠃ ᠦᠭᠡᠳᠠᠢ ᠬᠠᠭᠠᠨ ᠲᠡᠭᠷᠢ ᠳᠤ ᠬᠠᠯᠢᠬᠤ ᠠᠴᠠ ᠪᠠᠨ | ᠡᠮᠤᠨ᠎ᠠ᠂ ᠠᠷᠪᠠᠨ ᠭᠤᠷᠪᠠᠨ ᠵᠢᠯ ᠶᠡᠭᠡ ᠰᠠᠭᠤᠷᠢᠨ ᠳᠤ ᠰᠠᠭᠠᠳᠠᠵᠤ ᠵᠠᠰᠠᠭ ᠶᠠᠪᠤᠭᠤᠯᠤᠭᠰᠠᠨ ᠪᠠᠶᠢᠳᠠᠯ ᠢᠶᠠᠨ ᠳ᠋ᠦᠡᠭᠨᠠᠨ | ᠄ ︽ᠡᠴᠢᠭᠡ ᠬᠠᠭᠠᠨ ᠤ ᠶᠡᠭᠡ ᠰᠠᠭᠤᠷᠢᠨ ᠳᠤ ᠰᠠᠭᠤᠵᠤ᠂ ᠬᠠᠭᠠᠨ ᠡᠴᠢᠭᠡ ᠠᠴᠠ ᠬᠤᠶᠢᠰᠢ ᠤᠢᠢᠯᠠᠳᠥᠭᠰᠠᠨ ᠭᠡᠷᠡᠭ | ᠮᠢᠨᠢ᠄ ᠨᠢᠭᠡᠳᠤᠭᠡᠷ ᠲᠤ᠂ ᠪᠢ ᠠᠯᠳᠠᠨ ᠤᠯᠤᠰ ᠢ ᠡᠵᠠᠯᠠᠨ ᠲᠠᠭᠠᠭᠤᠯᠪᠠ︔ ᠬᠤᠶᠠᠳᠤᠭᠠᠷ ᠲᠤ᠂ ᠪᠢᠳᠠᠨ ᠤ | ᠬᠤᠭᠤᠷᠤᠠᠳᠤ ᠡᠯᠴᠢ ᠶᠠᠪᠤᠭᠤᠯᠵᠤ ᠬᠠᠷᠢᠯᠴᠠᠬᠤ ᠪᠠ ᠵᠦᠭᠡᠭᠡᠯᠭᠡᠬᠦ ᠦᠷᠳᠡᠭᠡ ᠵᠠᠮ ᠢ ᠲᠠᠯᠪᠢᠭᠤᠯᠪᠠ︔ | ᠭᠤᠷᠪᠠᠳᠤᠭᠠᠷ ᠲᠤ᠂ ᠤᠰᠤ ᠦᠭᠡᠢ ᠭᠠᠵᠠᠷ ᠲᠤ ᠬᠤᠤᠠᠳᠤᠭ ᠮᠠᠯᠳᠠᠭᠤᠯᠵᠤ ᠭᠠᠷᠭᠠᠭᠤᠨ ᠤᠯᠤᠰ ᠢᠷᠭᠡᠨ ᠢ ᠤᠰᠤ | ᠡᠪᠠᠰᠤᠨ ᠳᠤ ᠬᠦᠷᠤᠯᠴᠡᠭᠡᠳᠠᠢ ᠪᠤᠯᠭᠠᠪᠠ︔ ᠲᠦᠷᠪᠠᠳᠤᠭᠡᠷ ᠲᠤ᠂ ᠵᠦᠭ ᠵᠦᠭ ᠤᠨ ᠰᠠᠭᠤᠷᠢᠨ ᠤᠯᠤᠰ ᠤᠨ | ᠬᠤᠳᠠ ᠨᠤᠭᠤᠳ ᠲᠤ ᠮᠠᠳᠠᠭᠡᠯᠡᠭᠴᠢ᠂ ᠵᠠᠬᠢᠷᠤᠭᠴᠢ ᠨᠠᠷ ᠢ ᠲᠠᠯᠪᠢᠵᠤ᠂ ᠤᠯᠤᠰ ᠢᠷᠭᠡᠨ ᠢ ᠬᠦᠯ ᠬᠦᠰᠠᠷᠠ᠂ ᠭᠠᠷ | ᠭᠠᠵᠠᠷ ᠲᠠᠯᠪᠢᠭᠤᠯᠵᠤ᠂ ᠠᠮᠤᠷ ᠲᠦᠪᠰᠢᠨ ᠪᠤᠯᠭᠠᠪᠠ︔ ᠬᠠᠭᠠᠨ ᠡᠴᠢᠭᠡ ᠠᠴᠠ ᠬᠤᠶᠢᠰᠢ᠂ ᠡ᠊ᠨᠡ ᠲᠦᠷᠪᠠᠨ | ᠤᠢᠢᠯᠨ ᠶᠢ ᠨᠠᠮᠠᠪᠠ ᠪᠢ᠃ ᠪᠠᠰᠠ ᠬᠠᠭᠠᠨ ᠡᠴᠢᠭᠡ ᠶᠢᠨ ᠶᠡᠭᠡ ᠰᠠᠭᠤᠷᠢᠨ ᠳᠤ ᠰᠠᠭᠤᠵᠤ᠂ ᠤᠯᠠᠨ ᠤᠯᠤᠰ | ᠢᠷᠭᠡᠨ ᠢ ᠵᠠᠬᠢᠷᠬᠤ ᠶᠡᠭᠡ ᠡᠬᠦᠷᠭᠡ ᠶᠢ ᠬᠦᠯᠢᠶᠡᠭᠰᠠᠨ ᠪᠠᠶᠢᠳᠠᠯ᠎ᠠ ᠪᠤᠷᠤ ᠲᠠᠷᠠᠰᠤᠨ ᠳᠤ ᠤᠷᠤᠭᠰᠠᠨ ᠮᠢᠨᠢ ᠨᠢᠭᠡᠳᠤᠭᠡᠷ | ᠪᠤᠷᠤᠭᠤ ᠪᠤᠯᠪᠠ︔ ᠬᠤᠶᠠᠳᠤᠭᠠᠷ ᠲᠤ᠂ ᠶᠤᠰᠤ ᠦᠭᠡᠢ ᠡᠮ᠎ᠠ ᠬᠦᠮᠤᠨ ᠤ ᠦᠭᠡᠨ ᠳᠤ ᠤᠷᠤᠵᠤ ᠤᠤᠠᠴᠢᠬᠢᠨ | ᠠᠪᠠᠭ᠎ᠠ ᠶᠢᠨ ᠬᠠᠷᠢᠶᠠᠳᠤ ᠨᠠᠷ ᠤᠨ ᠲᠤᠳᠤᠷ᠎ᠠ ᠠᠴᠠ ᠭᠡᠤᠭᠡᠨ ᠠᠪᠴᠢᠷᠠᠭᠤᠯᠤᠭᠰᠠᠨ ᠨᠢ ᠪᠤᠷᠤᠭᠤ ᠪᠤᠯᠪᠠ︔ | ᠤᠯᠤᠰ ᠤᠨ ᠡᠵᠠᠨ ᠬᠠᠭᠠᠨ ᠪᠠᠶᠢᠳᠠᠯ᠎ᠠ ᠶᠤᠰᠤ ᠦᠭᠡᠢ ᠮᠠᠭᠤ ᠤᠢᠢᠯᠨ ᠳᠤ ᠠᠪᠳᠠᠭᠰᠠᠨ ᠮᠢᠨᠢ ᠪᠠᠰᠠ ᠨᠢᠭᠡ ᠪᠤᠷᠤᠭᠤ | ᠪᠤᠯᠪᠠ︔ ᠭᠤᠷᠪᠠᠳᠤᠭᠠᠷ ᠲᠤ᠂ ᠲᠤᠭᠤᠯᠬᠤ ᠪᠠᠭᠠᠳᠤᠷ ᠢ ᠲᠠᠯᠳᠠ ᠠᠴᠠ ᠬᠠᠷᠠᠳᠠᠭᠰᠠᠨ ᠮᠢᠨᠢ ᠨᠢᠭᠡ ᠪᠤᠷᠤᠭᠤ ᠪᠤᠢ︔ | ᠶᠠᠮᠠᠷ ᠪᠤᠷᠤᠭᠤ ᠪᠤᠢ ᠭᠡᠪᠠᠯ᠂ ᠬᠠᠭᠠᠨ ᠡᠴᠢᠭᠡ ᠶᠢᠨ ᠮᠢᠨᠢ ᠬᠠᠷᠠᠬᠤ ᠨᠢᠳᠤᠨ ᠤ ᠡᠮᠤᠨ᠎ᠠ ᠬᠠᠮᠤᠭ ᠠᠴᠠ ᠲᠠᠷᠢᠬᠦᠨ ᠳᠤ | ᠬᠠᠤᠠᠬᠤᠯᠳᠤᠵᠤ ᠶᠠᠪᠤᠭᠰᠠᠨ ᠲᠤᠭᠤᠯᠬᠤ ᠪᠠᠭᠠᠳᠤᠷ ᠢ ᠬᠤᠤᠷᠳᠤ ᠮᠠᠭᠤ ᠦᠭᠡᠨ ᠳᠤ ᠤᠷᠤᠵᠤ ᠬᠤᠷᠤᠭᠠᠵᠤᠬᠤᠢ᠃ | ᠤᠳᠤ ᠮᠢᠨᠤ ᠡᠮᠤᠨ᠎ᠠ ᠭᠡᠨ ᠴᠢᠩᠬᠢᠵᠦ ᠲᠠᠷᠢᠬᠦᠯᠠᠨ ᠲᠠᠪᠰᠢᠵᠤ ᠦᠭᠬᠦ ᠪᠤᠢ︖ ᠬᠠᠭᠠᠨ ᠡᠴᠢᠭᠡ ᠶᠢᠨ | ᠮᠢᠨᠢ ᠡᠮᠤᠨ᠎ᠠ ᠵᠢᠤᠡᠬᠦᠭᠰᠠᠨ ᠵᠢᠷᠤᠮᠳᠤ ᠬᠦᠮᠤᠨ ᠢ ᠮᠠᠳᠠᠬᠦ ᠦᠭᠡᠢ ᠪᠠᠷ ᠦᠰᠢᠶᠠᠯᠡᠭᠰᠠᠨ ᠲᠤᠯᠨ ᠦᠪᠠᠷ ᠢ ᠪᠠᠨ ᠪᠢ | ᠪᠤᠷᠤᠭᠤᠰᠢᠶᠠᠨ᠎ᠠ᠃ ᠲᠦᠷᠪᠠᠳᠤᠭᠡᠷ ᠲᠤ᠂ ᠲᠡᠭᠷᠢ ᠭᠠᠵᠠᠷ ᠤᠨ ᠵᠠᠶᠠᠭ᠎ᠠ ᠪᠠᠷ ᠲᠦᠷᠥᠭᠰᠠᠨ ᠬᠦᠷᠤᠭᠡᠰᠤ ᠶᠢ ᠪᠤᠰᠤᠤᠨ | ᠠᠬ᠎ᠠ ᠲᠠᠬᠦᠤ ᠨᠠᠷ ᠤᠨ ᠨᠤᠳᠤᠭ ᠲᠤ ᠤᠴᠢᠬᠤ ᠪᠤᠯᠭᠤᠵᠠᠢ ᠭᠡᠵᠤ ᠬᠠᠷᠠᠮᠠᠯᠵᠤ᠂ ᠰᠢᠪᠠᠷ ᠭᠡᠷᠠᠮ ᠪᠠᠷᠢᠭᠤᠯᠵᠤ᠂ ᠠᠬ᠎ᠠ | ᠲᠠᠬᠦᠤ ᠨᠠᠷ ᠠᠴᠠ ᠭᠤᠮᠤᠳᠠᠬᠤ ᠦᠭᠡ ᠶᠢ ᠰᠤᠨᠤᠰᠪᠠ ᠪᠢ᠃ ᠡ᠊ᠨᠡ ᠪᠠᠰᠠ ᠨᠢᠭᠡ ᠪᠤᠷᠤᠭᠤ ᠪᠤᠢ᠃ ᠬᠠᠭᠠᠨ | ᠡᠴᠢᠭᠡ ᠠᠴᠠ ᠬᠤᠶᠢᠰᠢ ᠲᠦᠷᠪᠠᠨ ᠤᠢᠢᠯᠨ ᠶᠢ ᠨᠠᠮᠠᠪᠠ᠃ ᠪᠠᠰᠠ ᠲᠦᠷᠪᠠᠨ ᠪᠤᠷᠤᠭᠤ ᠶᠢ ᠤᠢᠢᠯᠠᠤᠡᠴᠠᠢ︕︾ ᠭᠡᠵᠤ | ᠦᠪᠠᠷ ᠤᠨ ᠭᠠᠪᠢᠶ᠎ᠠ ᠵᠢᠤᠡᠬᠦᠯ ᠢᠶᠠᠨ ᠵᠦᠪ ᠤᠨᠤᠪᠴᠢᠳᠠᠢ ᠦᠨᠠᠯᠡᠭᠰᠠᠨ ᠮᠦᠷᠳᠠᠭᠡᠨ ᠠᠯᠳᠠᠭ᠎ᠠ ᠪᠤᠷᠤᠭᠤ ᠪᠠᠨ ᠪᠠᠰᠠ | ᠨᠢᠭᠤᠵᠤ ᠲᠠᠯᠳᠠᠯᠠᠯ ᠦᠭᠡᠢ ᠪᠠᠷ ᠲᠤᠷᠠᠳᠤᠨ ᠭᠠᠷᠭᠠᠭᠰᠠᠨ ᠪᠠᠶᠢᠨ᠎ᠠ᠃ ᠦᠭᠡᠳᠠᠢ ᠬᠠᠭᠠᠨ ᠰᠢᠬ ᠦᠷᠤᠰᠢᠶᠠᠯ | ᠡᠨᠠᠷᠢᠯ ᠲᠠᠢ ᠮᠠᠷᠭᠡᠨ ᠰᠠᠴᠠᠨ ᠬᠠᠭᠠᠨ ᠦᠡᠭᠭᠡᠷᠡᠭᠰᠠᠨ ᠲᠠᠤᠭᠡᠨ ᠳᠤ ᠦᠨᠠᠭᠡᠷ ᠡᠳᠤᠷ ᠤᠨ ᠤᠳᠤ ᠰᠢᠬ ᠴᠦᠭᠡᠨ | ᠪᠠᠶᠢᠭᠰᠠᠨ ᠠᠵᠢ᠃ |