ᠪᠤᠳᠤᠯᠭᠠᠳᠣ ᠮᠡᠷᠭᠡᠨ ᠰᠠᠮᠣᠷ ᠭᠦᠩᠵᠤ | ᠰᠠᠮᠤᠷ ᠭᠦᠩᠵᠤ ᠪᠤᠯ ᠣᠮᠠᠷᠠᠳᠣ ᠶᠣᠸᠠᠨ ᠤ ᠲᠡᠤᠬᠡᠨ ᠳᠤ ᠠᠯᠳᠠᠷ ᠮᠠᠨᠳᠣᠭᠰᠠᠨ ᠭᠠᠪᠢᠶᠠᠳᠣ ᠡᠮᠡᠭᠳᠡᠢ | ᠪᠤᠯᠤᠨ᠎ᠠ᠃ ᠲᠡᠷᠡ ᠪᠠᠷ᠂ ᠴᠢᠩᠭᠢᠰ ᠬᠠᠭᠠᠨ ᠤ ᠪᠠᠶᠢᠭᠤᠯᠤᠭᠰᠠᠨ ᠶᠡᠭᠡ ᠮᠣᠩᠭᠤᠯ ᠤᠨ ᠲᠤᠯᠭᠤᠷ ᠲᠦᠷᠦ ᠬᠠᠭᠠᠴᠠᠯ | ᠵᠠᠳᠠᠷᠠᠯ ᠤᠨ ︽ᠬᠠᠷᠠᠩᠭᠤᠢ ᠦᠶ᠎ᠡ ᠳᠤ ᠰᠡᠴᠡᠨ ᠰᠡᠷᠭᠦᠯᠡᠩ ᠠᠷᠭ᠎ᠠ ᠰᠠᠮᠪᠠᠭ᠎ᠠ᠂ ᠵᠦᠢᠷᠯᠡᠰᠢ ᠦᠭᠡᠢ ᠣᠬᠠᠭᠠᠨ | ᠪᠤᠳᠤᠯᠭ᠎ᠠ ᠪᠠᠷ ᠬᠤᠶᠠᠷ ᠤᠳᠠᠭ᠎ᠠ ᠠᠪᠣᠷᠠᠵᠤ᠂ ᠴᠢᠩᠭᠢᠰ ᠡᠪᠦᠭᠡ ᠶᠢᠨ ᠢᠶᠠᠨ ᠴᠢᠰᠣ ᠶᠢ ᠦᠪᠯᠡᠵᠤ ᠲᠦᠷᠦᠭᠰᠡᠨ ᠤ | ᠬᠤᠪᠢ ᠳᠤ ᠶᠡᠭᠡ ᠠᠯᠳᠠᠷ ᠢ ᠨᠢ ᠭᠤᠳᠣᠭᠠᠯ ᠦᠭᠡᠢ ᠮᠠᠨᠳᠣᠭᠤᠯᠵᠤ ᠶᠠᠪᠤᠭᠰᠠᠨ ᠢᠶᠠᠷ ᠦᠢᠷᠠᠳ ᠊᠊᠊᠊ ᠮᠤᠩᠭᠤᠯ ᠤᠨ | ᠲᠡᠤᠬᠡᠨ ᠳᠤ ᠣᠯᠠᠨ ᠰᠠᠶᠢᠬᠠᠨ ᠲᠤᠮᠤᠭ ᠦᠯᠡᠳᠡᠭᠡᠭᠰᠡᠨ ᠶᠤᠮ᠃ ᠰᠠᠮᠤᠷ ᠭᠦᠩᠵᠤ ᠪᠤᠯ ᠴᠢᠩᠭᠢᠰ ᠬᠠᠭᠠᠨ ᠬᠤᠶᠢᠴᠢ | ᠣᠭᠰᠠᠭᠠᠨ ᠤ ᠡᠯᠪᠡᠭ ᠨᠢᠭᠦᠯᠰᠦᠩᠭᠦᠢ ᠬᠠᠭᠠᠨ ᠤ ᠦᠬᠢᠨ ᠮᠦᠨ᠃ | ᠮᠠᠨᠳᠣᠬᠠᠢ ᠰᠡᠴᠡᠨ ᠬᠠᠳᠣᠨ | ᠮᠠᠨᠳᠣᠬᠠᠢ ᠰᠡᠴᠡᠨ ᠬᠠᠳᠣᠨ ᠪᠤᠯ ᠮᠤᠩᠭᠤᠯᠴᠣᠳ ᠤᠨ ᠬᠦᠨᠳᠣᠳᠬᠡᠨ ᠰᠢᠳᠦᠳᠡᠭ ᠡᠷᠳᠡᠨ ᠤ ᠭᠤᠷᠪᠠᠨ | ᠠᠭᠤᠣ ᠡᠮᠡᠭᠳᠡᠢ ᠶᠢᠨ ᠨᠢᠭᠡ ᠪᠤᠯᠤᠨ᠎ᠠ᠃ ᠲᠡᠷᠡ ᠵᠦᠢᠷᠯᠡᠰᠢ ᠦᠭᠡᠢ ᠠᠤᠭ᠎ᠠ ᠵᠤᠷᠢᠭ ᠪᠠ ᠴᠡᠴᠡᠨ ᠣᠬᠠᠭᠠᠨ ᠢᠶᠠᠷ | ᠴᠢᠩᠬᠢᠰ ᠬᠠᠭᠠᠨ ᠤ ᠣᠷᠤᠭ ᠲᠠᠰᠣᠷᠤᠮᠠᠷ ᠪᠠᠶᠢᠭᠰᠠᠨ ᠮᠤᠩᠭᠤᠯ ᠬᠠᠭᠠᠨᠳᠣ ᠲᠦᠷᠦ ᠶᠢ ᠵᠠᠯᠭᠠᠭᠤᠯᠵᠤ᠂ ᠵᠠᠭᠤ ᠰᠢᠬᠠᠮ | ᠵᠢᠯ ᠦᠷᠭᠦᠯᠵᠢᠯᠡᠭᠰᠡᠨ ᠮᠣᠩᠭᠤᠯ ᠤᠨ ᠨᠡᠶᠢᠭᠡᠮ ᠤᠨ ᠬᠠᠭᠠᠴᠠᠯ ᠵᠠᠳᠠᠷᠠᠯ ᠤᠨ ᠬᠠᠷᠠᠩᠭᠤᠢ ᠲᠡᠤᠬᠡ ᠶᠢ ᠡᠴᠦᠰᠯᠡᠭᠦᠯᠦᠨ᠂ | ᠲᠠᠷᠠᠬᠠᠢ ᠪᠣᠳᠠᠷᠬᠠᠢ ᠮᠣᠩᠭᠤᠯ ᠤᠨ ᠠᠶᠢᠮᠠᠭ ᠤᠭᠰᠠᠭ᠎ᠠ ᠨᠤᠭᠤᠳ ᠢ ᠨᠢᠭᠡᠨ ᠵᠢᠯᠤᠭᠤᠨ ᠳᠤ ᠬᠤᠷᠢᠶᠠᠭᠰᠠᠨ ᠢᠶᠠᠷ | ᠪᠠᠷᠠᠬᠤ ᠦᠭᠡᠢ᠂ ᠮᠤᠩᠭᠤᠯ ᠤᠨ ᠨᠡᠶᠢᠭᠡᠮ ᠤᠨ ᠬᠦᠭᠵᠢᠯᠳᠡ ᠶᠢᠨ ᠭᠡᠷᠡᠯ ᠰᠠᠴᠣᠷᠠᠭᠰᠠᠨ ᠰᠢᠨ᠎ᠡ ᠨᠢᠭᠡᠨ ᠬᠠᠭᠤᠳᠠᠰᠤ | ᠲᠡᠯᠭᠡᠭᠳᠡᠬᠦ ᠳᠤ ᠲᠠᠶᠢᠪᠣᠩ ᠰᠠᠶᠢᠬᠠᠨ ᠨᠦᠬᠦᠴᠡᠯ ᠢ ᠪᠦᠷᠢᠯᠳᠦᠭᠦᠯᠦᠨ ᠦᠭᠴᠡᠢ᠃ ᠲᠡᠷᠡ ᠪᠤᠯ ᠨᠢᠭᠡᠨ ᠰᠢᠯᠭᠠᠷᠠᠭᠰᠠᠨ | ᠣᠯᠤᠰ ᠲᠦᠷᠦᠴᠢᠨ ᠮᠦᠷᠳᠡᠭᠡᠨ ᠴᠣᠯᠭᠤᠷᠠᠭᠰᠠᠨ ᠴᠡᠷᠢᠭ ᠲᠠᠶᠢᠨ ᠤ ᠪᠤᠳᠤᠯᠭᠠᠳᠠᠨ᠂ ᠠᠯᠳᠠᠷᠳᠣ ᠨᠡᠶᠢᠭᠡᠮ ᠤᠨ | ᠵᠢᠳᠭᠦᠯᠳᠡᠨ ᠪᠤᠯᠤᠨ᠎ᠠ᠃ ᠮᠠᠨᠳᠣᠬᠠᠢ ᠰᠡᠴᠡᠨ ᠬᠠᠳᠣᠨ ᠪᠤᠯ ᠲᠦᠮᠡᠳ ᠤᠨ ᠡᠩᠬᠦᠳ ᠤᠨ ᠬᠦᠮᠦᠨ᠂ 1447 | ᠤᠨ ᠳᠤ ᠮᠡᠨᠳᠦᠯᠡᠪᠡ᠃ ᠲᠡᠭᠦᠨ ᠤ ᠡᠴᠢᠭᠡ ᠨᠢ ᠴᠣᠷᠣᠰᠪᠠᠢ ᠲᠡᠮᠤᠷ ᠴᠢᠩᠰᠠᠩ ᠭᠡᠳᠡᠭ᠃ ᠮᠠᠨᠳᠣᠭᠤᠯ ᠬᠠᠭᠠᠨ ︵ | 1463 -1467︶ ᠤ ᠪᠠᠭ᠎ᠠ ᠬᠠᠳᠣᠨ ᠨᠢ ᠪᠤᠯᠤᠨ᠎ᠠ᠃ ᠮᠠᠨᠳᠣᠬᠠᠢ ᠰᠡᠴᠡᠨ ᠬᠠᠳᠣᠨ ᠭᠤᠴᠢᠨ ᠭᠤᠷᠪᠠᠨ | ᠨᠠᠰᠣ ᠲᠠᠢ ᠦᠶ᠎ᠡ ᠳᠡᠭᠡᠨ ᠴᠢᠩᠭᠢᠰ ᠤᠨ ᠠᠯᠳᠠᠨ ᠣᠷᠤᠭᠳᠠᠨ ᠤ ᠬᠤᠶᠢᠴᠢᠰ ᠪᠤᠯᠬᠤ ᠪᠠᠳᠣᠮᠦ᠋ᠩᠬᠡ ︵1474 | -1533︶ ᠶᠢ ᠡᠷᠭᠦᠨ ᠲᠡᠳᠬᠦᠵᠤ ᠪᠣᠳᠠᠷᠠᠭᠰᠠᠨ ᠣᠯᠤᠰ ᠢ ᠨᠢ ᠬᠤᠷᠢᠶᠠᠨ᠂ ᠲᠤᠯᠭᠤᠷ ᠲᠦᠷᠦ ᠶᠢ ᠨᠢ ᠴᠣᠭᠴᠠᠯᠠᠨ | ᠦᠭᠴᠣ᠂ ᠮᠤᠩᠭᠤᠯ ᠤᠨ ᠲᠡᠤᠬᠡᠨ ᠳᠠᠬᠢ ᠬᠤᠶᠠᠳᠣᠭᠠᠷ ᠣᠳᠠᠭᠠᠨ ᠤ ᠶᠡᠭᠡ ᠨᠢᠭᠡᠳᠦᠯ ᠢ ᠪᠡᠶᠡᠯᠡᠭᠦᠯᠪᠡ᠃ | ᠡᠷᠬᠡᠳᠤ ᠬᠠᠳᠣᠨ ᠵᠦᠩᠬᠡᠨ | ᠤᠯᠠᠨ ᠠᠴᠠ ᠬᠡᠳᠦ᠋ᠢᠳᠦᠭᠰᠡᠨ ᠴᠡᠴᠡᠨ ᠪᠢᠯᠢᠭ᠂ ᠣᠬᠠᠭᠠᠨ ᠵᠢᠪᠬᠤᠭ᠎ᠠ ᠪᠠᠷ ᠢᠶᠠᠨ ᠮᠣᠩᠭᠤᠯᠴᠣᠳ ᠤᠨ | ᠭᠠᠶᠢᠬᠠᠯ ᠪᠢᠰᠢᠷᠡᠯ ᠢ ᠣᠯᠵᠤ ᠶᠠᠪᠤᠭᠰᠠᠨ ᠪᠠᠭᠠᠳᠣᠷ ᠰᠣᠣᠳᠣ ᠡᠮᠡᠭᠳᠡᠢ ᠪᠤᠯ ᠵᠦᠩᠬᠡᠨ ᠬᠠᠳᠣᠨ ᠪᠤᠯᠤᠨ᠎ᠠ᠃ | ᠲᠡᠷᠡ ᠪᠠᠷ ᠮᠤᠩᠭᠤᠯ ᠤᠨ ᠪᠠᠷᠠᠭᠤᠨ ᠭᠠᠷ ᠤᠨ ᠲᠦᠮᠡᠳ ᠤᠨ ᠲᠦᠷᠦᠭᠦᠤ ᠠᠯᠳᠠᠨ ᠬᠠᠭᠠᠨ ︵1507 -1581︶ | ᠤ ᠬᠠᠳᠣᠨ ᠪᠤᠯᠣᠨ᠎ᠠ᠃ | ᠵᠦᠩᠬᠡᠨ ᠬᠠᠳᠣᠨ ᠪᠤᠯ ᠦᠩᠭᠡ ᠵᠢᠰᠣ ᠭᠤᠸ᠎ᠠ ᠬᠡᠬᠡᠨᠴᠢᠷ ᠮᠦᠷᠳᠡᠭᠡᠨ ᠣᠢ ᠤᠬᠠᠭᠠᠨ ᠴᠡᠴᠡᠨ | ᠰᠡᠷᠭᠦᠯᠡᠩ ᠢᠶᠠᠷ ᠪᠠᠷᠠᠬᠤ ᠦᠭᠡᠢ ᠲᠠᠭᠤᠣ ᠪᠦᠵᠢᠭ ᠲᠤ ᠠᠪᠢᠶᠠᠰᠯᠢᠭ ᠶᠤᠮ᠃ ᠲᠡᠷᠡ ᠮᠦᠨ ᠬᠦᠯᠦᠭ ᠤᠨ | ᠨᠢᠷᠣᠭᠤᠨ ᠳᠤ ᠰᠠᠯᠬᠢᠯᠠᠨ ᠬᠦᠪᠴᠢᠳᠣ ᠨᠣᠮᠤ ᠲᠠᠯᠠᠵᠤ᠂ ᠴᠡᠷᠢᠭ ᠤᠨ ᠡᠷᠳᠡᠮ ᠳᠤ ᠴᠠᠭᠠᠷᠠᠨ ᠨᠡᠪᠳᠡᠷᠡᠭᠰᠡᠨ ᠡᠷᠡᠮᠡᠬᠡᠢ | ᠪᠠᠭᠠᠳᠣᠷ ᠡᠮᠡᠭᠳᠡᠢ ᠪᠤᠯᠤᠨ᠎ᠠ᠃ ᠲᠡᠭᠡᠬᠦ ᠳᠤ ᠠᠯᠳᠠᠨ ᠬᠠᠭᠠᠨ ᠤ ᠭᠦᠨ ᠢᠳᠡᠭᠡᠯ ᠢ ᠤᠯᠵᠤ᠂ ᠠᠯᠳᠠᠨ ᠬᠠᠭᠠᠨ ᠤ | ᠨᠣᠶᠠᠷᠬᠠᠯ ᠢ ᠪᠠᠬᠢᠵᠢᠭᠦᠯᠦᠨ᠂ ᠮᠢᠩ ᠣᠯᠤᠰ ᠯᠤᠭ᠎ᠠ ᠶᠢᠨ ᠬᠢᠯᠢ ᠶᠢᠨ ᠰᠣᠯᠢᠯᠴᠠᠭ᠎ᠠ ᠶᠠᠪᠤᠯᠴᠠᠭ᠎ᠠ ᠵᠢᠴᠢ | ᠲᠣᠳᠣᠭᠠᠳᠣ ᠶᠢᠨ ᠡᠪ ᠨᠢᠭᠡᠳᠦᠯ ᠳᠤ ᠴᠢᠬᠤᠯᠠ ᠦᠢᠯᠡᠳᠦᠯ ᠦᠵᠡᠭᠦᠯᠵᠤ ᠶᠠᠪᠤᠭᠰᠠᠨ ᠶᠤᠮ᠃ | ᠵᠦᠩᠬᠡᠨ ᠬᠠᠳᠣᠨ ᠪᠠᠰᠠ ᠠᠮᠣᠳᠠᠢ ᠰᠡᠴᠡᠨ ᠬᠠᠭᠠᠨ᠂ ᠪᠣᠳᠠᠰᠢᠷᠢ ᠬᠤᠩ ᠲᠠᠶᠢᠵᠢ ᠨᠠᠷ ᠲᠠᠢ ᠬᠠᠮᠳᠣᠷᠠᠨ᠂ | ᠰᠢᠷᠡᠭᠡᠳᠣ ᠭᠦᠤᠰᠢ ᠴᠣᠷᠵᠢ᠂ ᠠᠶᠣᠰᠢ᠂ ᠠᠨᠠᠨᠳᠠ ᠮᠠᠨᠽᠣᠰᠢᠷᠢ ᠪᠤᠯᠤᠨ ᠪᠠᠷᠠᠭᠤᠨ ᠭᠤᠷᠪᠠᠨ ᠲᠦᠮᠡᠨ ᠤ ᠬᠡᠯᠡᠮᠣᠷᠴᠢ | ᠮᠡᠷᠭᠡᠳ ᠢ ᠵᠤᠬᠢᠶᠠᠨᠪᠠᠶᠢᠭᠤᠯᠵᠤ᠂ 1602 ᠊᠊᠊᠊ 1607 ᠤᠨ ᠬᠦᠷᠳᠡᠯ᠎ᠡ᠂ ᠵᠢᠷᠭᠤᠭᠠᠨ ᠵᠢᠯ ᠤᠨ | ᠬᠤᠭᠤᠴᠠᠭᠠᠨ ᠳᠤ ᠭᠠᠨᠵᠤᠤᠷ ᠨᠤᠮ ᠢ ᠮᠤᠩᠭᠤᠯ ᠬᠡᠯᠡ ᠪᠠᠷ ︽ᠪᠦᠷᠢᠨ ᠲᠡᠭᠦᠰ ᠣᠷᠴᠢᠭᠤᠯᠵᠤ︾ ᠲᠡᠭᠦᠰᠭᠡᠭᠰᠡᠨ | ᠲᠡᠤᠬᠡ ᠲᠠᠢ ᠪᠠᠶᠢᠳᠠᠭ᠃ | ᠴᠢᠯᠠᠭᠤᠨ ᠳᠤ ᠠᠮᠢᠯᠠᠭᠰᠠᠨ ᠭᠤᠶᠣ ᠡᠮᠡᠭᠳᠡᠢ ᠲᠠᠵᠢ ᠮᠠᠬᠠᠯ | ᠮᠣᠩᠭᠤᠷ ︵ᠮᠤᠩᠭᠤᠯ︶ ᠬᠠᠭᠠᠨᠳᠣ ᠣᠯᠤᠰ ᠤᠨ ᠪᠠᠳᠠᠷᠠᠯ ᠬᠦᠭᠵᠢᠯ ᠢ ᠲᠣᠰᠬᠠᠨ᠂ ᠵᠢᠩᠬᠢᠨᠢ ᠴᠡᠪᠡᠷ | ᠬᠠᠶᠢᠷ᠎ᠠ ᠶᠢᠨ ᠪᠡᠯᠭᠡ ᠲᠡᠮᠳᠡᠭ ᠪᠤᠯᠤᠭᠰᠠᠨ ︽ᠡᠨᠡᠳᠬᠡᠭ ᠤᠨ ᠡᠷᠳᠡᠨᠢ︾ ᠭᠡᠮᠡᠭᠴᠢ ᠲᠠᠵᠢ ︵ᠲᠠᠶᠢᠵᠢ︶ ᠮᠠᠬᠠᠯ ᠤᠨ | ᠪᠤᠩᠬᠤᠨ ᠨᠢ ᠲᠡᠯᠡᠬᠡᠢ ᠶᠢᠨ ᠲᠤᠯᠤᠭᠠᠨ ᠭᠠᠶᠢᠬᠠᠮᠰᠢᠭᠳᠣ ᠪᠠᠷᠢᠯᠭ᠎ᠠ ᠶᠢᠨ ᠨᠢᠭᠡ ᠪᠤᠯᠵᠤ ᠬᠤᠷᠸ᠎ᠠ ᠳᠤ ᠠᠯᠳᠠᠷᠰᠢᠵᠤ ᠪᠤᠢ | ᠃ | ᠲᠠᠵᠢ ᠮᠠᠬᠠᠯ ᠪᠤᠯ ᠮᠤᠩᠭᠤᠷ ᠬᠠᠭᠠᠨᠳᠣ ᠣᠯᠤᠰ ᠤᠨ ᠲᠠᠪᠣᠳᠣᠭᠠᠷ ᠦᠶ᠎ᠡ ᠶᠢᠨ ᠬᠠᠭᠠᠨ ᠱ᠊᠂ ᠵᠠᠭᠠᠨ ︵ | ᠪᠠᠰᠠ ᠰᠠᠩᠵᠠᠢ ᠭᠡᠵᠤ ᠵᠠᠷᠢᠮ ᠨᠤᠮ ᠳᠤ ᠲᠡᠮᠳᠡᠭᠯᠡᠵᠤ ᠪᠤᠢ︶ ᠤ ᠬᠠᠶᠢᠷᠠᠳᠠᠢ ᠬᠠᠳᠣᠨ ᠨᠢ ᠪᠤᠯᠤᠨ᠎ᠠ᠃ ᠲᠡᠷᠡ | ᠡᠨᠡᠳᠬᠡᠭ ᠤᠨ ᠣᠮᠠᠷᠠᠳᠣ ᠬᠡᠰᠡᠭ ᠲᠠᠬᠢ ᠨᠢᠭᠡᠨ ᠮᠤᠩᠭᠤᠯ ᠢᠵᠠᠭᠤᠷᠳᠡᠨ ᠤ ᠭᠡᠷ ᠲᠤ ᠲᠦᠷᠦᠪᠡ᠃ ᠬᠤᠷᠸ᠎ᠠ ᠳᠤ | ᠬᠤᠣᠰ ᠦᠭᠡᠢ ᠭᠤᠶᠤ ᠦᠵᠡᠰᠭᠦᠯᠡᠩ ᠮᠦᠷᠳᠡᠭᠡᠨ ᠰᠡᠴᠡᠨ ᠴᠡᠯᠮᠡᠭ ᠤᠬᠠᠭᠠᠨ ᠰᠠᠨᠠᠭ᠎ᠠ ᠲᠠᠢ ᠪᠠᠶᠢᠵᠤ᠂ ᠵᠢᠩᠬᠢᠨᠢ | ᠴᠡᠪᠡᠷ ᠠᠷᠢᠭᠤᠨ ᠬᠠᠶᠢᠷ᠎ᠠ ᠶᠢ ᠲᠡᠭᠡᠳᠦᠯᠡᠵᠤ ᠶᠠᠪᠤᠭᠰᠠᠨ ᠠᠭᠤᠣ ᠶᠡᠭᠡ ᠮᠤᠩᠭᠤᠯ ᠡᠮᠡᠭᠳᠡᠢ ᠪᠤᠯᠤᠨ᠎ᠠ᠃ | ᠲᠠᠵᠢ ᠬᠠᠳᠣᠨ ᠪᠤᠯ ᠦᠩᠭᠡ ᠵᠢᠰᠣ ᠪᠠ ᠪᠡᠶ᠎ᠡ ᠭᠠᠯᠪᠢᠷ ᠬᠤᠣᠰ ᠦᠭᠡᠢ ᠭᠤᠶᠣ ᠦᠵᠡᠰᠭᠦᠯᠡᠩ ᠮᠦᠷᠳᠡᠭᠡᠨ | ᠣᠬᠠᠭᠠᠨ ᠰᠠᠨᠠᠭ᠎ᠠ᠂ ᠢᠨᠠᠭ ᠬᠠᠶᠢᠷ᠎ᠠ᠂ ᠪᠣᠳᠤᠯ ᠰᠡᠳᠬᠢᠯ᠂ ᠪᠢᠯᠢᠭ ᠠᠪᠢᠶᠠᠰ᠂ ᠦᠢᠯᠡ ᠶᠠᠪᠣᠳᠠᠯ ᠤᠨ ᠡᠷᠬᠢᠮ | ᠰᠠᠶᠢᠬᠠᠨ ᠪᠦᠬᠦᠨ ᠢ ᠪᠦᠷᠢᠳᠦᠭᠦᠯᠦᠭᠰᠡᠨ ᠲᠡᠭᠦᠰ ᠭᠤᠸ᠎ᠠ ᠡᠮᠡᠭᠳᠡᠢ ᠪᠤᠯᠤᠨ᠎ᠠ᠃ ᠲᠡᠭᠦᠨ ᠤ ᠠᠮᠢᠳᠣ ᠰᠡᠷᠡᠭᠦᠨ | ᠦᠶ᠎ᠡ ᠶᠢᠨ ᠦᠢᠯᠡ ᠶᠠᠪᠣᠳᠠᠯ ᠲᠡᠤᠬᠡ ᠰᠣᠳᠣᠷ ᠲᠤ ᠲᠡᠮᠡᠢ ᠲᠡᠮᠳᠡᠭᠯᠡᠭᠰᠡᠨ ᠦᠭᠡᠢ ᠪᠣᠯᠪᠠᠴᠣ ᠭᠠᠨᠳᠢᠭ ᠴᠢᠯᠠᠭᠤᠨ ᠳᠤ | ᠠᠮᠢᠯᠠᠭᠰᠠᠨ ᠭᠤᠶᠣ ᠲᠦᠷᠬᠦ ᠨᠢ ᠵᠢᠩᠬᠢᠨᠢ ᠠᠷᠢᠭᠤᠨ ᠬᠠᠶᠢᠷ᠎ᠠ ᠶᠢᠨ ᠰᠢᠳᠦᠭᠡᠨ ᠪᠤᠯᠤᠨ ᠠᠮᠢᠯᠠᠵᠤ ᠬᠦᠮᠦᠨ | ᠲᠦᠷᠦᠯᠬᠢᠳᠡᠨ ᠳᠤ ᠪᠠᠭ᠋ᠠᠷᠬᠠᠭᠳᠠᠨ ᠲᠠᠭᠠᠯᠠᠭᠳᠠᠵᠤ ᠪᠠᠶᠢᠬᠤ ᠮᠦᠷᠳᠡᠭᠡᠨᠡᠨᠡᠳᠬᠡᠭ᠂ ᠮᠤᠩᠭᠤᠷ ᠬᠠᠭᠠᠨᠳᠣ ᠣᠯᠤᠰ᠂ | ᠮᠣᠩᠭᠤᠯ ᠡᠮᠡᠭᠳᠡᠢ ᠶᠢᠨ ᠡᠷᠬᠢᠮᠰᠦᠭ ᠰᠠᠶᠢᠬᠠᠨ ᠢ ᠲᠡᠯᠡᠬᠡᠢ ᠳ᠋ᠠᠬᠢᠨ ᠳᠤ ᠦᠨᠢ ᠮᠦᠩᠬᠡ ᠠᠯᠳᠠᠷᠰᠢᠭᠤᠯᠵᠤ ᠪᠠᠶᠢᠭ᠎ᠠ | ᠶᠤᠮ᠃ ᠲᠠᠵᠢ ᠬᠠᠳᠣᠨ ᠨᠠᠰᠣ ᠪᠠᠷᠠᠭᠠᠳ 300 ᠭᠠᠷᠦᠢ ᠵᠢᠯ ᠪᠤᠯᠵᠤ ᠪᠠᠶᠢᠭ᠎ᠠ ᠪᠣᠯᠪᠠᠴᠣ ᠲᠡᠯᠡᠬᠡᠢ ᠶᠢᠨ ᠬᠦᠮᠦᠨ | ᠠᠷᠠᠳ ᠤᠨ ᠰᠡᠳᠬᠢᠯ ᠵᠢᠷᠦᠬᠡᠨ ᠳᠤ ᠮᠥᠨ ᠯᠠ ᠠᠮᠢᠳᠣ ᠪᠠᠷ ᠢᠶᠠᠨ ᠪᠠᠶᠢᠭ᠎ᠠ ᠰᠢᠭ᠋ ᠪᠠᠶᠢᠵᠤ᠂ ᠮᠤᠩᠭᠤᠯ ᠡᠮᠡᠭᠳᠡᠢ ᠶᠢᠨ | ᠵᠢᠰᠣ ᠭᠠᠯᠪᠢᠷ ᠬᠢᠭᠡᠳ ᠣᠶᠤᠨ ᠰᠠᠨᠠᠭᠠᠨ ᠤ ᠭᠤᠸ᠎ᠠ ᠰᠠᠶᠢᠬᠠᠨ ᠵᠢᠴᠢ ᠰᠣᠶᠣᠯ ᠤᠨ ᠢᠷᠠᠭᠤ ᠰᠠᠶᠢᠬᠠᠨ | ᠬᠦᠷᠳᠡᠭᠡᠯ ᠢᠶᠠᠷ ᠢᠶᠠᠨ ᠪᠦᠮᠪᠤᠷᠴᠡᠭ ᠢ ᠢᠪᠢᠯᠭᠡᠵᠤ᠂ ᠮᠤᠨᠳᠠᠭ ᠲᠤᠮᠤ ᠵᠤᠭᠠᠴᠠᠯ ᠤᠨ ᠦᠷᠳᠡᠭ᠂ ᠰᠣᠶᠤᠯ ᠤᠨ | ᠦᠷᠳᠡᠭ ᠢ ᠡᠭᠦᠳᠦᠨ᠂ ᠡᠨᠡᠳᠬᠡᠭ ᠤᠨ ᠠᠷᠠᠳ ᠲᠦᠮᠡᠨ ᠢ ᠢᠪᠡᠭᠡᠨ ᠲᠡᠳᠬᠦᠵᠤ ᠪᠤᠢ᠃ | ᠴᠢᠩ ᠪᠢᠰᠢᠷᠡᠯᠳᠣ ᠲᠠᠶᠢᠬᠠᠯ ᠬᠠᠳᠣᠨ ᠡᠬᠡ | ᠡᠬᠡ ᠲᠠᠶᠢᠬᠠᠯ ᠬᠠᠳᠣᠨ ᠪᠤᠯ 17 ᠳ᠋ᠣᠭᠠᠷ ᠵᠠᠭᠤᠨ ᠤ ᠡᠬᠢᠨ ᠤ ᠵᠢᠯ ᠤᠳ ᠲᠤ ᠠᠯᠳᠠᠷ ᠮᠠᠨᠳᠣᠭᠰᠠᠨ | ᠣᠶᠤᠳᠠᠨ ᠬᠠᠳᠣᠨ ᠪᠤᠯᠤᠨ᠎ᠠ᠃ ᠲᠡᠶᠢᠮᠤ ᠠᠴᠠ ᠮᠤᠩᠭᠤᠯ ᠤᠨ ᠲᠡᠤᠬᠡᠨ ᠳᠤ ᠲᠡᠭᠦᠨ ᠢ ︽ᠴᠢᠩ ᠪᠢᠰᠢᠷᠡᠯᠳᠣ | ᠲᠠᠶᠢᠬᠠᠯ ᠬᠠᠳᠣᠨ ᠡᠬᠡ︾ ᠭᠡᠮᠡᠨ ᠬᠦᠨᠳᠦᠳᠬᠡᠨ ᠲᠡᠮᠳᠡᠭᠯᠡᠭᠰᠡᠨ ᠪᠠᠶᠢᠳᠠᠭ᠃ ᠲᠠᠶᠢᠬᠠᠯ ᠬᠠᠳᠣᠨ ᠪᠤᠯ ᠲᠠᠶᠠᠨ | ᠬᠠᠭᠠᠨ ᠤ ᠣᠳᠬᠤᠨ ᠬᠦᠤ ᠭᠡᠷᠰᠠᠨᠵᠢ ︵ᠪᠠᠰᠠ ᠭᠡᠷᠰᠠᠨᠵᠢ ᠯᠠᠶᠢᠬᠤᠷ ᠭᠡᠳᠡᠭ︶ ᠶᠢᠨ ᠭᠤᠷᠪᠠᠳᠣᠭᠠᠷ ᠬᠦᠪᠡᠭᠦᠨ | ᠣᠶᠢᠵᠢᠨ ᠨᠤᠶᠠᠨ ᠤ ᠬᠦᠤ ᠪᠠᠭ᠋ᠠᠷᠠᠢ ᠬᠤᠰᠢᠭᠤᠴᠢ ᠶᠢᠨ ᠬᠠᠳᠣᠨ ᠪᠤᠯᠤᠨ᠎ᠠ᠃ ᠲᠡᠷᠡ ᠬᠠᠷᠠᠬᠠᠨ ᠪᠠᠭ᠎ᠠ ᠠᠴᠠ ᠪᠠᠨ | ᠴᠡᠴᠡᠨ ᠰᠡᠷᠭᠦᠯᠡᠩ᠂ ᠤᠢ ᠪᠢᠯᠢᠭ ᠴᠣᠭᠤᠷᠬᠠᠢ᠂ ᠪᠢᠴᠢᠭ ᠰᠣᠶᠤᠯ ᠳᠤ ᠰᠢᠮᠳᠠᠨ᠂ ᠮᠤᠩᠭᠤᠯ ᠲᠦᠪᠡᠳ ᠦᠰᠦᠭ | ᠪᠢᠴᠢᠭ ᠲᠤ ᠨᠡᠪᠳᠡᠷᠡᠵᠡᠢ᠃ ᠲᠡᠭᠡᠭᠡᠳ ᠣᠶᠤᠳᠠᠨ ᠡᠮᠡᠭᠳᠡᠢ ᠪᠤᠯᠤᠨ ᠠᠯᠳᠠᠷᠰᠢᠵᠡᠢ᠃ | ᠴᠢᠩ ᠪᠢᠰᠢᠷᠡᠯᠳᠤ ᠲᠠᠶᠢᠬᠠᠯ ᠬᠠᠳᠣᠨ ᠪᠢᠴᠢᠭ ᠰᠣᠶᠤᠯ ᠳᠤ ᠨᠡᠪᠳᠡᠷᠡᠵᠤ᠂ ᠮᠤᠩᠭᠤᠯ ᠰᠣᠶᠤᠯ ᠤᠨ | ᠭᠦᠭᠵᠢᠯᠳᠡ ᠳᠤ ᠪᠠᠯᠠᠷᠠᠰᠢ ᠦᠭᠡᠢ ᠵᠢᠳᠬᠦᠯ ᠦᠭᠭᠦᠭᠰᠡᠨ ᠢᠶᠠᠷ ᠪᠠᠷᠠᠬᠤ ᠦᠭᠡᠢ ᠬᠦᠪᠡᠭᠦᠨ ᠴᠣᠭᠳᠤ ︵ᠴᠣᠭᠳᠣ | ᠲᠠᠶᠢᠵᠢ︶ ᠪᠠᠨ ᠪᠠᠯᠴᠢᠷ ᠪᠠᠭ᠎ᠠ ᠠᠴᠠ ᠨᠢ ᠪᠢᠴᠢᠭ ᠰᠣᠶᠤᠯ ᠢᠶᠠᠷ ᠭᠡᠶᠢᠭᠦᠯᠦᠨ ᠬᠦᠮᠦᠵᠢᠭᠦᠯᠵᠤ ᠪᠢᠯᠡ᠃ ᠬᠠᠳᠣᠨ | ᠡᠬᠡ ᠶᠢᠨ ᠢᠶᠠᠨ ᠭᠡᠷᠡᠯᠳᠦᠭᠰᠡᠨ ᠣᠬᠠᠭᠠᠨ᠂ ᠬᠠᠳᠠᠭᠤ ᠬᠦᠮᠦᠵᠢᠯ ᠢ ᠲᠡᠭᠡᠳᠦᠯᠡᠨ᠂ ᠴᠣᠭᠳᠣ ᠲᠠᠶᠢᠵᠢ ᠪᠣᠰᠣᠳ ᠠᠴᠠ | ᠴᠣᠯᠭᠤᠷᠠᠭᠰᠠᠨ ᠶᠡᠭᠡ ᠪᠢᠯᠢᠭ ᠠᠪᠢᠶᠠᠰ ᠲᠠᠢ ᠠᠯᠳᠠᠷᠳᠤ ᠢᠷᠠᠭᠤ ᠨᠠᠶᠢᠷᠠᠭᠴᠢ᠂ ᠲᠡᠤᠬᠡᠴᠢ ᠮᠦᠷᠳᠡᠭᠡᠨ ᠭᠠᠷᠮᠠᠭᠠᠢ | ᠣᠯᠤᠰ ᠲᠦᠷᠦᠴᠢᠨ᠂ ᠡᠬᠡ ᠣᠷᠤᠨᠴᠢ ᠪᠠᠭᠠᠳᠣᠷ ᠪᠤᠯᠤᠭᠰᠠᠨ ᠶᠤᠮ᠃ ᠲᠠᠶᠢᠬᠠᠯ ᠬᠠᠳᠣᠨ ᠡᠬᠡ 1601 ᠤᠨ ᠠᠴᠠ | ᠡᠬᠢᠯᠡᠨ᠂ ᠬᠦᠤ ᠴᠣᠭᠳᠣ ᠲᠠᠢ ᠪᠠᠨ ᠲᠦᠪᠡᠳ ᠬᠡᠯᠡᠨ ᠠᠴᠠ ᠪᠤᠷᠬᠠᠨ ᠤ ᠨᠤᠮ ᠰᠣᠳᠣᠷ ᠢ ᠣᠷᠴᠢᠭᠤᠯᠬᠤ ᠶᠢᠨ ᠲᠠᠭᠠᠣ | ᠣᠷᠠᠨ ᠵᠤᠬᠢᠶᠠᠯ᠂ ᠲᠡᠤᠬᠡ᠂ ᠬᠦᠨ ᠤᠬᠠᠭᠠᠨ᠂ ᠠᠨᠠᠭᠠᠬᠤ ᠣᠬᠠᠭᠠᠨ ᠵᠡᠷᠭᠡ ᠣᠯᠠᠨ ᠲᠦᠷᠦᠯ ᠤᠨ ᠨᠤᠮ ᠰᠣᠳᠣᠷ ᠢ | ᠮᠤᠩᠭᠤᠯᠴᠢᠯᠠᠵᠤ᠂ ᠠᠷᠠᠳ ᠲᠦᠮᠡᠨ ᠢᠶᠠᠨ ᠭᠡᠭᠡᠷᠡᠭᠦᠯᠦᠨ᠂ ᠮᠤᠩᠭᠤᠯ ᠰᠣᠶᠤᠯ ᠤᠨ ᠭᠦᠭᠵᠢᠯᠳᠡ ᠳᠤ ᠯᠤᠳᠤ ᠶᠡᠭᠡ | ᠭᠠᠪᠢᠶ᠎ᠡ ᠵᠢᠳᠭᠦᠯ ᠦᠵᠡᠭᠦᠯᠦᠭᠰᠡᠨ ᠶᠤᠮ᠃ ᠡᠭᠦᠨ ᠤ ᠲᠠᠭᠠᠤ ᠲᠡᠷᠡ ᠪᠠᠰᠠ ᠬᠦᠪᠡᠭᠦᠨ ᠴᠣᠭᠳᠣ ᠲᠠᠶᠢᠵᠢ ᠲᠠᠢ ᠪᠠᠨ | ᠪᠦᠬᠦᠯᠢ ᠠᠷᠪᠠᠨ ᠵᠢᠯ ᠤᠨ ᠴᠠᠭ ᠢ ᠵᠠᠷᠣᠴᠠᠭᠤᠯᠣᠨ᠂ ᠲᠣᠣᠯᠠ ᠶᠢᠨ ᠪᠠᠷᠠᠭᠤᠨ ᠳᠠᠬᠢ ᠵᠢᠷᠦᠬᠡᠨ ᠨᠡᠷᠡᠳᠤ ᠠᠭᠤᠯᠠ ᠶᠢᠨ | ᠡᠩᠭᠡᠷ ᠵᠢᠷᠭᠤᠭᠠᠨ ᠰᠦᠮ᠎ᠡ ᠶᠢ ᠪᠠᠶᠢᠭᠤᠯᠵᠤ ᠪᠢᠯᠡ᠃ ᠡᠳᠡᠭᠡᠷ ᠰᠦᠮ᠎ᠡ ᠬᠡᠶᠢᠳ ᠨᠢ ᠮᠤᠩᠭᠤᠯ ᠨᠤᠳᠤᠭ ᠲᠤ ᠱᠠᠰᠢᠨ | ᠲᠡᠯᠭᠡᠷᠡᠭᠦᠯᠬᠦ ᠶᠢᠨ ᠲᠠᠭᠠᠣ ᠮᠤᠩᠭᠤᠯ ᠰᠣᠶᠤᠯ ᠤᠨ ᠦᠯᠦᠭᠡᠢ ᠪᠤᠯᠵᠤ᠂ ᠦᠶ᠎ᠡ ᠦᠶ᠎ᠡ ᠶᠢᠨ ᠬᠦᠮᠦᠰ ᠢ | ᠰᠣᠶᠤᠯᠵᠢᠭᠤᠯᠤᠨ ᠭᠡᠭᠡᠷᠡᠭᠦᠯᠵᠤ ᠪᠠᠶᠢᠪᠠ᠃ ᠡᠨᠡᠬᠦ ᠠᠯᠳᠠᠷ ᠬᠦᠨᠳᠣᠳᠡᠢ ᠰᠣᠶᠤᠯᠳᠣ ᠡᠬᠡ ᠪᠠᠨ ᠮᠦᠩᠬᠡ ᠲᠣᠷᠠᠰᠴᠣ | ᠶᠠᠪᠣᠬᠤ ᠶᠢᠨ ᠲᠦᠯᠦᠭᠡ᠂ ᠮᠤᠩᠭᠤᠯ ᠤᠯᠤᠰ ᠤᠨ ᠠᠯᠳᠠᠷᠳᠣ ᠢᠷᠠᠭᠤ ᠨᠠᠶᠢᠷᠠᠭᠴᠢ ᠢᠰᠢᠬᠦᠣ ︽ᠴᠢᠩ ᠪᠢᠰᠢᠷᠡᠯᠳᠣ | ᠲᠠᠶᠢᠬᠠᠯ ᠬᠠᠳᠣᠨ ᠡᠬᠡ︾ ᠭᠡᠬᠦ ᠭᠠᠶᠢᠬᠠᠯᠳᠠᠢ ᠰᠢᠯᠦᠭ ᠢ ᠪᠦᠳᠦᠭᠡᠵᠤ᠂ ᠡᠨᠡᠬᠦ ᠨᠢᠭᠡᠨ ᠦᠶ᠎ᠡ ᠶᠢᠨ ᠰᠣᠣ ᠪᠢᠯᠢᠭᠳᠣ | ᠬᠠᠳᠣᠨ ᠡᠬᠡ ᠶᠢᠨ ᠠᠷᠢᠭᠤᠬᠠᠨ ᠵᠢᠳᠬᠦᠯ ᠢ ᠳᠦᠩᠨᠡᠭᠰᠡᠨ ᠪᠠᠶᠢᠨ᠎ᠠ᠃ | ︽ᠡᠬᠡ ᠬᠤᠩ ᠲᠠᠶᠢᠵᠢ ᠶᠢᠨ ᠪᠢᠰᠢᠷᠡᠯᠳᠣ ᠲᠠᠶᠢᠬᠠᠯ ᠡᠬᠡ \ ᠡᠷᠳᠡᠮ ᠤᠨ ᠲᠠᠯᠠᠢ ᠶᠢ ᠱᠦᠭᠦᠷᠳᠡᠭᠰᠡᠨ | ᠣᠶᠤᠳᠠᠨ ᠮᠥᠨ ᠪᠤᠶᠤ ᠡᠳᠦᠭᠡ ᠮᠢᠨᠤ ᠰᠢᠯᠦᠭ ᠲᠠᠬᠢ ᠰᠣᠶᠤᠨ ᠭᠡᠭᠡᠷᠡᠭᠰᠡᠨ ᠲᠡᠭᠦᠨ ᠢ ᠡᠬᠡ ᠣᠷᠤᠨᠴᠢ ᠬᠦᠤ ᠲᠠᠢ ᠨᠢ | ᠠᠭᠠᠷ ᠨᠢᠭᠡᠨ ᠦᠵᠡᠪᠡᠢ᠃ ᠮᠡᠳᠡᠭᠰᠡᠨ ᠡᠷᠳᠡᠮ ᠢᠶᠠᠨ ᠲᠦᠭᠡᠭᠡᠬᠦ ᠪᠠᠷ ᠴᠠᠭᠠᠨ ᠬᠠᠷᠰᠢ ᠪᠠᠶᠢᠭᠤᠯᠪᠠ \ ᠮᠡᠷᠭᠡᠳ | ᠰᠡᠴᠡᠳ ᠤᠨ ᠰᠣᠳᠣᠷ ᠤᠳ ᠢ ᠤᠨ ᠲᠠᠷᠠᠭᠠᠯᠠᠵᠤ ᠣᠷᠴᠢᠭᠤᠯᠪᠠ \ ᠰᠣᠶᠤᠯ ᠤᠨ ᠦᠷ᠎ᠡ ᠲᠠᠷᠢᠬᠤ ᠶᠢ ᠡᠬᠡ ᠬᠦᠤ | ᠡᠷᠡᠮᠡᠯᠵᠡᠪᠡ \ ᠰᠣᠯᠣᠩᠭᠠᠨ ᠣᠬᠠᠭᠠᠨ ᠰᠠᠴᠣᠷᠠᠭᠤᠯᠤᠨ ᠨᠢᠭᠡᠨ ᠦᠶ᠎ᠡ ᠴᠡᠴᠡᠭᠯᠡᠪᠡ \ ᠬᠠᠯᠬ᠎ᠠ ᠶᠢᠨ ᠪᠢᠰᠢᠷᠡᠯᠳᠣ | ᠬᠠᠳᠣᠨ ᠤ ᠬᠦᠰᠡᠯ ᠢᠶᠠᠨ ᠪᠡᠶᠡᠯᠡᠪᠡ \ ᠬᠠᠳᠣᠨᠲ᠋ᠣᠣᠯᠠ ᠶᠢᠨ ᠣᠷᠤᠰᠬᠠᠯ ᠰᠢᠭ᠋ ᠡᠬᠡ ᠶᠢᠨ ᠰᠡᠳᠬᠢᠯ ᠮᠡᠯᠳᠡᠯᠵᠡᠪᠡ \ | ᠬᠠᠩᠭᠠᠢ ᠬᠠᠨ ᠤ ᠠᠭᠤᠯᠠᠨ ᠳᠤ ᠣᠶᠠᠷᠠᠵᠤ ᠭᠠᠷᠣᠭᠰᠠᠨ ᠬᠤᠩ ᠲᠠᠶᠢᠵᠢ \ ᠬᠠᠯᠠᠭᠤᠳᠤ ᠡᠭᠡᠴᠢ ᠪᠠᠨ ᠰᠠᠨᠠᠭᠠᠯᠵᠠᠨ | ᠣᠶᠠᠩᠭ᠎ᠠ ᠶᠢᠨ ᠰᠢᠯᠦᠭ ᠲᠠᠳᠠᠯᠠᠪᠠ \ ᠪᠢᠯᠢᠭᠳᠣ ᠲᠠᠳᠡᠨ ᠤ ᠬᠦᠰᠡᠯ ᠢᠴᠠᠭ ᠤᠨ ᠰᠠᠯᠬᠢ ᠠᠷᠴᠢᠪᠠ \ ᠪᠢᠴᠢᠭ ᠤᠨ | ᠪᠦᠳᠦᠭᠡᠯ ᠨᠤᠮ ᠢ ᠨᠢ ᠣᠯᠠᠭᠠᠨ ᠲᠦᠢᠮᠡᠷ ᠢᠳᠡᠪᠡ \ ᠪᠢᠷ ᠶᠠᠨᠲᠠᠢ ᠶᠠᠭᠤ ᠶᠢ ᠨᠢ ᠰᠢᠷ᠎ᠠ ᠶᠢᠨ ᠱᠠᠰᠢᠨ ᠬᠤᠭᠤᠴᠢᠪᠠ \ | ᠪᠡᠭᠡ ᠪᠠᠷ ᠴᠦ ᠲᠣᠳᠠᠭᠠ ᠦᠭᠡᠢ ᠲᠡᠳᠡ ᠴᠠᠭᠠᠨ ᠴᠠᠭᠠᠰᠣ ᠴᠦ ᠦᠭᠡᠢ ᠦᠯᠡᠳᠡᠪᠡ \ ᠴᠢᠩ ᠤᠨ ᠬᠠᠭᠠᠳ ᠤᠳ | ᠮᠣᠩᠭᠤᠯ ᠢ ᠬᠠᠭᠠᠯᠤᠨ ᠪᠣᠳᠠᠯᠠᠵᠤ ᠡᠬᠢᠯᠡᠪᠡ \ ᠴᠢᠩᠭᠢᠰ ᠤᠨ ᠣᠭᠰᠠᠭᠠᠳᠣ ᠨᠤᠶᠠᠳ ᠰᠠᠯᠤᠨ ᠪᠣᠳᠠᠷᠠᠵᠤᠣᠷᠪᠠᠪᠠ \ | ᠲᠡᠭᠰᠢ ᠪᠣᠳᠤᠯᠭ᠎ᠠ ᠪᠠᠨ ᠠᠯᠳᠠᠭᠰᠠᠨ ᠳᠤ ᠲᠦᠷᠦ ᠣᠯᠤᠰ ᠬᠢᠮᠤᠷᠠᠪᠠ \ ᠴᠢᠩ ᠲᠠᠶᠢᠬᠠᠯ ᠬᠠᠳᠣᠭᠳᠠᠨ ᠤ ᠰᠡᠳᠬᠢᠯ | ᠰᠠᠨᠠᠭ᠎ᠠ ᠦᠢᠮᠤᠷᠡᠪᠡ \ ᠬᠠᠯᠬ᠎ᠠ ᠶᠢᠨ ᠲᠤᠮᠤ ᠨᠤᠶᠠᠳ ᠰᠢᠷ᠎ᠠ ᠶᠢᠨ ᠱᠠᠰᠢᠨ ᠳᠤ ᠣᠷᠤᠯᠳᠣᠪᠠ \ ᠬᠠᠷᠢ ᠶᠢᠨ ᠪᠣᠳᠤᠯᠭ᠎ᠠ | ᠬᠡᠷᠡᠭᠵᠢᠵᠤ ᠠᠶᠣᠯ ᠵᠠᠨᠤᠯ ᠦᠩᠭᠡᠯᠵᠡᠪᠡ \ ᠠᠷᠪᠠᠨ ᠲᠤᠯᠤᠳᠠᠬᠢ ᠵᠠᠭᠤᠨ ᠳᠤ ᠰᠢᠷ᠎ᠠ ᠣᠯᠠᠭᠠᠨ ᠮᠦᠷᠭᠦᠯᠳᠦᠪᠡ \ | ᠠᠮᠣᠷ ᠵᠠᠶᠠᠭ᠎ᠠ ᠦᠵᠡᠭᠦᠯᠬᠦ ᠬᠠᠭᠠᠳ ᠨᠤᠶᠠᠳ ᠰᠦᠷᠭᠡᠭᠦᠯᠳᠦᠪᠡ \ ᠠᠷᠣ ᠬᠠᠯᠬ᠎ᠠ ᠶᠢᠨ ᠴᠣᠭᠳᠣ ᠲᠠᠶᠢᠵᠢ ᠴᠠᠰᠣᠳᠣ | ᠲᠦᠪᠡᠳ ᠢ ᠵᠣᠷᠢᠪᠡ \ ᠠᠬᠠᠶᠢᠳᠠᠨ ᠪᠢᠰᠢᠷᠡᠯᠳᠣ ᠬᠠᠳᠣᠨ ᠲᠠᠶᠢᠬᠠᠯ ᠤᠨ ᠠᠮᠢᠳᠣᠷᠠᠯ ᠲᠡᠮᠡᠴᠡᠯ ᠲᠡᠭᠦᠰᠪᠡ︾ ᠬᠡᠮᠡᠪᠡ᠃ | ᠠᠪᠠᠢ ᠬᠠᠳᠣᠨ | ᠠᠪᠠᠢ ᠬᠠᠳᠣᠨ ᠪᠤᠯ ᠲᠦᠷᠪᠡᠨ ᠦᠢᠷᠠᠳ ᠤᠨ ᠲᠡᠤᠬᠡᠨ ᠳᠤ ᠠᠯᠳᠠᠷᠳᠠᠢ ᠰᠣᠣ ᠪᠢᠯᠢᠭᠳᠣ ᠡᠮᠡᠭᠳᠡᠢ ᠶᠤᠮ᠃ | ᠲᠡᠷᠡ ᠪᠠᠷ ᠦᠢᠷᠠᠳᠴᠣᠳ ᠤᠨ ᠣᠮᠤᠭᠰᠢᠯ ᠪᠠᠭ᠋ᠠᠷᠬᠠᠯ ᠢ ᠲᠠᠳᠠᠭᠰᠠᠨ ︽ᠲᠠᠪᠣᠨ ᠪᠠᠷᠰ︾ ᠭᠡᠮᠡᠭᠳᠡᠭᠰᠡᠨ ᠲᠠᠪᠣᠨ | ᠬᠡᠤᠬᠡᠳ ᠢᠶᠠᠨ ᠳᠦᠷᠦᠬᠦᠯᠦᠨ ᠦᠰᠭᠡᠭᠰᠡᠨ ᠮᠦᠷᠳᠡᠭᠡᠨ ᠦᠢᠷᠠᠳ ᠡᠷᠡᠴᠣᠳ ᠤᠨ ᠬᠠᠳᠠᠭᠤ ᠰᠢᠨᠳᠠᠰᠣ᠂ ᠠᠷᠭ᠎ᠠ | ᠪᠣᠳᠣᠯᠭ᠎ᠠ᠂ ᠭᠠᠷᠮᠠᠭᠠᠢ ᠵᠤᠷᠢᠭ ᠰᠦᠯᠳᠡ ᠪᠠᠷ ᠬᠡᠤᠬᠡᠳ ᠢᠶᠠᠨ ᠬᠦᠮᠦᠵᠢᠭᠦᠯᠦᠭᠰᠡᠨ ᠪᠠᠭᠠᠳᠣᠷ ᠡᠬᠡ ᠶᠤᠮ᠃ ᠠᠪᠠᠢ | ᠬᠠᠳᠣᠨ ᠬᠡᠤᠬᠡᠳ ᠢᠶᠠᠨ ᠦᠭᠡᠯᠡᠢ ᠶᠡᠭᠡ ᠪᠤᠯᠳᠠᠯ᠎ᠠ ᠬᠤᠱᠣᠳ ᠠᠶᠢᠮᠠᠭ ᠢ ᠵᠠᠰᠠᠭᠯᠠᠨ ᠶᠠᠪᠤᠵᠤ᠂ ᠬᠤᠱᠤᠳ | ᠠᠶᠢᠮᠠᠭ ᠤᠨ ᠬᠦᠴᠦᠷᠬᠡᠭᠵᠢᠨ ᠮᠠᠨᠳᠣᠬᠤ ᠳᠤ ᠰᠠᠭᠤᠷᠢ ᠲᠠᠯᠪᠢᠵᠤ ᠦᠭᠭᠦᠭᠰᠡᠨ ᠪᠦᠭᠡᠳ ᠬᠤᠱᠣᠳᠴᠣᠳ ᠤᠨ | ᠲᠦᠷᠪᠡᠨ ᠦᠢᠷᠠᠳ ᠤᠨ ᠴᠢᠭᠤᠯᠭᠠᠨ ᠳᠤ ᠲᠡᠷᠢᠭᠦᠯᠵᠤ ᠶᠠᠪᠤᠬᠤ ᠪᠠᠶᠢᠷᠢ ᠰᠠᠭᠤᠷᠢ ᠶᠢ ᠪᠠᠳᠣᠯᠠᠭᠰᠠᠨ ᠶᠤᠮ᠃ ᠠᠪᠠᠢ | ᠬᠠᠳᠤᠨ ᠪᠤᠯ ᠴᠣᠷᠣᠰ ᠠᠶᠢᠮᠠᠭ ᠤᠨ ᠰᠣᠷᠪᠤᠯᠵᠢᠳᠣ ᠭᠡᠷ ᠤᠨ ᠦᠬᠢᠨ᠂ ᠲᠡᠷᠡ ᠬᠠᠨᠢ ᠨᠤᠶᠠᠨ ᠤ ᠭᠤᠤᠯ ᠬᠠᠳᠣᠨ | ᠪᠠᠶᠢᠪᠠ᠃ | |