ᠡᠷᠳᠡᠡ ᠤ ᠭᠦᠮᠤᠰ ᠤᠨ ᠠᠷᠢᠬᠢ ᠬᠠᠯᠠᠭᠠᠬᠤ ᠰᠠᠪᠠ
ᠨᠡᠶᠢᠲᠡᠯᠡᠭᠰᠡᠨ ᠴᠠᠭ᠄
2018-12-06
   
       ᠡᠷᠳᠡᠨ ᠤ ᠬᠦᠮᠦᠰ ᠠᠷᠢᠬᠢ ᠤᠤᠭᠤᠬᠤ ᠳᠠᠭᠠᠨ ᠬᠠᠯᠠᠭᠠᠵᠤ ᠤᠤᠭᠤᠬᠤ ᠲᠤᠷᠠᠳᠠᠢ᠂ ᠬᠠᠯᠠᠭᠤᠯᠤᠭᠰᠠᠨ ᠠᠷᠢᠬᠢ ᠨᠢ ᠤᠤᠭᠤᠬᠤ ᠳᠤ ᠵᠦᠭᠡᠯᠡᠨ ᠪᠠᠶᠢᠵᠤ᠂ ᠬᠤᠳᠤᠭᠠᠳᠤ ᠲᠡᠯᠢᠬᠦᠦ ᠶᠢ ᠰᠢᠷᠬᠠᠳᠤᠭᠤᠯᠬᠤ ᠦᠭᠡᠢ᠂ ᠪᠠᠭ᠎ᠠ ᠤᠤᠭᠤᠪᠠᠯ ᠡᠷᠡᠬᠦᠯ ᠮᠡᠨᠳᠤ ᠳᠤ ᠲᠤᠰᠠᠳᠠᠢ ᠬᠡᠵᠤ ᠬᠡᠯᠡᠯᠴᠡᠳᠡᠭ ᠪᠢᠯᠡ᠃ ᠠᠷᠢᠬᠢ ᠬᠠᠯᠠᠭᠠᠬᠤ ᠳᠤ ᠵᠠᠪᠠᠯ ᠲᠤᠰᠬᠠᠢ ᠰᠠᠪᠠ ᠪᠠᠶᠢᠬᠤ ᠬᠡᠷᠡᠭᠳᠡᠢ᠃ ᠪᠢᠷᠴᠢᠨ ᠲᠤᠮᠳᠠᠳᠤ ᠢᠷᠭᠡᠨ ᠤᠯᠤᠰ ᠤᠨ ᠰᠢᠯ ᠪᠤᠳᠤᠭᠳᠤ ᠪᠤᠷᠤ ᠸᠠᠭᠠᠷ ᠲᠠᠢ ᠠᠷᠢᠬᠢ ᠬᠠᠯᠠᠭᠠᠬᠤ ᠰᠠᠪᠠ ᠶᠢ ᠬᠠᠳᠠᠭᠠᠯᠠᠵᠤ ᠪᠠᠶᠢᠳᠠᠭ᠂ ᠲᠡᠷᠡ ᠨᠢ ᠡᠷᠳᠡᠨ ᠤ ᠬᠦᠮᠦᠰ ᠤᠨ ᠠᠷᠢᠬᠢ ᠤᠤᠭᠤᠬᠤ ᠦᠶ᠎ᠡ ᠶᠢᠨ ᠬᠡᠬᠡᠮᠰᠦᠭ ᠮᠦᠷᠳᠡᠭᠡᠨ ᠨᠠᠮᠪᠠᠭᠠᠯᠢᠭ ᠤᠪᠤᠷ ᠲᠦᠷᠬᠦ ᠶᠢ ᠲᠤᠰᠬᠠᠭᠰᠠᠨ ᠪᠠᠶᠢᠨ᠎ᠠ᠃ ᠮᠢᠨᠤ ᠬᠤᠷᠢᠶᠠᠵᠤ ᠪᠠᠶᠢᠭ᠎ᠠ ᠡᠨᠡ ᠬᠦ ᠠᠷᠢᠬᠢ ᠬᠠᠯᠠᠭᠠᠬᠤ ᠰᠠᠪᠠ ᠶᠢᠨ ᠬᠡᠯᠪᠡᠷᠢ ᠲᠦᠷᠰᠦ ᠨᠢ ᠵᠢᠵᠢᠭᠭᠡᠨ ᠵᠤᠤᠬ᠎ᠠ ᠮᠡᠳᠦ᠂ ᠦᠨᠳᠦᠷ ᠨᠢ 12 ᠰᠡᠨᠲ᠋ᠢᠮᠧᠲᠷ᠂ ᠲᠠᠭᠯᠠᠭ᠎ᠠ᠂ ᠪᠡᠶ᠎ᠡ ᠪᠠ ᠢᠷᠤᠭᠤᠷ ᠨᠢ ᠨᠢᠭᠡ ᠴᠤᠭᠴᠠ ᠪᠠᠶᠢᠳᠠᠭ᠃ ᠰᠠᠭᠤᠷᠢ ᠬᠡᠰᠡᠭ ᠤᠨ 3 ᠵᠢᠵᠢᠭ ᠨᠦᠭᠡ ᠨᠢ ᠵᠢᠪᠠᠷ ᠨᠡᠪᠳᠡᠷᠡᠬᠦᠯᠵᠤ ᠬᠦᠴᠢᠯᠳᠦ᠋ᠷᠦᠭᠴᠢ ᠬᠠᠨᠭ᠍ᠭᠠᠬᠤ ᠦᠢᠯᠡᠳᠦᠯ ᠲᠠᠢ᠂ ᠲᠠᠭᠯᠠᠭ᠎ᠠ ᠪᠠ ᠪᠦᠬᠦ ᠵᠤᠤᠬ᠎ᠠ ᠶᠢᠨ ᠭᠠᠳᠠᠭᠤᠷ ᠨᠢ ᠨᠤᠭᠤᠭᠠᠨ ᠰᠢᠯ ᠪᠤᠳᠤᠭ ᠰᠠᠭᠤᠯᠭᠠᠵᠤ᠂ ᠰᠠᠭᠤᠷᠢ ᠶᠢᠨ ᠭᠠᠳᠠᠭᠤᠷ ᠨᠢ ᠬᠦᠶᠦᠭᠡᠨ ᠰᠢᠷ᠎ᠠ ᠦᠡᠭᠭᠡ ᠶᠢᠨ ᠰᠢᠯ ᠪᠤᠳᠤᠭ ᠰᠠᠭᠤᠯᠭᠠᠵᠤ᠂ ᠪᠦᠬᠦ᠋ᠢᠯᠡ ᠠᠷᠢᠬᠢ ᠬᠠᠯᠠᠭᠤᠯᠬᠤ ᠰᠠᠪᠠ ᠨᠢ ᠦᠡᠭᠭᠡ ᠪᠤᠳᠤᠭ ᠨᠢ ᠲᠡᠩᠴᠡᠭᠰᠡᠨ ᠤᠷᠠᠯᠢᠭ ᠤᠨ ᠪᠤᠳᠠᠰ ᠪᠤᠯᠪᠠ᠃       ᠠᠷᠢᠬᠢ ᠬᠠᠯᠠᠭᠤᠯᠬᠤ ᠰᠠᠪᠠ ᠪᠤᠯ ᠮᠠᠨ ᠤ ᠤᠯᠤᠰ ᠤᠨ ᠠᠷᠢᠬᠢᠨ ᠰᠠᠪᠠ ᠬᠡᠷᠡᠭᠰᠡᠯ ᠤᠨ ᠲᠤᠳᠤᠷᠠᠬᠢ ᠴᠢᠬᠤᠯᠠ ᠨᠢᠭᠡ ᠲᠦᠷᠦᠯ ᠵᠦᠢᠯ ᠪᠤᠯᠤᠨ᠎ᠠ᠃ ᠠᠯᠢ ᠡᠷᠳᠡ ᠱᠠᠩ ᠤᠯᠤᠰ ᠵᠧᠤ ᠤᠯᠤᠰ ᠤᠨ ᠦᠶ᠎ᠡ ᠶᠢᠨ ᠬᠦᠷᠡᠯ ᠪᠠᠭᠠᠵᠢ ᠶᠢᠨ ᠰᠤᠶᠤᠯ ᠳᠤ ᠢᠯᠡᠷᠡᠭᠰᠡᠨ ᠪᠠᠶᠢᠳᠠᠭ᠃ ᠬᠠᠨ ᠤᠯᠤᠰ ᠤᠨ ᠦᠶ᠎ᠡ ᠶᠢᠨ ᠠᠷᠢᠬᠢ ᠬᠠᠯᠠᠭᠠᠬᠤ ᠰᠠᠪᠠ ᠨᠢ ᠪᠦᠭᠡᠷᠡᠩᠭᠡᠢ ᠪᠦᠮᠪᠦᠭᠡᠯᠢᠭ ᠬᠤᠭᠤᠯᠠᠢ ᠬᠡᠯᠪᠡᠷᠢᠳᠡᠢ ᠪᠠᠶᠢᠵᠤ᠂ ᠲᠡᠭᠡᠷ᠎ᠡ ᠨᠢ ᠯᠤᠤ᠂ ᠭᠠᠷᠤᠳᠢ᠂ ᠪᠠᠷᠰ᠂ ᠪᠤᠭᠤ᠂ ᠦᠭᠡᠷ ᠬᠤᠨᠢ ᠮᠡᠳᠦ ᠶᠢᠨ ᠠᠮᠢᠳᠠᠨ ᠤ ᠵᠢᠷᠤᠭ ᠢ ᠰᠢᠢᠯᠦᠭᠰᠡᠨ ᠪᠠᠶᠢᠳᠠᠭ᠃ ᠲᠠᠩ ᠤᠯᠤᠰ ᠤᠨ ᠦᠶ᠎ᠡ ᠠᠴᠠ ᠡᠬᠢᠯᠡᠵᠤ ᠶᠡᠭᠡ ᠬᠡᠮᠵᠢᠶᠡᠨ ᠤ ᠠᠯᠳᠠ ᠮᠦᠡᠭᠭᠦᠨ ᠬᠢᠴᠡ ᠲᠠᠢ ᠠᠷᠢᠬᠢ ᠬᠠᠯᠠᠭᠠᠬᠤ ᠰᠠᠪᠠ ᠭᠠᠷᠴᠤ ᠢᠷᠡᠵᠡᠢ᠂ ᠬᠠᠷᠠᠬᠤ ᠳᠤ ᠭᠤᠶᠤᠮᠰᠠᠭ ᠮᠦᠷᠳᠡᠭᠡᠨ ᠬᠢᠴᠡ ᠨᠢ ᠤᠨᠴᠠ ᠨᠠᠷᠢᠯᠢᠭ ᠪᠠᠶᠢᠳᠠᠭ᠃ ᠰᠦᠡᠭ ᠤᠯᠤᠰ ᠤᠨ ᠦᠶ᠎ᠡ ᠳᠤ ᠪᠦᠷᠢᠨ ᠲᠦᠭᠦᠷ ᠠᠷᠢᠬᠢ ᠬᠠᠯᠠᠭᠠᠬᠤ ᠰᠠᠪᠠ ᠶᠢ ᠬᠡᠷᠡᠭᠯᠡᠬᠦ ᠲᠠᠳᠬᠠᠯ ᠲᠠᠢ ᠪᠠᠶᠢᠵᠠᠢ᠂ ᠡᠩ ᠤᠨ ᠦᠶ᠎ᠡ ᠳᠤ ᠶᠡᠭᠦᠯᠡᠭᠦᠷ ᠪᠠ ᠠᠶᠠᠭ᠎ᠠ ᠶᠢ ᠬᠡᠷᠡᠭᠯᠡᠳᠡᠭ ᠨᠢ ᠤᠯᠠᠨ ᠪᠠᠶᠢᠯ᠎ᠠ᠃ ᠰᠦᠡᠭ ᠤᠯᠤᠰ ᠤᠨ ᠦᠶ᠎ᠡ ᠠᠴᠠ ᠬᠤᠶᠢᠰᠢ ᠠᠷᠢᠬᠢ ᠬᠠᠯᠠᠭᠠᠬᠤ ᠰᠠᠪᠠ ᠨᠢ ᠱᠠᠭᠠᠵᠢᠩ ᠢᠶᠠᠷ ᠭᠤᠤᠯᠳᠠᠭᠤᠯᠬᠤ ᠪᠤᠯᠪᠠ᠃ ᠵᠢᠩ ᠳ᠋ᠧ ᠵᠧᠨ ᠳᠤ ᠦᠢᠯᠡᠳᠪᠤᠷᠢᠯᠡᠭᠰᠡᠨ ᠬᠦᠭᠡ ᠬᠤᠸᠠᠷᠳᠠᠢ᠂ ᠪᠤᠳᠤᠭ ᠲᠠᠢ ᠱᠠᠭᠠᠵᠢᠩ ᠰᠠᠪᠠ᠂ ᠢ ᠰᠢᠩ ᠳᠤ ᠦᠢᠯᠡᠳᠪᠤᠷᠢᠯᠡᠭᠰᠡᠨ ᠪᠤᠷᠤ ᠸᠠᠭᠠᠷ ᠤᠨ ᠠᠷᠢᠬᠢ ᠬᠠᠯᠠᠭᠠᠬᠤ ᠰᠠᠪᠠ ᠨᠢ ᠮᠠᠰᠢ ᠨᠡᠷ᠎ᠡ ᠲᠠᠢ ᠪᠠᠶᠢᠭᠰᠠᠨ ᠪᠢᠯᠡ᠃ ᠮᠢᠩ ᠤᠯᠤᠰ ᠴᠢᠩ ᠤᠯᠤᠰ ᠤᠨ ᠦᠶ᠎ᠡ ᠳᠤ ᠠᠷᠢᠬᠢ ᠬᠠᠯᠠᠭᠠᠬᠤ ᠰᠠᠪᠠ ᠳᠤ ᠪᠠᠰᠠ ᠰᠢᠨ᠎ᠡ ᠬᠤᠪᠢᠷᠠᠯᠳᠠ ᠭᠠᠷᠴᠤ᠂ ᠬᠡᠯᠪᠡᠷᠢ ᠶᠠᠩᠵᠤ ᠨᠢ ᠨᠡᠩ ᠤᠯᠠᠨ ᠪᠤᠯᠵᠤ᠂ ᠠᠶᠠᠭ᠎ᠠ᠂ ᠲᠡᠪᠤᠷ᠎ᠠ᠂ ᠪᠤᠳᠤᠩ ᠵᠡᠷᠭᠡ ᠪᠠᠷ ᠪᠦᠷ ᠠᠷᠢᠬᠢ ᠬᠠᠯᠠᠭᠠᠳᠠᠭ ᠪᠤᠯᠤᠭᠰᠠᠨ ᠪᠠᠶᠢᠨ᠎ᠠ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号