ᠲᠡᠮᠡᠭᠡᠨ ᠤ ᠶᠠᠪᠤᠳᠠᠯ ᠨᠢ ᠬᠤᠷᠳᠤᠨ ᠤᠳᠠᠭᠠᠨ᠂ ᠠᠯᠬᠤᠵᠤ ᠭᠢᠰᠬᠢᠬᠦ᠂ ᠬᠥᠳᠡᠯᠦᠯ ᠪᠠᠶᠢᠳᠠᠯ᠂ ᠤᠨᠤᠵᠤ | ᠠᠴᠢᠬᠤ ᠂ ᠡᠳ᠋ᠯᠡᠵᠦ ᠬᠡᠷᠡᠭᠯᠡᠬᠦ ᠪᠤᠶᠤ ᠠᠷᠠᠴᠢᠯᠠᠵᠤ ᠮᠠᠯᠯᠠᠬᠤ ᠵᠡᠷᠭᠡ ᠶᠠᠪᠤᠴᠠ ᠳᠤ ᠢᠯᠡᠷᠡᠭᠰᠡᠨ ᠵᠠᠩ ᠠᠪᠤᠷᠢ ᠶᠢᠨ | ᠠᠳᠠᠯᠢ ᠪᠤᠰᠤ ᠣᠨᠴᠠᠯᠢᠭ ᠠᠴᠠ ᠪᠣᠯᠵᠤ ᠲᠤᠰ ᠲᠤᠰ ᠥᠪᠡᠷᠮᠢᠴᠡ ᠭᠡᠯᠪᠠᠷᠢ ᠮᠠᠶ᠋ᠢᠭ ᠲᠠᠢ ᠪᠥᠭᠡᠳ ᠡᠨᠡ ᠨᠢ ᠬᠤᠪᠢ | ᠬᠤᠪᠢᠨ ᠳᠠᠭᠠᠨ ᠨᠡᠷᠡᠶᠢᠳᠦᠯ ᠳᠠᠭᠤᠳᠠᠯᠭ᠎ᠠ ᠲᠠᠢ᠃ | ᠲᠡᠮᠡᠭᠡᠨ ᠤ ᠶᠠᠪᠤᠳᠠᠯ ᠤᠨ ᠡᠪᠲᠡᠢ ᠡᠪ ᠦᠭᠡᠢ᠂ ᠰᠠᠶᠢᠨ ᠮᠠᠭᠤ᠂ ᠬᠤᠷᠳᠤᠨ ᠤᠳᠠᠭᠠᠨ᠂ ᠭᠡᠯᠪᠠᠷᠢ ᠮᠠᠶ᠋ᠢᠭ ᠨᠢ | ᠤᠨᠤᠯᠭ᠎ᠠ ᠠᠴᠢᠯᠭ᠎ᠠ᠂ ᠡᠳ᠋ᠯᠡᠭᠡ ᠬᠡᠷᠡᠭᠯᠡᠭᠡ ᠲᠠᠢ ᠰᠢᠭᠤᠳ ᠬᠤᠯᠪᠤᠭ᠎ᠠ ᠲᠠᠢ ᠪᠣᠯᠬᠤᠷ ᠨᠢᠭᠡ ᠲᠡᠮᠡᠭᠡᠨ ᠤ ᠲᠥᠷᠥᠯᠬᠢ | ᠶᠠᠪᠤᠳᠠᠯ ᠭᠡᠯᠪᠠᠷᠢ᠂ ᠵᠠᠩ ᠠᠷᠠᠨᠰᠢᠨ ᠠᠴᠠ ᠨᠢ ᠪᠣᠯᠤᠭᠰᠠᠨ ᠠᠯᠬᠤᠭ᠎ᠠ ᠭᠢᠰᠬᠢᠭᠡ ᠨᠢ ᠬᠤᠵᠢᠮ ᠤᠨ ᠤᠨᠤᠯᠭ᠎ᠠ | ᠠᠴᠢᠯᠭ᠎ᠠ ᠵᠡᠷᠭᠡ ᠡᠳ᠋ᠯᠡᠭᠡᠨ ᠳᠤ ᠲᠣᠬᠢᠷᠠᠭᠤᠯᠤᠨ ᠬᠡᠷᠡᠭᠯᠡᠬᠦ ᠳᠤ ᠵᠠᠩᠭᠢᠯᠠᠭ᠎ᠠ ᠪᠤᠯᠳᠠᠭ᠃ ᠲᠡᠮᠡᠭᠡᠴᠢᠳ ᠲᠡᠮᠡᠭᠡ ᠶᠢ | ᠪᠠᠭ᠎ᠠ ᠨᠠᠰᠤᠨ ᠠᠴᠠ ᠨᠢ ᠰᠤᠷᠭᠠᠬᠤ ᠳᠠᠭᠠᠨ ᠶᠠᠪᠤᠳᠠᠯ ᠭᠢᠰᠬᠢᠳᠡᠯ ᠨᠢ ᠪᠡᠶ᠎ᠡ ᠳᠤ ᠡᠪᠲᠡᠢ ᠵᠥᠭᠡᠯᠡᠨ᠂ ᠠᠴᠢᠶ᠎ᠠ | ᠲᠡᠭᠡᠭᠡᠪᠦᠷᠢ ᠳᠤ ᠨᠠᠮᠤᠭᠤᠬᠠᠨ ᠲᠣᠭᠲᠠᠪᠤᠷᠢᠲᠠᠢ᠂ ᠤᠨᠤᠯᠭ᠎ᠠ ᠤᠷᠤᠯᠳᠤᠭᠠᠨ ᠳᠤ ᠬᠤᠷᠳᠤᠨ᠂ ᠭᠢᠰᠬᠢᠴᠡ ᠲᠠᠲᠠᠰᠢ ᠶᠢ | ᠨᠢ ᠡᠪᠯᠢᠭ ᠰᠠᠶᠢᠬᠠᠨ ᠪᠤᠯᠭᠠᠬᠤ ᠶᠢ ᠲᠤᠶᠢᠯ ᠢᠶᠠᠷ ᠠᠩᠬᠠᠷᠳᠠᠭ᠃ ᠲᠡᠷᠡᠴᠢᠯᠡᠨ ᠲᠡᠮᠡᠭᠡᠨ ᠤ ᠲᠤᠰ ᠪᠡᠶ᠎ᠡ ᠶᠢᠨ ᠬᠢᠨᠢ | ᠲᠥᠷᠬᠦ ᠪᠠᠶᠢᠳᠠᠯ᠂ ᠣᠨᠴᠠᠯᠢᠭ ᠰᠢᠨᠵᠢ᠂ ᠵᠠᠩ ᠠᠷᠠᠨᠰᠢᠨ ᠢ ᠦᠨᠳᠦᠰᠦᠯᠡᠨ ︽ᠴᠡᠭᠡᠵᠢ ᠥᠷᠭᠡᠨ᠂ ᠬᠥᠯ ᠤᠷᠳᠤ᠂ ᠪᠣᠷᠪᠢ | ᠰᠠᠶᠢᠲᠠᠢ᠂ ᠲᠤᠭᠰᠢᠨ ᠰᠡᠷᠭᠦᠯᠡᠩ ᠪᠣᠲᠣᠭᠤ ᠪᠠᠶᠢᠨ᠎ᠠ᠂ ᠬᠤᠷᠳᠤᠨ ᠲᠡᠮᠡᠭᠡ ᠭᠠᠷᠬᠤ ᠰᠢᠨᠵᠢ ᠲᠠᠢ᠂ ᠤᠷᠤᠯᠳᠤᠭᠠᠨ ᠳᠤ | ᠰᠤᠷᠭᠠᠶ᠎ᠠ︾ ᠭᠡᠬᠦ ᠪᠤᠶᠤ ︽ᠰᠢᠯᠪᠢ ᠪᠦᠳᠦᠭᠦᠨ᠂ ᠱᠠᠭ᠎ᠠ ᠬᠦᠳᠡᠷ᠂ ᠲᠠᠰᠢᠶ᠎ᠠ ᠵᠤᠵᠠᠭᠠᠨ᠂ ᠪᠡᠶᠡᠷᠬᠡᠭ᠂ ᠠᠯᠬᠤᠭ᠎ᠠ ᠰᠠᠶᠢᠲᠠᠢ | ᠲᠡᠮᠡᠭᠡ ᠪᠤᠯᠬᠤ ᠰᠢᠨᠵᠢ ᠲᠠᠢ᠂ ᠤᠨᠤᠯᠭ᠎ᠠ ᠶᠢᠨ ᠠᠳᠠ ᠪᠣᠯᠭᠠᠶ᠎ᠠ︾ ᠭᠡᠬᠦ ᠮᠡᠲᠦ ᠠᠵᠢᠭᠯᠠᠵᠤ ᠰᠢᠨᠵᠢᠭᠰᠡᠨ ᠰᠠᠭᠤᠷᠢᠨ | ᠳᠡᠭᠡᠷ᠎ᠡ ᠵᠣᠷᠢᠯᠭ᠎ᠠ ᠲᠠᠢ ᠪᠠᠷ ᠤᠷᠤᠯᠳᠤᠭᠠᠨ ᠤ᠂ ᠤᠨᠤᠯᠭ᠎ᠠ ᠶᠢᠨ᠂ ᠠᠴᠢᠯᠭ᠎ᠠ ᠶᠢᠨ ᠭᠡᠵᠦ ᠲᠤᠰ ᠲᠤᠰ ᠤᠨ ᠣᠨᠴᠠᠯᠢᠭ | ᠲᠤᠨᠢ ᠲᠣᠬᠢᠷᠠᠭᠰᠠᠨ ᠶᠠᠪᠤᠳᠠᠯ ᠭᠢᠰᠬᠢᠳᠡᠯ ᠰᠤᠷᠭᠠᠳᠠᠭ᠃ ᠵᠠᠷᠢᠮ ᠬᠥᠮᠥᠨ ᠲᠡᠮᠡᠭᠡ ᠶᠢ ᠥᠪᠡᠷ ᠤᠨ ᠳᠤᠷ᠎ᠠ | ᠪᠠᠬ᠎ᠠ ᠳᠠᠭᠠᠨ ᠨᠡᠶᠢᠴᠡᠭᠰᠡᠨ ᠶᠠᠪᠤᠳᠠᠯ ᠭᠢᠰᠬᠢᠳᠡᠯ ᠲᠠᠢ ᠪᠤᠯᠭᠠᠵᠤ ᠰᠤᠷᠭᠠᠬᠤ ᠤᠴᠢᠷ ᠴᠤ ᠪᠤᠢ᠃ | ᠲᠡᠮᠡᠭᠡᠨ ᠤ ᠶᠠᠪᠤᠳᠠᠯ ᠨᠢ ᠴᠣᠪᠬᠤᠷᠠᠬᠤ᠂ ᠴᠦᠮᠴᠢᠬᠦ᠂ ᠲᠠᠪᠠᠴᠠᠬᠤ ᠵᠡᠷᠭᠡ ᠤᠠᠴᠠᠭᠠᠢ ᠭᠡᠯᠪᠠᠷᠢ ᠶᠢᠨ | ᠶᠠᠪᠤᠳᠠᠯ ᠢ ᠭᠠᠷᠭᠠᠪᠠᠯ ᠪᠤᠰᠤᠳ ᠨᠢ ᠪᠦᠷ ᠡᠮᠦᠨ᠎ᠡ ᠬᠤᠶᠢᠲᠤ ᠬᠤᠶᠠᠷ ᠬᠥᠯ ᠢᠶᠠᠨ ᠪᠤᠷᠤᠭᠤᠲᠠᠢ ᠵᠥᠪᠲᠡᠢ ᠬᠤᠶᠠᠷ | ᠲᠠᠯ᠎ᠠ ᠪᠠᠷ ᠢᠶᠠᠨ ᠵᠡᠷᠭᠡ ᠪᠠᠷ ᠡᠭᠡᠯᠵᠢᠯᠡᠭᠦᠯᠦᠨ ᠭᠢᠰᠬᠢᠵᠦ ᠶᠠᠪᠤᠳᠠᠭ᠃ ᠲᠡᠮᠡᠭᠡᠨ ᠤ ᠶᠠᠪᠤᠳᠠᠯ ᠭᠢᠰᠬᠢᠳᠡᠯ ᠨᠢ ᠪᠤᠰᠤᠳ | ᠬᠥᠯᠦᠰᠢᠨ ᠮᠠᠯ ᠲᠠᠢ ᠠᠳᠠᠯᠢ ᠦᠭᠡᠢ ᠪᠣᠯᠬᠤᠷ ᠥᠪᠡᠷᠮᠢᠴᠡ ᠨᠡᠷᠡᠶᠢᠳᠦᠯ ᠲᠠᠢ ᠪᠠᠷ ᠦᠯᠤ ᠪᠠᠷᠠᠮ ᠭᠢᠰᠬᠢᠭᠰᠡᠨ ᠮᠥᠷ | ᠨᠢ ᠴᠤ ᠠᠳᠠᠯᠢ ᠦᠭᠡᠢ᠃ | ᠦᠯᠬᠦᠬᠦ᠄ ᠶᠠᠳᠠᠷ ᠲᠤᠷᠤᠢ ᠪᠤᠶᠤ ᠭᠡᠮ ᠲᠠᠢ ᠲᠡᠮᠡᠭᠡᠨ ᠤ ᠬᠠᠮᠤᠭ ᠤᠳᠠᠭᠠᠨ᠂ ᠬᠥᠯ ᠲᠠᠲᠠᠰᠢ ᠨᠢ ᠬᠠᠮᠤᠭ | ᠣᠶᠢᠷᠠᠬᠠᠨ ᠠᠯᠬᠤᠵᠤ ᠶᠠᠪᠤᠬᠤ ᠶᠠᠪᠤᠳᠠᠯ᠃ ᠬᠥᠮᠥᠨ ᠬᠥᠲᠥᠯᠬᠦ ᠪᠤᠶᠤ ᠲᠠᠭᠤᠬᠤ ᠶᠢ ᠦᠯᠬᠦᠬᠦᠯᠬᠦ ᠭᠡᠵᠦ᠂ | ᠥᠪᠡᠷ ᠢᠶᠠᠨ ᠰᠤᠯᠠ ᠶᠠᠪᠤᠬᠤ ᠶᠢ ᠦᠯᠬᠦᠬᠦ ᠭᠡᠳᠡᠭ᠃ ᠡᠭᠦᠨ ᠢ ᠪᠠᠰᠠ ᠦᠷᠪᠠᠬᠦ ᠴᠦ ᠭᠡᠳᠡᠭ᠃ | ᠭᠡᠯᠳᠤᠷᠢᠬᠦ᠄ ᠦᠯᠬᠦᠬᠦ ᠠᠴᠠ ᠠᠷᠠᠢ ᠲᠦᠷᠭᠡᠨ ᠶᠠᠪᠤᠬᠤ ᠶᠠᠪᠤᠳᠠᠯ᠃ ᠬᠥᠮᠥᠨ ᠣᠨᠣᠭᠰᠠᠨ᠂ ᠠᠴᠢᠶ᠎ᠠ | ᠠᠴᠢᠭᠰᠠᠨ ᠂ ᠲᠠᠭᠤᠬᠤ ᠪᠤᠶᠤ ᠬᠥᠲᠥᠯᠥᠭᠰᠡᠨ ᠪᠠᠶᠢᠳᠠᠯ ᠳᠣᠣᠷ᠎ᠠ ᠬᠡᠷᠡᠭᠯᠡᠭᠳᠡᠬᠦ ᠬᠠᠮᠤᠭ ᠤᠳᠠᠭᠠᠨ ᠠᠯᠬᠤᠬᠤ | ᠶᠠᠪᠤᠳᠠᠯ ᠢ ᠭᠡᠯᠳᠤᠷᠢᠬᠦ ᠭᠡᠳᠡᠭ᠃ | ᠰᠠᠵᠢᠯᠠᠬᠤ᠄ ᠭᠡᠯᠳᠤᠷᠢᠬᠦ ᠠᠴᠠ ᠠᠷᠠᠢ ᠲᠦᠷᠭᠡᠨ᠂ ᠠᠯᠬᠤᠬᠤ ᠠᠴᠠ ᠪᠠᠭ᠎ᠠ ᠯᠠ ᠤᠳᠠᠭᠠᠨ ᠶᠠᠪᠤᠳᠠᠯ᠃ ᠲᠠᠷᠨ | ᠨᠢ ᠬᠥᠭᠰᠢᠳ ᠨᠠᠰᠤᠲᠠᠶᠢᠴᠤᠳ ᠤᠨᠤᠬᠤ ᠪᠤᠶᠤ ᠬᠡᠦᠬᠡᠳ ᠨᠢᠯᠬᠠᠰ ᠳᠡᠭᠦᠷᠴᠦ ᠶᠠᠪᠤᠬᠤ ᠳᠤ ᠵᠣᠬᠢᠮᠵᠢᠲᠠᠢ ᠵᠥᠭᠡᠯᠡᠨ | ᠶᠠᠪᠤᠳᠠᠯ ᠪᠣᠯᠣᠨ᠎ᠠ᠃ ᠡᠶᠢᠮᠦ ᠶᠠᠪᠤᠳᠠᠯ ᠨᠢ ᠬᠡᠦᠬᠡᠳ ᠳᠡᠭᠦᠷᠬᠦ ᠪᠤᠶᠤ ᠪᠤᠭ ᠮᠠᠯ ᠬᠠᠷᠢᠭᠤᠯᠬᠤ ᠳᠤ ᠲᠣᠬᠢᠷᠠᠮᠵᠢᠲᠠᠢ᠃ | ᠠᠯᠬᠤᠬᠤ᠄ ᠲᠡᠮᠡᠭᠡᠨ ᠤ ᠠᠭᠠᠵᠢᠮ ᠶᠠᠪᠤᠳᠠᠯ ᠤᠨ ᠳᠣᠲᠣᠷ᠎ᠠ ᠬᠠᠮᠤᠭ ᠤᠯᠠᠨ ᠬᠠᠷᠠᠭᠳᠠᠬᠤ ᠶᠠᠪᠤᠳᠠᠯ ᠪᠣᠯᠣᠨ᠎ᠠ᠃ | ᠲᠠᠷᠨ ᠨᠢ ᠬᠤᠯᠨ ᠵᠠᠮ ᠤᠨ ᠤᠨᠤᠯᠭ᠎ᠠ ᠠᠴᠢᠯᠭ᠎ᠠ᠂ ᠠᠶᠠᠨ ᠲᠡᠭᠡᠭᠡᠪᠦᠷᠢ ᠳᠤ ᠶᠠᠳᠠᠷᠠᠭ᠎ᠠ ᠪᠠᠭ᠎ᠠ᠂ ᠳᠠᠭᠠᠭᠠᠴᠠ | ᠲᠡᠰᠪᠦᠷᠢᠲᠡᠢ ᠶᠠᠪᠤᠳᠠᠯ ᠪᠤᠯᠬᠤ ᠶᠤᠮ᠃ ᠠᠯᠬᠤᠬᠤ ᠶᠠᠪᠤᠳᠠᠯ ᠳᠤ ᠬᠠᠷ᠎ᠠ ᠠᠯᠬᠤᠭ᠎ᠠ᠂ ᠬᠠᠲᠠᠭᠤ ᠠᠯᠬᠤᠭ᠎ᠠ ︵ᠰᠢᠷᠦᠭᠦᠨ | ᠠᠯᠬᠤᠭ᠎ᠠ︶᠂ ᠵᠥᠭᠡᠯᠡᠨ ᠠᠯᠬᠤᠭ᠎ᠠ᠂ ᠲᠦᠬᠦᠴᠠ ᠲᠠᠢ ᠠᠯᠬᠤᠭ᠎ᠠ ᠵᠡᠷᠭᠡ ᠤᠯᠠᠨ ᠵᠦᠢᠯ ᠤᠨ ᠠᠯᠬᠤᠭ᠎ᠠ ᠪᠣᠢ᠃ | ᠡᠭᠦᠨ ᠤ ᠳᠣᠲᠣᠷ᠎ᠠ ᠠᠴᠠ ᠬᠠᠲᠠᠭᠤ ᠠᠯᠬᠤᠭ᠎ᠠ ᠶᠢ ᠭᠠᠷᠭᠠᠪᠠᠯ ᠪᠤᠰᠤᠳ ᠠᠯᠬᠤᠭ᠎ᠠ ᠨᠢ ᠤᠨᠤᠯᠭ᠎ᠠ ᠳᠤ ᠴᠥᠮ | ᠡᠪᠯᠢᠭ ᠵᠥᠭᠡᠯᠡᠨ᠃ ᠡᠶᠢᠮᠦ ᠠᠴᠠ ᠬᠥᠮᠥᠰ ︽ᠠᠯᠬᠤᠭ᠎ᠠ ᠰᠠᠶᠢᠲᠠᠢ ᠠᠳᠠ ᠪᠠᠨ ᠤᠨᠤᠵᠤ᠂ ᠠᠯᠤᠰ ᠤᠨ ᠵᠠᠮ ᠢ | ᠲᠤᠭᠤᠯᠵᠤ ᠶᠠᠪᠤᠬᠤ ᠰᠠᠶᠢᠬᠠᠨ︾ ᠭᠡᠵᠦ ᠶᠠᠷᠢᠳᠠᠭ᠃ | ᠬᠠᠷ᠎ᠠ ᠠᠯᠬᠤᠭ᠎ᠠ᠄ ᠠᠯᠬᠤᠬᠤ ᠶᠠᠪᠤᠳᠠᠯ ᠤᠨ ᠬᠠᠮᠤᠭ ᠬᠤᠷᠳᠤᠨ ᠶᠠᠪᠤᠳᠠᠯ᠃ ᠬᠠᠷ᠎ᠠ ᠠᠯᠬᠤᠭ᠎ᠠ ᠨᠢ ᠭᠠᠵᠠᠷ | ᠬᠤᠷᠣᠭᠠᠬᠤ ᠪᠠᠷ ᠰᠠᠶᠢᠨ ᠪᠥᠭᠡᠳ ᠣᠨᠣᠭᠰᠠᠨ ᠬᠥᠮᠥᠨ ᠪᠠ ᠤᠨᠤᠯᠭ᠎ᠠ ᠶᠢᠨ ᠲᠡᠮᠡᠭᠡ ᠵᠤᠪᠠᠭᠤ ᠦᠭᠡᠢ ᠬᠠᠮᠤᠭ ᠰᠠᠶᠢᠨ | ᠶᠠᠪᠤᠳᠠᠯ ᠪᠤᠯᠬᠤ ᠶᠤᠮ᠃ ᠬᠠᠷ᠎ᠠ ᠠᠯᠬᠤᠭ᠎ᠠ ᠳᠤ ᠬᠦᠵᠦᠭᠦᠦ ᠲᠠᠯᠪᠢᠵᠤ ᠰᠢᠯᠢ ᠬᠠᠶᠠᠯᠠᠬᠤ᠂ ᠴᠡᠭᠡᠵᠢ ᠵᠠᠶᠢᠮᠤᠵᠤ ᠬᠤᠯᠨ | ᠲᠠᠲᠠᠬᠤ ᠵᠡᠷᠭᠡ ᠲᠦᠬᠦᠴᠠ ᠲᠠᠢ ᠳᠡᠭᠡᠷ᠎ᠡ ᠪᠠᠨ ᠰᠠᠶᠢᠬᠠᠨ ᠶᠠᠪᠤᠳᠠᠯ ᠤᠳ ᠪᠣᠢ᠃ | ᠬᠠᠲᠠᠭᠤ ᠠᠯᠬᠤᠭ᠎ᠠ᠄ ᠬᠤᠷᠳᠤᠴᠠ ᠪᠠ ᠭᠡᠯᠪᠠᠷᠢ ᠨᠢ ᠬᠠᠷ᠎ᠠ ᠠᠯᠬᠤᠭ᠎ᠠ ᠲᠠᠢ ᠨᠡᠯᠢᠶᠡᠳ ᠠᠳᠠᠯᠢᠪᠲᠤᠷ | ᠪᠤᠯᠪᠠᠴᠤ ᠤᠨᠤᠯᠭ᠎ᠠ ᠠᠴᠢᠯᠭ᠎ᠠ ᠳᠤ ᠡᠪ ᠦᠭᠡᠢ᠂ ᠵᠠᠩᠭᠤᠷᠭ᠎ᠠ ᠶᠡᠬᠡᠲᠡᠢ᠃ ᠡᠭᠦᠨ ᠢ ᠪᠠᠰᠠ ᠬᠠᠲᠠᠭᠤ ᠶᠠᠪᠤᠳᠠᠯ ᠪᠤᠶᠤ | ᠲᠦᠩᠰᠢᠶᠡ ᠠᠯᠬᠤᠭ᠎ᠠ ᠭᠡᠵᠦ ᠬᠡᠯᠡᠳᠡᠭ᠃ | ᠪᠦᠭᠡᠬᠦ᠄ ᠠᠯᠬᠤᠭ᠎ᠠ ᠠᠴᠠ ᠲᠦᠷᠭᠡᠨ᠂ ᠱᠣᠭᠰᠢᠶ᠎ᠠ ᠠᠴᠠ ᠤᠳᠠᠭᠠᠨ ᠶᠠᠪᠤᠳᠠᠯ᠃ ᠡᠨᠡ ᠶᠠᠪᠤᠳᠠᠯ ᠨᠢ | ᠲᠠᠤᠯᠠᠢ ᠶᠢᠨ ᠪᠦᠭᠡᠭᠡ ᠲᠠᠢ ᠠᠳᠠᠯᠢᠪᠲᠤᠷ ᠪᠥᠭᠡᠳ ᠱᠣᠭᠰᠢᠶ᠎ᠠ ᠶᠢ ᠪᠤᠳᠤᠪᠠᠯ ᠵᠥᠭᠡᠯᠡᠨ ᠨᠠᠮᠤᠭᠤᠨ᠃ ᠪᠦᠭᠡᠬᠦ ᠨᠢ | ᠣᠨᠣᠭᠰᠠᠨ ᠬᠥᠮᠥᠨ ᠤ ᠪᠡᠶ᠎ᠡ ᠳᠤ ᠡᠪᠲᠡᠢ ᠪᠥᠭᠡᠳ ᠲᠦᠬᠦᠴᠠ ᠰᠠᠶᠢᠲᠠᠢ᠃ ᠪᠦᠭᠡᠬᠦ ᠳᠤ ᠵᠥᠭᠡᠯᠡᠨ ᠪᠦᠭᠡᠭᠡ᠂ | ᠰᠢᠷᠦᠭᠦᠨ ᠪᠦᠭᠡᠭᠡ ᠭᠡᠵᠦ ᠪᠤᠢ᠃ ᠵᠥᠭᠡᠯᠡᠨ ᠪᠦᠭᠡᠭᠡ ᠪᠣᠯ ᠶᠡᠷᠦ ᠶᠢᠨ ᠪᠦᠭᠡᠭᠡ ᠠᠴᠠ ᠪᠠᠭ᠎ᠠ ᠯᠠ ᠵᠥᠭᠡᠯᠡᠨ ᠪᠥᠭᠡᠳ | ᠤᠳᠠᠭᠠᠨ ᠰᠢᠭ᠋ ᠪᠦᠭᠡᠬᠦ ᠶᠢ ᠬᠡᠯᠡᠳᠡᠭ᠃ ᠰᠢᠷᠦᠭᠦᠨ ᠪᠦᠭᠡᠭᠡ ᠪᠣᠯ ᠶᠡᠷᠦ ᠶᠢᠨ ᠪᠦᠭᠡᠭᠡ ᠠᠴᠠ ᠲᠦᠷᠭᠡᠨ ᠪᠥᠭᠡᠳ | ᠬᠠᠲᠠᠭᠤ᠂ ᠪᠦᠭᠡᠭᠡ ᠱᠣᠭᠰᠢᠶ᠎ᠠ ᠬᠤᠯᠢᠯᠳᠤᠭᠤᠯᠤᠨ ᠶᠠᠪᠤᠬᠤ ᠶᠢ ᠬᠡᠯᠡᠳᠡᠭ᠃ ᠲᠤᠰ ᠶᠠᠪᠤᠳᠠᠯ ᠢᠶᠠᠷ ᠶᠠᠪᠤᠬᠤ ᠳᠤ | ᠲᠡᠮᠡᠭᠡᠨ ᠤ ᠰᠢᠯᠢ ᠵᠣᠭᠳᠣᠷ ᠨᠢ ᠪᠦᠷ ᠰᠡᠭᠰᠡᠯᠵᠡᠲᠡᠯᠡ ᠬᠦᠳᠠᠯᠳᠡᠭ ᠪᠣᠯᠬᠤᠷ ᠰᠡᠭᠡᠭᠦᠯᠦᠨᠡ᠂ ᠰᠡᠪᠢᠯᠵᠡᠭᠦᠯᠦᠨᠡ ᠭᠡᠬᠦ | ᠮᠡᠲᠦ ᠪᠠᠷ ᠬᠡᠯᠡᠬᠦ ᠴᠤ ᠪᠤᠢ᠃ |