| ᠨᠠᠳᠠ ᠴᠢᠩ ᠬᠦᠷᠦᠨ ᠤ ᠲᠦᠷᠦ ᠬᠡᠷᠡᠯᠳᠦ ᠬᠠᠭᠠᠨ ᠤ ᠦᠶ᠎ᠡ ᠶᠢᠨ ᠶᠠᠭᠠᠨ ᠦᠡᠭᠭᠡᠳᠦ ᠯᠢᠩᠬᠸ᠎ᠠ | ᠴᠡᠴᠡᠭ ᠤᠨ ᠬᠡ ᠲᠠᠢ ᠫᠢᠯᠠ ᠪᠠᠶᠢᠳᠠᠭ᠂ ᠦᠨᠳᠦᠷ ᠨᠢ 4.2 ᠰᠡᠨᠲ᠋ᠢᠮᠧᠲᠷ᠂ ᠳ᠋ᠢᠶᠠᠮᠧᠲᠷ ᠨᠢ 26.8 ᠰᠡᠨᠲ᠋ᠢᠮᠧᠲᠷ | ᠶᠤᠮ᠃ ᠫᠢᠯᠠ ᠶᠢᠨ ᠲᠤᠳᠤᠨ᠎ᠠ ᠭᠠᠳᠠᠨ᠎ᠠ ᠨᠢ ᠪᠦᠷ ᠬᠦᠭᠡ ᠰᠢᠯ ᠪᠤᠳᠤᠭ ᠲᠤᠰᠤᠭᠠᠵᠤ᠂ ᠫᠢᠯᠠ ᠶᠢᠨ ᠲᠤᠳᠤᠷᠠᠬᠢ | ᠰᠢᠯ ᠪᠤᠳᠤᠭ ᠢ ᠶᠠᠭᠠᠨ ᠦᠡᠭᠭᠡ ᠪᠠᠷ ᠴᠢᠮᠡᠭᠯᠡᠨ ᠯᠢᠩᠬᠸ᠎ᠠ ᠶᠢᠨ ᠨᠠᠪᠴᠢ ᠪᠠ ᠴᠡᠴᠡᠭ ᠢ ᠵᠢᠷᠤᠵᠠᠢ᠃ ᠰᠢᠨ᠎ᠡ ᠪᠠᠷ | ᠲᠡᠯᠭᠡᠷᠡᠭᠰᠡᠨ ᠯᠢᠩᠬᠸ᠎ᠠ ᠴᠡᠴᠡᠭ ᠤᠨ ᠲᠠᠯᠪᠢ ᠨᠢ ᠱᠤᠪᠤᠭᠤᠷ ᠦᠵᠦᠬᠦᠷᠳᠡᠢ᠂ ᠨᠠᠪᠴᠢ ᠨᠢ ᠬᠦᠢᠭᠡᠨ ᠨᠤᠭᠤᠭᠠᠨ︔ | ᠲᠡᠯᠭᠡᠷᠡᠨ ᠤᠳᠠᠭᠰᠠᠨ ᠴᠡᠴᠡᠭ ᠨᠢ ᠰᠠᠯᠬᠢᠨ ᠤ ᠠᠶ᠎ᠠ ᠪᠠᠷ ᠤᠶᠠᠬᠠᠨ ᠨᠠᠬᠢᠯᠵᠠᠵᠤ᠂ ᠤᠰᠤᠨ ᠤ ᠤᠷᠭᠤᠮᠠᠯ ᠯᠢᠩᠬᠸ᠎ᠠ | ᠴᠡᠴᠡᠭ ᠢ ᠴᠢᠮᠡᠭᠯᠡᠭᠡᠳ ᠤᠯᠠᠮ ᠴᠤ ᠬᠡᠭᠡᠨᠴᠢᠷ ᠬᠠᠷᠠᠭᠳᠠᠭᠤᠯᠤᠨ᠎ᠠ᠃ ᠪᠤᠷᠤᠭᠠᠨ ᠤ ᠲᠤᠰᠤᠯ ᠨᠠᠪᠴᠢᠨ ᠳᠤ ᠲᠤᠰᠬᠤ | ᠴᠢᠮᠡᠭᠡ ᠶᠢ ᠴᠢᠩᠨᠠᠨ᠂ ᠤᠰᠤᠨ ᠠᠷ ᠮᠡᠯᠳᠡᠭᠡᠨᠡᠭᠰᠡᠨ ᠦᠵᠡᠮᠵᠢ ᠶᠢ ᠬᠠᠷᠠᠬᠤ ᠪᠠᠷ ᠪᠡᠶ᠎ᠡ ᠰᠡᠳᠬᠢᠯ ᠠᠷᠢᠭᠤᠰᠤᠨᠠ᠃ | ᠡᠨᠡ ᠫᠢᠯᠠ ᠪᠤᠯ ᠮᠢᠨᠤ ᠡᠪᠦᠭᠡ ᠶᠢᠨ ᠬᠠᠮᠤᠭ ᠠᠴᠠ ᠬᠠᠶᠢᠷᠠᠯᠠᠳᠠᠭ ᠡᠳ᠋ ᠪᠤᠯᠤᠨ᠎ᠠ᠃ ᠪᠠᠭ᠎ᠠ ᠪᠠᠶᠢᠬᠤ ᠳᠤ ᠡᠪᠦᠭᠡ ᠠᠴᠠ | ᠰᠤᠨᠤᠭᠰᠠᠨ ᠢᠶᠠᠷ᠂ ᠡᠨᠡ ᠫᠢᠯᠠ ᠤᠤᠯ ᠨᠢ ᠰᠢᠶᠠᠨ ᠤ ᠨᠢᠭᠡᠨ ᠲᠤᠮᠤ ᠡᠷᠦᠭᠡ ᠶᠢᠨ ᠬᠤᠷᠢᠶᠠᠭᠰᠠᠨ ᠡᠳ᠋ᠯᠡᠯ ᠪᠠᠶᠢᠵᠤ | ᠬᠡᠨ᠎ᠡ᠃ ᠡᠨᠡ ᠠᠶᠢᠯ ᠤᠨ ᠬᠢᠨ ᠬᠤᠵᠢᠮ ᠨᠢ ᠤᠷᠤᠭᠤᠳᠠᠵᠤ᠂ ᠬᠠᠷ᠎ᠠ ᠲᠠᠮᠠᠬᠢᠨ ᠳᠤ ᠤᠨᠠᠭᠰᠠᠨ ᠠᠴᠠ ᠬᠡᠷ ᠪᠦᠯᠢ ᠨᠢ | ᠲᠤᠷᠦ᠋ᠢᠳᠠᠭᠰᠠᠨ ᠪᠠᠶᠢᠨ᠎ᠠ᠃ ᠡᠪᠦᠭᠡ ᠮᠢᠨᠢ ᠤᠯᠠᠨ ᠰᠠᠭᠠᠳ ᠲᠦᠪᠡᠭ ᠢ ᠲᠤᠭᠤᠯᠤᠨ ᠪᠠᠶᠢᠵᠤ᠂ ᠡᠨᠡ ᠫᠢᠯᠠ ᠶᠢ | ᠬᠤᠳᠠᠯᠳᠤᠨ ᠠᠪᠤᠭᠰᠠᠨ ᠬᠡᠳᠡᠭ᠃ |