ᠶᠢᠰᠦ ᠶᠢᠰᠦ ᠶᠢᠨ ᠪᠡᠯᠡᠭ
ᠨᠡᠶᠢᠲᠡᠯᠡᠭᠰᠡᠨ ᠴᠠᠭ᠄
2025/4/14
ᠤᠮ ᠰᠠᠶᠢᠬᠠᠨ ᠠᠮᠤᠭᠤᠯᠠᠩ ᠪᠣᠯᠲᠤᠭᠠᠢ    ᠠᠯᠳᠠᠨ ᠴᠠᠭᠠᠨ ᠬᠠᠳᠠᠭᠠᠨ ᠳᠡᠭᠡᠷ᠎ᠡ ᠪᠠᠨ    ᠠᠯᠳᠠᠨ ᠶᠢᠰᠦᠨ ᠵᠣᠭᠤᠰ ᠢᠶᠠᠷ ᠴᠢᠮᠡᠵᠦ    ᠮᠥᠩᠭᠦᠨ ᠶᠢᠰᠦᠨ ᠶᠤᠸᠠᠮᠪᠤᠤ ᠲᠠᠯᠪᠢᠵᠤ    ᠭᠠᠯ ᠳᠤ ᠴᠢᠨᠢ ᠲᠣᠰᠣ ᠲᠠᠢ    ᠪᠤᠷᠬᠠᠨ ᠳᠤ ᠴᠢᠨᠢ ᠨᠢᠨᠳᠠᠷ ᠲᠠᠢ    ᠪᠤᠭᠤᠷᠤᠯ ᠳᠤ ᠴᠢᠨᠢ ᠬᠠᠳᠠᠭ ᠲᠠᠢ    ᠲᠡᠪᠡᠯ ᠤᠨ ᠲᠣᠷᠭ᠎ᠠ    ᠳᠡᠪᠢᠰᠬᠡᠷ ᠤᠨ ᠬᠡᠪᠢᠰ ᠲᠠᠢ    ᠲᠡᠯᠡᠢ ᠶᠢᠨ ᠲᠠᠪᠤᠨ ᠡᠷᠳᠡᠨᠢ ᠵᠡᠷᠭᠡ ᠶᠢ ᠡᠷᠭᠦᠨ    ᠲᠦᠷᠦ ᠶᠢᠨ ᠬᠡᠯᠬᠢᠶ᠎ᠡ ᠦᠷ᠎ᠡ ᠶᠢᠨ ᠪᠠᠷᠢᠯᠳᠤᠯᠭ᠎ᠠ ᠳᠤ    ᠲᠡᠷᠢᠭᠦᠨ ᠶᠢᠰᠦ ᠶᠢᠨ ᠪᠡᠯᠡᠭ ᠡᠨᠡ ᠰᠠᠨ ᠪᠢᠯᠡ᠃          ᠤᠮ ᠽᠠᠨᠳᠠᠨ ᠭᠦᠩᠭᠠᠷᠠᠪᠠ    ᠸᠴᠢᠷ ᠽᠠᠨᠳᠠᠨ ᠳᠠᠷᠤᠯᠲᠠ ᠲᠠᠢ    ᠰᠦᠢᠵᠢᠩ ᠰᠢᠯᠢᠨ ᠨᠡᠭᠡᠭᠡᠯᠬᠡᠲᠠᠢ    ᠱᠢᠷᠦ ᠰᠤᠪᠤᠳ ᠰᠡᠶᠢᠯᠦᠭᠦᠷ ᠲᠠᠢ    ᠲᠡᠭᠦᠨ ᠤ ᠳᠣᠲᠣᠷ᠎ᠠ ᠳᠠᠬᠢᠭᠰᠠᠨ ᠪᠤᠷᠬᠠᠨ    ᠪᠠᠯᠳᠠᠨ ᠯᠾᠨᠮᠦ ᠪᠠᠶᠠᠨ ᠨᠠᠮᠰᠠᠷᠠᠢ    ᠵᠠᠶᠠᠭᠠᠨ ᠲᠠᠪᠤᠨ ᠲᠡᠭᠷᠢ    ᠨᠠᠰᠤᠨ ᠤ ᠭᠤᠷᠪᠠᠨ ᠪᠤᠷᠬᠠᠨ ᠸᠴᠢᠷ ᠲᠡᠷᠢᠭᠦᠲᠡᠨ    ᠵᠢᠷᠭᠠᠯᠠᠩ ᠤᠨ ᠪᠠᠶᠠᠳ ᠴᠠᠭ ᠤᠨ ᠡᠵᠡᠨ ᠱᠠᠭᠵᠠᠮᠤᠨᠢ    ᠪᠠᠭᠰᠢ ᠪᠠᠳᠮᠠᠰᠠᠮᠪᠤᠤ ᠨᠣᠮ ᠤᠨ ᠬᠠᠭᠠᠨ    ᠢᠲᠡ ᠰᠢᠳᠢᠲᠡᠨ ᠡᠵᠡᠨ ᠸᠠᠩ    ᠲᠡᠭᠷᠢ ᠶᠢᠨ ᠳᠣᠭᠰᠢᠳ ᠨᠠᠷ ᠲᠤ ᠬᠦᠷᠲᠡᠯ᠎ᠡ    ᠰᠠᠩ ᠰᠤᠯᠬᠢᠶ᠎ᠡ ᠰᠠᠷᠬᠤᠳ ᠨᠠᠩᠴᠢᠳ    ᠦᠨᠦᠷ ᠲᠠᠢ ᠠᠴᠠ ᠠᠷᠴᠠ    ᠬᠡᠷᠡᠯ ᠲᠠᠢ ᠠᠴᠠ ᠵᠤᠯᠠ    ᠭᠠᠯ ᠪᠤᠷᠬᠠᠨ ᠳᠤ ᠴᠢᠨᠢ    ᠽᠠᠨᠳᠠᠨ ᠱᠦᠷᠦᠪᠡ ᠤᠮ ᠠ ᠬᠤᠮ ᠭᠡᠳ    ᠬᠤᠶᠠᠷ ᠶᠢᠰᠦ ᠶᠢᠨ ᠪᠡᠯᠡᠭ ᠡᠨᠡ ᠰᠠᠨ ᠪᠢᠯᠡ᠃     ᠣᠮ ᠽᠠᠨᠳᠠᠨ ᠰᠢᠷᠡᠭᠡᠨ ᠳᠡᠭᠡᠷ᠎ᠡ ᠴᠢᠨᠢ    ᠰᠢᠷ᠎ᠠ ᠵᠣᠭᠤᠰ ᠰᠢᠵᠢᠷ ᠠᠯᠳᠠ    ᠬᠠᠮᠪᠤ ᠲᠣᠷᠭ᠎ᠠ ᠬᠠᠯᠢᠭᠤ ᠪᠤᠯᠠᠭ᠎ᠠ    ᠮᠣᠯᠣᠷ ᠡᠷᠳᠡᠨᠢ ᠮᠥᠩᠭᠦ ᠶᠤᠸᠠᠮᠪᠤᠤ    ᠬᠠᠰ ᠮᠠᠨᠤ ᠱᠢᠷᠦ ᠣᠭ᠍ᠶᠤ    ᠲᠠᠭᠠᠨ᠎ᠡ ᠰᠤᠪᠤᠳ ᠰᠡᠩᠰᠡᠨ ᠬᠤᠷᠠᠭ᠎ᠠ    ᠪᠤᠳᠤᠩᠳᠠᠢ ᠠᠴᠠ ᠲᠣᠰᠣ    ᠲᠠᠪᠠᠭ ᠰᠡᠭᠦᠯ ᠲᠠᠢ ᠬᠤᠨᠢᠨ ᠰᠢᠭᠦᠰᠦ ᠬᠦᠷᠲᠡᠯ᠎ᠡ    ᠭᠤᠷᠪᠠᠨ ᠶᠢᠰᠦ ᠶᠢᠨ ᠪᠡᠯᠡᠭ ᠡᠨᠡ ᠰᠠᠨ ᠪᠢᠯᠡ᠃     ᠢᠷᠪᠢᠰ ᠭᠦᠢᠴᠡᠬᠦ ᠮᠣᠷᠢ    ᠡᠷᠳᠡᠨᠢ ᠶᠢᠨ ᠬᠦᠯᠦᠭ ᠠᠭᠲᠠ    ᠡᠮᠡᠭᠡᠯ ᠬᠠᠵᠠᠭᠠᠷ ᠪᠦᠷᠢᠨ    ᠬᠤᠷ᠎ᠠ ᠰᠠᠶᠢᠬᠠᠨ ᠬᠦᠴᠦᠲᠡᠢ    ᠬᠤᠷᠴᠠ ᠲᠦᠷᠪᠠᠨ ᠲᠤᠭᠤᠷᠠᠢ ᠲᠠᠢ    ᠽᠠᠨᠳᠠᠨ ᠬᠦᠷᠡᠩ ᠭᠡᠭᠦᠦ    ᠤᠨᠠᠭ᠎ᠠ ᠲᠠᠢ ᠲᠠᠭ᠎ᠠ ᠲᠠᠢ    ᠢᠨᠴᠠᠭᠠᠨ ᠦᠦᠷᠰᠦᠭᠰᠡᠭᠡᠷ    ᠱᠣᠩ ᠳᠡᠭᠡᠷ᠎ᠡ ᠴᠢᠨᠢ ᠤᠶᠠᠭ᠎ᠠ ᠲᠠᠢ ᠪᠤᠢ    ᠡᠨᠡ ᠪᠣᠯ ᠲᠦᠷᠪᠠᠨ ᠶᠢᠰᠦ ᠶᠢᠨ ᠪᠡᠯᠡᠭ ᠡᠨᠡ ᠰᠠᠨ ᠪᠢᠯᠡ᠃     ᠲᠡᠭᠷᠢ ᠡᠵᠡᠨ ᠤ ᠲᠠᠮᠠᠭ᠎ᠠ ᠨᠢ    ᠲᠠᠰᠢᠶᠠᠨ ᠳᠡᠭᠡᠷ᠎ᠡ ᠨᠢ ᠳᠤᠷᠠᠶᠢᠭᠰᠠᠨ    ᠲᠡᠪ ᠲᠡᠭᠰᠢᠬᠡᠨ ᠪᠡᠶ᠎ᠡ ᠲᠠᠢ    ᠮᠢᠨᠳᠠᠰᠤᠨ ᠶᠠᠩᠭᠠᠷ ᠵᠣᠭᠳᠣᠷ ᠲᠠᠢ    ᠮᠣᠯᠣᠷ ᠡᠷᠳᠡᠨᠢ ᠶᠢᠨ ᠢᠲᠡ ᠲᠠᠢ    ᠬᠦᠴᠦᠲᠦ ᠯᠤᠤ ᠶᠢᠨ ᠬᠦᠵᠦᠭᠦᠦ ᠲᠠᠢ    ᠰᠢᠷᠡᠭᠡ ᠪᠦᠭᠡ ᠲᠠᠢ ᠲᠡᠮᠡᠭᠡ    ᠰᠢᠷᠡᠮᠦᠨ ᠲᠦᠷᠦᠭᠡ ᠲᠠᠢ    ᠰᠢᠷᠢᠮᠡᠯ ᠲᠤᠬᠤᠱᠢ ᠲᠠᠢ    ᠰᠡᠨᠵᠢᠲᠡᠢ ᠭᠠᠳᠠᠰᠤᠨ ᠳᠡᠭᠡᠷ᠎ᠡ ᠴᠢᠨᠢ ᠤᠶᠠᠭ᠎ᠠ ᠲᠠᠢ ᠪᠤᠢ    ᠡᠨᠡ ᠪᠣᠯ ᠲᠠᠪᠤᠨ ᠶᠢᠰᠦ ᠶᠢᠨ ᠪᠡᠯᠡᠭ ᠡᠨᠡ ᠰᠠᠨ ᠪᠢᠯᠡ᠃     ᠡᠵᠡᠨ ᠲᠦᠷᠦ ᠳᠡᠭᠡᠨ ᠡᠭᠡᠯᠢᠲᠡᠢ    ᠥᠨᠳᠥᠷ ᠡᠪᠡᠷ ᠲᠠᠢ ᠤᠯᠠᠭᠴᠢᠨ ᠦᠨᠢᠶ᠎ᠡ    ᠥᠬᠢᠨ ᠤᠯᠠᠭᠠᠨ ᠲᠤᠭᠤᠯ ᠲᠠᠢ ᠪᠢᠷᠠᠭᠤ ᠲᠠᠢ    ᠵᠠᠯᠠᠨ ᠳᠡᠭᠡᠷ᠎ᠡ ᠴᠢᠨᠢ ᠤᠶᠠᠭ᠎ᠠ ᠲᠠᠢ ᠪᠤᠢ    ᠡᠨᠡ ᠪᠣᠯ ᠵᠢᠷᠭᠤᠭᠠᠨ ᠶᠢᠰᠦ ᠶᠢᠨ ᠪᠡᠯᠡᠭ ᠡᠨᠡ ᠰᠠᠨ ᠪᠢᠯᠡ᠃     ᠮᠢᠨᠳᠠᠰᠤᠨ ᠴᠠᠭᠠᠨ ᠨᠣᠣᠰᠣ ᠲᠠᠢ    ᠮᠠᠨᠲᠤᠭᠤᠷ ᠴᠠᠭᠠᠨ ᠬᠤᠷᠠᠭ᠎ᠠ ᠲᠠᠢ    ᠬᠤᠲᠠᠨ ᠳᠤᠮᠳᠠ ᠪᠠᠨ ᠮᠠᠶᠢᠯᠠᠳᠠᠭ    ᠪᠤᠶᠠᠨ ᠬᠡᠰᠢᠭ ᠤᠨ ᠬᠦᠷᠢᠶᠡᠲᠦ    ᠮᠠᠩᠨᠠᠢ ᠬᠠᠯᠵᠠᠨ ᠬᠤᠨᠢ    ᠬᠤᠷᠣᠭᠠᠨ ᠳᠤ ᠴᠢᠨᠢ ᠬᠤᠷᠢᠵᠤ ᠪᠤᠢ    ᠡᠨᠡ ᠪᠣᠯ ᠲᠤᠯᠤᠭᠠᠨ ᠶᠢᠰᠦ ᠶᠢᠨ ᠪᠡᠯᠡᠭ ᠡᠨᠡ ᠰᠠᠨ ᠪᠢᠯᠡ᠃     ᠰᠢᠷ᠎ᠠ ᠵᠣᠭᠤᠰ ᠰᠢᠵᠢᠷ ᠠᠯᠳᠠ ᠮᠥᠩᠭᠦᠨ ᠶᠤᠸᠠᠮᠪᠤᠤ    ᠶᠢᠰᠦᠨ ᠭᠦᠵᠡᠭᠡ ᠰᠢᠷ᠎ᠠ ᠲᠣᠰᠣ    ᠶᠢᠰᠦᠨ ᠪᠤᠳᠤᠩ ᠲᠠᠢ ᠠᠶᠢᠷᠠᠭ    ᠶᠢᠰᠦᠨ ᠬᠡᠰᠡᠭ ᠬᠡᠪ ᠤᠨ ᠴᠠᠢ    ᠣᠭ᠍ᠶᠤ ᠱᠢᠷᠦ ᠲᠠᠭᠠᠨ᠎ᠡ ᠰᠤᠪᠤᠳ ᠲᠠᠵᠢ ᠮᠠᠩᠨᠤᠭ    ᠬᠠᠰ ᠮᠠᠨᠤ ᠬᠠᠮᠪᠤ ᠲᠣᠷᠭ᠎ᠠ    ᠬᠠᠯᠢᠭᠤ ᠪᠤᠯᠠᠭ᠎ᠠ ᠰᠡᠩᠰᠡᠨ ᠬᠤᠷᠠᠭ᠎ᠠ    ᠰᠢᠭᠰᠢᠮᠡᠯ ᠮᠥᠩᠭᠦᠨ ᠲᠤᠩᠭᠠᠯᠠᠭ ᠠᠯᠳᠠ ᠵᠡᠷᠭᠡ ᠪᠠᠨ ᠢᠯᠡᠭᠡᠭᠰᠡᠨ    ᠡᠨᠡ ᠪᠣᠯ ᠨᠠᠢᠮᠠᠨ ᠶᠢᠰᠦ ᠶᠢᠨ ᠪᠡᠯᠡᠭ ᠡᠨᠡ ᠰᠠᠨ ᠪᠢᠯᠡ᠃     ᠵᠦᠢᠯ ᠪᠦᠷᠢ ᠶᠢᠨ ᠡᠷᠳᠡᠨᠢ    ᠵᠦᠰᠦᠮᠡᠯ ᠲᠣᠷᠭ᠎ᠠ ᠵᠥᠭᠡᠢ ᠶᠢᠨ ᠪᠠᠯ    ᠬᠠᠮᠪᠤ ᠬᠢᠯᠢᠩ ᠵᠢᠰᠤᠷ ᠵᠠᠩᠬᠢᠪ    ᠡᠪᠬᠡᠮᠡᠯ ᠪᠠᠷᠠᠭ᠎ᠠ ᠬᠡᠪ ᠤᠨ ᠴᠠᠢ    ᠬᠤᠸᠠᠷ ᠲᠠᠢ ᠬᠤᠷᠭᠤᠢ ᠬᠤᠯᠤᠰᠤᠨ ᠯᠢᠩᠪᠤ    ᠬᠤᠭᠤᠷ ᠶᠠᠲᠤᠭ᠎ᠠ ᠪᠠᠷ ᠶᠠᠩᠳᠠᠷ ᠪᠢᠴᠢᠭ ᠤᠨ ᠬᠡᠷᠡᠭᠰᠡᠯ    ᠡᠷ᠎ᠡ ᠶᠢᠨ ᠵᠣᠳᠤᠭ ᠡᠪ ᠤᠨ ᠴᠠᠪᠠᠤ    ᠱᠠᠭ᠎ᠠ ᠱᠠᠰᠲᠢᠷ ᠰᠠᠮ ᠱᠦᠭᠦᠷ    ᠰᠢᠳᠦᠨ ᠤ ᠱᠤᠸᠠᠵᠠ ᠵᠢᠰᠦᠨ ᠤ ᠲᠣᠯᠢ    ᠬᠤᠸᠠᠷ ᠲᠠᠢ ᠲᠣᠷᠭ᠎ᠠ    ᠬᠤᠨᠢᠶᠠᠰᠤ ᠲᠠᠢ ᠬᠠᠪᠲᠠᠭ᠎ᠠ    ᠭᠠᠩ ᠢᠯᠳᠦ ᠭᠠᠯᠲᠤ ᠬᠡᠲᠡ ᠵᠡᠷᠭᠡ ᠶᠢᠨ    ᠶᠢᠰᠦ ᠶᠢᠰᠦ ᠶᠢᠨ ᠪᠡᠯᠡᠭ ᠢ    ᠪᠦᠬᠦᠨ ᠢᠶᠠᠷ ᠨᠢ ᠲᠤᠰᠢᠶᠠᠨ ᠡᠷᠭᠦᠵᠦ    ᠥᠯᠵᠡᠢ ᠬᠤᠲᠤᠭ ᠣᠷᠣᠰᠢᠬᠤ ᠪᠣᠯᠲᠤᠭᠠᠢ︕ 
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号