ᠬᠤᠪᠢᠯᠠᠢ ᠬᠠᠭᠠᠨ ᠤ ︽ᠴᠣ︾ ᠮᠦᠩᠭᠦ
ᠨᠡᠶᠢᠲᠡᠯᠡᠭᠰᠡᠨ ᠴᠠᠭ᠄
2018-12-07
       ᠬᠤᠪᠢᠯᠠᠢ ᠬᠠᠭᠠᠨ ᠴᠠᠭᠠᠰᠤᠨ ᠮᠥᠩᠭᠦ ᠶᠢ ᠡᠷᠭᠢᠯᠲᠡ ᠳᠤ ᠣᠷᠣᠭᠤᠯᠤᠭᠰᠠᠨ ᠨᠢ ᠬᠦᠮᠦᠨ ᠲᠥᠷᠦᠯᠬᠢᠲᠡᠨ ᠤ ᠲᠡᠦᠬᠡᠨ ᠳᠤ ᠠᠩᠬᠠᠨ ᠤ ᠬᠢ ᠪᠠᠶᠢᠭᠰᠠᠨ ᠲᠡᠳᠦᠢ ᠦᠭᠡᠢ ᠮᠥᠩᠭᠦᠨ ᠤ ᠪᠣᠳᠣᠯᠭ᠎ᠠ ᠶᠢ ᠴᠣ᠋ ᠰᠢᠨ᠎ᠡ ᠪᠠᠷ ᠬᠡᠷᠡᠭᠵᠢᠭᠦᠯᠬᠦ ᠪᠣᠯᠤᠮᠵᠢ ᠶᠢ ᠨᠡᠭᠡᠭᠡᠭᠰᠡᠨ ᠦᠢᠯᠡ ᠶᠠᠪᠤᠳᠠᠯ ᠪᠠᠶᠢᠯ᠎ᠠ᠃ ᠡᠭᠦᠨ ᠤ ᠳ᠋ᠦᠩ ᠳᠤ ᠦᠨ᠎ᠡ ᠬᠠᠩᠰᠢ ᠨᠢ ᠪᠠᠭᠤᠷᠠᠳᠠᠭ ᠦᠭᠡᠢ ᠠᠯᠲᠠ᠂ ᠮᠥᠩᠭᠦ᠂ ᠰᠤᠪᠤᠳ᠂ ᠦᠨᠡᠲᠦ ᠡᠷᠳᠡᠨᠢ ᠶᠢᠨ ᠴᠢᠯᠠᠭᠤ ᠶᠢ ᠴᠠᠭᠠᠰᠤᠨ ᠮᠥᠩᠭᠦ ᠪᠠᠷ ᠬᠤᠳᠠᠯᠳᠤᠨ ᠠᠪᠬᠤ ᠨᠥᠬᠦᠴᠡᠯ ᠪᠣᠯᠤᠯᠴᠠᠭ᠎ᠠ ᠶᠢ ᠪᠤᠢ ᠪᠣᠯᠭᠠᠭᠰᠠᠨ ᠶᠤᠮ᠃ ᠴᠢᠩᠭᠢᠰ ᠮᠣᠩᠭᠤᠯ ᠤᠨ ᠨᠢᠭᠡᠳᠦᠭᠰᠡᠨ ᠲᠤᠯᠭᠤᠷ ᠲᠥᠷᠥ ᠶᠢ ᠡᠭᠦᠰᠬᠡᠨ ᠪᠠᠶᠢᠭᠤᠯᠵᠤ ᠠᠯᠲᠠ᠂ ᠮᠥᠩᠭᠦᠨ ᠵᠣᠭᠤᠰ ᠴᠢᠳᠬᠤᠭᠤᠯᠤᠭᠰᠠᠨ ᠠᠴᠠ ᠭᠠᠳᠠᠨ᠎ᠠ 1227 ᠣᠨ ᠳᠤ ᠳᠡᠯᠡᠬᠡᠢ ᠳᠤ ᠠᠩᠬ᠎ᠠ ᠤᠳᠠᠭ᠎ᠠ ᠴᠠᠭᠠᠰᠤᠨ ᠲᠡᠮᠳᠡᠭᠲᠦ ᠬᠡᠪᠯᠡᠭᠦᠯᠵᠦ ᠭᠦᠢᠯᠭᠡᠭᠡᠨ ᠳᠤ ᠬᠡᠷᠡᠭᠯᠡᠭᠰᠡᠨ ᠭᠡᠵᠦ ᠵᠠᠷᠢᠮ ᠰᠤᠳᠤᠯᠤᠭᠠᠴᠢ ᠦᠵᠡᠳᠡᠭ᠃      ᠡᠨᠡ ᠨᠢ ᠴᠢᠩᠭᠢᠰ ᠬᠠᠭᠠᠨ ᠮᠣᠩᠭᠤᠯ ᠤᠨ ᠨᠢᠭᠡᠳᠦᠭᠰᠡᠨ ᠡᠵᠡᠨᠲᠦ ᠭᠦᠷᠦᠨ ᠢ ᠤᠯᠤᠰ ᠲᠥᠷᠥ᠂ ᠡᠳ᠋ ᠤᠨ ᠵᠠᠰᠠᠭ᠂ ᠰᠤᠶᠤᠯ ᠢ ᠵᠠᠩᠭᠢᠳᠤᠨ ᠪᠠᠷᠢᠵᠤ ᠨᠢᠭᠡᠨ ᠤᠳᠤᠷᠢᠳᠤᠯᠭ᠎ᠠ ᠳᠤ ᠵᠠᠬᠢᠷᠬᠤ ᠳᠤ ᠪᠠᠨ ᠮᠥᠩᠭᠦᠨ ᠤ ᠬᠠᠷᠢᠯᠴᠠᠭ᠎ᠠ ᠶᠢ ᠤᠬᠠᠭᠠᠯᠢᠭ ᠢᠶᠠᠷ ᠠᠰᠢᠭᠯᠠᠵᠤ ᠪᠠᠶᠢᠭᠰᠠᠨ ᠢ ᠬᠠᠷᠠᠭᠤᠯᠵᠤ ᠪᠠᠶᠢᠨ᠎ᠠ᠃ ᠮᠣᠩᠭᠤᠯ ᠲᠤᠭᠤᠷᠭᠠᠲᠠᠨ 1236 ᠣᠨ ᠳᠤ ᠲᠥᠷᠥᠯ ᠪᠦᠷᠢ ᠶᠢᠨ ᠬᠡᠯᠪᠡᠷᠢ᠂ ᠬᠡᠮᠵᠢᠶ᠎ᠡ᠂ ᠵᠢᠩ ᠲᠠᠢ ᠵᠣᠭᠤᠰᠤᠨ ᠮᠥᠩᠭᠦ ᠶᠢ ᠨᠢᠭᠡᠳᠬᠡᠨ ᠢᠵᠢᠯ ᠬᠡᠮᠵᠢᠶ᠎ᠡ᠂ ᠵᠢᠩ ᠲᠠᠢ ᠵᠣᠭᠤᠰ ᠴᠢᠳᠬᠤᠨ ᠭᠠᠷᠭᠠᠬᠤ ᠮᠥᠩᠭᠦᠨ ᠤ ᠰᠢᠨᠡᠳᠬᠡᠯ ᠬᠢᠵᠦ ᠪᠠᠶᠢᠴᠠᠢ᠃ ᠴᠠᠭᠠᠰᠤᠨ ᠲᠡᠮᠳᠡᠭᠲᠦ᠂ ᠵᠣᠭᠤᠰᠤᠨ ᠮᠥᠩᠭᠦ ᠶᠡᠭᠡ ᠬᠡᠮᠵᠢᠶ᠎ᠡ ᠪᠠᠷ ᠭᠦᠢᠯᠭᠡᠭᠡᠨ ᠳᠤ ᠭᠠᠷᠭᠠᠨ 1253 ᠣᠨ ᠳᠤ  ︽ᠮᠥᠩᠭᠦᠨ ᠤ ᠬᠡᠷᠡᠭ ᠡᠷᠬᠢᠯᠡᠬᠦ ᠬᠡᠯᠲᠡᠰ︾  ᠨᠡᠷ᠎ᠡ ᠲᠠᠢ ᠮᠥᠩᠭᠦᠨ ᠭᠦᠢᠯᠭᠡᠭᠡ ᠡᠷᠬᠢᠯᠡᠭᠰᠡᠨ ᠪᠠᠶᠢᠭᠤᠯᠤᠯᠭ᠎ᠠ ᠪᠤᠶᠤ ᠣᠳᠣ ᠶᠢᠨ ᠬᠢ ᠪᠠᠷ ᠪᠠᠩᠬᠢ ᠪᠠᠶᠢᠭᠤᠯᠤᠨ ᠠᠵᠢᠯᠯᠠᠭᠤᠯᠵᠤ ᠪᠠᠶᠢᠯ᠎ᠠ᠃      ᠲᠡᠷᠡ ᠦᠶ᠎ᠡ ᠶᠢᠨ ᠵᠣᠭᠤᠰᠤᠨ ᠮᠥᠩᠭᠦ ᠨᠢ ᠡᠬᠢᠨ‌ᠦᠶ᠎ᠡ ᠳᠤ ᠪᠠᠨ ᠲᠣᠳᠣᠷᠬᠠᠢ ᠲᠤᠭ᠎ᠠ ᠬᠡᠮᠵᠢᠶ᠎ᠡ ᠵᠢᠭᠠᠭ᠎ᠠ ᠦᠭᠡᠢ᠂ ᠲᠡᠳᠦᠲᠦ ᠶᠢᠨ ᠳᠡᠪᠢᠰᠬᠡᠷᠲᠦ ᠭᠡᠵᠦ ᠢᠯᠭᠠᠳᠠᠭ ᠦᠭᠡᠢ ᠪᠠᠶᠢᠭᠰᠠᠨ ᠠᠵᠢ᠃ ᠬᠤᠪᠢᠯᠠᠢ ᠬᠠᠭᠠᠨ ᠤ ᠦᠶ᠎ᠡ ᠳᠤ 1260 ᠣᠨ ᠳᠤ ᠮᠣᠩᠭᠤᠯ ᠤᠨ ᠡᠵᠡᠨᠲᠦ ᠭᠦᠷᠦᠨ ᠤ ᠨᠡᠶᠢᠰᠯᠡᠯ ᠬᠠᠷᠠᠬᠤᠷᠢᠨ ᠳᠤ ︽ᠮᠥᠩᠭᠦ ᠲᠤᠰᠢᠶᠠᠬᠤ ᠶᠠᠮᠤᠨ︾ ᠪᠠᠶᠢᠭᠤᠯᠵᠤ᠂ ᠤᠯᠠᠮ ᠢᠶᠠᠷ ᠮᠥᠩᠭᠦᠨ ᠲᠡᠮᠳᠡᠭᠲᠦ ᠶᠢ ᠭᠦᠢᠯᠭᠡᠭᠡᠨ ᠳᠤ ᠭᠠᠷᠭᠠᠵᠠᠢ᠃ ᠮᠥᠩᠭᠦᠨ ᠤ ᠭᠦᠢᠯᠭᠡᠭᠡ ᠡᠷᠴᠢᠮᠲᠡᠢ ᠬᠥᠭᠵᠢᠵᠦ 1280 ‍ᠭᠠᠳ ᠣᠨ ᠳᠤ ᠴᠠᠭᠠᠰᠤᠨ ᠮᠥᠩᠭᠦᠨ ᠤ ᠰᠢᠨᠡᠳᠬᠡᠯ ᠬᠢᠵᠦ᠂ 1327 ᠣᠨ ᠳᠤ ᠬᠠᠭᠤᠴᠢᠷᠠᠭᠰᠠᠨ ᠴᠠᠭᠠᠰᠤᠨ ᠮᠥᠩᠭᠦ ᠶᠢ ᠰᠢᠲᠠᠭᠠᠵᠤ ᠤᠰᠠᠳᠬᠠᠬᠤ ᠭᠠᠵᠠᠷ ᠢ ᠪᠡᠭᠡᠵᠢᠩ ᠳᠤ ᠪᠠᠶᠢᠭᠤᠯᠵᠠᠢ᠃ ᠤᠰᠠᠳᠬᠠᠯ ᠤᠨ ᠠᠵᠢᠯ ᠳᠤ ᠮᠤᠵᠢ ᠶᠢᠨ ᠲᠦᠰᠢᠮᠡᠯ ᠭᠡᠷᠡᠴᠢ ᠪᠠᠷ ᠣᠷᠣᠯᠴᠠᠳᠠᠭ ᠵᠢᠷᠤᠮ ᠲᠣᠭᠲᠠᠭᠠᠭᠰᠠᠨ ᠭᠡᠳᠡᠭ᠃ ᠮᠣᠩᠭᠤᠯ ᠤᠨ ᠡᠵᠡᠨᠲᠦ ᠭᠦᠷᠦᠨ ᠤ ᠦᠶ᠎ᠡ ᠳᠤ 100 ᠭᠠᠷᠤᠢ ᠤᠳᠠᠭ᠎ᠠ ᠠᠯᠲᠠ ᠮᠥᠩᠭᠦᠨ ᠪᠣᠯᠤᠨ ᠮᠧᠲ᠋ᠠᠯ ᠵᠣᠭᠤᠰ᠂ ᠴᠠᠭᠠᠰᠤᠨ ᠲᠡᠮᠳᠡᠭᠲᠦ ᠶᠢ ᠭᠦᠢᠯᠭᠡᠭᠡᠨ ᠳᠤ ᠭᠠᠷᠭᠠᠨ ᠬᠡᠷᠡᠭᠯᠡᠵᠦ ᠪᠠᠶᠢᠪᠠ᠃ ᠮᠣᠩᠭᠤᠯ ᠤᠨ ᠶᠡᠭᠡ ᠬᠠᠭᠠᠨ ᠤ ᠰᠠᠨᠠᠭᠠᠴᠢᠯᠠᠭ᠎ᠠ ᠪᠠᠷ 1260 ᠣᠨ ᠳᠤ ᠬᠡᠪᠯᠡᠨ ᠭᠠᠷᠭᠠᠭᠰᠠᠨ ︽ᠬᠤᠪᠢᠯᠠᠢ ᠬᠠᠭᠠᠨ ᠤ ᠮᠥᠩᠭᠦᠨ ᠳᠡᠪᠢᠰᠬᠡᠷᠲᠦ︾  ᠪᠤᠶᠤ ᠴᠣ ᠭᠦᠢᠯᠭᠡᠭᠡᠨ ᠤ ᠨᠠᠶᠢᠳᠠᠪᠤᠷᠢᠲᠠᠢ ᠬᠡᠷᠡᠭᠰᠡᠯ ᠪᠠᠶᠢᠯ᠎ᠠ᠃      ᠣᠷᠣᠰ ᠤᠨ ᠡᠷᠳᠡᠮᠲᠡᠨ ᠺᠣᠽᠣᠯᠣᠸ᠋ ᠥᠪᠥᠷ ᠮᠣᠩᠭᠤᠯ ᠤᠨ ᠡᠵᠡᠨ᠎ᠡ ᠬᠤᠰᠢᠭᠤᠨ ᠤ ᠨᠤᠲᠤᠭ ᠬᠠᠷ᠎ᠠ ᠬᠤᠲᠠ ᠶᠢᠨ ᠲᠤᠭᠤᠷᠠᠢ ᠳᠤ 1907 ᠣᠨ ᠳᠤ ᠬᠢᠭᠰᠡᠨ ᠮᠠᠯᠲᠠᠯᠭ᠎ᠠ ᠶᠢᠨ ᠦᠶ᠎ᠡ ᠪᠠᠷ ᠶᠤᠸᠠᠨ ᠭᠦᠷᠦᠨ ᠤ ᠴᠠᠭᠠᠰᠤᠨ ᠮᠥᠩᠭᠦᠨ ᠳᠡᠪᠢᠰᠬᠡᠷᠲᠦ ᠶᠢ ᠣᠯᠵᠠᠢ᠃ ᠤᠭ ᠮᠥᠩᠭᠦᠨ ᠲᠡᠮᠳᠡᠭᠲᠦ ᠶᠢ ᠯᠤᠤ ᠪᠣᠯᠤᠨ ᠴᠡᠴᠡᠭᠡᠨ ᠬᠡ ᠪᠠᠷ ᠴᠢᠮᠡᠵᠦ ᠬᠦᠷᠢᠶᠡᠯᠡᠭᠰᠡᠨ ᠪᠠᠶᠢᠪᠠ᠃ ᠨᠢᠭᠤᠷ ᠤᠨ ᠲᠥᠪ ᠬᠡᠰᠡᠭ ᠲᠤ ᠡᠪᠬᠡᠮᠡᠯ ᠦᠰᠦᠭ ᠲᠠᠢ ᠲᠠᠮᠠᠭ᠎ᠠ ᠳᠠᠷᠤᠵᠤ ᠪᠠᠲᠤᠯᠠᠭᠠᠵᠢᠭᠤᠯᠤᠭᠰᠠᠨ ᠪᠠᠶᠢᠨ᠎ᠠ᠃ ᠡᠨᠡᠬᠦ ᠮᠥᠩᠭᠦᠨ ᠳᠡᠪᠢᠰᠬᠡᠷᠲᠦ ᠶᠢ ᠣᠷᠣᠰ ᠬᠤᠯᠪᠣᠭᠠᠨ ᠤ ᠤᠯᠤᠰ ᠤᠨ ᠰᠠᠨᠺᠲ-ᠫᠧᠲ᠋ᠧᠷᠪᠦᠦᠭ ᠫᠧᠲ᠋ᠧᠷᠪᠦ᠋ᠷᠢᠭ ᠤᠨ ᠡᠷᠮᠢᠲ᠋ᠠᠵ ᠲᠤ ᠬᠠᠳᠠᠭᠠᠯᠠᠵᠤ ᠪᠠᠶᠢᠭ᠎ᠠ ᠠᠵᠢ᠃ ᠬᠤᠪᠢᠯᠠᠢ ᠬᠠᠭᠠᠨ ᠤ ᠣᠷᠳᠣᠨ ᠳᠤ ᠣᠯᠠᠨ ᠵᠢᠯ ᠠᠮᠢᠳᠤᠷᠠᠭᠰᠠᠨ ᠢᠲ᠋ᠠᠯᠢ ᠶᠢᠨ ᠠᠶᠠᠯᠠᠭᠴᠢ ᠮᠠᠷᠺᠤ ᠫᠣᠯᠣ ᠴᠣ ᠮᠥᠩᠭᠦᠨ ᠤ ᠲᠠᠯ᠎ᠠ ᠪᠠᠷ ᠱᠠᠭᠰᠢᠨ ᠪᠢᠴᠢᠭᠰᠡᠨ ᠪᠠᠶᠢᠳᠠᠭ᠃ ᠭᠡᠬᠦ ᠳᠤ ᠪᠠᠨ ᠶᠤᠸᠠᠨ ᠤᠯᠤᠰ ᠤᠨ ᠡᠷᠬᠡ ᠪᠠᠷᠢᠭᠴᠢᠳ ᠴᠠᠭᠠᠰᠤᠨ ᠮᠥᠩᠭᠦ ᠶᠢ ᠶᠡᠭᠡ ᠪᠠᠷ ᠬᠡᠪᠯᠡᠬᠦ ᠪᠣᠯᠤᠭᠰᠠᠨ ᠢᠶᠠᠷ ᠢᠨᠹᠯᠢᠶᠠᠼ ᠢ ᠬᠢᠨᠠᠯᠲᠠ ᠠᠴᠠ ᠪᠠᠨ ᠠᠯᠠᠳᠠᠭᠰᠠᠨ ᠪᠢᠯᠡ᠃ ᠡᠨᠡ ᠬᠢᠮᠤᠷᠠᠯ ᠮᠣᠩᠭᠤᠯᠴᠤᠳ ᠤᠨ ᠨᠣᠶᠠᠷᠬᠠᠯ ᠬᠢᠲᠠᠳ ᠲᠤ ᠨᠤᠷᠠᠨ ᠤᠨᠠᠬᠤ ᠬᠦᠷᠲᠡᠯ᠎ᠡ ᠪᠤᠶᠤ 1368 ᠣᠨ ᠬᠦᠷᠲᠡᠯ᠎ᠡ ᠦᠷᠭᠦᠯᠵᠢᠯᠡᠵᠡᠢ᠃ ᠳᠠᠰᠢᠷᠠᠮ ᠳᠤ ᠦᠭᠦᠯᠡᠬᠦ ᠳᠤ᠂ ᠶᠤᠸᠠᠨ ᠭᠦᠷᠦᠨ ᠤ ᠴᠣ ᠮᠥᠩᠭᠦᠨ ᠳᠡᠪᠢᠰᠬᠡᠷᠲᠦ ᠶᠢ ᠳᠡᠯᠡᠬᠡᠢ ᠶᠢᠨ ᠰᠠᠩᠬᠦᠦ ᠶᠢᠨ ᠮᠦᠽᠧᠢ ᠳᠤ ᠥᠩᠭᠡᠷᠡᠭᠰᠡᠨ ᠵᠢᠷᠭᠤᠳᠤᠭᠠᠷ ᠰᠠᠷ᠎ᠠ ᠳᠤ ᠪᠠᠶᠢᠷᠢᠰᠢᠭᠤᠯᠤᠭᠰᠠ ᠪᠠᠶᠢᠨ᠎ᠠ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号