ᠮᠠᠨ ᠤ ᠮᠣᠩᠭᠤᠯᠴᠤᠳ ᠡᠷᠲᠡ ᠳᠡᠭᠡᠳᠦ ᠠᠴᠠ ᠪᠠᠨ ᠮᠣᠷᠢ ᠶᠢ ᠲᠠᠨᠢᠵᠤ᠂ ᠲᠡᠭᠦᠨ ᠢ ᠰᠤᠷᠭᠠᠨ | ᠭᠠᠷᠰᠢᠭᠤᠯᠤᠭᠰᠠᠨ ᠠᠴᠠ ᠨᠠᠰᠢ ᠤᠨᠤᠬᠤ ᠪᠠ ᠬᠥᠯᠬᠦ ᠶᠢᠨ ᠲᠤᠯᠠᠳᠠ᠂ ᠲᠡᠭᠦᠨ ᠳᠤ ᠵᠣᠬᠢᠴᠠᠭᠰᠠᠨ ᠲᠤᠨᠤᠭ ᠬᠡᠷᠡᠭᠰᠡᠯ ᠢ | ᠡᠭᠦᠳᠦᠨ ᠪᠦᠲᠦᠭᠡᠵᠦ ᠢᠷᠡᠵᠠᠢ᠃ ᠡᠬᠢᠯᠡᠩᠭᠦᠲᠡ ᠨᠣᠭᠲᠣ ᠬᠠᠵᠠᠭᠠᠷ᠂ ᠳᠠᠷᠠᠭ᠎ᠠ ᠨᠢ ᠡᠮᠡᠭᠡᠯ ᠲᠦᠷᠦᠭᠡ᠂ ᠬᠤᠵᠢᠮ ᠨᠢ | ᠲᠡᠭᠦᠨ ᠢᠶᠠᠨ ᠥᠭᠡᠷᠡᠴᠢᠯᠡᠨ ᠰᠠᠶᠢᠵᠢᠷᠠᠭᠤᠯᠵᠤ ᠭᠤᠶᠤ ᠰᠠᠶᠢᠬᠠᠨ ᠵᠠᠰᠠᠭ ᠴᠢᠮᠡᠭ ᠲᠠᠢ ᠪᠣᠯᠭᠠᠨ ᠰᠢᠨᠡᠳᠬᠡᠵᠦ ᠢᠷᠡᠪᠠ᠃ | ᠮᠣᠩᠭᠤᠯᠴᠤᠳ ᠤᠨ ᠮᠣᠷᠢᠨ ᠤ ᠲᠤᠨᠤᠭ ᠬᠡᠷᠡᠭᠰᠡᠯ ᠪᠣᠯ ᠤᠷᠳᠤ ᠤᠳᠠᠭᠠᠨ ᠬᠤᠭᠤᠴᠠᠭᠠᠨ ᠤ | ᠠᠮᠢᠳᠤᠷᠠᠯ ᠤᠨ ᠳᠤᠮᠳᠠ ᠡᠭᠦᠳᠦᠨ ᠪᠦᠲᠦᠭᠡᠭᠰᠡᠨ ᠪᠦᠬᠦ ᠮᠠᠯᠴᠢᠨ ᠨᠡᠭᠦᠳᠡᠯᠴᠢᠨ ᠣᠪᠣᠭ ᠠᠶᠢᠮᠠᠭ ᠤᠨ ᠨᠡᠶᠢᠳᠡ ᠶᠢᠨ | ᠪᠦᠲᠦᠭᠡᠯ ᠶᠤᠮ᠃ ᠬᠠᠭᠤᠴᠢ ᠰᠤᠳᠤᠯᠤᠯ᠂ ᠲᠡᠦᠬᠡ ᠲᠡᠮᠳᠡᠭᠯᠡᠯ ᠢ ᠦᠨᠳᠦᠰᠦᠯᠡᠪᠡᠯ ᠮᠠᠨ ᠤ ᠡᠷᠢᠨ ᠤ ᠡᠮᠦᠨᠡᠬᠢ2000 | ᠵᠢᠯ ᠤᠨ ᠲᠡᠷᠲᠡᠭᠡ ᠳᠤ ᠬᠤᠯᠪᠣᠭᠳᠠᠬᠤ ᠮᠣᠩᠭᠤᠯ ᠤᠨ ᠡᠷᠲᠡᠨ ᠤ ᠢᠵᠠᠭᠤᠷ ᠨᠡᠭᠦᠳᠡᠯᠴᠢᠨ ᠠᠶᠢᠮᠠᠭ ᠤᠨ ᠬᠠᠮᠤᠭ | ᠠᠩᠬᠠᠨ ᠤ ᠬᠠᠩᠭᠠᠢ ᠲᠡᠷᠭᠡ ᠶᠢ ᠡᠭᠦᠳᠬᠦ ᠶᠢᠨ ᠵᠡᠷᠭᠡᠳᠡ ᠡᠮᠡᠭᠡᠯ ᠡᠭᠦᠳᠴᠦ ᠡᠬᠢᠯᠡᠭᠰᠡᠨ ᠪᠠᠶᠢᠨ᠎ᠠ᠃ | ᠮᠣᠩᠭᠤᠯ ᠨᠤᠲᠤᠭ ᠲᠤ ︽ᠲᠠᠪᠤᠨ ᠮᠣᠳᠣᠨ ᠤ ᠡᠮᠡᠭᠡᠯ︾᠂ ︽ᠭᠤᠷᠪᠠᠨ ᠮᠣᠳᠣᠨ ᠤ ᠡᠮᠡᠭᠡᠯ︾ ᠭᠡᠵᠦ ᠠᠴᠠ | ᠰᠠᠯᠠᠭ᠎ᠠ ᠲᠠᠢ ᠮᠣᠳᠣ ᠪᠠᠷ ᠬᠢᠳᠡᠭ ᠠᠴᠠ ᠦᠵᠡᠪᠡᠯ ᠠᠩᠬᠠᠨ ᠤ ᠬᠦᠷᠡᠯ ᠵᠡᠪᠰᠡᠭ ᠤᠨ ᠦᠶ᠎ᠡ ᠠᠴᠠ ᠡᠬᠢᠯᠡᠨ | ᠬᠠᠮᠤᠭ ᠤᠨ ᠪᠦᠳᠦᠭᠦᠯᠢᠭ ᠮᠣᠳᠣᠨ ᠲᠤᠨᠤᠭ ᠤᠳ ᠢ ᠬᠢᠵᠦ ᠡᠬᠢᠯᠡᠭᠰᠡᠨ ᠪᠠᠶᠢᠨ᠎ᠠ᠃ ᠮᠥᠨᠴᠦ ᠰᠤᠷ ᠳᠡᠭᠡᠰᠦ ᠪᠠᠷ ᠪᠠᠰᠠ | ᠰᠤᠷ ᠲᠦᠷᠦᠭᠡ᠂ ᠳᠡᠭᠡᠰᠦᠨ ᠲᠦᠷᠦᠭᠡ᠂ ᠰᠤᠷ ᠠᠮᠠᠭᠠᠢ᠂ ᠶᠠᠰᠤᠨ ᠡᠪᠡᠷ ᠤᠨ ᠠᠮᠠᠭᠠᠢ ᠬᠢᠬᠦ ᠪᠣᠯᠵᠠᠢ᠃ | ᠲᠡᠮᠦᠷᠯᠢᠭ ᠢ ᠡᠯᠪᠡᠭ ᠬᠡᠷᠡᠭᠯᠡᠬᠦ ᠪᠣᠯᠤᠭᠰᠠᠨ ᠠᠴᠠ ᠨᠠᠰᠢ᠂ ᠮᠣᠳᠣ᠂ ᠰᠤᠷ ᠢᠶᠠᠷ ᠨᠡᠩ ᠤᠷᠠᠨ ᠲᠤᠨᠤᠭ | ᠲᠥᠬᠦᠭᠡᠷᠦᠮᠵᠢ ᠬᠢᠵᠦ ᠴᠢᠳᠠᠬᠤ ᠪᠣᠯᠤᠭᠰᠠᠨ ᠢᠶᠠᠷ ᠪᠠᠷᠠᠬᠤ ᠦᠭᠡᠢ᠂ ᠲᠡᠮᠦᠷᠯᠢᠭ ᠢᠶᠠᠷ ᠠᠮᠠᠭᠠᠢ᠂ ᠵᠤᠤᠵᠠᠢ᠂ ᠳᠦᠷᠦᠭᠡ | ᠵᠡᠷᠭᠡ ᠦᠨᠳᠦᠰᠦᠨ ᠬᠡᠷᠡᠭᠰᠡᠨ ᠢ ᠬᠢᠵᠦ ᠴᠢᠳᠠᠪᠠ᠃ ᠡᠨᠡ ᠪᠣᠯ ᠬᠠᠮᠤᠭ ᠠᠩᠬᠠᠨ ᠤ ᠮᠣᠷᠢᠨ ᠳᠤᠨᠤᠭ ᠬᠡᠷᠡᠭᠰᠡᠯ ᠮᠥᠨ᠃ | | ᠤᠨᠤᠯᠭ᠎ᠠ ᠶᠢᠨ ᠳᠤᠨᠤᠭ ᠬᠡᠷᠡᠭᠰᠡᠯ ᠢ ᠡᠩ ᠤᠨ ᠮᠠᠯᠵᠢᠬᠤ ᠦᠢᠯᠡᠳᠪᠦᠷᠢᠯᠡᠯ ᠤᠨ ᠬᠡᠷᠡᠭᠴᠡᠭᠡᠨ ᠳᠤ | ᠵᠣᠷᠢᠭᠤᠯᠤᠭᠰᠠᠨ ᠪᠠ ᠳᠠᠶᠢᠨ ᠪᠠᠶᠢᠯᠳᠤᠭᠠᠨ ᠳᠤ ᠵᠣᠷᠢᠭᠤᠯᠤᠭᠰᠠᠨ ᠳᠤᠨᠤᠭ ᠬᠡᠷᠡᠭᠰᠡᠯ ᠭᠡᠵᠦ ᠢᠯᠭᠠᠵᠤ ᠪᠣᠯᠣᠨ᠎ᠠ᠃ | ᠤᠨᠤᠯᠭ᠎ᠠ ᠶᠢᠨ ᠬᠡᠷᠡᠭᠴᠡᠭᠡᠨ ᠤ ᠳᠤᠨᠤᠭ ᠨᠢ ᠮᠠᠯ ᠠᠵᠤ ᠠᠬᠤᠢ ᠶᠢᠨ ᠦᠢᠯᠡᠳᠪᠦᠷᠢᠯᠡᠯ ᠳᠤ ᠵᠣᠷᠢᠭᠤᠯᠤᠭᠳᠠᠭᠰᠠᠨ | ᠤᠴᠢᠷ ᠡᠳᠦᠷ ᠳᠤᠳᠤᠮ ᠤᠨ ᠠᠵᠢᠯ ᠠᠮᠢᠳᠤᠷᠠᠯ ᠳᠤ ᠪᠦᠷᠢᠨ ᠬᠡᠷᠡᠭᠴᠡᠭᠡᠲᠡᠢ᠂ ᠬᠡᠷᠡᠭᠯᠡᠭᠡᠨ ᠤ ᠴᠢᠳᠠᠪᠤᠷᠢ ᠰᠠᠶᠢᠨ᠂ | ᠪᠦᠬᠡ ᠮᠥᠷᠲᠡᠭᠡᠨ ᠬᠢᠯᠪᠡᠷ ᠳᠥᠭᠦᠮ ᠪᠠᠶᠢᠳᠠᠭ ᠠᠴᠠ ᠶᠡᠷᠦ ᠨᠢ ᠡᠩ ᠤᠨ ᠮᠠᠯᠴᠢᠳ ᠪᠦᠬᠦᠨ ᠬᠢᠵᠦ ᠴᠢᠳᠠᠳᠠᠭ᠃ | ᠡᠭᠦᠨ ᠢ ᠪᠠᠰᠠ ᠮᠠᠯᠴᠢᠳ ᠤᠨ ᠮᠣᠷᠢᠨ ᠬᠡᠷᠡᠭᠰᠡᠯ ᠭᠡᠨ᠎ᠡ᠃ ᠡᠭᠦᠨ ᠳᠤ ᠤᠨᠤᠭᠠᠷᠢ ᠶᠢᠨ ᠮᠣᠷᠢ᠂ ᠤᠷᠭᠠᠨ ᠮᠣᠷᠢᠨ ᠳᠤ | ᠬᠡᠷᠡᠭᠯᠡᠬᠦ ᠡᠮᠡᠭᠡᠯ ᠬᠠᠵᠠᠭᠠᠷ᠂ ᠴᠢᠳᠦᠷ ᠲᠤᠱᠠ᠂ ᠤᠷᠭ᠎ᠠ ᠪᠤᠭᠤᠶᠢᠯᠢ ᠵᠡᠷᠭᠡ ᠪᠠᠭᠲᠠᠨ᠎ᠠ᠃ | ᠮᠣᠩᠭᠤᠯ ᠤᠨ ᠮᠣᠷᠢᠨ ᠰᠣᠶᠣᠯ ᠤᠨ ᠠᠭᠤᠯᠭ᠎ᠠ ᠳᠤ ᠬᠠᠮᠤᠷᠤᠭᠳᠠᠬᠤ ᠳᠤᠨᠤᠭ ᠲᠥᠬᠦᠭᠡᠷᠦᠮᠵᠢ ᠨᠦᠭᠦᠳ ᠢ | ᠮᠠᠲ᠋ᠧᠷᠢᠶᠠᠯ ᠤᠨ ᠲᠠᠯ᠎ᠠ ᠠᠴᠠ ᠠᠪᠴᠤ ᠦᠵᠡᠪᠡᠯ ᠦᠨᠳᠦᠰᠦᠨ ᠭᠤᠷᠪᠠᠨ ᠮᠠᠲ᠋ᠧᠷᠢᠶᠠᠯ ᠢᠶᠠᠷ ᠬᠢᠭᠳᠡᠵᠠᠢ ᠭᠡᠵᠦ ᠦᠵᠡᠵᠦ | ᠪᠣᠯᠣᠨ᠎ᠠ᠃ | ᠲᠡᠭᠦᠨ ᠤ ᠨᠢᠭᠡ ᠨᠢ ᠠᠷᠠᠰᠤ ᠰᠢᠷᠢ᠂ ᠰᠤᠷ ᠪᠠ ᠢᠰᠡᠭᠡᠢ ᠪᠣᠯᠣᠨ᠎ᠠ᠃ ᠰᠢᠷᠢ ᠪᠠᠷ ᠭᠥᠯᠢᠮ᠂ ᠳᠡᠪᠰᠡ ᠬᠢᠵᠦ᠂ | ᠰᠤᠷ ᠢᠶᠠᠷ ᠴᠢᠳᠦᠷ ᠨᠣᠭᠲᠣ᠂ ᠤᠷᠭᠠᠨ ᠤ ᠬᠤᠶᠢᠪᠢ᠂ ᠪᠤᠭᠤᠶᠢᠯᠢ᠂ ᠲᠠᠲᠠᠯᠭ᠎ᠠ᠂ ᠭᠠᠨᠵᠤᠭ᠎ᠠ᠂ ᠵᠢᠷᠢᠮ᠂ ᠨᠣᠭᠲᠣ᠂ ᠣᠯᠣᠩ | ᠵᠡᠷᠭᠡ ᠶᠢ ᠦᠢᠯᠡᠳᠦᠨ᠎ᠡ᠃ ᠳᠡᠯ ᠬᠢᠯᠭᠠᠰᠤ ᠪᠠᠷ ᠳᠡᠭᠡᠰᠦ ᠵᠢᠴᠢ ᠵᠢᠷᠢᠮ᠂ ᠨᠣᠭᠲᠣ᠂ ᠣᠯᠣᠩ ᠢ ᠬᠢᠨ᠎ᠡ᠃ ᠰᠤᠷ ᠬᠢᠯᠭᠠᠰᠤᠨ | ᠳᠡᠭᠡᠰᠦ ᠪᠠᠷ ᠤᠶᠠᠭ᠎ᠠ ᠤᠶᠠᠵᠤ ᠡᠯᠳᠡᠪ ᠵᠠᠩᠭᠢᠯᠠᠭ᠎ᠠ ᠶᠢ ᠤᠷᠠᠯᠠᠨ ᠪᠦᠲᠦᠭᠡᠭᠰᠡᠨ ᠨᠢ ᠳᠡᠯᠡᠬᠡᠢ ᠳᠤ ᠭᠠᠭᠴᠠ | ᠮᠣᠩᠭᠤᠯᠴᠤᠳ ᠪᠠᠶᠢᠭ᠎ᠠ ᠶᠤᠮ᠃ | ᠲᠡᠭᠦᠨ ᠤ ᠬᠤᠶᠠᠷ ᠨᠢ ᠮᠣᠳᠣ ᠪᠣᠯᠣᠨ᠎ᠠ᠃ ᠭᠤᠣᠯᠳᠠᠭᠤ ᠬᠠᠲᠠᠭᠤ ᠪᠦᠬᠡ ᠴᠢᠨᠠᠷ ᠤᠨ ᠮᠣᠳᠣ ᠶᠢ | ᠰᠣᠩᠭᠤᠳᠠᠭ᠃ ᠡᠭᠦᠨ ᠳᠤ ᠬᠤᠰᠤ᠂ ᠨᠠᠷᠠᠰᠤ ︵ᠬᠠᠷ᠎ᠠ ᠮᠣᠳᠣ︶᠂ ᠤᠳᠠ᠂ ᠤᠯᠢᠶᠠᠰᠤ᠂ ᠬᠤᠯᠤᠰᠤ᠂ ᠽᠠᠨᠳᠠᠨ ᠮᠣᠳᠣ ᠶᠢ | ᠣᠯᠵᠤ ᠬᠡᠷᠡᠭᠯᠡᠳᠡᠭ᠃ ᠮᠣᠳᠣᠨ ᠮᠠᠲ᠋ᠧᠷᠢᠶᠠᠯ ᠢᠶᠠᠷ ᠬᠢᠭᠰᠡᠨ ᠡᠮᠡᠭᠡᠯ ᠨᠢ ᠥᠪᠡᠷᠮᠢᠴᠡ ᠳᠦᠷᠢ ᠤᠷᠠᠯᠠᠯ ᠪᠦᠬᠦᠢ | ᠰᠡᠶᠢᠯᠦᠮᠡᠯ ᠢᠶᠠᠷ ᠭᠤᠶᠣᠯᠠᠭᠳᠠᠭᠰᠠᠨ ᠪᠠᠶᠢᠳᠠᠭ᠃ ᠮᠣᠳᠣᠨ ᠮᠠᠲ᠋ᠧᠷᠢᠶᠠᠯ ᠢᠶᠠᠷ ᠲᠤᠨᠤᠭ ᠬᠡᠷᠡᠭᠰᠡᠯ ᠢ ᠮᠠᠯᠴᠢᠳ | ᠥᠪᠡᠷᠲᠡᠭᠡᠨ ᠬᠢᠴᠢᠬᠡᠳᠡᠭ᠃ | ᠲᠡᠭᠦᠨ ᠤ ᠭᠤᠷᠪᠠ ᠨᠢ ᠲᠡᠮᠦᠷᠯᠢᠭ ᠮᠠᠲ᠋ᠧᠷᠢᠶᠠᠯ᠃ ᠬᠠᠵᠠᠭᠠᠷ ᠤᠨ ᠠᠮᠠᠭᠠᠢ᠂ ᠵᠤᠤᠵᠠᠢ᠂ ᠡᠮᠡᠭᠡᠯ ᠤᠨ ᠲᠦᠷᠦᠭᠡ | ᠵᠢᠴᠢ ᠵᠠᠰᠠᠯ ᠵᠢᠮᠰᠡᠭ ᠤᠳ ᠢ ᠭᠠᠤᠯᠢ᠂ ᠵᠡᠰ᠂ ᠬᠦᠷᠢᠯ᠂ ᠲᠡᠮᠦᠷ᠂ ᠪᠣᠯᠣᠳ᠂ ᠴᠠᠶᠢᠷ᠂ ᠮᠥᠩᠭᠦ᠂ ᠠᠯᠳᠠ ᠪᠠᠷ ᠬᠢᠳᠡᠭ᠃ | ᠲᠡᠷᠡᠴᠢᠯᠡᠨ ᠵᠠᠰᠠᠯ ᠭᠤᠶᠣᠯᠠᠯ ᠤᠨ ᠦᠨᠡᠲᠦ ᠡᠮᠡᠭᠡᠯ ᠢ ᠠᠯᠳᠠ ᠪᠠᠷ᠂ ᠵᠢᠩ ᠲᠠᠢ ᠯᠠᠨ ᠢᠶᠠᠷ᠂ ᠨᠣᠭᠲᠣ ᠶᠢ ᠬᠠᠰ ᠢᠶᠠᠷ᠂ | ᠬᠠᠵᠠᠭᠠᠷ ᠲᠦᠷᠦᠭᠡ ᠶᠢ ᠮᠥᠩᠭᠦ ᠪᠠᠷ ᠬᠢᠳᠡᠭ ᠴᠤ ᠪᠤᠢ᠃ ᠴᠠᠬᠠᠷ ᠱᠠᠩᠳᠤ ᠠᠳᠤᠭᠤᠴᠢᠨ ᠬᠤᠰᠢᠭᠤᠨ ᠤ ᠮᠥᠩᠭᠦᠨ | ᠳᠠᠷᠬᠠᠨ ᠰᠤᠨᠤᠮ ᠤᠨ ᠦᠢᠯᠡᠳᠦᠭᠰᠡᠨ ᠮᠥᠩᠭᠦᠨ ᠡᠳ᠋ᠯᠡᠯ ᠪᠠ ᠮᠥᠩᠭᠦᠨ ᠲᠠᠷᠬ᠎ᠠ ᠶᠢᠨ ᠪᠠᠭᠠᠵᠢ ᠬᠡᠷᠡᠭᠰᠡᠯ ᠡᠳᠦᠭᠡ | ᠪᠤᠯᠳᠠᠯ᠎ᠠ ᠤᠯᠠᠮᠵᠢᠯᠠᠭᠳᠠᠭᠰᠠᠭᠠᠷ ᠪᠠᠶᠢᠨ᠎ᠠ᠃ ᠮᠣᠩᠭᠤᠯᠴᠤᠳ ᠤᠨ ᠡᠮᠡᠭᠡᠯ ᠳᠤ᠂ ᠴᠤᠯᠤ ᠮᠥᠩᠭᠦᠨ ᠡᠮᠡᠭᠡᠯ᠂ ᠭᠠᠤᠯᠢᠨ | ᠡᠮᠡᠭᠡᠯ᠂ ᠵᠢᠩ ᠲᠠᠢ ᠯᠠᠨ ᠡᠮᠡᠭᠡᠯ ᠵᠡᠷᠭᠡ ᠪᠠᠶᠢᠳᠠᠭ᠃ | ᠡᠮᠡᠭᠡᠯᠴᠢ ᠶᠢᠨ ᠨᠡᠷ᠎ᠡ ᠶᠢᠨ ᠨᠡᠷᠡᠯᠡᠭᠳᠡᠭᠰᠡᠨ ᠰᠠᠮᠪᠤᠤ ᠡᠮᠡᠭᠡᠯ᠂ ᠣᠪᠣᠭ ᠠᠶᠢᠮᠠᠭ ᠤᠨ ᠨᠡᠷ᠎ᠡ ᠪᠠᠷ ᠨᠡᠷᠡᠯᠡᠭᠳᠡᠭᠰᠡᠨ | ᠳᠠᠷᠬᠠᠳ ᠡᠮᠡᠭᠡᠯ᠂ ᠪᠣᠷᠵᠢᠭᠢᠨ ᠡᠮᠡᠭᠡᠯ᠂ ᠤᠷᠢᠶᠠᠩᠬᠠᠢ ᠡᠮᠡᠭᠡᠯ᠂ ᠪᠤᠷᠢᠶᠠᠳ ᠡᠮᠡᠭᠡᠯ᠂ ᠦᠵᠦᠮᠦᠴᠢᠨ ᠡᠮᠡᠭᠡᠯ᠂ ᠣᠶᠢᠷᠠᠳ | ᠡᠮᠡᠭᠡᠯ ᠭᠡᠵᠦ ᠢᠯᠭᠠᠨ᠎ᠠ᠃ | ᠳᠠᠷᠬᠠᠨ ᠡᠮᠡᠭᠡᠯ ᠤᠨ ᠪᠦᠲᠦᠴᠡ᠄ | ᠳᠠᠷᠬᠠᠨ ᠡᠮᠡᠭᠡᠯ ᠤᠨ ᠮᠣᠳᠣ ᠨᠢ ᠡᠮᠦᠨ᠎ᠡ ᠬᠤᠶᠢᠲᠤ ᠪᠦᠭᠦᠷᠭᠡ᠂ ᠵᠥᠪ ᠪᠤᠷᠤᠭᠤ ᠬᠤᠶᠠᠷ ᠲᠠᠯ᠎ᠠ ᠶᠢᠨ | ᠬᠠᠳᠠᠪᠴᠢ ᠵᠡᠷᠭᠡ ᠳᠦᠷᠪᠠᠨ ᠬᠡᠰᠡᠭ ᠢᠶᠠᠷ ᠪᠦᠷᠢᠯᠳᠦᠳᠡᠭ᠃ ᠬᠤᠶᠠᠷ ᠬᠠᠳᠠᠪᠴᠢ ᠶᠢᠨ ᠭᠤᠣᠯ ᠤᠨ ᠵᠠᠯᠭᠠᠭᠠᠰᠤ ᠬᠡᠰᠡᠭ | ᠢ ᠵᠢᠭᠠᠰᠤ ᠭᠡᠳᠡᠭ᠃ ︵ᠵᠠᠷᠢᠮ ᠭᠠᠵᠠᠷ ᠬᠤᠩᠭᠤ ᠭᠡᠵᠦ ᠨᠡᠷᠡᠯᠡᠳᠡᠭ︶᠃ ᠡᠮᠡᠭᠡᠯ ᠤᠨ ᠮᠣᠳᠣ ᠶᠢ ᠬᠠᠲᠠᠭᠤ ᠪᠠᠬᠢᠯᠢᠭ᠌ | ᠴᠢᠨᠠᠷ ᠲᠠᠢ ᠬᠤᠰᠤ᠂ ᠦᠷᠢᠯ᠂ ᠲᠠᠤᠯᠠᠢ ᠶᠢᠨ ᠪᠥᠭᠡᠷ᠎ᠡ᠂ ᠠᠭᠠᠷᠤ᠂ ᠽᠠᠨᠳᠠᠨ᠂ ᠰᠤᠮᠤᠨ ᠮᠣᠳᠣ ᠶᠢ ᠰᠣᠩᠭᠤᠨ ᠬᠡᠷᠡᠭᠯᠡᠳᠡᠭ᠃ | ᠡᠮᠡᠭᠡᠯ ᠤᠨ ᠪᠦᠭᠦᠷᠭᠡ ᠶᠢ ᠠᠴᠠ ᠮᠣᠳᠣ ᠪᠠᠷ ᠪᠢᠲᠡᠭᠦᠦ ᠬᠢᠨ᠎ᠡ᠃ ᠬᠠᠳᠠᠪᠴᠢ ᠶᠢ ᠠᠮᠠᠷᠬᠠᠨ ᠬᠠᠭᠠᠷᠠᠵᠤ ᠴᠤᠴᠠᠷᠠᠬᠤ | ᠦᠭᠡᠢ ᠬᠤᠰᠤ ᠮᠣᠳᠣ ᠪᠠᠷ ᠬᠢᠳᠡᠭ᠃ ᠬᠤᠶᠠᠷ ᠬᠠᠳᠠᠪᠴᠢ ᠶᠢᠨ ᠪᠦᠭᠦᠷᠭᠡ ᠲᠠᠢ ᠨᠡᠶᠢᠯᠡᠬᠦ ᠬᠡᠰᠡᠭ ᠤᠨ ᠬᠤᠭᠤᠷᠤᠨᠳᠤᠬᠢ | ᠵᠠᠢ ᠨᠢ ᠡᠮᠦᠨ᠎ᠡ ᠲᠠᠯ᠎ᠠ ᠳᠠᠭᠠᠨ 10cm ᠣᠷᠴᠢᠮ᠂ ᠠᠷᠤ ᠲᠠᠯ᠎ᠠ ᠨᠢ11cm ᠣᠷᠴᠢᠮ᠂ ᠪᠦᠭᠦᠷᠭᠡ ᠶᠢᠨ | ᠬᠤᠩᠬᠤᠷ ᠤᠨ ᠭᠦᠨ6 cm᠂ ᠬᠠᠳᠠᠪᠴᠢ ᠶᠢᠨ ᠭᠠᠳᠠᠷ ᠢᠷᠮᠡᠭ ᠤᠨ ᠵᠠᠢ ᠨᠢ ᠡᠮᠦᠨ᠎ᠡ ᠲᠠᠯ᠎ᠠ ᠳᠠᠭᠠᠨ 25cm᠂ | ᠠᠷᠤ ᠲᠠᠯ᠎ᠠ ᠳᠠᠭᠠᠨ 29 cm ᠣᠷᠴᠢᠮ ᠪᠠᠶᠢᠳᠠᠭ᠃ ᠬᠠᠲᠠᠪᠴᠢᠨ ᠤ ᠬᠤᠶᠠᠷ ᠪᠦᠭᠦᠷᠭᠡ ᠶᠢᠨ ᠳᠤᠮᠳᠠᠬᠢ ᠬᠡᠰᠡᠭ ᠨᠢ | ᠵᠤᠵᠠᠭᠠᠨ᠂ ᠬᠤᠶᠠᠷ ᠪᠦᠭᠦᠷᠭᠡ ᠲᠠᠢ ᠵᠠᠯᠭᠠᠬᠤ ᠬᠡᠰᠡᠭ ᠢ ᠨᠢᠮᠭᠡᠨ ᠪᠤᠯᠭᠠᠵᠤ᠂ ᠱᠠᠭᠠᠨᠳᠠᠭ ᠢᠶᠠᠷ ᠬᠠᠳᠠᠨ ᠲᠣᠭᠲᠠᠭᠠᠵᠤ | ᠪᠤᠯᠢᠭᠠᠷᠢ ᠪᠠᠷ ᠴᠠᠪᠠᠤᠳᠠᠨ ᠬᠤᠯᠳᠠᠨᠠ᠃ | ᠳᠠᠷᠬᠠᠨ ᠡᠮᠡᠭᠡᠯ ᠤᠨ ᠪᠦᠭᠦᠷᠭᠡ ᠮᠣᠳᠣ ᠶᠢ ᠡᠶᠢᠨ ᠬᠦ ᠪᠦᠷᠢᠯᠳᠦᠭᠦᠯᠦᠭᠰᠡᠨ ᠤ ᠳᠠᠷᠠᠭ᠎ᠠ᠂ ᠲᠡᠭᠦᠨ ᠤ ᠳᠡᠭᠡᠷ᠎ᠡ | ᠭᠠᠨᠵᠤᠭ᠎ᠠ ᠲᠠᠲᠠᠬᠤ ᠨᠦᠬᠡ ᠶᠢ ᠡᠮᠦᠨ᠎ᠡ ᠬᠤᠶᠢᠨ᠎ᠠ ᠳᠤᠰᠪᠤᠷᠢ ᠴᠤᠭᠤᠯᠵᠤ᠂ ᠠᠷᠪᠠ᠂ ᠠᠷᠪᠠᠨ ᠨᠠᠢᠮᠠᠨ ᠭᠠᠨᠵᠤᠭ᠎ᠠ ᠶᠢ | ᠰᠤᠷ ᠢᠶᠠᠷ ᠬᠢᠵᠦ ᠡᠮᠦᠨ᠎ᠡ ᠳᠥᠷᠪᠡ᠂ ᠬᠤᠶᠢᠨ᠎ᠠ ᠵᠢᠷᠭᠤᠭ᠎ᠠ ᠪᠤᠶᠤ ᠡᠮᠦᠨ᠎ᠡ ᠨᠠᠢᠮᠠ᠂ ᠬᠤᠶᠢᠨ᠎ᠠ ᠠᠷᠪᠠ ᠲᠠᠭᠠᠷᠠᠭᠤᠯᠵᠤ | ᠲᠠᠲᠠᠳᠠᠭ᠃ ᠭᠠᠨᠵᠤᠭ᠎ᠠ ᠶᠢ ᠵᠢᠭᠳᠡ ᠰᠢᠭ ᠬᠢᠪᠡᠯ ᠡᠮᠡᠭᠡᠯ ᠤᠨ ᠥᠩᠭᠡ ᠦᠵᠡᠮᠵᠢ ᠶᠢ ᠭᠤᠶᠤ ᠪᠤᠯᠭᠠᠬᠤ ᠶᠢᠨ ᠬᠠᠮᠲᠤ | ᠤᠯᠠᠨ ᠬᠡᠷᠡᠭᠴᠡᠭᠡᠨ ᠳᠤ ᠪᠠᠬᠢᠯᠢᠭ᠌ ᠪᠠᠶᠢᠳᠠᠭ᠃ | ᠵᠥᠪ ᠲᠠᠯ᠎ᠠ ᠶᠢᠨ ᠡᠮᠦᠨ᠎ᠡ ᠭᠠᠨᠵᠤᠭ᠎ᠠ ᠠᠴᠠ ᠲᠠᠰᠢᠭᠤᠷ᠂ ᠵᠢᠯᠣᠭᠤ ᠪᠠᠨ ᠤᠶᠠᠬᠤ᠂ ᠠᠷᠤ ᠬᠤᠶᠠᠷ | ᠭᠠᠨᠵᠤᠭ᠎ᠠ ᠪᠠᠷ ᠠᠴᠢᠶ᠎ᠠ ᠰᠠᠪᠠ᠂ ᠳ᠋ᠠᠯᠢᠶᠠᠷ ᠳᠠᠷᠤᠭᠤᠯᠬᠤ᠂ ᠪᠤᠷᠤᠭᠤ ᠲᠠᠯ᠎ᠠ ᠶᠢᠨ ᠠᠷᠤ ᠭᠠᠨᠵᠤᠭᠠᠨ ᠠᠴᠠ ᠴᠢᠳᠦᠷ ᠤᠨ | ᠲᠠᠲᠠᠭᠠᠰᠤ᠂ ᠳᠡᠭᠡᠰᠦ ᠨᠣᠭᠲᠣ ᠵᠡᠷᠭᠡ ᠶᠢ ᠤᠶᠠᠬᠤ ᠵᠡᠷᠭᠡ ᠪᠠᠷ ᠬᠡᠷᠡᠭᠯᠡᠨ᠎ᠡ᠃ ᠡᠮᠨᠢᠭ ᠰᠤᠷᠭᠠᠬᠤ ᠳᠤ ᠴᠤ ᠭᠠᠨᠵᠤᠭ᠎ᠠ | ᠣᠨᠴᠠ ᠶᠢᠨ ᠶᠡᠭᠡ ᠲᠤᠰᠠᠲᠠᠢ᠃ | ᠬᠠᠲᠠᠪᠴᠢᠨ ᠤ ᠭᠠᠳᠠᠷ ᠢᠷᠮᠡᠭ ᠠᠴᠠ ᠳᠣᠲᠣᠭᠰᠢ 3 cm ᠤᠨ ᠣᠷᠴᠢᠮ ᠤᠷᠳᠤ ᠳᠥᠷᠪᠡᠯᠵᠢᠨ ᠨᠦᠬᠡ | ᠭᠠᠷᠭᠠᠵᠤ᠂ ᠲᠡᠭᠦᠨ ᠠᠴᠠ ᠳᠥᠷᠥᠭᠡᠨ ᠰᠤᠷ ᠬᠤᠯᠪᠣᠵᠤ᠂ ᠲᠦᠷᠦᠭᠡ ᠪᠠᠨ ᠳᠡᠭᠦᠵᠢᠯᠡᠨ᠎ᠡ᠃ ᠪᠦᠭᠦᠷᠭᠡ ᠶᠢᠨ ᠳᠣᠲᠣᠷ | ᠲᠠᠯ᠎ᠠ ᠳᠤ ᠳᠣᠣᠷᠠᠳᠤ ᠦᠵᠦᠭᠦᠷ ᠠᠴᠠ ᠳᠡᠭᠡᠭᠰᠢ 3.5cm ᠤᠨ ᠣᠷᠴᠢᠮ ᠡᠮᠦᠨ᠎ᠡ ᠬᠤᠶᠢᠨ᠎ᠠ ᠪᠦᠭᠦᠷᠭᠡ | ᠳᠤᠰᠪᠤᠷᠢ ᠶᠢᠨ ᠬᠤᠶᠠᠷ ᠲᠠᠯ᠎ᠠ ᠳᠤ ᠨᠢᠭᠡ ᠨᠦᠬᠡ ᠭᠠᠷᠭᠠᠵᠤ᠂ ᠣᠯᠣᠩ ᠵᠢᠷᠢᠮ ᠤᠨ ᠤᠭᠰᠠᠭ᠎ᠠ ︵ᠪᠠᠰᠠ ᠤᠭᠴᠤᠷᠭ᠎ᠠ | ᠭᠡᠵᠦ ᠨᠡᠷᠡᠯᠡᠳᠡᠭ︶ ᠲᠠᠲᠠᠨ᠎ᠠ᠃ ᠡᠮᠡᠭᠡᠯ ᠤᠨ ᠰᠠᠭᠤᠳᠠᠯ ᠤᠨ ᠭᠤᠣᠯ ᠲᠥᠪ ᠲᠤ ᠳᠥᠷᠪᠡᠯᠵᠢᠨ ᠳᠦᠷᠰᠦ ᠪᠦᠬᠦᠢ | ᠳᠦᠷᠪᠠᠨ ᠨᠦᠬᠡ ᠴᠤᠭᠤᠯᠵᠤ ᠳᠠᠷᠤᠯᠭ᠎ᠠ ᠲᠠᠲᠠᠬᠤ ᠳᠤ ᠬᠡᠷᠡᠭᠯᠡᠨ᠎ᠡ᠃ | ᠳᠠᠷᠤᠯᠭ᠎ᠠ ᠪᠠᠭᠠᠪᠤᠷ᠄ ᠡᠮᠡᠭᠡᠯ ᠤᠨ ᠰᠠᠭᠤᠳᠠᠯ ᠳᠤ ᠳᠡᠪᠰᠡ ᠶᠢ ᠳᠠᠷᠤᠭᠤᠯᠵᠤ ᠬᠢᠬᠦ ᠳᠠᠪᠠᠭ ᠢ ᠳᠠᠷᠤᠯᠭ᠎ᠠ | ᠭᠡᠨ᠎ᠡ᠃ ᠳᠠᠷᠤᠯᠭ᠎ᠠ ᠶᠢ ᠮᠥᠩᠭᠦ᠂ ᠭᠠᠤᠯᠢ᠂ ᠵᠢᠩ ᠲᠠᠢ ᠯᠠᠨ ᠪᠤᠶᠤ ᠴᠠᠶᠢᠷ ᠢᠶᠠᠷ ᠴᠢᠳᠬᠤᠨ ᠬᠢᠳᠡᠭ᠃ ᠡᠷᠪᠡᠬᠡᠢ᠂ ᠪᠠᠳᠮ᠎ᠠ | ᠯᠢᠩᠬᠤᠸ᠎ᠠ ᠴᠡᠴᠡᠭ᠂ ᠪᠠᠭᠪᠠᠭ᠋ᠠᠢ ᠵᠡᠷᠭᠡ ᠬᠡ ᠤᠷᠠᠯᠠᠯ ᠲᠠᠢ᠃ ᠬᠠᠮᠤᠭ ᠡᠩ ᠤᠨ ᠳᠠᠷᠤᠯᠭ᠎ᠠ ᠴᠣ᠋ ᠭᠡᠳ ᠮᠥᠩᠭᠦᠨ | ᠵᠣᠭᠤᠰ ᠮᠡᠲᠦ ᠲᠣᠭᠤᠷᠢᠭ ᠬᠢᠴᠡ ᠲᠠᠢ ᠪᠠᠶᠢᠳᠠᠭ᠃ ᠡᠮᠡᠭᠡᠯ ᠤᠨ ᠬᠠᠲᠠᠪᠴᠢᠨ ᠤ ᠬᠤᠶᠢᠲᠤ ᠬᠡᠰᠡᠭ ᠲᠤ ᠭᠠᠨᠵᠤᠭ᠎ᠠ | ᠬᠤᠳᠠᠷᠭᠠᠨ ᠤ ᠤᠭ ᠲᠤ ᠬᠠᠳᠬᠤᠬᠤ ᠭᠤᠶᠤ ᠬᠢᠴᠡ ᠲᠠᠢ ᠴᠢᠮᠡᠭ ᠢ ᠪᠠᠭᠠᠪᠤᠷ ᠭᠡᠳᠡᠭ᠃ ᠪᠠᠭᠠᠪᠤᠷ ᠢ ᠮᠥᠩᠭᠦ᠂ ᠭᠠᠤᠯᠢ᠂ | ᠲᠡᠮᠦᠷ᠂ ᠴᠠᠶᠢᠷ ᠢᠶᠠᠷ ᠤᠷᠠᠯᠠᠳᠠᠭ᠃ | ᠳᠠᠷᠬᠠᠨ ᠡᠮᠡᠭᠡᠯ ᠤᠨ ᠮᠣᠳᠣ ᠶᠢ ᠤᠯᠠᠭᠠᠨ ᠰᠢᠷᠭᠠᠯ ᠥᠩᠭᠡ ᠪᠠᠷ ᠰᠢᠷᠳᠡᠳᠡᠭ ᠨᠢ ᠤᠯᠠᠨ᠃ ᠮᠢᠩᠭ᠎ᠠ ᠶᠢᠰᠦᠨ | ᠵᠠᠭᠤ ᠳᠠᠪᠢᠭᠠᠳ ᠣᠨ ᠤ ᠦᠶᠡᠰ ᠢᠶᠠᠷ ᠡᠬᠢᠯᠡᠵᠦ ᠳᠠᠷᠬᠠᠨ ᠨᠤᠲᠤᠭ ᠲᠤ ᠮᠠᠶᠤᠤᠵᠠ ᠬᠡᠷᠡᠭᠯᠡᠬᠦ ᠪᠤᠯᠵᠤᠥ᠂ | ᠲᠡᠭᠦᠨ ᠠᠴᠠ ᠡᠮᠦᠨ᠎ᠡ ᠴᠡᠮᠪᠡᠨ ᠳᠡᠪᠰᠡ ᠭᠡᠵᠦ ᠬᠡᠷᠡᠭᠯᠡᠳᠡᠭ᠃ ᠴᠡᠮᠪᠡᠨ ᠳᠡᠪᠰᠡ ᠭᠡᠵᠦ ᠠᠷᠠᠰᠤᠨ ᠬᠤᠯᠳᠠᠭᠠᠰᠤ ᠶᠢᠨ | ᠳᠡᠭᠡᠷ᠎ᠡ ᠢᠰᠡᠭᠡᠢ ᠶᠢ ᠨᠢᠮᠭᠡᠯᠡᠵᠦ ᠴᠡᠮᠪᠡᠨ ᠲᠣᠷᠭ᠎ᠠ ᠪᠠᠷ ᠥᠩᠭᠡᠯᠡᠭᠡᠳ ᠬᠢᠷ᠎ᠠ ᠶᠢᠨ ᠳᠣᠲᠣᠷ ᠢᠷᠮᠡᠭ ᠲᠠᠢ | ᠵᠡᠷᠭᠡᠴᠡᠭᠦᠯᠦᠨ ᠪᠠᠶᠢᠵᠤ ᠪᠦᠷᠢᠨ ᠨᠠᠭᠠᠵᠤ ᠳᠠᠷᠤᠯᠭ᠎ᠠ ᠪᠠᠷ ᠳᠠᠷᠤᠬᠤ ᠶᠢ ᠬᠡᠯᠡᠨ᠎ᠡ᠃ ᠮᠠᠶᠤᠤᠵᠠ ᠶᠢ ᠪᠠᠰᠠ ᠣᠯᠣᠩᠴᠤᠭ | ᠮᠠᠶᠤᠤᠵᠠ ᠭᠡᠳᠡᠭ᠃ ᠮᠠᠶᠤᠤᠵᠠ ᠬᠢᠭᠰᠡᠨ ᠡᠮᠡᠭᠡᠯ ᠳᠤ ᠬᠥᠮᠥᠨ ᠰᠠᠭᠤᠬᠤ ᠳᠤ ᠨᠤᠬᠤᠬᠤ ᠦᠭᠡᠢ᠂ ᠬᠤᠯᠭᠤᠬᠤ ᠦᠭᠡᠢ | ᠵᠥᠭᠡᠯᠡᠨ ᠪᠠᠶᠢᠳᠠᠭ ᠣᠨᠴᠠᠯᠢᠭ ᠲᠠᠢ᠃ ᠵᠢᠷᠠᠭᠠᠳ ᠣᠨ ᠠᠴᠠ ᠡᠬᠢᠯᠡᠵᠦ ᠬᠠᠶᠢᠷᠴᠠᠭ ᠤᠭᠠᠯᠵᠠ ᠲᠠᠢ᠂ | ᠳᠤᠭᠤᠢ ᠭᠠᠨᠵᠤᠭᠠᠨ ᠰᠦᠪᠡᠭᠴᠢ ᠬᠡᠷᠡᠭᠯᠡᠬᠦ ᠪᠣᠯᠵᠤ᠂ ᠱᠠᠩᠺᠸᠤ ᠭᠥᠯᠢᠮ ᠲᠠᠭᠠᠷᠠᠭᠤᠯᠵᠤ ᠡᠳ᠋ᠯᠡᠳᠡᠭ ᠪᠠᠶᠢᠭᠰᠠᠨ᠃ | ᠬᠢᠷ᠎ᠠ ᠶᠢ ᠮᠥᠩᠭᠦ᠂ ᠭᠠᠤᠯᠢ᠂ ᠴᠠᠶᠢᠷ ᠵᠡᠷᠭᠡ ᠲᠡᠮᠦᠷᠯᠢᠭ ᠢᠶᠠᠷ ᠡᠮᠡᠭᠡᠯ ᠤᠨ ᠪᠦᠭᠦᠷᠭᠡ ᠶᠢᠨ ᠢᠷᠮᠡᠭ ᠢ ᠳᠠᠷᠤᠭᠤᠯᠵᠤ | ᠬᠢᠪᠡᠯ ᠪᠦᠬᠡ ᠪᠤᠯᠬᠤ ᠮᠥᠷᠲᠡᠭᠡᠨ ᠶᠠᠩᠵᠤᠯᠢᠭ ᠪᠠᠶᠢᠳᠠᠭ᠃ ᠵᠠᠷᠢᠮ ᠭᠠᠵᠠᠷ ᠲᠡᠮᠡᠭᠡᠨ ᠶᠠᠰᠤ ᠪᠠᠷ ᠴᠤ ᠬᠢᠷ᠎ᠠ ᠬᠢᠵᠦ᠂ | ᠠᠯᠤᠬ᠎ᠠ ᠬᠡ᠂ ᠤᠭᠠᠯᠵᠠ ᠬᠡ ᠵᠡᠷᠭᠡ ᠶᠢ ᠰᠡᠶᠢᠯᠵᠤ ᠤᠷᠠᠯᠠᠳᠠᠭ᠃ | ᠭᠥᠯᠢᠮ ᠪᠣᠯ ᠳᠥᠷᠥᠭᠡᠨ ᠰᠤᠷ ᠮᠣᠷᠢᠨ ᠤ ᠭᠡᠳᠡᠰᠦ ᠶᠢ ᠬᠤᠯᠭᠤᠬᠤ ᠪᠤᠶᠤ ᠮᠣᠷᠢᠨ ᠤ ᠬᠥᠯᠥᠰᠦᠨ ᠳᠤ | ᠬᠤᠪᠴᠠᠰᠤ ᠬᠤᠬᠢᠷᠳᠤᠬᠤ ᠵᠡᠷᠭᠡ ᠠᠴᠠ ᠰᠡᠷᠭᠡᠶᠢᠯᠡᠬᠦ ᠶᠢᠨ ᠲᠤᠯᠠᠳᠠ ᠬᠢᠭᠰᠡᠨ ᠡᠮᠡᠭᠡᠯ ᠤᠨ ᠬᠡᠷᠡᠭᠰᠡᠯ᠃ ᠭᠥᠯᠢᠮ ᠢ | ᠲᠣᠬᠤᠮ ᠤᠨ ᠳᠡᠭᠡᠷ᠎ᠡ᠂ ᠡᠮᠡᠭᠡᠯ ᠤᠨ ᠮᠣᠳᠣᠨ ᠤ ᠳᠣᠣᠷ᠎ᠠ ᠲᠠᠭᠠᠷᠠᠭᠤᠯᠳᠠᠭ᠃ ᠠᠷᠠᠰᠤ᠂ ᠰᠢᠷᠢ᠂ ᠪᠤᠯᠢᠭᠠᠷᠢ᠂ ᠬᠡᠪᠢᠰ | ᠵᠡᠷᠭᠡ ᠪᠠᠷ ᠬᠢᠳᠡᠭ᠃ ᠡᠳ᠋ᠯᠡᠭᠡᠨ ᠤ ᠬᠤᠪᠢ ᠳᠤ ᠰᠢᠷᠢ᠂ ᠪᠤᠯᠢᠭᠠᠷᠢ ᠭᠥᠯᠢᠮ ᠪᠦᠬᠡ ᠪᠠᠶᠢᠳᠠᠭ᠃ | ᠲᠣᠬᠤᠮ ᠢ ᠨᠢ ᠭᠤᠣᠯᠳᠠᠭᠤ ᠵᠤᠵᠠᠭᠠᠨ ᠢᠰᠡᠭᠡᠢ ᠪᠠᠷ ᠬᠢᠵᠦ᠂ ᠮᠣᠷᠢᠨ ᠳᠤ ᠡᠮᠡᠭᠡᠯ ᠳᠤᠬᠤᠬᠤ ᠳᠤ | ᠬᠠᠳᠠᠪᠴᠢ ᠮᠣᠳᠣ ᠨᠢ ᠮᠣᠷᠢᠨ ᠨᠢᠷᠤᠭᠤ ᠶᠢ ᠬᠤᠯᠭᠤᠬᠤ ᠠᠴᠠ ᠰᠡᠷᠭᠡᠶᠢᠯᠡᠬᠦ ᠮᠣᠷᠢᠨ ᠨᠢᠷᠤᠭᠤᠨ ᠤ ᠬᠥᠯᠥᠰᠦ ᠶᠢ | ᠰᠢᠩᠭᠡᠬᠦ ᠳᠤ ᠵᠣᠷᠢᠭᠤᠯᠤᠨ᠎ᠠ᠃ ᠲᠣᠬᠤᠮ ᠢ ᠬᠢᠬᠦ ᠳᠡᠭᠡᠨ ᠡᠮᠦᠨ᠎ᠡ ᠢᠷᠮᠡᠭ ᠢ ᠬᠤᠶᠢᠲᠤ ᠢᠷᠮᠡᠭ ᠠᠴᠠ ᠪᠠᠨ ᠪᠠᠭ᠎ᠠ | ᠵᠤᠵᠠᠭᠠᠨ ᠪᠠᠶᠢᠯᠭᠠᠵᠤ᠂ ᠡᠮᠡᠭᠡᠯ ᠤᠨ ᠮᠣᠷᠢᠨ ᠨᠢᠷᠤᠭᠤᠨ ᠳᠠᠬᠢ ᠲᠣᠭᠲᠠᠪᠤᠷᠢ ᠶᠢ ᠪᠠᠲᠤ ᠪᠠᠶᠢᠯᠭᠠᠳᠠᠭ᠃ | ᠬᠠᠷᠠᠪᠴᠢ ᠪᠣᠯ ᠬᠥᠯ ᠬᠤᠯᠭᠤᠬᠤ ᠠᠴᠠ ᠰᠡᠷᠭᠡᠶᠢᠯᠡᠨ ᠳᠥᠷᠥᠭᠡᠨ ᠰᠤᠷ ᠢ ᠳᠠᠷᠤᠬᠤ ᠳᠤ ᠪᠡᠯᠡᠳᠬᠡᠭᠰᠡᠨ | ᠵᠦᠢᠯ᠃ ᠴᠠᠬᠠᠷᠴᠤᠳ ᠬᠠᠪᠴᠢᠭ ᠭᠡᠨ᠎ᠡ᠂ ᠪᠠᠰᠠ ᠳᠡᠪᠢᠰᠬᠡᠷ ᠭᠡᠨ᠎ᠡ᠃ ᠭᠥᠯᠢᠮ ᠲᠠᠢ ᠠᠳᠠᠯᠢ ᠬᠡᠪᠢᠰ᠂ ᠪᠤᠯᠢᠭᠠᠷᠢ᠂ | ᠰᠢᠷᠢ ᠪᠠᠷ ᠬᠢᠳᠡᠭ᠃ | ᠣᠯᠣᠩ ᠢ ᠠᠳᠤᠭᠤᠨ ᠤ ᠬᠥᠭᠡᠪᠤᠷ᠂ ᠲᠡᠮᠡᠭᠡᠨ ᠨᠣᠣᠰᠣ ᠪᠠᠷ ᠲᠣᠮᠣᠵᠤ᠂ ᠲᠡᠭᠦᠨ ᠢᠶᠠᠨ ᠳᠥᠷᠪᠡ ᠪᠤᠶᠤ | ᠵᠢᠷᠭᠤᠭ᠎ᠠ ᠪᠠᠷ ᠡᠩᠨᠡᠭᠦᠯᠦᠨ ᠰᠢᠷᠠᠵᠤ ᠬᠢᠨ᠎ᠡ᠃ ᠰᠠᠶᠢᠨ ᠰᠤᠷ ᠢ ᠵᠦᠰᠦᠵᠦ ᠰᠦᠯᠵᠢᠨ ᠬᠢᠭᠰᠡᠨ ᠣᠯᠣᠩ ᠢ ᠰᠢᠷᠢᠮᠡᠯ | ᠣᠯᠣᠩ᠃ ︵ᠥᠪᠥᠷ ᠮᠣᠩᠭᠤᠯᠴᠤᠳ ᠰᠤᠷ ᠣᠯᠣᠩ ᠬᠡᠳᠡᠭ ︶᠃ ᠣᠯᠣᠩ ᠢ ᠮᠣᠷᠢᠨ ᠤ ᠪᠤᠷᠤᠭᠤ ᠲᠠᠯ᠎ᠠ ᠶᠢᠨ | ᠡᠮᠡᠭᠡᠯ ᠤᠨ ᠡᠮᠦᠨ᠎ᠡ ᠬᠤᠶᠢᠲᠤ ᠤᠭᠰᠠᠭ᠎ᠠ ᠠᠴᠠ ᠲᠤᠰᠪᠤᠷᠢ ᠨᠢᠭᠡ ᠵᠠᠩᠭᠢᠳᠴᠤ᠂ ᠮᠣᠷᠢᠨ ᠴᠡᠭᠡᠵᠢ ᠪᠠ ᠴᠠᠪᠢ ᠶᠢᠨ | ᠡᠮᠦᠨᠡᠭᠦᠷ ᠲᠠᠲᠠᠵᠤ᠂ ᠵᠥᠪ ᠲᠠᠯ᠎ᠠ ᠶᠢᠨ ᠬᠤᠶᠠᠷ ᠵᠢᠷᠢᠮ ᠢ ᠣᠯᠣᠩ ᠤᠨ ᠠᠷᠠᠯ ᠳᠤ ᠰᠢᠷᠭᠤᠭᠤᠯᠵᠤ ᠲᠠᠲᠠᠵᠤ | ᠴᠢᠩᠭᠠᠯᠠᠨ᠎ᠠ᠃ | ᠵᠢᠷᠢᠮ ᠢ ᠨᠠᠷᠢᠨ ᠰᠤᠷ ᠢᠶᠠᠷ ᠳᠥᠷᠪᠡᠯᠵᠢᠯᠡᠨ ᠡᠬᠢᠯᠡᠵᠦ᠂ ᠵᠥᠪ ᠲᠠᠯ᠎ᠠ ᠶᠢᠨ ᠡᠮᠦᠨ᠎ᠡ ᠬᠤᠶᠢᠨ᠎ᠠ | ᠤᠭᠰᠠᠭ᠎ᠠ ᠠᠴᠠ ᠳᠤᠰᠪᠤᠷᠢ ᠨᠢᠭᠡ ᠵᠠᠩᠭᠢᠳᠴᠤ᠂ ᠲᠡᠭᠦᠨ ᠤ ᠳᠡᠭᠡᠭᠦᠷ ᠬᠠᠷᠠᠪᠴᠢ ᠪᠠᠷ ᠳᠠᠷᠤᠨ᠎ᠠ᠃ ᠮᠣᠩᠭᠤᠯᠴᠤᠳ ᠤᠨ | ᠲᠦᠷᠦᠭᠡ ᠶᠢ ᠡᠩ ᠤᠨ ᠬᠡᠷᠡᠭᠴᠡᠭᠡᠨ ᠤ ᠲᠦᠷᠦᠭᠡ᠂ ᠨᠠᠶᠢᠷ ᠨᠠᠭᠠᠳᠤᠮ ᠳᠤ ᠬᠡᠷᠡᠭᠯᠡᠬᠦ ᠲᠦᠷᠦᠭᠡ ᠭᠡᠵᠦ ᠬᠤᠶᠠᠷ | ᠬᠤᠪᠢᠶᠠᠳᠠᠭ᠃ ᠡᠩ ᠤᠨ ᠬᠡᠷᠡᠭᠴᠡᠭᠡᠨ ᠤ ᠲᠦᠷᠦᠭᠡ ᠳᠤ ᠡᠷᠲᠡᠨ ᠤ ᠣᠪᠣᠭ ᠠᠶᠢᠮᠠᠭ ᠤᠨ ᠬᠢᠭᠰᠡᠨ ᠪᠦᠳᠦᠭᠦᠯᠢᠭ | ᠳᠡᠭᠡᠰᠦᠨ ᠲᠦᠷᠦᠭᠡ᠂ ᠮᠣᠳᠣᠨ ᠲᠦᠷᠦᠭᠡ᠂ ᠶᠠᠰᠤ᠂ ᠡᠪᠡᠷ ᠲᠦᠷᠦᠭᠡ ᠪᠠᠶᠢᠳᠠᠭ ᠠᠴᠠ ᠡᠩ ᠤᠨ ᠲᠡᠮᠦᠷ ᠲᠦᠷᠦᠭᠡ᠂ | ᠭᠠᠤᠯᠢᠨ ᠲᠦᠷᠦᠭᠡ᠂ ᠰᠠᠪᠬ᠎ᠠ ᠲᠡᠮᠦᠷ ᠢᠶᠠᠷ ᠬᠢᠭᠰᠡᠨ ᠬᠠᠪᠢᠷᠭᠠᠨ ᠲᠦᠷᠦᠭᠡ ᠶᠢ ᠭᠤᠣᠯ ᠤᠷᠤᠯᠳᠤᠭᠠᠨ ᠳᠤ | ᠬᠡᠷᠡᠭᠯᠡᠳᠡᠭ᠃ | ᠲᠦᠷᠦᠭᠡ᠄ ᠰᠡᠨᠵᠢ ︵ᠰᠤᠷ ᠤᠨ ᠰᠦᠪᠡ︶᠂ ᠬᠠᠪᠢᠷᠭ᠎ᠠ ︵ᠴᠠᠭᠠᠷᠢᠭ︶᠂ ᠳᠥᠷᠥᠭᠡᠨ ᠲᠣᠯᠢ ︵ᠲᠠᠪᠠᠭ︶᠂ | ᠳᠥᠷᠥᠭᠡᠨ ᠤ ᠵᠠᠭ᠎ᠠ ︵ᠳᠡᠭᠡᠳᠦ ᠤᠭᠠᠯᠵᠠ︶ ᠠᠴᠠ ᠪᠦᠷᠢᠯᠳᠦᠳᠡᠭ᠃ ᠲᠦᠷᠦᠭᠡ ᠶᠢ ᠳᠥᠷᠥᠭᠡᠨ ᠰᠤᠷ ᠲᠤ ᠡᠯᠭᠦᠵᠦ᠂ | ᠤᠨᠤᠭᠠᠴᠢ ᠥᠪᠡᠷ ᠤᠨ ᠨᠢᠷᠤᠭᠤ᠂ ᠬᠥᠯ ᠤᠨ ᠡᠪ ᠢᠶᠠᠷ ᠲᠡᠩᠴᠡᠭᠦᠯᠦᠨ ᠤᠷᠳᠤ ᠶᠢ ᠲᠣᠭᠲᠠᠭᠠᠳᠠᠭ᠃ |