ᠭᠠᠯ ᠲᠠᠬᠢᠬᠤ ᠶᠣᠰᠣᠨ ᠳᠤ ᠤᠯᠠᠨ ᠵᠦᠢᠯ ᠪᠠᠶᠢᠳᠠᠭ ᠪᠤᠯᠪᠠᠴᠦ ᠪᠢ ᠭᠤᠣᠯ ᠨᠢ ᠮᠣᠩᠭᠤᠯ ᠭᠡᠷ ᠲᠤ | ᠡᠪᠴᠢᠭᠦᠦ ᠪᠠᠷ ᠭᠠᠯ ᠲᠠᠬᠢᠬᠤ ᠶᠣᠰᠣᠨ ᠢ ᠲᠦᠬᠦᠮ ᠶᠠᠷᠢᠶ᠎ᠠ᠃ ᠮᠣᠩᠭᠤᠯᠴᠤᠳ ᠭᠠᠯ ᠲᠠᠬᠢᠬᠤ ᠡᠳᠦᠷ ᠤᠨ ᠦᠳᠡᠰᠢ | ᠮᠠᠯ ᠰᠦᠷᠦᠭ ᠢᠶᠠᠨ ᠬᠤᠲᠠᠯᠠᠵᠤ ᠤᠳᠤ ᠪᠠᠶᠢᠷᠢᠯᠠᠬᠤ ᠦᠶ᠎ᠡ ᠪᠠᠷ ᠭᠠᠯ ᠢᠶᠠᠨ ᠲᠠᠬᠢᠳᠠᠭ᠃ ᠵᠢᠷᠤᠬᠠᠢ ᠳᠤ ︽ᠭᠠᠯ ᠤᠨ | ᠪᠤᠷᠬᠠᠨ ᠨᠢ ᠬᠤᠷᠢᠨ ᠭᠤᠷᠪᠠᠨ ᠤ ᠦᠳᠡᠰᠢ ᠬᠤᠷᠮᠤᠰᠳᠠ ᠲᠡᠭᠷᠢ ᠳᠤ ᠬᠦᠷᠴᠦ᠂ ᠬᠤᠷᠢᠨ ᠲᠦᠷᠪᠡᠨ ᠤ ᠰᠥᠨᠢ | ᠪᠠᠭᠤᠵᠤ ᠢᠷᠡᠮᠦᠢ︾ ᠭᠡᠰᠡᠨ ᠢ ᠵᠢᠷᠤᠮᠯᠠᠵᠤ᠂ ᠬᠤᠷᠢᠨ ᠭᠤᠷᠪᠠᠨ ᠪᠤᠶᠤ ᠬᠤᠷᠢᠨ ᠲᠦᠷᠪᠡᠨ ᠤ ᠦᠳᠡᠰᠢ ᠭᠠᠯ ᠢᠶᠠᠨ | ᠲᠠᠬᠢᠳᠠᠭ ᠶᠤᠮ᠃ | ᠭᠠᠯ ᠲᠠᠬᠢᠬᠤ ᠳᠤ ᠳᠤᠯᠠᠭᠠᠨ ᠳᠠᠭᠠᠨ ᠵᠡᠷᠭᠡᠯᠡᠭᠰᠡᠨ ᠬᠠᠭᠤᠷᠠᠢ ᠠᠷᠭᠠᠯ ᠲᠦᠯᠡᠭᠡ ᠶᠢ ᠨᠣᠴᠣᠭᠠᠵᠤ᠂ | ᠲᠠᠬᠢᠯᠭ᠎ᠠ ᠳᠤ ᠣᠷᠤᠯᠴᠠᠬᠤ ᠬᠥᠮᠥᠰ ᠶᠡᠬᠡᠰ ᠠᠬᠠᠮᠠᠳ ᠠᠴᠠ ᠡᠬᠢᠯᠡᠨ ᠳᠣᠷᠣᠭᠰᠢ ᠲᠡᠰ ᠲᠠᠷᠠᠭ᠎ᠠ ᠪᠠᠷ ᠰᠠᠭᠤᠯᠴᠠᠵᠤ᠂ | ᠡᠪᠴᠢᠭᠦᠨ ᠭᠡᠷᠰᠡᠩ᠂ ᠴᠣᠷᠣᠢ᠂ ᠬᠤᠰ᠂ ᠬᠤᠳᠣᠭᠤᠳᠤ᠂ ᠱᠠᠭᠠᠳᠤ᠂ ᠲᠦᠷᠪᠡᠨ ᠥᠨᠳᠥᠷ ᠢ ᠲᠠᠯᠠᠯᠠᠭ᠎ᠠ ᠶᠢᠨ | ᠰᠠᠭᠤᠯᠭᠠᠨ ᠳᠤ ᠬᠢᠵᠦ ᠠᠬᠠᠮᠠᠳ ᠬᠥᠮᠥᠨ ᠡᠷᠭᠦᠵᠦ ᠲᠠᠯᠠᠯᠠᠭ᠎ᠠ ᠠᠪᠬᠤ ᠪᠠᠷ ᠪᠡᠯᠡᠳᠬᠡᠨ᠎ᠡ᠃ ᠪᠤᠰᠤᠳ ᠬᠥᠮᠥᠰ | ᠪᠦᠭᠦᠳᠡᠭᠡᠷ ᠢᠶᠠᠨ ᠫᠢᠯᠠ ᠲᠠᠪᠠᠭ ᠲᠠᠢ ᠴᠠᠭᠠᠨ ᠢᠳᠡᠭᠡ ᠪᠣᠣᠪᠤ ᠵᠡᠷᠭᠡ ᠶᠢᠨ ᠲᠠᠯᠠᠯᠠᠭ᠎ᠠ ᠪᠠᠷᠢᠵᠤ ᠰᠠᠭᠤᠨ᠎ᠠ᠃ ᠭᠡᠷ ᠤᠨ | ᠪᠦᠰᠡᠭᠦᠢ ᠬᠥᠮᠥᠨ ᠪᠤᠶᠤ ᠪᠡᠷᠢ ᠬᠥᠮᠥᠨ ᠭᠠᠯ ᠢᠶᠠᠨ ᠬᠥᠭᠵᠢᠭᠡᠨ ᠰᠡᠷᠵᠢᠮ ᠡᠷᠭᠦᠵᠦ ᠭᠠᠯ ᠠᠪᠤᠯᠴᠠᠬᠤ ᠳᠤ ᠭᠠᠯ ᠤᠨ | ᠰᠠᠩ ᠲᠠᠯᠪᠢᠵᠤ ᠤᠩᠰᠢᠯᠭ᠎ᠠ ᠢᠷᠦᠭᠡᠯ ᠲᠠᠯᠪᠢᠨ ᠭᠡᠷ ᠤᠨ ᠡᠵᠡᠨ ᠴᠢᠮᠡᠵᠦ ᠪᠡᠯᠡᠳᠬᠡᠭᠰᠡᠨ ᠡᠪᠴᠢᠭᠦᠦ ︵ᠡᠪᠴᠢᠭᠦᠦ ᠶᠢᠨ | ᠶᠠᠰᠤ ᠪᠦᠲᠦᠨ ᠢᠶᠠᠷ ᠢᠶᠠᠨ᠂ ᠲᠠᠪᠤᠨ ᠥᠩᠭᠡ ᠶᠢᠨ ᠬᠢᠪ ᠲᠣᠷᠭ᠎ᠠ᠂ ᠲᠦᠷᠸᠠ ᠡᠪᠡᠰᠦ᠂ ᠨᠣᠣᠰᠣᠨ ᠤᠲᠠᠰᠤ᠂ ᠲᠣᠷᠭᠠᠨ | ᠬᠠᠳᠠᠭ ᠪᠤᠶᠤ ᠰᠠᠮᠪᠠᠢ᠂ ᠴᠢᠪᠠᠭ᠎ᠠ ᠦᠵᠦᠮ ᠢᠶᠠᠷ ᠴᠢᠮᠡᠭᠰᠡᠨ︶ ᠪᠠᠨ ᠪᠦᠳᠦᠷᠬᠡᠢ ᠶᠢ ᠨᠢ ᠲᠤᠯᠭ᠎ᠠ ᠤᠷᠤᠭᠤ | ᠬᠠᠨᠳᠤᠭᠤᠯᠤᠨ ᠪᠠᠷᠢᠵᠤ ᠭᠠᠯ ᠳᠤ ᠡᠷᠭᠦᠭᠡᠳ ᠬᠤᠷᠮᠣᠢ ᠪᠠᠨ ᠳᠡᠪᠢᠰᠴᠦ ᠭᠤᠷᠪᠠᠨᠲᠠ ᠮᠥᠷᠭᠦᠨ᠎ᠡ᠃ ᠪᠡᠷᠢ ᠬᠥᠮᠥᠨ | ᠭᠠᠯ ᠳᠤ ᠰᠡᠷᠵᠢᠮ ᠡᠷᠭᠦᠵᠦ ᠭᠠᠯ ᠤᠨ ᠰᠤᠷ ᠲᠣᠭᠤᠨᠣ ᠲᠤᠯᠤᠮ᠎ᠠ ᠪᠠᠳᠠᠷᠠᠨ ᠬᠥᠭᠵᠢᠬᠦ ᠳᠤ ᠤᠯᠠᠨ ᠢᠶᠠᠷ ᠢᠶᠠᠨ ︽ | ᠰᠦᠮᠪᠦᠷ ᠠᠭᠤᠯᠠ ᠮᠡᠲᠦ ᠪᠠᠲᠤ᠂ ᠰᠦᠨ ᠲᠠᠯᠠᠢ ᠮᠡᠲᠦ ᠶᠡᠭᠡ᠂ ᠪᠤᠶᠠᠨ ᠬᠡᠰᠢᠭ ᠬᠠᠶᠢᠷᠠᠯᠠ᠂ ᠬᠤᠷᠤᠢ︕ ᠬᠤᠷᠤᠢ︕ | ᠬᠤᠷᠤᠢ︕︾ ᠭᠡᠵᠦ ᠲᠠᠯᠠᠯᠠᠭ᠎ᠠ ᠠᠪᠬᠤ ᠶᠢᠨ ᠵᠡᠷᠭᠡᠴᠡᠭᠡ ᠪᠠᠷ ᠬᠥᠬᠡ ᠪᠤᠶᠤ ᠪᠣᠷᠣ ᠰᠡᠷᠡᠯ ᠢᠮᠠᠭ᠎ᠠ ᠰᠡᠲᠡᠷᠯᠡᠵᠦ᠂ ᠭᠠᠯ | ᠭᠠᠯᠠᠶᠢᠬᠠᠨ ᠤ ᠬᠦᠯᠦᠭ ᠪᠤᠯᠭᠠᠵᠦ ᠲᠠᠯᠪᠢᠨ᠎ᠠ᠃ ᠡᠭᠦᠨ ᠤ ᠲᠠᠷᠠᠭ᠎ᠠ ᠲᠠᠯᠠᠯᠠᠭ᠎ᠠ ᠶᠢᠨ ᠰᠠᠭᠤᠯᠠᠭ᠎ᠠ ᠪᠠᠨ ᠲᠡᠭᠡᠭᠰᠢᠯᠡᠭᠦᠯᠵᠦ᠂ | ᠤᠯᠠᠨ ᠢᠶᠠᠷ ᠢᠶᠠᠨ ᠭᠠᠯ ᠤᠨ ᠬᠡᠰᠡᠭ᠂ ᠭᠠᠯ ᠤᠨ ᠠᠮᠤᠰᠤ ︵ᠪᠤᠳᠠᠭ᠎ᠠ︶ ᠢᠳᠡᠨ᠎ᠡ᠃ ᠭᠠᠯ ᠲᠠᠬᠢᠭᠰᠠᠨ ᠤ ᠲᠠᠷᠠᠭ᠎ᠠ | ᠥᠷᠯᠥᠭᠡ ᠪᠤᠶᠤ ᠭᠤᠷᠪᠠᠨ ᠬᠤᠨᠤᠭ ᠤᠨ ᠲᠠᠷᠠᠭ᠎ᠠ ᠰᠢᠲᠠᠭᠳᠠᠭᠰᠠᠨ ᠶᠠᠰᠤᠨ ᠤ ᠦᠨᠡᠰᠦ ᠶᠢ ᠠᠪᠴᠤ ᠳᠡᠭᠡᠷ᠎ᠡ ᠭᠠᠵᠠᠷ | ᠰᠠᠴᠤᠬᠤ ᠪᠤᠶᠤ ᠦᠨᠡᠰᠦᠨ ᠳᠣᠲᠣᠷ᠎ᠠ ᠠᠴᠠ ᠪᠣᠷᠪᠢ᠂ ᠲᠣᠶᠢᠭ ᠤᠨ ᠶᠠᠰᠤ ᠶᠢ ᠠᠪᠴᠤ ᠭᠡᠷ ᠤᠨ ᠲᠣᠲᠣᠭᠤ | ᠳᠡᠭᠡᠷ᠎ᠡ ᠪᠠᠨ ᠲᠠᠯᠪᠢᠵᠤ ᠲᠠᠷᠠᠭ᠎ᠠ ᠵᠢᠯ ᠤᠨ ᠭᠠᠯ ᠲᠠᠬᠢᠬᠤ ᠪᠤᠯᠳᠠᠯ᠎ᠠ ᠲᠠᠬᠢᠵᠦ ᠬᠠᠳᠠᠭᠠᠯᠠᠨ᠎ᠠ᠃ |