ᠮᠣᠳᠣ᠂ ᠴᠢᠯᠠᠭᠤ᠂ ᠰᠢᠷᠣᠢ᠂ ᠵᠦᠯᠭᠡ ᠵᠡᠷᠭᠡ ᠶᠢ ᠣᠪᠣᠭᠠᠯᠠᠵᠤ ᠴᠣᠭᠴᠠᠯᠠᠭᠰᠠᠨ ᠣᠪᠣᠭᠤᠷ ᠲᠤᠪᠤᠭᠤᠷ | ᠶᠠᠭᠤᠮ᠎ᠠ ᠶᠢ ᠣᠪᠣᠭ᠎ᠠ ᠭᠡᠲᠡᠭ᠃ | ᠮᠣᠩᠭᠤᠯᠴᠤᠳ ᠤᠨ ᠡᠷᠲᠡᠨ ᠤ ᠡᠪᠦᠭᠡ ᠳᠡᠭᠡᠳᠦᠰ ᠵᠦᠭ ᠴᠢᠭ᠂ ᠠᠭᠤᠯᠠ ᠤᠰᠤ᠂ ᠡᠭᠡᠷᠡᠮ᠎ᠡ ᠲᠠᠯ᠎ᠠ᠂ ᠭᠤᠪᠢ | ᠡᠯᠡᠰᠦ᠂ ᠪᠡᠷᠬᠡ ᠪᠠᠷᠳᠠᠭ᠎ᠠ ᠲᠠᠢ ᠭᠠᠵᠠᠷ ᠢᠶᠠᠷ ᠵᠣᠷᠴᠢᠬᠤ ᠳᠤ ᠪᠠᠨ ᠬᠡᠳᠦᠨ ᠴᠢᠯᠠᠭᠤ ᠮᠣᠳᠣ ᠶᠢ ᠣᠪᠣᠭᠠᠯᠠᠵᠤ ᠲᠡᠮᠳᠡᠭ | ᠪᠤᠯᠭᠠᠵᠦ ᠪᠠᠶᠢᠪᠠ᠃ ᠪᠠᠰᠠ ᠲᠡᠭᠷᠢ ᠭᠠᠵᠠᠷ ᠪᠣᠯᠣᠨ ᠪᠠᠶᠢᠭᠠᠯᠢ ᠶᠢᠨ ᠶᠠᠩᠵᠤ ᠪᠦᠷᠢ ᠶᠢᠨ ᠦᠵᠡᠭᠳᠡᠯ ᠢ ᠡᠯᠳᠡᠪ ᠶᠠᠩᠵᠤ | ᠪᠠᠷ ᠲᠠᠭᠠᠮᠠᠭᠯᠠᠵᠤ᠂ ᠲᠡᠭᠦᠨ ᠢ ᠪᠦᠷ ᠨᠢᠭᠤᠴᠠ ᠲᠡᠯᠲᠡ ᠶᠢᠨ ᠶᠠᠮᠠᠷ ᠨᠢᠭᠡᠨ ᠷᠢᠳᠢ ᠰᠢᠳᠢ ᠲᠠᠢ ᠡᠵᠡᠳ ᠰᠠᠬᠢᠭᠤᠯᠰᠤᠨ | ᠲᠠᠢ ᠬᠡᠮᠡᠨ ᠰᠦᠰᠦᠭᠯᠡᠵᠦ ᠢᠲᠡᠭᠡᠳᠡᠭ ᠪᠠᠶᠢᠭᠰᠠᠨ ᠠᠴᠠ ᠬᠡᠳᠦᠨ ᠴᠢᠯᠠᠭᠤ ᠣᠪᠣᠭᠠᠯᠠᠵᠤ᠂ ᠪᠠᠯᠠᠷᠯᠢᠭ ᠦᠶ᠎ᠡ ᠶᠢᠨ | ᠲᠡᠬᠢᠯ ᠮᠥᠷᠭᠦᠯ ᠦᠢᠯᠡᠳᠳᠡᠭ ᠪᠠᠶᠢᠵᠠᠢ᠃ ᠢᠩᠭᠢᠭᠡᠳ ᠣᠪᠣᠭ᠎ᠠ ᠨᠢ ᠮᠣᠩᠭᠤᠯᠴᠤᠳ ᠤᠨ ᠲᠡᠭᠷᠢ᠂ ᠭᠠᠵᠠᠷ᠂ ᠯᠤᠤᠰ ᠢ | ᠰᠢᠲᠦᠵᠦ ᠲᠠᠬᠢᠬᠤ ᠲᠠᠪᠴᠠᠩ ᠪᠣᠯᠪᠠ᠃ ᠣᠪᠣᠭ᠎ᠠ ᠳᠠᠬᠢᠭᠰᠠᠨ ᠨᠢ ᠮᠥᠨ ᠴᠦ ᠠᠭᠤᠯᠠ ᠬᠠᠶᠢᠷᠬᠠᠨ᠂ ᠭᠤᠣᠯ ᠤᠰᠤ᠂ | ᠡᠪᠡᠰᠦ ᠮᠣᠳᠣ ᠪᠠᠨ ᠬᠠᠶᠢᠷᠠᠯᠠᠭᠰᠠᠨ ᠬᠤᠷᠸ᠎ᠠ ᠶᠢᠨ ᠣᠷᠴᠢᠨ ᠠᠬᠤᠢ ᠶᠢᠨ ᠰᠦᠢᠳᠦᠯ ᠪᠤᠵᠠᠷᠳᠠᠯ ᠠᠴᠠ ᠬᠠᠮᠠᠭᠠᠯᠠᠭᠰᠠᠨ | ᠲᠡᠦᠬᠡᠲᠦ ᠪᠣᠳᠠᠲᠤ ᠠᠵᠢᠯᠯᠠᠭ᠎ᠠ ᠪᠤᠯᠬᠤ ᠶᠤᠮ᠃ ᠮᠣᠩᠭᠤᠯᠴᠤᠳ ᠤᠨ ᠣᠪᠣᠭ᠎ᠠ ᠪᠣᠰᠬᠠᠵᠤ ᠲᠡᠮᠳᠡᠭ ᠪᠤᠯᠭᠠᠬᠤ᠂ ᠪᠠᠰᠠ | ᠪᠢᠰᠢᠭᠦᠢ ᠤᠯᠠᠨ ᠣᠪᠣᠭ᠎ᠠ ᠪᠣᠰᠬᠠᠵᠤ ᠲᠠᠬᠢᠯ ᠲᠠᠪᠢᠭ ᠡᠷᠭᠦᠭᠰᠡᠨ ᠵᠠᠩ ᠦᠢᠯᠡ ᠨᠢ ᠭᠡᠲᠦ ᠬᠡᠳᠦᠨ ᠵᠠᠭᠤᠨ᠂ ᠮᠢᠩᠭᠠᠨ | ᠵᠢᠯ ᠤᠨ ᠲᠡᠦᠬᠡ ᠲᠠᠢ ᠪᠣᠯᠵᠠᠢ᠃ | ᠣᠪᠣᠭᠠᠨ ᠤ ᠲᠦᠷᠦᠯ ᠵᠦᠢᠯ | ᠮᠣᠩᠭᠤᠯᠴᠤᠳ ᠤᠨ ᠣᠪᠣᠭ᠎ᠠ ᠨᠢ ᠲᠠᠬᠢᠯᠭ᠎ᠠ ᠲᠠᠢ᠂ ᠲᠠᠬᠢᠯᠭ᠎ᠠ ᠦᠭᠡᠢ᠂ ᠬᠠᠭᠠᠰ ᠬᠤᠭᠤᠰ ᠲᠠᠬᠢᠯᠭ᠎ᠠ ᠲᠠᠢ | ᠭᠡᠵᠦ ᠠᠩᠭᠢᠯᠠᠭᠳᠠᠨ᠎ᠠ᠃ ᠣᠪᠣᠭ᠎ᠠ ᠨᠤᠭᠤᠳ ᠨᠢ ᠲᠤᠰ ᠲᠤᠰ ᠲᠤ ᠪᠠᠨ ᠤᠴᠢᠷ ᠤᠳᠬ᠎ᠠ ᠲᠠᠢ ᠤᠯᠠᠨ ᠵᠦᠢᠯ ᠢᠶᠠᠷ | ᠢᠯᠭᠠᠭᠳᠠᠬᠤ ᠪᠥᠭᠡᠳ ᠲᠠᠬᠢᠯᠭ᠎ᠠ ᠲᠠᠢ᠂ ᠲᠠᠬᠢᠯᠭ᠎ᠠ ᠦᠭᠡᠢ ᠨᠢ ᠶᠠᠭᠤᠮᠠᠨ ᠤ ᠤᠴᠢᠷ ᠲᠤ ᠪᠠᠶᠢᠭᠤᠯᠤᠭᠰᠠᠨ ᠢᠶᠠᠷ ᠢᠶᠠᠨ | ᠲᠣᠭᠲᠠᠭᠠᠭᠳᠠᠨ᠎ᠠ᠃ ᠮᠣᠩᠭᠤᠯᠴᠤᠳ ᠤᠨ ᠣᠪᠣᠭᠠᠨ ᠤ ᠲᠦᠷᠦᠯ ᠵᠦᠢᠯ ᠢ ᠪᠠᠭᠴᠠᠯᠠᠪᠠᠯ᠂ ᠲᠡᠭᠷᠢ ᠣᠪᠣᠭ᠎ᠠ᠂ ᠣᠪᠣᠭ | ᠠᠶᠢᠮᠠᠭ ᠤᠨ ᠣᠪᠣᠭ᠎ᠠ᠂ ᠵᠠᠩᠵᠤᠨ ᠣᠪᠣᠭ᠎ᠠ᠂ ᠳᠤᠷᠠᠰᠬᠠᠯ ᠤᠨ ᠣᠪᠣᠭ᠎ᠠ᠂ ᠬᠤᠷᠠᠬᠤ ᠣᠪᠣᠭ᠎ᠠ᠂ ᠤᠩᠭᠤᠨ ᠣᠪᠣᠭ᠎ᠠ᠂ | ᠠᠯᠪᠠᠨ ᠣᠪᠣᠭ᠎ᠠ᠂ ᠰᠦᠮ᠎ᠡ ᠬᠡᠶᠢᠳ ᠤᠨ ᠣᠪᠣᠭ᠎ᠠ᠂ ᠰᠦᠯᠳᠡ ᠣᠪᠣᠭ᠎ᠠ᠂ ᠨᠣᠶᠠᠨ ᠣᠪᠣᠭ᠎ᠠ᠂ ᠠᠶᠢᠯ ᠤᠰᠤᠨ ᠤ | ᠣᠪᠣᠭ᠎ᠠ᠂ ᠬᠠᠷᠢᠶᠠᠯ ᠤᠨ ᠣᠪᠣᠭ᠎ᠠ᠂ ᠵᠢᠷᠤᠬᠠᠢ ᠣᠪᠣᠭ᠎ᠠ᠂ ᠨᠠᠭᠤᠷ ᠤᠰᠤᠨ ᠤ ᠣᠪᠣᠭ᠎ᠠ᠂ ᠲᠡᠮᠳᠡᠭ ᠣᠪᠣᠭ᠎ᠠ᠂ ᠬᠡᠦᠬᠡᠳ | ᠤᠨ ᠣᠪᠣᠭ᠎ᠠ᠂ ᠮᠠᠯ ᠤᠨ ᠣᠪᠣᠭ᠎ᠠ᠂ ᠠᠪᠠ ᠠᠩᠨᠠᠭᠤᠷ ᠤᠨ ᠣᠪᠣᠭ᠎ᠠ᠂ ᠠᠮᠢᠳᠠᠨ ᠤᠷᠭᠤᠮᠠᠯ ᠤᠨ ᠣᠪᠣᠭ᠎ᠠ᠂ ᠲᠠᠩᠭᠠᠷᠢᠭ | ᠣᠪᠣᠭ᠎ᠠ᠂ ᠬᠤᠯᠠᠭᠠᠶᠢᠴᠢ ᠶᠢᠨ ᠣᠪᠣᠭ᠎ᠠ ᠭᠡᠬᠦ ᠮᠡᠲᠦ ᠤᠯᠠᠨ ᠶᠠᠩᠵᠤ ᠶᠢᠨ ᠣᠪᠣᠭ᠎ᠠ ᠪᠤᠢ᠃ | ᠣᠪᠣᠭᠠᠨ ᠤ ᠪᠠᠷᠢᠯᠭ᠎ᠠ ᠪᠦᠲᠦᠴᠡ᠂ ᠲᠤᠭ᠎ᠠ ᠪᠠᠶᠢᠷᠢᠯᠠᠯ | ᠣᠪᠣᠭ᠎ᠠ ᠳᠤ ᠲᠠᠩ ᠣᠪᠣᠭ᠎ᠠ ᠪᠤᠶᠤ ᠤᠯᠠᠨ ᠣᠪᠣᠭ᠎ᠠ ᠪᠠᠶᠢᠳᠠᠭ᠃ ᠲᠠᠩ ᠣᠪᠣᠭ᠎ᠠ ᠠᠴᠠ ᠪᠤᠰᠤᠳ ᠤᠯᠠᠨ | ᠣᠪᠣᠭ᠎ᠠ ᠨᠢ ᠭᠤᠣᠯ ᠣᠪᠣᠭ᠎ᠠ ᠪᠠ ᠪᠠᠭ᠎ᠠ ᠣᠪᠣᠭ᠎ᠠ ᠪᠠᠷ ᠪᠦᠷᠢᠯᠳᠦᠨ᠎ᠡ᠃ ᠭᠤᠣᠯ ᠣᠪᠣᠭ᠎ᠠ ᠶᠢ ᠪᠠᠰᠠ ᠶᠡᠭᠡ ᠣᠪᠣᠭ᠎ᠠ᠂ | ᠪᠦᠳᠦᠭᠦᠨ ᠣᠪᠣᠭ᠎ᠠ᠂ ᠨᠣᠶᠠᠨ ᠣᠪᠣᠭ᠎ᠠ᠂ ᠵᠠᠩᠵᠤᠨ ᠣᠪᠣᠭ᠎ᠠ᠂ ᠲᠥᠪ ᠣᠪᠣᠭ᠎ᠠ ᠭᠡᠲᠡᠭ᠃ ᠪᠠᠭ᠎ᠠ ᠣᠪᠣᠭ᠎ᠠ ᠶᠢ ᠪᠣᠯ | ᠱᠠᠪᠢ ᠣᠪᠣᠭ᠎ᠠ᠂ ᠭᠤᠴᠤᠭ ᠣᠪᠣᠭ᠎ᠠ᠂ ᠬᠠᠷᠠᠭᠤᠯ ᠣᠪᠣᠭ᠎ᠠ᠂ ᠬᠤᠶᠠᠭ ᠣᠪᠣᠭ᠎ᠠ᠂ ᠰᠦᠪᠡᠭᠡ ᠣᠪᠣᠭ᠎ᠠ᠂ ᠰᠠᠬᠢᠭᠤᠰᠤ | ᠣᠪᠣᠭ᠎ᠠ᠂ ᠳᠠᠭᠠᠯᠲᠠ ᠣᠪᠣᠭ᠎ᠠ ᠭᠡᠲᠡᠭ᠃ ᠠᠷᠠᠳ ᠤᠨ ᠶᠠᠷᠢᠶᠠᠨ ᠳᠤ ᠱᠠᠪᠢ ᠣᠪᠣᠭ᠎ᠠ ᠭᠡᠵᠦ ᠬᠡᠯᠡᠬᠦ ᠨᠢ ᠳᠡᠶᠢᠯᠦᠩᠭᠦᠢ | ᠰᠢᠭ ᠪᠠᠶᠢᠳᠠᠭ᠃ ᠱᠠᠪᠢ ᠣᠪᠣᠭᠠᠨ ᠤ ᠲᠤᠭ᠎ᠠ ᠪᠣᠯᠣᠨ ᠪᠠᠶᠢᠷᠢᠯᠠᠯ ᠨᠢ ᠣᠪᠣᠭᠠᠨ ᠤ ᠶᠠᠩᠵᠤ ᠬᠡᠯᠪᠡᠷᠢ ᠪᠦᠲᠦᠴᠡ ᠶᠢᠨ | ᠴᠢᠬᠤᠯᠠ ᠵᠦᠢᠯ ᠨᠢ ᠪᠤᠯᠬᠤ ᠮᠥᠷᠲᠡᠭᠡᠨ ᠣᠪᠣᠭᠠᠨ ᠰᠣᠶᠣᠯ ᠤᠨ ᠪᠢᠰᠢᠭᠦᠢ ᠲᠠᠯᠲᠡ ᠤᠳᠬ᠎ᠠ ᠨᠢ ᠮᠥᠨ ᠡᠭᠦᠨ ᠳᠤ | ᠪᠠᠨ ᠪᠤᠢ᠃ | ᠲᠠᠩ ᠣᠪᠣᠭ᠎ᠠ | ᠲᠠᠩ ᠣᠪᠣᠭ᠎ᠠ ᠭᠡᠲᠡᠭ ᠨᠢ ᠭᠠᠭᠴᠠ ᠣᠪᠣᠭ᠎ᠠ ᠶᠢ ᠬᠡᠯᠡᠨ᠎ᠡ᠃ ᠡᠶᠢᠮᠦ ᠣᠪᠣᠭᠠᠨ ᠳᠤ ᠠᠶᠢᠯ ᠠᠶᠢᠮᠠᠭ ᠤᠨ | ᠣᠪᠣᠭ᠎ᠠ᠂ ᠮᠠᠯ ᠤᠨ ᠣᠪᠣᠭ᠎ᠠ᠂ ᠵᠢᠷᠤᠬᠠᠢ ᠣᠪᠣᠭ᠎ᠠ᠂ ᠠᠮᠢᠳᠡᠨ ᠤᠷᠭᠤᠮᠠᠯ ᠤᠨ ᠣᠪᠣᠭ᠎ᠠ ᠪᠠᠭᠲᠠᠨ᠎ᠠ᠃ ᠠᠷᠠᠳ ᠤᠨ | ᠬᠡᠯᠡᠯᠭᠡ ᠳᠤ ᠲᠠᠩ ᠣᠪᠣᠭ᠎ᠠ ᠪᠠᠨ ᠪᠡᠯᠭᠡᠳᠡᠵᠦ ᠨᠢᠭᠡ ᠣᠪᠣᠭ᠎ᠠ᠂ ᠭᠠᠭᠴᠠ ᠣᠪᠣᠭ᠎ᠠ ᠭᠡᠵᠦ ᠳᠡᠮᠡᠢ ᠬᠡᠯᠡᠳᠡᠭ ᠦᠭᠡᠢ᠃ | ︽ᠳᠦᠭᠦᠷᠡᠩ ᠣᠪᠣᠭ᠎ᠠ︾ ᠭᠡᠵᠡᠭᠡᠳᠡᠭ ᠶᠤᠮ᠃ | ᠬᠤᠶᠠᠷ ᠣᠪᠣᠭ᠎ᠠ | ᠬᠤᠶᠠᠷ ᠣᠪᠣᠭ᠎ᠠ ᠪᠣᠯ ᠶᠡᠭᠡ ᠪᠠᠭ᠎ᠠ ᠶᠢᠨ ᠬᠡᠮᠵᠢᠶ᠎ᠡ᠂ ᠬᠡᠯᠪᠡᠷᠢ ᠨᠢ ᠠᠳᠠᠯᠢᠬᠠᠨ ᠬᠤᠣᠰ ᠣᠪᠣᠭ᠎ᠠ ᠶᠢ | ᠬᠡᠯᠡᠨ᠎ᠡ᠃ ᠵᠠᠬ᠎ᠠ ᠬᠢᠯᠢ ᠶᠢᠨ ᠬᠠᠶᠢᠴᠢ ᠣᠪᠣᠭ᠎ᠠ ᠨᠢ ᠪᠦᠷ ᠬᠤᠶᠠᠷ ᠣᠪᠣᠭ᠎ᠠ ᠪᠣᠯᠣᠨ᠎ᠠ᠃ ᠠᠬ᠎ᠠ ᠳᠡᠭᠦᠦ ᠲᠡᠭᠷᠢ | ᠲᠠᠬᠢᠬᠤ ᠣᠪᠣᠭ᠎ᠠ ᠴᠦ ᠬᠤᠶᠠᠷ ᠪᠠᠶᠢᠳᠠᠭ᠃ | ᠭᠤᠷᠪᠠᠨ ᠣᠪᠣᠭ᠎ᠠ | ᠭᠤᠷᠪᠠᠨ ᠣᠪᠣᠭ᠎ᠠ ᠨᠢ ᠭᠤᠷᠪᠠᠨ ᠭᠠᠯᠪᠠ ᠶᠢᠨ ᠣᠪᠣᠭ᠎ᠠ ᠭᠡᠲᠡᠭ᠃ ᠡᠨᠡ ᠨᠢ ᠥᠩᠭᠡᠷᠡᠭᠰᠡᠨ ᠭᠠᠯᠪᠠ ᠶᠢᠨ | ᠺᠠᠱᠢᠪᠡ᠂ ᠡᠨᠡ ᠭᠠᠯᠪᠠ ᠶᠢᠨ ᠱᠠᠭᠵᠠᠮᠤᠨᠢ᠂ ᠢᠷᠡᠬᠦ ᠭᠠᠯᠪᠠ ᠶᠢᠨ ᠮᠠᠶᠢᠳᠠᠷᠢ ᠭᠤᠷᠪᠠᠨ ᠪᠤᠷᠬᠠᠨ ᠢ ᠰᠢᠲᠦᠵᠦ ᠪᠣᠰᠬᠠᠭᠰᠠᠨ | ᠣᠪᠣᠭ᠎ᠠ ᠪᠣᠯᠣᠨ᠎ᠠ᠃ ᠡᠭᠦᠨ ᠢ ᠪᠠᠰᠠ ᠭᠤᠷᠪᠠᠨ ᠴᠠᠭ ᠤᠨ ᠪᠤᠷᠬᠠᠨ ᠤ ᠣᠪᠣᠭ᠎ᠠ ᠭᠡᠲᠡᠭ᠃ ᠪᠠᠰᠠ ᠲᠡᠭᠷᠢ᠂ ᠭᠠᠵᠠᠷ᠂ | ᠬᠥᠮᠥᠨ ᠤ ᠣᠪᠣᠭ᠎ᠠ ᠬᠡᠮᠡᠨ ᠭᠤᠷᠪᠠᠨ ᠣᠪᠣᠭ᠎ᠠ ᠪᠣᠰᠬᠠᠳᠠᠭ᠃ ᠭᠤᠣᠯ ᠳᠤ ᠨᠢ ᠶᠡᠭᠡ ᠣᠪᠣᠭ᠎ᠠ ︵ᠬᠥᠮᠥᠨ ᠤ ᠣᠪᠣᠭ᠎ᠠ︶ | ᠬᠤᠶᠠᠷ ᠲᠠᠯ᠎ᠠ ᠳᠤ ᠨᠢ ᠨᠢᠭᠡ ᠨᠢᠭᠡ ᠱᠠᠪᠢ ᠣᠪᠣᠭ᠎ᠠ ᠪᠣᠰᠬᠠᠳᠠᠭ᠃ ᠭᠤᠷᠪᠠᠨ ᠬᠤᠰᠢᠭᠤᠨ ᠤ ᠵᠠᠬ᠎ᠠ ᠬᠢᠯᠢ ᠶᠢᠨ | ᠠᠭᠤᠯᠵᠠᠷ ᠤᠨ ᠲᠡᠮᠳᠡᠭ ᠣᠪᠣᠭ᠎ᠠ ᠪᠣᠯ ᠭᠤᠷᠪᠠᠯᠵᠢᠨ ᠪᠠᠶᠢᠷᠢᠰᠢᠯ ᠲᠠᠢ ᠠᠳᠠᠯᠢᠬᠠᠨ ᠭᠤᠷᠪᠠᠨ ᠣᠪᠣᠭ᠎ᠠ ᠪᠣᠰᠬᠠᠳᠠᠭ | ᠶᠤᠮ᠃ | ᠲᠦᠷᠪᠠᠨ ᠣᠪᠣᠭ᠎ᠠ | ᠭᠤᠣᠯ ᠳᠤ ᠪᠠᠨ ᠨᠢᠭᠡ ᠶᠡᠭᠡ ᠣᠪᠣᠭ᠎ᠠ᠂ ᠲᠣᠭᠤᠷᠢᠭᠠᠳ ᠭᠤᠷᠪᠠᠨ ᠱᠠᠪᠢ ᠣᠪᠣᠭ᠎ᠠ ᠲᠠᠢ ᠲᠦᠷᠪᠠᠨ | ᠣᠪᠣᠭ᠎ᠠ ᠶᠢ ᠲᠦᠷᠪᠠᠨ ᠳᠥᠰᠢᠳ ᠤᠨ ᠲᠡᠭᠷᠢ ᠳᠠᠬᠢᠭᠰᠠᠨ ᠣᠪᠣᠭ᠎ᠠ ᠬᠡᠲᠡᠭ᠃ ᠲᠦᠷᠪᠠᠨ ᠳᠥᠰᠢᠳ ᠤᠨ ᠲᠡᠭᠷᠢ | ᠭᠡᠲᠡᠭ ᠨᠢ ᠪᠦᠭᠡ ᠮᠥᠷᠭᠦᠯ ᠤᠨ ᠶᠡᠷ᠎ᠠ ᠶᠢᠰᠦᠨ ᠲᠡᠭᠷᠢ ᠶᠢᠨ ᠨᠢᠭᠡ ᠨᠢ ᠪᠤᠯᠬᠤ ᠰᠢᠲᠦᠭᠡᠨ ᠶᠤᠮ᠃ ᠮᠥᠨ ᠴᠦ | ᠦᠯᠢᠭᠡᠷ ᠤᠨ ᠡᠪᠲᠦ ᠲᠦᠷᠪᠠᠨ ᠠᠮᠢᠳᠡᠨ ᠢ ᠰᠠᠬᠢᠭᠤᠯᠰᠤᠨ ᠪᠣᠯᠭᠠᠨ ᠰᠢᠲᠦᠭᠰᠡᠨ ᠣᠪᠣᠭ᠎ᠠ ᠪᠣᠯᠣᠨ᠎ᠠ᠃ ᠡᠨᠡ ᠨᠢ | ᠵᠠᠭᠠᠨ᠂ ᠪᠡᠴᠢᠨ᠂ ᠲᠠᠤᠯᠠᠢ᠂ ᠪᠣᠯᠵᠣᠮᠣᠷ ᠡᠪ ᠨᠡᠶᠢᠯᠡᠵᠦ᠂ ᠥᠨᠳᠥᠷ ᠮᠣᠳᠣᠨ ᠠᠴᠠ ᠵᠢᠮᠢᠰ ᠲᠡᠭᠦᠵᠦ ᠢᠳᠡᠭᠰᠡᠨ ᠦᠯᠢᠭᠡᠷ | ᠪᠤᠯᠬᠤ ᠶᠤᠮ᠃ | ᠲᠠᠪᠤᠨ ᠣᠪᠣᠭ᠎ᠠ | ᠲᠠᠪᠤᠨ ᠣᠪᠣᠭ᠎ᠠ ᠶᠢ ᠵᠠᠶᠠᠭᠠᠨ ᠲᠠᠪᠤᠨ ᠲᠡᠭᠷᠢ ᠶᠢᠨ ᠣᠪᠣᠭ᠎ᠠ ᠭᠡᠲᠡᠭ᠃ ᠵᠠᠶᠠᠭᠠᠨ ᠲᠠᠪᠤᠨ ᠲᠡᠭᠷᠢ ᠭᠡᠲᠡᠭ ᠨᠢ | ᠣᠷᠣᠨ ᠤ ᠲᠡᠭᠷᠢ᠂ ᠡᠴᠢᠭᠡ ᠶᠢᠨ ᠲᠡᠭᠷᠢ᠂ ᠡᠬᠡ ᠶᠢᠨ ᠲᠡᠭᠷᠢ᠂ ᠰᠦᠯᠳᠡ ᠲᠡᠭᠷᠢ᠂ ᠠᠮᠢᠨ ᠲᠡᠭᠷᠢ ᠪᠣᠯᠣᠨ᠎ᠠ᠃ ᠲᠠᠪᠤᠨ | ᠣᠪᠣᠭ᠎ᠠ ᠶᠢ ᠪᠠᠰᠠ ᠲᠠᠪᠤᠨ ᠬᠤᠰᠢᠭᠤ ᠮᠠᠯ ᠤᠨ ᠬᠡᠰᠢᠭ ᠲᠣᠭᠲᠠᠬᠤ ᠣᠪᠣᠭ᠎ᠠ ᠬᠡᠮᠡᠨ ᠪᠡᠯᠭᠡᠳᠡᠵᠦ ᠭᠤᠣᠯ | ᠣᠪᠣᠭ᠎ᠠ ᠪᠠᠨ ᠠᠳᠤᠭᠤᠨ ᠣᠪᠣᠭ᠎ᠠ᠂ ᠲᠦᠷᠪᠠᠨ ᠱᠠᠪᠢ ᠣᠪᠣᠭ᠎ᠠ ᠪᠠᠨ ᠬᠤᠨᠢ᠂ ᠢᠮᠠᠭ᠎ᠠ᠂ ᠲᠡᠮᠡᠭᠡ᠂ ᠦᠬᠡᠷ ᠤᠨ ᠣᠪᠣᠭ᠎ᠠ | ᠬᠡᠮᠡᠵᠦ᠂ ᠭᠤᠣᠯ ᠣᠪᠣᠭᠠᠨ ᠤ ᠲᠤᠭ ᠤᠨ ᠡᠰᠢᠨ ᠠᠴᠠ ᠴᠠᠭᠠᠨ ᠶᠣᠷᠤᠭ ᠳᠡᠭᠡᠷ᠎ᠡ ᠮᠣᠷᠢ ᠪᠠᠷᠯᠠᠭᠰᠠᠨ ᠳᠠᠷᠴᠤᠭ | ᠬᠡᠶᠢᠰᠬᠡᠵᠦ᠂ ᠲᠠᠬᠢᠯᠭ᠎ᠠ ᠶᠢᠨ ᠦᠶ᠎ᠡ ᠳᠤ᠂ ᠭᠤᠣᠯ ᠣᠪᠣᠭᠠᠨ ᠤ ᠪᠠᠨ ᠲᠤᠭ ᠤᠨ ᠡᠰᠢᠨ ᠠᠴᠠ ᠤᠩᠭᠠᠰᠤᠨ ᠳᠡᠭᠡᠰᠦ | ᠲᠠᠲᠠᠵᠤ ᠲᠦᠷᠪᠠᠨ ᠱᠠᠪᠢ ᠣᠪᠣᠭ᠎ᠠ ᠲᠠᠢ ᠬᠤᠯᠪᠣᠵᠤ᠂ ᠳᠡᠭᠡᠰᠦᠨ ᠠᠴᠠ ᠪᠠᠨ ᠠᠵᠢᠷᠭᠠᠨ ᠲᠡᠯ᠂ ᠪᠤᠤᠷ᠎ᠠ ᠶᠢᠨ ᠤᠬᠪᠤᠭ | ︵ᠥᠷᠪᠡᠯᠭᠡ︶᠂ ᠪᠤᠬ᠎ᠠ᠂ ᠬᠤᠴᠠ᠂ ᠤᠬᠤᠨ᠎ᠠ ᠶᠢᠨ ᠤᠩᠭᠠᠰᠤ ᠤᠶᠠᠵᠤ ᠲᠠᠬᠢᠯᠭ᠎ᠠ ᠬᠢᠵᠦ ᠮᠠᠯ ᠤᠨ ᠬᠡᠰᠢᠭ ᠳᠠᠯᠠᠯᠳᠠᠭ | ᠶᠤᠮ᠃ | ᠲᠤᠯᠤᠭᠠᠨ ᠣᠪᠣᠭ᠎ᠠ | ᠦᠷ᠎ᠡ ᠬᠡᠦᠬᠡᠳ ᠤᠨ ᠢᠶᠠᠨ ᠠᠮᠢ ᠨᠠᠰᠤ ᠶᠢ ᠤᠷᠲᠤᠳᠬᠠᠬᠤ ᠳᠤ ᠳᠠᠭᠠᠳᠬᠠᠭᠰᠠᠨ ᠦᠷ᠎ᠡ ᠶᠢᠨ ᠬᠤᠲᠤᠭ | ᠭᠤᠶᠣᠭᠰᠠᠨ ᠤᠳᠬ᠎ᠠ ᠲᠠᠢ ᠬᠡᠦᠬᠡᠳ ᠤᠨ ᠣᠪᠣᠭ᠎ᠠ ᠨᠢ ᠲᠤᠯᠤᠭᠠᠨ ᠣᠪᠣᠭ᠎ᠠ ᠪᠠᠶᠢᠳᠠᠭ᠃ ᠠᠷᠠᠳ ᠤᠨ ᠤᠯᠠᠮᠵᠢᠯᠠᠯ | ᠶᠠᠷᠢᠶᠠᠨ ᠳᠤ ︽ᠳᠣᠲᠣᠭᠠᠳᠤ ᠡᠩᠭᠡᠷ ᠲᠤ ᠨᠢ ᠲᠤᠯᠤᠭᠠᠨ ᠬᠡᠦᠬᠡᠳ ᠲᠠᠢ ᠪᠣᠯ︾ ᠬᠡᠮᠡᠨ ᠢᠷᠦᠭᠡᠳᠡᠭ ᠲᠣᠭᠠᠨ ᠤ | ᠪᠡᠯᠭᠡᠳᠡᠯ ᠨᠢ ᠬᠡᠦᠬᠡᠳ ᠤᠨ ᠣᠪᠣᠭᠠᠨ ᠲᠤᠭ᠎ᠠ ᠲᠠᠢ ᠢᠵᠢᠯᠰᠢᠵᠦ ᠪᠤᠢ᠃ ᠵᠠᠷᠢᠮ ᠨᠤᠲᠤᠭ ᠲᠤ ︽ᠲᠤᠯᠤᠭᠠᠨ ᠪᠤᠷᠬᠠᠨ | ᠤᠳᠤ ︵ᠲᠤᠯᠤᠭᠠᠨ ᠡᠪᠦᠭᠡᠨ︶ ᠳᠠᠬᠢᠭᠰᠠᠨ ᠲᠤᠯᠤᠭᠠᠨ ᠣᠪᠣᠭ᠎ᠠ ᠶᠢ ᠮᠥᠨ ᠬᠡᠦᠬᠡᠳ ᠤᠨ ᠣᠪᠣᠭ᠎ᠠ︾ ᠭᠡᠲᠡᠭ᠃ ᠵᠠᠷᠢᠮ | ᠭᠠᠵᠠᠷ ᠲᠤ ᠪᠠᠰᠠ ᠶᠠᠮᠠᠨᠳᠠᠭ᠂ ᠭᠤᠩᠭᠢᠷ᠂ ᠵᠠᠮᠰᠡᠷᠡᠩ᠂ ᠭᠤᠮᠪᠤ᠂ ᠯᠾᠮᠦ᠂ ᠨᠠᠮᠰᠠᠷᠠᠢ᠂ ᠴᠦᠢᠵᠢᠯ ᠲᠤᠯᠤᠭᠠᠨ ᠳᠣᠭᠰᠢᠳ ᠢ | ᠲᠤᠯᠤᠭᠠᠨ ᠣᠪᠣᠭ᠎ᠠ ᠬᠡᠮᠡᠳᠡᠭ ᠪᠠᠶᠢᠨ᠎ᠠ᠃ ᠲᠤᠯᠤᠭᠠᠨ ᠣᠪᠣᠭᠠᠨ ᠤ ᠪᠠᠶᠢᠷᠢᠰᠢᠭᠤᠯᠤᠯᠲᠠ ᠨᠢ ᠭᠤᠣᠯ ᠣᠪᠣᠭᠠᠨ ᠤ | ᠵᠡᠭᠦᠨ ᠪᠠᠷᠠᠭᠤᠨ ᠲᠠᠯ᠎ᠠ ᠳᠤ ᠭᠤᠷᠪᠠ ᠭᠤᠷᠪᠠᠨ ᠱᠠᠪᠢ ᠣᠪᠣᠭ᠎ᠠ ᠲᠠᠢ ᠪᠠᠶᠢᠳᠠᠭ᠃ | ᠶᠢᠰᠦᠨ ᠣᠪᠣᠭ᠎ᠠ | ᠵᠦᠭ ᠴᠢᠭ ᠢ ᠵᠢᠭᠠᠭᠰᠠᠨ ᠲᠡᠮᠳᠡᠭ ᠣᠪᠣᠭ᠎ᠠ᠂ ᠴᠠᠭᠠᠨ ᠰᠦᠯᠳᠡ ᠣᠪᠣᠭ᠎ᠠ᠂ ᠬᠠᠷᠢᠶᠠᠯ ᠤᠨ ᠣᠪᠣᠭ᠎ᠠ ᠵᠡᠷᠭᠡ | ᠨᠢ ᠶᠢᠰᠦᠨ ᠣᠪᠣᠭ᠎ᠠ ᠪᠠᠶᠢᠳᠠᠭ᠃ ᠶᠢᠰᠦ ᠶᠢᠨ ᠲᠤᠭ᠎ᠠ ᠨᠢ ᠮᠣᠩᠭᠤᠯᠴᠤᠳ ᠤᠨ ᠰᠢᠲᠦᠯᠭᠡ ᠪᠢᠰᠢᠷᠡᠯ ᠳᠠᠬᠢ ᠲᠣᠭᠠᠨ ᠤ | ᠪᠡᠯᠭᠡᠳᠡᠯ ᠤᠨ ᠴᠢᠬᠤᠯᠠ ᠨᠢᠭᠡ ᠨᠢ ᠪᠤᠯᠳᠠᠭ ᠶᠤᠮ᠃ ᠵᠦᠭ ᠴᠢᠭ ᠢ ᠵᠢᠭᠠᠭᠰᠠᠨ ᠲᠡᠮᠳᠡᠭ ᠣᠪᠣᠭ᠎ᠠ ᠨᠢ ᠭᠤᠣᠯ | ᠣᠪᠣᠭᠠᠨ ᠤ ᠬᠤᠶᠢᠨ᠎ᠠ ᠡᠮᠦᠨ᠎ᠡ ᠪᠤᠶᠤ ᠵᠡᠭᠦᠨᠲᠡᠢ ᠪᠠᠷᠠᠭᠤᠨᠲᠠᠢ ᠨᠢ ᠴᠡᠭ ᠱᠤᠭᠤᠮ ᠳᠡᠭᠡᠷ᠎ᠡ ᠳᠥᠷᠪᠡ ᠲᠦᠷᠪᠠᠨ ᠱᠠᠪᠢ | ᠣᠪᠣᠭ᠎ᠠ ᠪᠣᠰᠬᠠᠵᠤ ᠲᠡᠮᠳᠡᠭ ᠪᠣᠯᠭᠠᠳᠠᠭ ᠶᠤᠮ᠃ ᠶᠢᠰᠦᠨ ᠬᠥᠯᠲᠦ ᠴᠠᠭᠠᠨ ᠲᠤᠭ ᠰᠦᠯᠳᠡ ᠶᠢᠨ ᠣᠪᠣᠭ᠎ᠠ ᠨᠢ ᠭᠤᠣᠯ | ᠣᠪᠣᠭᠠᠨ ᠤ ᠲᠦᠷᠪᠠᠨ ᠵᠦᠭ ᠨᠠᠢᠮᠠᠨ ᠵᠣᠪᠬᠢᠰ ᠲᠤ ᠨᠠᠢᠮᠠᠨ ᠱᠠᠪᠢ ᠣᠪᠣᠭ᠎ᠠ ᠲᠠᠢ ᠪᠠᠶᠢᠵᠤ᠂ ᠨᠠᠢᠮᠠᠨ ᠱᠠᠪᠢ ᠣᠪᠣᠭ᠎ᠠ | ᠨᠢ ᠨᠠᠢᠮᠠᠨ ᠡᠯᠴᠢ ᠰᠦᠯᠳᠡ ᠶᠢᠨ ᠣᠪᠣᠭ᠎ᠠ ᠪᠤᠯᠬᠤ ᠶᠤᠮ᠃ ᠪᠠᠰᠠ ᠶᠡᠭᠡ ᠣᠪᠣᠭ᠎ᠠ ᠪᠠᠨ ᠳᠠᠭᠠᠭᠤᠯᠵᠤ ᠨᠠᠢᠮᠠᠨ ᠱᠠᠪᠢ | ᠣᠪᠣᠭ᠎ᠠ ᠶᠢ ᠨᠢᠭᠡᠨ ᠱᠤᠭᠤᠮ ᠢᠶᠠᠷ ᠵᠢᠭᠰᠠᠭᠠᠵᠤ᠂ ᠨᠢᠭᠡ ᠨᠢ ᠨᠢᠭᠡ ᠠᠴᠠ ᠪᠠᠨ ᠪᠠᠭᠠᠪᠲᠤᠷ᠂ ᠶᠢᠰᠦᠨ ᠣᠪᠣᠭ᠎ᠠ | ᠪᠣᠰᠬᠠᠭᠰᠠᠨ ᠨᠢ ᠬᠠᠷᠢᠶᠠᠯ ᠤᠨ ᠣᠪᠣᠭ᠎ᠠ ᠪᠣᠯᠣᠨ᠎ᠠ᠃ | ᠠᠷᠪᠠᠨ ᠭᠤᠷᠪᠠᠨ ᠣᠪᠣᠭ᠎ᠠ | ᠮᠣᠩᠭᠤᠯᠴᠤᠳ ᠤᠨ ᠡᠪᠦᠭᠡ ᠳᠡᠭᠡᠳᠦᠰ ᠤᠵᠠᠭᠤᠷ ᠠᠴᠠ ᠠᠷᠪᠠᠨ ᠭᠤᠷᠪᠠ ᠭᠡᠰᠡᠨ ᠲᠤᠭ᠎ᠠ ᠶᠢ ᠰᠠᠶᠢᠨ ᠤ | ᠪᠡᠯᠭᠡᠳᠡᠯ ᠤᠨ ᠲᠤᠭ᠎ᠠ ᠬᠡᠮᠡᠨ ᠬᠡᠷᠡᠭᠯᠡᠭᠰᠡᠭᠡᠷ ᠢᠷᠡᠵᠠᠢ᠃ ᠡᠶᠢᠮᠦ ᠠᠴᠠ ᠣᠪᠣᠭᠠᠨ ᠰᠣᠶᠣᠯ ᠤᠨ ᠰᠢᠲᠦᠯᠭᠡ ᠪᠢᠰᠢᠷᠡᠯ ᠳᠤ | ᠠᠷᠪᠠᠨ ᠭᠤᠷᠪᠠ ᠶᠢᠨ ᠲᠤᠭ᠎ᠠ ᠪᠠᠷ ᠣᠪᠣᠭ᠎ᠠ ᠪᠣᠰᠬᠠᠳᠠᠭ ᠪᠢᠯᠡ᠃ ᠵᠢᠱᠢᠶᠡᠯᠡᠪᠡᠯ᠂ ︽ᠲᠡᠮᠦᠵᠢᠨ ᠤ ᠠᠷᠪᠠᠨ ᠭᠤᠷᠪᠠᠨ | ᠨᠠᠰᠤᠨ ᠠᠴᠠ ᠬᠡᠢ ᠮᠣᠷᠢ ᠰᠡᠷᠭᠦᠭᠰᠡᠨ︾ ᠠᠷᠪᠠᠨ ᠭᠤᠷᠪᠠᠨ ᠣᠪᠣᠭ᠎ᠠ᠂ ︽ᠴᠢᠩᠭᠢᠰ ᠬᠠᠭᠠᠨ ᠤ ᠴᠡᠷᠢᠭ ᠤᠨ ᠠᠷᠪᠠᠨ | ᠭᠤᠷᠪᠠᠨ ᠬᠦᠷᠢᠶ᠎ᠡ ᠶᠢ ᠳᠤᠷᠠᠰᠬᠠᠭᠰᠠᠨ︾ ᠠᠷᠪᠠᠨ ᠭᠤᠷᠪᠠᠨ ᠣᠪᠣᠭ᠎ᠠ ᠪᠤᠢ᠃ ᠪᠠᠰᠠ ᠪᠦᠭᠡ ᠮᠥᠷᠭᠦᠯ ᠤᠨ ᠨᠣᠮᠯᠠᠯ ᠳᠤ | ︽ᠠᠷᠪᠠᠨ ᠭᠤᠷᠪᠠᠨ ᠠᠲᠠᠭ᠎ᠠ ᠲᠡᠭᠷᠢ ᠳᠤ ᠪᠠᠨ ᠲᠠᠬᠢᠯᠭ᠎ᠠ ᠶᠢᠨ ᠮᠠᠨᠳᠤᠯ ᠪᠣᠰᠬᠠᠬᠤ︾ ᠭᠡᠵᠦ ᠠᠷᠪᠠᠨ ᠭᠤᠷᠪᠠᠨ ᠣᠪᠣᠭ᠎ᠠ | ᠪᠣᠰᠬᠠᠭᠰᠠᠨ ᠪᠠᠶᠢᠳᠠᠭ ᠶᠤᠮ᠃ ᠠᠷᠪᠠᠨ ᠭᠤᠷᠪᠠᠨ ᠠᠲᠠᠭ᠎ᠠ ᠲᠡᠭᠷᠢ ᠭᠡᠲᠡᠭ ᠨᠢ᠄ ᠳᠡᠭᠡᠳᠦ᠂ ᠳᠤᠮᠳᠠ᠂ ᠳᠣᠣᠷᠠᠳᠤ | ᠭᠤᠷᠪᠠᠨ ᠲᠡᠭᠷᠢ᠂ ᠤᠮᠠᠷᠠᠲᠤ ᠵᠦᠭ ᠤᠨ ᠭᠤᠷᠪᠠᠨ ᠲᠡᠭᠷᠢ᠂ ᠵᠡᠭᠦᠨ ᠬᠤᠶᠢᠨ᠎ᠠ᠂ ᠵᠡᠭᠦᠨ᠂ ᠵᠡᠭᠦᠨ ᠡᠮᠦᠨ᠎ᠡ᠂ ᠡᠮᠦᠨ᠎ᠡ᠂ | ᠪᠠᠷᠠᠭᠤᠨ᠂ ᠪᠠᠷᠠᠭᠤᠨ ᠬᠤᠶᠢᠨ᠎ᠠ ᠲᠤᠯᠤᠭᠠᠨ ᠲᠡᠭᠷᠢ ᠨᠡᠶᠢᠲᠡ ᠠᠷᠪᠠᠨ ᠭᠤᠷᠪᠠᠨ ᠲᠡᠭᠷᠢ ᠪᠣᠯᠣᠨ᠎ᠠ᠃ ᠠᠷᠪᠠᠨ ᠭᠤᠷᠪᠠᠨ | ᠣᠪᠣᠭᠠᠨ ᠤ ᠪᠠᠶᠢᠷᠢᠯᠠᠯ ᠳᠤ ᠶᠡᠭᠡ ᠣᠪᠣᠭ᠎ᠠ ᠪᠠᠨ ᠳᠠᠭᠠᠭᠤᠯᠵᠤ ᠠᠷᠪᠠᠨ ᠬᠤᠶᠠᠷ ᠱᠠᠪᠢ ᠣᠪᠣᠭ᠎ᠠ ᠶᠢ ᠬᠤᠶᠠᠷ | ᠲᠠᠯ᠎ᠠ ᠳᠤ ᠵᠢᠷᠭᠤᠭ᠎ᠠ ᠵᠢᠷᠭᠤᠭ᠎ᠠ ᠪᠠᠷ ᠨᠢᠭᠡ ᠮᠥᠷ ᠢᠶᠠᠷ ᠵᠢᠭᠰᠠᠭᠠᠨ ᠪᠣᠰᠬᠠᠳᠠᠭ ᠪᠤᠶᠤ ᠵᠠᠷᠢᠮ ᠭᠠᠵᠠᠷ ᠲᠤ ᠶᠡᠭᠡ | ᠣᠪᠣᠭ᠎ᠠ ᠪᠠᠨ ᠲᠣᠭᠤᠷᠢᠭᠤᠯᠤᠨ ᠠᠷᠪᠠᠨ ᠬᠤᠶᠠᠷ ᠱᠠᠪᠢ ᠣᠪᠣᠭ᠎ᠠ ᠪᠣᠰᠬᠠᠳᠠᠭ ᠴᠦ ᠪᠤᠢ᠃ | ᠬᠤᠷᠢᠨ ᠲᠤᠯᠤᠭᠠᠨ ᠣᠪᠣᠭ᠎ᠠ | ᠮᠣᠩᠭᠤᠯ ᠤᠯᠤᠰ ᠲᠠᠬᠢ ᠬᠡᠷᠦᠯᠦᠨ ᠤ ᠪᠠᠶᠠᠨ᠋ᠤ᠋ᠯᠠᠭᠠᠨ ᠤ ᠣᠷᠣᠢ ᠳᠡᠭᠡᠷᠡᠬᠢ ᠬᠠᠭᠠᠨ ᠣᠪᠣᠭ᠎ᠠ ᠨᠢ ᠬᠤᠷᠢᠨ | ᠲᠤᠯᠤᠭᠠᠨ ᠣᠪᠣᠭ᠎ᠠ ᠪᠣᠯᠣᠨ᠎ᠠ᠃ ᠭᠤᠣᠯ ᠣᠪᠣᠭᠠᠨ ᠤ ᠬᠤᠶᠠᠷ ᠲᠠᠯ᠎ᠠ ᠪᠠᠷ ᠠᠷᠪᠠᠨ ᠭᠤᠷᠪᠠᠨ ᠱᠠᠪᠢ ᠣᠪᠣᠭ᠎ᠠ ᠶᠢ | ᠨᠢᠭᠡ ᠮᠥᠷ ᠢᠶᠠᠷ ᠵᠢᠭᠰᠠᠭᠠᠵᠠᠢ᠃ ᠡᠨᠡ ᠨᠢ ᠴᠢᠩᠭᠢᠰ ᠬᠠᠭᠠᠨ ᠤ ᠬᠤᠷᠢᠨ ᠲᠤᠯᠤᠭᠠᠨ ᠨᠠᠰᠤᠨ ᠳᠡᠭᠡᠷ᠎ᠡ ᠬᠠᠭᠠᠨ | ᠰᠠᠭᠤᠬᠤ ᠳᠤ ᠪᠣᠰᠬᠠᠭᠰᠠᠨ ᠣᠪᠣᠭ᠎ᠠ ᠪᠠᠶᠢᠵᠠᠢ᠃ | ᠭᠤᠴᠢᠨ ᠭᠤᠷᠪᠠᠨ ᠣᠪᠣᠭ᠎ᠠ | ᠭᠤᠴᠢᠨ ᠭᠤᠷᠪᠠᠨ ᠲᠡᠭᠷᠢ ︵ᠡᠲᠦᠭᠡᠨ ᠡᠬᠡ︶ ᠶᠢ ᠰᠢᠲᠦᠵᠦ ᠪᠣᠰᠬᠠᠭᠰᠠᠨ᠂ ᠭᠤᠣᠯ ᠣᠪᠣᠭᠠᠨ ᠤ ᠲᠦᠷᠪᠠᠨ | ᠲᠠᠯ᠎ᠠ ᠳᠤ ᠨᠠᠢᠮᠠ ᠨᠠᠢᠮᠠᠨ ᠱᠠᠪᠢ ᠣᠪᠣᠭ᠎ᠠ ᠲᠠᠢ ᠭᠤᠴᠢᠨ ᠭᠤᠷᠪᠠᠨ ᠣᠪᠣᠭ᠎ᠠ ᠪᠠᠶᠢᠳᠠᠭ ᠶᠤᠮ᠃ ᠡᠶᠢᠮᠦ ᠣᠪᠣᠭ᠎ᠠ | ᠰᠢᠨᠵᠢᠶᠠᠩ ᠳᠠᠬᠢ ᠣᠶᠢᠷᠠᠳ ᠤᠨ ᠵᠠᠯᠮᠠᠨ ᠬᠠᠨ ᠤ ᠣᠷᠣᠢ ᠳᠤ᠂ ᠬᠠᠯᠬ᠎ᠠ ᠳᠠᠬᠢ ᠠᠯᠲᠠᠢ ᠶᠢᠨ ᠥᠭᠡᠯᠡᠳ ᠤᠨ ᠴᠠᠭᠠᠨ | ᠬᠠᠶᠢᠷᠬᠠᠨ ᠳᠡᠭᠡᠷ᠎ᠡ ᠪᠠᠶᠢᠳᠠᠭ ᠶᠤᠮ᠃ | ᠤᠯᠠᠨ ᠣᠪᠣᠭ᠎ᠠ | ᠵᠠᠬ᠎ᠠ ᠬᠢᠯᠢ ᠶᠢᠨ ᠲᠡᠮᠳᠡᠭ ᠣᠪᠣᠭ᠎ᠠ᠂ ᠭᠠᠴᠠᠭ᠎ᠠ ᠣᠪᠣᠭ᠎ᠠ᠂ ᠴᠡᠷᠢᠭ ᠲᠠᠶᠢᠨ ᠤ ᠲᠤᠬᠢᠶᠠᠨ ᠤ ᠭᠠᠯ ᠲᠠᠯᠪᠢᠳᠠᠭ | ᠣᠪᠣᠭ᠎ᠠ ᠬᠢᠭᠡᠳ ᠶᠠᠮᠠᠷ ᠨᠢᠭᠡᠨ ᠵᠦᠢᠯ ᠳᠤ ᠳᠠᠷᠤᠯᠭ᠎ᠠ ᠳᠠᠷᠤᠭᠰᠠᠨ ᠣᠪᠣᠭ᠎ᠠ ᠵᠡᠷᠭᠡ ᠨᠢ ᠭᠠᠵᠠᠷ ᠤᠨ ᠵᠠᠢ | ᠪᠠᠶᠢᠴᠠ ᠶᠢᠨ ᠬᠡᠮᠵᠢᠶ᠎ᠡ ᠪᠠᠷ ᠪᠣᠰᠬᠠᠭᠳᠠᠭᠰᠠᠨ ᠪᠥᠭᠡᠳ ᠲᠤᠭ᠎ᠠ ᠨᠢ ᠲᠣᠭᠲᠠᠭᠠᠯ ᠦᠭᠡᠢ ᠤᠯᠠᠨ ᠣᠪᠣᠭ᠎ᠠ ᠪᠠᠶᠢᠳᠠᠭ | ᠶᠤᠮ᠃ ᠲᠡᠭᠦᠨ ᠳᠤ ᠭᠤᠣᠯ ᠣᠪᠣᠭ᠎ᠠ᠂ ᠱᠠᠪᠢ ᠣᠪᠣᠭ᠎ᠠ ᠭᠡᠵᠦ ᠢᠯᠭᠠᠭᠳᠠᠬᠤ ᠶᠠᠭᠤᠮ᠎ᠠ ᠦᠭᠡᠢ᠃ ᠲᠠᠷᠬᠠᠨ | ᠮᠤᠤᠮᠢᠩᠭᠠᠨ ᠤ ᠤᠯᠠᠨ ᠰᠦᠮ᠎ᠡ ᠶᠢᠨ ᠪᠠᠭᠤᠷᠢ ᠠᠴᠠ ᠡᠮᠦᠨᠡᠰᠢ ᠨᠠᠢᠮᠠᠨ ᠭᠠᠵᠠᠷ ᠤᠨ ᠵᠠᠶᠢᠲᠠᠢ ᠠᠭᠤᠯᠠ ᠶᠢᠨ ᠣᠷᠣᠢ | ᠳᠡᠭᠡᠷ᠎ᠡ ᠭᠤᠴᠢᠨ ᠲᠠᠪᠤᠨ ᠬᠠᠷ᠎ᠠ ᠴᠢᠯᠠᠭᠤᠨ ᠣᠪᠣᠭ᠎ᠠ ᠪᠠᠶᠢᠳᠠᠭ ᠢ ᠶᠠᠭᠤᠨ ᠤ ᠣᠪᠣᠭ᠎ᠠ᠂ ᠶᠠᠭᠤᠨ ᠳᠤ ᠪᠣᠰᠬᠠᠭᠰᠠᠨ ᠢ | ᠬᠡᠨ ᠴᠦ ᠮᠡᠳᠡᠳᠡᠭ ᠦᠭᠡᠢ᠂ ᠠᠷᠠᠳ ᠤᠳ ᠤᠯᠠᠨ ᠬᠠᠷ᠎ᠠ ᠣᠪᠣᠭ᠎ᠠ ᠯᠡ ᠬᠡᠲᠡᠭ ᠶᠤᠮ᠃ | ᠣᠪᠣᠭ᠎ᠠ ᠪᠣᠰᠬᠠᠬᠤ ᠶᠣᠰᠣᠨ | ᠣᠪᠣᠭ᠎ᠠ ᠪᠣᠰᠬᠠᠬᠤ ᠳᠤ ᠣᠪᠣᠭᠠᠨ ᠤ ᠭᠠᠵᠠᠷ ᠢ ᠰᠣᠩᠭᠤᠬᠤ᠂ ᠣᠪᠣᠭᠠᠨ ᠤ ᠰᠠᠩ ᠳᠠᠷᠤᠬᠤ᠂ ᠣᠪᠣᠭ᠎ᠠ | ᠪᠠᠷᠢᠵᠤ ᠪᠣᠰᠬᠠᠬᠤ ᠵᠡᠷᠭᠡ ᠶᠠᠪᠤᠴᠠ ᠶᠢ ᠥᠩᠭᠡᠷᠡᠭᠡᠨ᠎ᠡ᠃ | ᠣᠪᠣᠭᠠᠨ ᠤ ᠭᠠᠵᠠᠷ ᠢ ᠰᠣᠩᠭᠤᠬᠤ | ᠣᠪᠣᠭ᠎ᠠ ᠪᠣᠰᠬᠠᠬᠤ ᠭᠠᠵᠠᠷ ᠢ ᠰᠢᠨᠵᠢᠨ ᠰᠣᠩᠭᠤᠬᠤ ᠪᠣᠯ ᠣᠪᠣᠭ᠎ᠠ ᠪᠣᠰᠬᠠᠬᠤ ᠶᠢᠨ ᠬᠠᠮᠤᠭ ᠤᠨ | ᠠᠩᠬᠠᠨ ᠤ ᠭᠦᠢᠴᠡᠳᠬᠡᠬᠦ ᠦᠢᠯᠡ ᠶᠠᠪᠤᠳᠠᠯ ᠪᠣᠯᠣᠨ᠎ᠠ᠃ | ᠠᠶᠢᠯ ᠤᠰᠤᠨ ᠤ ᠡᠩ ᠤᠨ ᠣᠪᠣᠭ᠎ᠠ ᠪᠣᠰᠬᠠᠬᠤ ᠳᠤ᠂ ᠬᠤᠲᠡ ᠤᠰᠤ ᠪᠠᠷ ᠢᠶᠠᠨ ᠬᠠᠮᠤᠭ ᠤᠨ ᠬᠦᠨᠳᠦᠲᠡᠢ | ᠨᠠᠰᠤᠲᠠᠢ ᠲᠣᠮᠣᠭᠠᠲᠠᠢ ᠬᠥᠮᠥᠨ ᠢᠶᠠᠷ ᠢᠶᠠᠨ ᠪᠠᠶᠢᠭᠠᠯᠢ ᠶᠢᠨ ᠦᠵᠡᠮᠵᠢ ᠰᠠᠶᠢᠬᠠᠨ᠂ ᠭᠠᠵᠠᠷ ᠤᠰᠤᠨ ᠤ ᠰᠢᠨᠵᠢ ᠪᠡᠯᠭᠡ | ᠲᠡᠭᠦᠰ ᠲᠤᠪᠤ ᠲᠣᠯᠣᠭᠠᠢ᠂ ᠠᠭᠤᠯᠠ ᠶᠢᠨ ᠣᠷᠣᠢ᠂ ᠪᠤᠯᠠᠭ ᠱᠠᠩᠳᠠ᠂ ᠨᠠᠭᠤᠷ ᠭᠤᠣᠯ ᠤᠨ ᠬᠦᠪᠡᠭᠡ᠂ ᠤᠢ ᠮᠣᠳᠣ᠂ | ᠡᠯᠡᠰᠦ ᠮᠠᠩᠬ᠎ᠠ ᠶᠢᠨ ᠰᠠᠶᠢᠬᠠᠨ ᠭᠠᠵᠠᠷ ᠢ ᠦᠵᠡᠭᠦᠯᠵᠦ ᠰᠣᠩᠭᠤᠭᠰᠠᠨ ᠤ ᠲᠠᠷᠠᠭ᠎ᠠ ᠣᠪᠣᠭ᠎ᠠ ᠪᠠᠨ ᠪᠣᠰᠬᠠᠳᠠᠭ ᠶᠤᠮ᠃ | ᠣᠪᠣᠭ ᠠᠶᠢᠮᠠᠭ ᠤᠨ ᠣᠪᠣᠭ᠎ᠠ ᠪᠣᠰᠬᠠᠬᠤ ᠳᠤ᠂ ᠡᠷᠲᠡ ᠦᠶ᠎ᠡ ᠳᠤ ᠪᠠᠨ ᠪᠦᠭᠡ ᠨᠠᠷ ᠤᠨ ᠮᠡᠷᠭᠡᠯᠡᠭᠰᠡᠨ | ᠲᠡᠭᠷᠢ ᠨᠠᠷ ᠤᠨ ᠪᠠᠭᠤᠳᠠᠭ ᠪᠤᠶᠤ ᠭᠠᠵᠠᠷ ᠤᠰᠤᠨ ᠤ ᠤᠩᠭᠤ ᠨᠠᠪᠳᠠᠭ ᠰᠠᠪᠳᠠᠭ ᠪᠠᠭᠤᠳᠠᠭ ᠡᠰᠡᠬᠦᠯ᠎ᠡ ᠣᠷᠣᠩᠨᠠᠭᠰᠠᠨ | ᠭᠠᠵᠠᠷ ᠬᠡᠮᠡᠭᠰᠡᠨ ᠠᠭᠤᠯᠠ ᠬᠠᠶᠢᠷᠬᠠᠨ ᠢ ᠰᠣᠩᠭᠤᠵᠤ᠂ ᠪᠦᠭᠡ ᠶᠢᠨ ᠢᠯᠳᠦ ᠪᠠ ᠲᠠᠶᠠᠭ ᠢᠶᠠᠷ ᠢᠶᠠᠨ ᠵᠢᠭᠠᠵᠤ | ᠵᠢᠷᠤᠭᠰᠠᠨ ᠭᠠᠵᠠᠷ ᠲᠤ ᠨᠢ ᠣᠪᠣᠭ᠎ᠠ ᠪᠠᠨ ᠪᠣᠰᠬᠠᠨ᠎ᠠ᠃ | ᠬᠤᠶᠠᠷ ᠬᠦᠷᠦᠨ ᠤ ᠬᠤᠭᠤᠷᠤᠨᠳᠤᠬᠢ ᠵᠠᠬ᠎ᠠ ᠬᠢᠯᠢ ᠶᠢᠨ ᠲᠡᠮᠳᠡᠭ ᠣᠪᠣᠭ᠎ᠠ ᠶᠢ ᠪᠣᠰᠬᠠᠬᠤ ᠳᠤ ᠤᠷᠢᠳ ᠢᠶᠠᠷ | ᠬᠤᠶᠠᠷ ᠲᠠᠯ᠎ᠠ ᠶᠢᠨ ᠬᠢᠯᠢ ᠬᠢᠵᠠᠭᠠᠷ ᠢ ᠬᠠᠮᠢᠶᠠᠷᠬᠤ ᠭᠠᠵᠠᠷ ᠤᠨ ᠠᠯᠪᠠᠨ ᠲᠤᠰᠢᠶᠠᠯᠲᠠᠨ ᠰᠠᠶᠢᠲᠤᠷ ᠬᠡᠯᠡᠯᠴᠡᠨ | ᠲᠣᠭᠲᠠᠵᠤ᠂ ᠠᠳᠠᠯᠢ ᠲᠣᠭᠠᠨ ᠤ ᠲᠦᠰᠢᠮᠡᠳ᠂ ᠬᠤᠶᠠᠭ ᠭᠠᠷᠭᠠᠵᠤ ᠬᠠᠮᠲᠤ ᠪᠠᠷ ᠬᠡᠮᠵᠢᠨ ᠪᠠᠶᠢᠴᠠᠭᠠᠵᠤ᠂ ᠣᠪᠣᠭ᠎ᠠ | ᠪᠣᠰᠬᠠᠬᠤ ᠭᠠᠵᠠᠷ ᠤᠨ ᠢᠶᠠᠨ ᠬᠡᠮᠵᠢᠶ᠎ᠡ᠂ ᠣᠪᠣᠭᠠᠨ ᠤ ᠪᠠᠨ ᠲᠤᠭ᠎ᠠ᠂ ᠬᠠᠷᠠᠭᠤᠯ ᠥᠷᠲᠡᠭᠡᠨ ᠤ ᠪᠠᠨ ᠨᠡᠷᠡᠰ ᠵᠡᠷᠭᠡ | ᠶᠠᠪᠤᠳᠠᠯ ᠢᠶᠠᠨ ᠬᠡᠯᠡᠯᠴᠡᠨ ᠲᠣᠭᠲᠠᠭᠰᠠᠨ ᠤ ᠲᠠᠷᠠᠭ᠎ᠠ ᠲᠣᠭᠲᠠᠭᠠᠭᠰᠠᠨ ᠡᠳᠦᠷ ᠰᠠᠷ᠎ᠠ ᠳᠤ ᠪᠠᠨ ᠵᠡᠷᠭᠡ ᠪᠠᠷ ᠣᠪᠣᠭ᠎ᠠ | ᠪᠠᠨ ᠪᠣᠰᠬᠠᠨ᠎ᠠ᠃ | ᠬᠤᠰᠢᠭᠤ᠂ ᠴᠢᠭᠤᠯᠭᠠᠨ ᠤ ᠵᠠᠬ᠎ᠠ ᠬᠢᠯᠢ ᠶᠢᠨ ᠲᠡᠮᠳᠡᠭ ᠣᠪᠣᠭ᠎ᠠ ᠶᠢ ᠬᠤᠯᠪᠣᠭᠳᠠᠯ ᠪᠦᠬᠦᠢ ᠬᠤᠰᠢᠭᠤ | ᠴᠢᠭᠤᠯᠭᠠᠨ ᠤ ᠨᠣᠶᠠᠳ ᠲᠦᠰᠢᠮᠡᠳ ᠬᠡᠯᠡᠯᠴᠡᠨ ᠲᠣᠭᠲᠠᠵᠤ᠂ ᠠᠳᠠᠯᠢ ᠲᠣᠭᠠᠨ ᠤ ᠲᠤᠰᠬᠠᠢ ᠠᠵᠢᠯ ᠤᠨ ᠮᠡᠷᠭᠡᠵᠢᠯ | ᠲᠠᠢ ᠬᠥᠮᠥᠰ ᠢ ᠲᠣᠮᠢᠯᠠᠨ ᠲᠣᠭᠲᠠᠭᠰᠠᠨ ᠭᠠᠵᠠᠷ ᠲᠤ ᠪᠠᠨ ᠣᠪᠣᠭ᠎ᠠ ᠪᠣᠰᠬᠠᠨ᠎ᠠ᠃ | ᠵᠠᠬ᠎ᠠ ᠬᠢᠯᠢ ᠶᠢᠨ ᠲᠡᠮᠳᠡᠭ ᠣᠪᠣᠭ᠎ᠠ ᠨᠢ᠂ ᠲᠤᠰ ᠲᠤᠰ ᠤᠨ ᠭᠠᠵᠠᠷ ᠨᠤᠲᠤᠭ ᠤᠨ ᠲᠡᠮᠳᠡᠭ ᠪᠤᠯᠳᠠᠭ ᠲᠤᠯᠠ᠂ | ᠠᠭᠤᠯᠠ ᠤᠰᠤᠨ ᠤ ᠪᠡᠯᠭᠡ ᠰᠢᠨᠵᠢ ᠶᠢ ᠳᠡᠮᠡᠢ ᠤᠪᠠᠶᠢᠯᠠᠬᠤ ᠦᠭᠡᠢ ᠪᠠᠷ ᠨᠤᠲᠤᠭ ᠤᠰᠤᠨ ᠤ ᠪᠠᠨ ᠵᠠᠬ᠎ᠠ ᠬᠦᠪᠡᠭᠡ | ᠶᠢ ᠳᠠᠭᠠᠭᠤᠯᠵᠤ ᠪᠣᠰᠬᠠᠳᠠᠭ ᠶᠤᠮ᠃ | ᠳᠤᠷᠠᠰᠬᠠᠯ ᠤᠨ ᠣᠪᠣᠭᠠᠨ ᠤ ᠨᠡᠯᠢᠶᠡᠳ ᠨᠢ᠂ ᠲᠥᠯᠭᠡᠴᠢ ᠪᠠ ᠯᠠᠮᠠ ᠬᠤᠸᠠᠷᠠᠭ ᠤᠨ ᠰᠢᠨᠵᠢᠭᠰᠡᠨ ᠭᠠᠵᠠᠷ | ᠴᠦ ᠪᠢᠰᠢ᠂ ᠨᠤᠲᠤᠭ ᠤᠨ ᠪᠤᠭᠤᠷᠤᠯᠴᠤᠳ ᠤᠨ ᠰᠣᠩᠭᠤᠭᠰᠠᠨ ᠣᠷᠣᠨ ᠴᠦ ᠪᠢᠰᠢ᠂ ᠲᠤᠬᠠᠢ ᠶᠢᠨ ᠭᠠᠵᠠᠷ ᠲᠤ ᠨᠢ | ᠲᠡᠦᠬᠡᠨ ᠳᠤ ᠴᠢᠬᠤᠯᠠ ᠨᠢᠭᠡ ᠦᠢᠯᠡ ᠶᠠᠪᠤᠳᠠᠯ ᠦᠨᠡᠨ ᠬᠦ ᠪᠤᠢ ᠪᠣᠯᠵᠤ ᠥᠩᠭᠡᠷᠡᠭᠰᠡᠨ ᠯᠡ ᠶᠤᠮ ᠪᠣᠯ ᠲᠡᠷᠡ ᠭᠠᠵᠠᠷ | ᠲᠤ ᠨᠢ ᠳᠤᠷᠠᠰᠬᠠᠯ ᠤᠨ ᠣᠪᠣᠭ᠎ᠠ ᠪᠣᠰᠬᠠᠳᠠᠭ ᠶᠤᠮ᠃ | ᠬᠠᠷᠢᠶᠠᠯ ᠤᠨ ᠣᠪᠣᠭ᠎ᠠ ᠪᠣᠯ ᠵᠦᠬᠡᠵᠦ ᠵᠠᠨᠤᠭᠰᠠᠨ ᠡᠲᠡᠭᠡᠳ ᠲᠤ ᠪᠠᠨ ᠠᠯᠢ ᠮᠠᠭᠤ ᠰᠢᠨᠵᠢ ᠲᠠᠢ ᠭᠠᠵᠠᠷ ᠢ | ᠰᠣᠩᠭᠤᠵᠤ ᠪᠣᠰᠬᠠᠨ᠎ᠠ᠃ | ᠰᠢᠯᠢ ᠶᠢᠨ ᠰᠠᠶᠢᠨ ᠡᠷᠡᠰ ᠤᠨ ᠣᠪᠣᠭ᠎ᠠ ᠨᠢ ᠴᠦ ᠪᠤᠷᠤᠭᠤ᠂ ᠬᠠᠵᠠᠭᠤ᠂ ᠲᠡᠯᠲᠡ ᠭᠠᠵᠠᠷ ᠢ ᠰᠣᠩᠭᠤᠵᠤ | ᠪᠣᠰᠬᠠᠳᠠᠭ ᠶᠤᠮ᠃ | ᠵᠢᠷᠤᠬᠠᠶᠢᠴᠢ ᠶᠢᠨ ᠵᠠᠷᠢᠮ ᠣᠪᠣᠭ᠎ᠠ ᠨᠢ ᠵᠢᠷᠤᠬᠠᠶᠢᠴᠢ ᠥᠪᠡᠷ ᠢᠶᠠᠨ ᠨᠠᠷ᠎ᠡ᠂ ᠰᠠᠯᠬᠢᠨ᠂ ᠪᠣᠷᠣᠭᠠᠨ᠂ ᠤᠳᠤᠨ | ᠭᠠᠷᠠᠭ ᠢ ᠰᠢᠨᠵᠢᠬᠦ ᠳᠤ ᠪᠣᠯᠤᠮᠠᠷ ᠬᠡᠮᠡᠭᠰᠡᠨ ᠭᠠᠵᠠᠷ ᠲᠤ ᠪᠠᠨ ᠣᠪᠣᠭ᠎ᠠ ᠪᠣᠰᠬᠠᠨ ᠰᠢᠨᠵᠢᠵᠦ ᠪᠠᠶᠢᠵᠠᠢ᠃ | ᠲᠠᠩᠭᠠᠷᠢᠭ ᠣᠪᠣᠭ᠎ᠠ ᠨᠢ ᠬᠠᠮᠢᠭ᠎ᠠ ᠶᠠᠮᠠᠷ ᠨᠢᠭᠡᠨ ᠤᠴᠢᠷ ᠢᠶᠠᠷ ᠠᠨᠳᠠᠭᠠᠶᠢᠯᠠᠵᠤ ᠲᠠᠩᠭᠠᠷᠢᠭᠯᠠᠭᠰᠠᠨ ᠶᠤᠮ | ᠪᠣᠯ ᠮᠥᠨ ᠯᠡ ᠲᠡᠷᠡ ᠭᠠᠵᠠᠷ ᠲᠤ ᠪᠠᠨ ᠣᠪᠣᠭ᠎ᠠ ᠪᠣᠰᠬᠠᠨ᠎ᠠ᠃ | ᠣᠪᠣᠭᠠᠨ ᠰᠠᠩ ᠳᠠᠷᠤᠬᠤ | ᠣᠪᠣᠭ᠎ᠠ ᠪᠣᠰᠬᠠᠬᠤ ᠶᠢᠨ ᠤᠷᠢᠳ ᠰᠠᠩ ᠳᠠᠷᠤᠬᠤ ᠶᠠᠪᠤᠳᠠᠯ ᠢ ᠭᠦᠢᠴᠡᠳᠬᠡᠨ᠎ᠡ᠃ ᠰᠠᠩ ᠳᠠᠷᠤᠬᠤ ᠶᠢ | ︽ᠱᠦᠩᠰᠢᠭ ᠳᠠᠷᠤᠬᠤ᠂ ᠷᠠᠮᠠᠨᠠᠶᠢᠯᠠᠬᠤ᠂ ᠪᠣᠮᠪᠤ ᠳᠠᠷᠤᠬᠤ︾ ᠭᠡᠬᠦ ᠮᠡᠲᠦ ᠪᠠᠷ ᠭᠠᠵᠠᠷ ᠭᠠᠵᠠᠷ ᠠᠳᠠᠯᠢ ᠦᠭᠡᠢ ᠨᠡᠷᠡᠯᠡᠳᠡᠭ᠃ | ᠣᠪᠣᠭᠠᠨ ᠰᠠᠩ ᠳᠠᠷᠤᠬᠤ ᠳᠤ ᠭᠠᠵᠠᠷ ᠤᠨ ᠳᠡᠭᠡᠷ᠎ᠡ ᠰᠠᠩ ᠳᠠᠷᠤᠬᠤ᠂ ᠭᠠᠵᠠᠷ ᠤᠨ ᠳᠣᠣᠷ᠎ᠠ ᠰᠠᠩ ᠳᠠᠷᠤᠬᠤ ᠭᠡᠵᠦ | ᠬᠤᠶᠠᠷ ᠵᠦᠢᠯ ᠪᠠᠶᠢᠳᠠᠭ ᠶᠤᠮ᠃ ᠭᠠᠵᠠᠷ ᠳᠡᠭᠡᠷ᠎ᠡ ᠰᠠᠩ ᠳᠠᠷᠤᠬᠤ ᠳᠤ ᠪᠠᠨ ᠠᠶᠢᠯ ᠤᠰᠤᠨ ᠤ ᠪᠠᠭ᠎ᠠ ᠰᠢᠭ᠋ ᠣᠪᠣᠭ᠎ᠠ | ᠪᠤᠶᠤ ᠵᠠᠷᠢᠮ ᠰᠤᠮᠤᠨ ᠤ ᠣᠪᠣᠭ᠎ᠠ ᠪᠠᠨ ᠯᠠᠮᠠ ᠪᠠᠷ ᠲᠠᠷᠨᠢᠳᠠᠭᠤᠯᠤᠭᠰᠠᠨ ᠲᠠᠪᠤᠨ ᠲᠠᠷᠢᠶᠠᠨ ᠦᠷ᠎ᠡ᠂ ᠮᠠᠯ ᠤᠨ ᠬᠡᠰᠢᠭ᠂ | ᠮᠠᠨᠢ ᠶᠢᠨ ᠦᠰᠦᠭ ᠲᠠᠢ ᠳᠠᠷᠴᠤᠭ ᠵᠡᠷᠭᠡ ᠶᠢ ᠴᠢᠯᠠᠭᠤᠨ ᠳᠤᠮᠳᠠ ᠪᠠᠨ ᠲᠠᠯᠪᠢᠴᠢᠬᠠᠭᠠᠳ ᠣᠪᠣᠭ᠎ᠠ ᠪᠠᠨ ᠪᠣᠰᠬᠠᠳᠠᠭ | ᠪᠠᠶᠢᠵᠠᠢ᠃ ᠭᠠᠵᠠᠷ ᠳᠣᠣᠷ᠎ᠠ ᠰᠠᠩ ᠳᠠᠷᠤᠬᠤ ᠬᠡᠲᠡᠭ ᠨᠢ ᠣᠪᠣᠭ᠎ᠠ ᠪᠣᠰᠬᠠᠬᠤ ᠭᠠᠵᠠᠷ ᠤᠨ ᠢᠶᠠᠨ ᠶᠠᠭ ᠭᠤᠣᠯ ᠳᠤᠮᠳᠠ | ᠳᠤ ᠨᠢ ᠪᠠᠭ᠎ᠠ ᠨᠦᠬᠡ ᠮᠠᠯᠲᠠᠵᠤ ᠱᠠᠭᠠᠵᠠᠩ ᠯᠣᠩᠬᠤᠨ ᠳᠣᠲᠣᠷ᠎ᠠ ᠠᠯᠳᠠ᠂ ᠮᠥᠩᠭᠦ᠂ ᠱᠢᠷᠦ᠂ ᠰᠤᠪᠤᠳ᠂ ᠣᠭ᠍ᠶᠤ᠂ ᠬᠠᠰ᠂ | ᠲᠠᠪᠤᠨ ᠲᠠᠷᠢᠶᠠᠨ ᠤ ᠦᠷ᠎ᠡ᠂ ᠲᠠᠪᠤᠨ ᠬᠤᠰᠢᠭᠤ ᠮᠠᠯ ᠤᠨ ᠲᠡᠯ᠂ ᠰᠡᠭᠦᠯ ᠤᠨ ᠬᠡᠰᠡᠭ ᠬᠢᠵᠦ ᠰᠠᠪᠠᠯᠠᠭᠠᠳ ᠠᠮᠠᠰᠠᠷ ᠢ | ᠨᠢ ᠲᠣᠷᠭᠠᠨ ᠬᠠᠳᠠᠭ ᠢᠶᠠᠷ ᠪᠢᠲᠡᠭᠦᠮᠵᠢᠯᠡᠨ ᠪᠣᠭᠤᠵᠤ᠂ ᠳᠡᠭᠡᠷ᠎ᠡ ᠨᠢ ᠮᠠᠨᠢ ᠶᠢᠨ ᠵᠢᠷᠭᠤᠭᠠᠨ ᠦᠰᠦᠭ ᠲᠠᠢ ᠴᠠᠭᠠᠰᠤ | ᠪᠤᠶᠤ ᠲᠣᠷᠭ᠎ᠠ ᠲᠠᠯᠪᠢᠨ ᠳᠠᠷᠤᠵᠤ᠂ ᠳᠡᠭᠡᠷ᠎ᠡ ᠨᠢ ᠣᠪᠣᠭ᠎ᠠ ᠪᠠᠨ ᠪᠣᠰᠬᠠᠨ᠎ᠠ᠃ | ᠣᠪᠣᠭ᠎ᠠ ᠪᠠᠷᠢᠵᠤ ᠪᠣᠰᠬᠠᠬᠤ | ᠪᠢ ᠠᠲᠡ ᠭᠠᠭᠴᠠ ᠬᠦ ᠴᠢᠯᠠᠭᠤᠨ ᠣᠪᠣᠭ᠎ᠠ ᠪᠣᠰᠬᠠᠬᠤ ᠪᠠᠷ ᠵᠢᠱᠢᠶᠡᠯᠡᠵᠦ ᠶᠠᠷᠢᠶ᠎ᠠ᠃ ᠣᠪᠣᠭᠠᠨ ᠰᠠᠩ | ᠳᠠᠷᠤᠬᠤ ᠵᠠᠩ ᠦᠢᠯᠡ ᠪᠠᠨ ᠭᠦᠢᠴᠡᠳᠬᠡᠪᠡᠯ ᠣᠪᠣᠭ᠎ᠠ ᠪᠣᠰᠬᠠᠬᠤ ᠠᠵᠢᠯ ᠵᠠᠯᠭᠠᠨ᠎ᠠ᠃ ᠰᠠᠩ ᠪᠦᠲᠦᠭᠡᠭᠰᠡᠨ ᠭᠠᠵᠠᠷ | ᠢᠶᠠᠨ ᠰᠠᠶᠢᠬᠠᠨ ᠲᠡᠭᠰᠢᠯᠡᠵᠦ ᠴᠢᠯᠠᠭᠤ ᠪᠠᠷ ᠵᠢᠷᠭᠤᠭ᠎ᠠ ᠪᠤᠶᠤ ᠨᠠᠢᠮᠠᠨ ᠬᠠᠨ᠎ᠠ ᠲᠠᠢ ᠮᠣᠩᠭᠤᠯ ᠭᠡᠷ ᠤᠨ ᠪᠠᠭᠤᠨ ᠤ | ᠬᠢᠷᠢ ᠲᠥᠭᠦᠷᠢᠭ ᠢᠶᠠᠷ ᠣᠪᠣᠭᠠᠨ ᠰᠠᠭᠤᠷᠢ ᠶᠢᠨ ᠴᠢᠯᠠᠭᠤ ᠪᠠᠨ ᠲᠠᠯᠪᠢᠭᠠᠳ ᠲᠡᠭ ᠭᠤᠣᠯ ᠳᠤ ᠨᠢ ᠲᠤᠭ ᠤᠨ ᠮᠣᠳᠣ | ︵ᠭᠤᠣᠯ ᠮᠣᠳᠣ᠂ ᠭᠠᠨᠵᠢᠷ᠎ᠠ ᠶᠢᠨ ᠡᠰᠢ᠂ ᠰᠦᠯᠳᠡ ᠶᠢᠨ ᠰᠢᠯᠪᠢ᠂ ᠣᠪᠣᠭᠠᠨ ᠮᠣᠳᠣ︶ ᠪᠠᠨ ᠴᠢᠯᠠᠭᠤ ᠰᠢᠷᠣᠢ ᠪᠠᠷ | ᠲᠣᠭᠲᠠᠭᠠᠵᠤ᠂ ᠰᠠᠭᠤᠷᠢ ᠶᠢᠨ ᠴᠢᠯᠠᠭᠤ ᠪᠠᠨ ᠵᠡᠷᠭᠡᠯᠡᠨ᠎ᠡ᠃ ᠪᠠᠶᠢᠳᠠᠯ ᠢ ᠦᠵᠡᠨ ᠶᠡᠭᠡ ᠪᠠᠭ᠎ᠠ ᠶᠢ ᠨᠢ ᠲᠣᠬᠢᠷᠠᠭᠤᠯᠤᠨ | ᠭᠤᠷᠪᠠᠨ ᠳᠡᠭᠲᠡᠷ ᠴᠢᠯᠠᠭᠤ ᠣᠪᠣᠭᠠᠯᠠᠵᠤ᠂ ᠳᠡᠭᠡᠷ᠎ᠡ ᠨᠢ ᠠᠷᠴᠠ ᠮᠣᠳᠣ ᠪᠠᠷ ᠲᠤᠭ ᠤᠨ ᠣᠷᠣᠢ ᠶᠢ ᠨᠢ ᠢᠯᠡ ᠭᠠᠷᠭᠠᠨ | ᠰᠢᠪᠡᠭᠡᠯᠡᠨᠡ᠃ ᠣᠪᠣᠭᠠᠨ ᠤ ᠨᠡᠶᠢᠲᠡ ᠥᠨᠳᠥᠷ ᠨᠢ ᠶᠢᠰᠦᠨ ᠲᠣᠬᠤᠢ ᠪᠤᠶᠤ ᠠᠷᠪᠠᠨ ᠭᠤᠷᠪᠠᠨ ᠲᠣᠬᠤᠢ ᠪᠣᠯ | ᠪᠣᠯᠴᠢᠬᠠᠨ᠎ᠠ᠃ ᠭᠡᠬᠦ ᠳᠤ ᠪᠠᠨ ᠣᠳᠣᠬᠠᠨ ᠤ ᠣᠪᠣᠭ᠎ᠠ ᠶᠢᠨ ᠬᠡᠳᠦᠢ ᠶᠡᠭᠡ᠂ ᠬᠡᠳᠦᠢ ᠥᠨᠳᠥᠷ ᠪᠣᠰᠬᠠᠬᠤ ᠨᠢ | ᠲᠣᠭᠲᠠᠭᠰᠠᠨ ᠳᠦᠷᠢᠮ ᠳᠤ ᠪᠠᠷᠢᠭᠳᠠᠬᠤ ᠪᠠᠨ ᠪᠣᠯᠢᠵᠠᠢ᠃ | ᠣᠪᠣᠭ᠎ᠠ ᠲᠠᠬᠢᠬᠤ ᠶᠣᠰᠣᠨ | ᠮᠣᠩᠭᠤᠯᠴᠤᠳ ᠤᠨ ᠡᠪᠦᠭᠡ ᠳᠡᠭᠡᠳᠦᠰ ᠡᠷᠲᠡ ᠢᠵᠠᠭᠤᠷ ᠠᠴᠠ ᠣᠪᠣᠭ᠎ᠠ ᠲᠠᠬᠢᠵᠦ ᠪᠠᠶᠢᠭᠰᠠᠨ ᠶᠤᠮ᠃ | ᠡᠶᠢᠮᠦ ᠠᠴᠠ ᠮᠣᠩᠭᠤᠯᠴᠤᠳ ᠤᠨ ᠣᠪᠣᠭᠠᠨ ᠳᠠᠬᠢᠯᠭᠠᠨ ᠳᠤ᠂ ᠪᠦᠭᠡ ᠮᠥᠷᠭᠦᠯ ᠤᠨ ᠪᠠ ᠯᠠᠮᠠ ᠶᠢᠨ ᠱᠠᠰᠢᠨ ᠤ ᠵᠠᠩ | ᠦᠢᠯᠡ ᠪᠣᠯᠣᠨ ᠠᠷᠠᠳ ᠤᠳ ᠤᠨ ᠥᠪᠡᠷ ᠤᠨ ᠬᠢᠨᠢ ᠳᠦᠷᠢᠮ ᠶᠣᠰᠣ ᠠᠯᠢᠨ ᠴᠦ ᠪᠠᠶᠢᠳᠠᠭ ᠶᠤᠮ᠃ ᠪᠢ ᠠᠲᠡ | ᠤᠯᠠᠨ ᠵᠦᠢᠯ ᠤᠨ ᠣᠪᠣᠭᠠᠨ ᠲᠠᠬᠢᠯᠭ᠎ᠠ ᠠᠴᠠ ᠬᠤᠰᠢᠭᠤ ᠲᠠᠬᠢᠬᠤ ᠶᠣᠰᠣᠨ ᠢᠶᠠᠷ ᠵᠢᠱᠢᠶ᠎ᠡ ᠪᠤᠯᠭᠠᠵᠦ ᠶᠠᠷᠢᠶ᠎ᠠ᠃ | ᠣᠯᠠᠩᠬᠢ ᠬᠤᠰᠢᠭᠤ ᠨᠤᠲᠤᠭ ᠤᠨ ᠬᠢᠨ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠᠨ ᠭᠤᠷᠪᠠᠨ ᠢ | ᠣᠪᠣᠭ᠎ᠠ ᠲᠠᠬᠢᠬᠤ ᠡᠳᠦᠷ ᠪᠤᠯᠭᠠᠭᠰᠡᠨ ᠨᠢ ᠵᠢᠷᠤᠬᠠᠢ ᠳᠤ ᠡᠨᠡ ᠡᠳᠦᠷ ᠣᠪᠣᠭ᠎ᠠ ᠲᠠᠬᠢᠪᠡᠯ ᠭᠠᠵᠠᠷ ᠯᠤᠤᠰ ᠪᠠᠶᠠᠰᠴᠤ | ᠬᠡᠰᠢᠭ ᠪᠤᠶᠠᠨ ᠦᠯᠡᠮᠵᠢ ᠬᠡᠮᠡᠭᠰᠡᠨ ᠭᠡᠨ᠎ᠡ᠃ ᠣᠪᠣᠭ᠎ᠠ ᠲᠠᠬᠢᠬᠤ ᠶᠢᠨ ᠡᠮᠦᠨ᠎ᠡ ᠣᠪᠣᠭ᠎ᠠ ᠪᠠᠨ ᠰᠢᠨᠡᠳᠬᠡᠨ ᠰᠡᠷᠭᠦᠭᠡᠵᠦ᠂ | ᠠᠷᠴᠠ ᠮᠣᠳᠣ ᠠᠪᠴᠢᠷᠠᠨ ᠰᠢᠨ᠎ᠡ ᠪᠠᠷ ᠰᠢᠪᠡᠭᠡᠯᠡᠨ ᠬᠡᠢ ᠮᠣᠷᠢ ᠳᠠᠷᠴᠤᠭ ᠢᠶᠠᠨ ᠰᠣᠯᠢᠵᠤ ᠰᠢᠨ᠎ᠡ ᠶᠢ ᠬᠡᠶᠢᠰᠬᠡᠨᠡ᠃ | ᠣᠪᠣᠭ᠎ᠠ ᠲᠠᠬᠢᠬᠤ ᠡᠳᠦᠷ ᠤᠨ ᠥᠷᠯᠥᠭᠡ᠂ ᠣᠪᠣᠭ᠎ᠠ ᠲᠠᠬᠢᠯᠭ᠎ᠠ ᠶᠢᠨ ᠡᠵᠡᠳ ᠪᠣᠯᠣᠨ ᠰᠠᠩ ᠤᠨ ᠯᠠᠮᠠ ᠨᠠᠷ | ᠤᠷᠭᠤᠬᠤ ᠨᠠᠷᠡᠨ ᠠᠴᠠ ᠡᠮᠦᠨ᠎ᠡ ᠣᠪᠣᠭᠠᠨ ᠤ ᠪᠠᠷᠠᠭᠤᠨ ᠲᠠᠯ᠎ᠠ ᠪᠤᠶᠤ ᠠᠷᠤ ᠲᠠᠯ᠎ᠠ ᠠᠴᠠ ᠭᠠᠷᠴᠤ ᠵᠠᠯᠪᠠᠷᠢᠨ ᠨᠠᠷᠡᠨ | ᠵᠥᠪ ᠢᠶᠠᠷ ᠨᠢᠭᠡ ᠡᠷᠭᠢᠳᠡᠭ ᠶᠤᠮ᠃ ᠢᠩᠭᠢᠭᠡᠳ ᠣᠪᠣᠭᠠᠨ ᠤ ᠳᠡᠭᠡᠵᠢ ᠡᠷᠭᠦᠳᠡᠭ ᠲᠠᠯᠪᠢᠭᠤᠷ ᠴᠢᠯᠠᠭᠤ ᠪᠤᠶᠤ | ᠡᠰᠡᠬᠦᠯ᠎ᠡ ᠲᠤᠰᠬᠠᠢ ᠠᠪᠴᠢᠷᠠᠵᠤ ᠲᠠᠯᠪᠢᠭᠰᠠᠨ ᠰᠢᠷᠡᠭᠡᠨ ᠳᠡᠭᠡᠷ᠎ᠡ᠂ ᠬᠤᠰᠢᠭᠤᠨ ᠤ ᠵᠠᠰᠠᠭ ᠤᠨ ᠭᠠᠵᠠᠷ ᠠᠴᠠ | ᠪᠡᠯᠡᠳᠬᠡᠭᠰᠡᠨ ᠬᠤᠶᠠᠷ ᠠᠴᠠ ᠨᠠᠢᠮᠠᠨ ᠥᠳᠬᠡ ᠪᠠᠨ ᠲᠠᠯᠪᠢᠵᠤ᠂ ᠡᠭᠦᠨ ᠤ ᠬᠤᠶᠠᠷ ᠲᠠᠯ᠎ᠠ ᠪᠠᠷ ᠠᠷᠠᠳ ᠤᠯᠠᠨ ᠤ | ᠡᠷᠭᠦᠭᠰᠡᠨ ᠴᠠᠭᠠᠨ ᠢᠲᠡᠭᠡ᠂ ᠪᠣᠣᠪᠤ ᠪᠤᠭᠤᠷᠰᠤᠭ᠂ ᠲᠣᠰᠣ ᠬᠤᠷᠤᠳ᠂ ᠠᠷᠢᠬᠢ ᠲᠡᠷᠡᠰᠦ᠂ ᠴᠢᠪᠠᠭ᠎ᠠ᠂ ᠦᠵᠦᠮ᠂ ᠰᠢᠬᠢᠷ | ᠪᠤᠷᠠᠮ᠂ ᠴᠠᠢ ᠵᠡᠷᠭᠡ ᠤᠯᠠᠭᠠᠨ᠂ ᠴᠠᠭᠠᠨ ᠢᠲᠡᠭᠡᠨ ᠢ ᠦᠷᠦᠵᠦ ᠲᠠᠯᠪᠢᠭᠰᠠᠨ ᠤ ᠲᠠᠷᠠᠭ᠎ᠠ᠂ ᠯᠠᠮᠠ ᠨᠠᠷ ᠠᠷᠴᠠ ᠬᠦᠵᠢᠰ | ᠰᠢᠲᠠᠭᠠᠵᠤ ᠠᠷᠢᠭᠤᠳᠬᠠᠯ ᠤᠨ ᠰᠠᠩ ᠤᠩᠰᠢᠵᠤ᠂ ᠡᠷᠭᠦᠭᠰᠡᠨ ᠠᠯᠢᠪᠠ ᠳᠡᠭᠡᠵᠢ ᠪᠠᠨ ᠠᠷᠢᠭᠤᠳᠬᠠᠵᠤ᠂ ᠭᠠᠵᠠᠷ ᠭᠠᠵᠠᠷ | ᠤᠨ ᠪᠠᠶᠢᠳᠠᠯ᠂ ᠬᠤᠰᠢᠭᠤ ᠬᠤᠰᠢᠭᠤᠨ ᠤ ᠪᠠᠨ ᠰᠢᠲᠦᠭᠰᠡᠨ ᠣᠪᠣᠭᠠᠨ ᠤ ᠰᠠᠬᠢᠭᠤᠯᠰᠤᠨ ᠤ ᠰᠠᠩ ᠢᠶᠠᠨ ᠤᠩᠰᠢᠳᠠᠭ | ᠶᠤᠮ᠃ ᠯᠠᠮᠠ ᠨᠠᠷ ᠨᠣᠮ ᠢᠶᠠᠨ ᠤᠩᠰᠢᠵᠤ ᠪᠠᠶᠢᠭᠠᠳ ᠲᠤᠩ ᠲᠠᠲᠠᠬᠤ᠂ ᠬᠤᠩᠬᠤ ᠳᠠᠮᠠᠷᠤ ᠳᠤᠤᠭᠠᠷᠭᠠᠬᠤ᠂ ᠭᠡᠩᠬᠡᠷᠡᠭᠡ | ᠴᠠᠩ ᠳᠡᠯᠡᠳᠴᠦ᠂ ᠪᠦᠷᠢᠶ᠎ᠡ ᠪᠢᠰᠬᠢᠭᠦᠷ ᠦᠯᠢᠶᠡᠬᠦ ᠳᠤ ᠵᠡᠷᠭᠡ ᠬᠡᠷᠬᠡᠮ ᠤᠨ ᠢᠯᠭᠠᠯ ᠦᠭᠡᠢ ᠬᠠᠷ᠎ᠠ ᠰᠢᠷ᠎ᠠ ᠤᠯᠠᠨ | ᠳᠠᠶᠠᠭᠠᠷ ᠣᠪᠣᠭᠠᠨ ᠵᠦᠭ ᠬᠠᠨᠳᠤᠵᠤ ᠬᠤᠷᠮᠣᠢ ᠪᠠᠨ ᠳᠡᠪᠢᠰᠴᠦ ᠨᠠᠮᠠᠨᠴᠢᠯᠠᠨ ᠭᠤᠷᠪᠠ ᠭᠤᠷᠪᠠ ᠶᠢᠰᠦᠨᠲᠡ | ᠮᠥᠷᠭᠦᠵᠡᠭᠡᠨᠡ᠃ ᠡᠭᠦᠨ ᠤ ᠲᠠᠷᠠᠭ᠎ᠠ᠂ ᠯᠠᠮᠠ ᠨᠠᠷ ᠣᠪᠣᠭᠠᠨ ᠰᠠᠴᠤᠯᠢ ᠶᠢᠨ ᠰᠠᠩ ᠤᠩᠰᠢᠬᠤ ᠳᠤ᠂ ᠲᠤᠰ ᠤᠳᠠᠭ᠎ᠠ | ᠶᠢᠨ ᠣᠪᠣᠭᠠᠨ ᠲᠠᠯᠠᠯᠭᠠᠨ ᠰᠤᠮᠤ ᠶᠢ ᠪᠠᠷᠢᠵᠤ ᠬᠤᠷᠤᠶᠢᠯᠠᠬᠤ ᠬᠥᠮᠥᠨ ᠮᠠᠩᠯᠠᠶᠢᠯᠠᠨ᠂ ᠤᠯᠠᠨ ᠢᠶᠠᠷ ᠢᠶᠠᠨ ᠲᠠᠭᠠᠵᠦ | ᠣᠪᠣᠭ᠎ᠠ ᠪᠠᠨ ᠭᠤᠷᠪᠠ ᠡᠷᠭᠢᠵᠦ ᠰᠠᠴᠤᠯᠢ ᠡᠷᠭᠦᠵᠦ ᠲᠡᠭᠦᠰᠬᠦ ᠦᠶ᠎ᠡ ᠳᠤ᠂ ᠬᠤᠪᠢ ᠬᠤᠪᠢ ᠪᠠᠷ ᠢᠶᠠᠨ ᠡᠷᠭᠦᠬᠦ ᠬᠠᠳᠠᠭ | ᠨᠢᠨᠳᠠᠷ ᠢᠶᠠᠨ ᠣᠪᠣᠭᠠᠨ ᠤ ᠲᠤᠭ ᠮᠣᠳᠣ᠂ ᠵᠠᠬ᠎ᠠ ᠬᠡᠢ ᠮᠣᠷᠢ᠂ ᠪᠤᠷᠭᠠᠰᠤ ᠵᠡᠷᠭᠡ ᠠᠴᠠ ᠵᠡᠭᠦᠵᠦ᠂ ᠲᠤᠰ ᠲᠤᠰ | ᠢᠶᠠᠷ ᠢᠶᠠᠨ ᠵᠠᠯᠪᠠᠷᠢᠨ ᠥᠪᠡᠷ ᠥᠪᠡᠷ ᠤᠨ ᠬᠦᠰᠡᠯ ᠢᠶᠠᠨ ᠳᠠᠭᠠᠳᠬᠠᠨ᠎ᠠ᠃ ᠡᠭᠦᠨ ᠤ ᠵᠡᠷᠭᠡᠴᠡᠭᠡ ᠪᠠᠷ ᠣᠪᠣᠭᠠᠨ ᠳᠤ | ᠰᠡᠲᠡᠷᠯᠡᠬᠦ ᠮᠣᠷᠢᠳ ᠢᠶᠠᠨ ᠰᠡᠲᠡᠷᠯᠡᠨᠡ᠃ ᠶᠡᠷᠦ ᠳᠤ ᠪᠠᠨ ᠰᠠᠭᠠᠷᠠᠯ ᠮᠣᠷᠢ᠂ ᠰᠠᠭᠠᠷᠠᠯ ᠠᠵᠢᠷᠭ᠎ᠠ ᠰᠡᠲᠡᠷᠯᠡᠳᠡᠭ ᠶᠤᠮ᠃ | ᠮᠣᠷᠢᠳ ᠢᠶᠠᠨ ᠰᠡᠲᠡᠷᠯᠡᠭᠰᠡᠨ ᠤ ᠲᠠᠷᠠᠭ᠎ᠠ᠂ ᠣᠪᠣᠭ᠎ᠠ ᠶᠢ ᠭᠤᠣᠯᠯᠠᠨ ᠲᠠᠬᠢᠬᠴᠢ ᠪᠠᠷᠠᠭᠤᠨ ᠭᠠᠷ ᠲᠤ ᠪᠠᠨ | ᠲᠠᠪᠤᠨ ᠥᠩᠭᠡ ᠶᠢᠨ ᠭᠬᠢᠪ ᠢᠶᠠᠷ ᠣᠷᠢᠶᠠᠭᠰᠠᠨ ᠲᠠᠯᠠᠯᠭᠠᠨ ᠰᠤᠮᠤ ᠪᠠᠷᠢᠵᠤ᠂ ᠣᠪᠣᠭᠠᠨ ᠡᠮᠦᠨ᠎ᠡ ᠠᠴᠠ ᠡᠬᠢᠯᠡᠨ ᠰᠤᠮᠤ | ᠪᠠᠷ ᠢᠶᠠᠨ ᠬᠤᠷᠤᠶᠢᠯᠠᠵᠤ ᠳᠠᠶᠠᠭᠠᠷ ᠢ ᠳᠠᠭᠠᠭᠤᠯᠵᠤ᠂ ᠣᠪᠣᠭ᠎ᠠ ᠪᠠᠨ ᠭᠤᠷᠪᠠ ᠡᠷᠭᠢᠵᠦ ᠳᠠᠯᠠᠯᠳᠠᠭ ᠶᠤᠮ᠃ | ᠲᠠᠯᠠᠯᠭ᠎ᠠ ᠲᠡᠭᠦᠰᠪᠡᠯ ᠣᠪᠣᠭ᠎ᠠ ᠲᠠᠬᠢᠬᠤ ᠶᠣᠰᠣ ᠲᠡᠭᠦᠰᠴᠢᠬᠡᠬᠦ ᠪᠣᠯᠣᠨ᠎ᠠ᠃ ᠲᠠᠯᠠᠯᠭ᠎ᠠ ᠲᠡᠭᠦᠰᠦᠭᠰᠡᠨ ᠤ | ᠲᠠᠷᠠᠭ᠎ᠠ ᠣᠪᠣᠭᠠᠨ ᠤ ᠳᠡᠭᠡᠵᠢ ᠪᠠᠨ ᠲᠡᠭᠡᠭᠰᠢᠯᠡᠭᠦᠯᠵᠦ᠂ ᠣᠪᠣᠭᠠᠨ ᠳᠤ ᠪᠠᠨ ᠬᠤᠨᠢᠨ ᠲᠣᠯᠣᠭᠠᠢ᠂ ᠤᠭᠤᠷᠠᠭ ᠰᠡᠭᠦᠯ᠂ | ᠬᠠ ᠮᠥᠴᠢ᠂ ᠰᠠᠷᠬᠤᠳ ᠴᠠᠭᠠᠨ ᠢᠲᠡᠭᠡᠨ ᠤ ᠳᠡᠭᠡᠵᠢ᠂ ᠪᠤᠭᠤᠷᠰᠤᠭ ᠵᠢᠮᠢᠰ ᠠᠴᠠ ᠦᠯᠡᠳᠡᠭᠡᠵᠦ ᠲᠠᠯᠪᠢᠭᠠᠳ᠂ ᠨᠠᠶᠢᠷ | ᠤᠨ ᠲᠠᠯᠠᠪᠠᠢ ᠶᠢᠨ ᠠᠵᠢᠯ ᠡᠬᠢᠯᠡᠵᠦ᠂ ᠡᠷ᠎ᠡ ᠶᠢᠨ ᠭᠤᠷᠪᠠᠨ ᠨᠠᠭᠠᠳᠤᠮ ᠤᠨ ᠤᠷᠤᠯᠳᠤᠭᠠᠨ ᠶᠠᠪᠤᠭᠳᠠᠭᠤᠯᠤᠨ᠎ᠠ᠃ | ᠣᠪᠣᠭᠠᠨ ᠤ ᠴᠡᠭᠡᠷ | ᠬᠠᠷᠢᠶᠠᠯ ᠤᠨ ᠣᠪᠣᠭ᠎ᠠ᠂ ᠲᠠᠩᠭᠠᠷᠢᠭ ᠣᠪᠣᠭ᠎ᠠ᠂ ᠪᠡᠯᠪᠡᠰᠦᠷᠡᠯ ᠤᠨ ᠣᠪᠣᠭᠠᠨ ᠳᠤ ᠴᠢᠯᠠᠭᠤ ᠨᠡᠮᠡᠳᠡᠭ ᠦᠭᠡᠢ᠃ | ᠬᠦᠷᠦᠨ ᠤᠯᠤᠰ ᠤᠨ ᠬᠤᠭᠤᠷᠣᠨᠳᠤ ᠬᠢᠯᠢ ᠶᠢᠨ ᠣᠪᠣᠭᠠᠨ ᠳᠤ ᠰᠤᠯᠠ ᠢᠷᠭᠡᠳ ᠴᠢᠯᠠᠭᠤ ᠨᠡᠮᠡᠬᠦ ᠪᠠᠶᠢᠲᠤᠭᠠᠢ | ᠣᠶᠢᠷᠠᠳᠬᠤ ᠶᠢ ᠬᠤᠷᠢᠭᠯᠠᠭᠰᠠᠨ ᠶᠣᠰᠣ ᠪᠠᠶᠢᠵᠠᠢ᠃ ᠠᠭᠤᠯᠠ ᠲᠤᠪᠤ᠂ ᠬᠡᠭᠡᠷ᠎ᠡ ᠲᠠᠯ᠎ᠠ ᠪᠠᠷ ᠪᠠᠶᠢᠬᠤ ᠡᠵᠡᠨ ᠦᠭᠡᠢ | ᠰᠤᠯᠠ ᠣᠪᠣᠭᠠᠨ ᠳᠤ ᠬᠡᠨ ᠴᠦ ᠴᠢᠯᠠᠭᠤ ᠨᠡᠮᠡᠳᠡᠭ ᠦᠭᠡᠢ᠃ | ᠲᠠᠬᠢᠯᠭᠠᠲᠤ ᠣᠪᠣᠭᠠᠨ ᠤ ᠡᠮᠦᠨᠡᠭᠦᠷ ᠤᠨᠤᠭ᠎ᠠ ᠲᠠᠢ ᠬᠥᠮᠥᠨ ᠥᠩᠭᠡᠷᠡᠵᠦ ᠪᠤᠯᠬᠤ ᠦᠭᠡᠢ᠂ ᠤᠨᠤᠭ᠎ᠠ ᠠᠴᠠ | ᠪᠠᠨ ᠪᠠᠭᠤᠳᠠᠭ᠃ ᠣᠪᠣᠭᠠᠨ ᠤ ᠣᠷᠴᠢᠮ ᠤᠨ ᠨᠠᠭᠤᠷ ᠤᠰᠤᠨ ᠳᠠᠬᠢ ᠵᠢᠭᠠᠰᠤ ᠵᠢᠷᠠᠭᠠᠬᠠᠢ᠂ ᠵᠢᠭᠦᠷᠲᠡᠨ᠂ ᠡᠯᠳᠡᠪ | ᠭᠥᠷᠥᠭᠡᠰᠦ ᠶᠢ ᠦᠷᠭᠦᠭᠡᠵᠦ ᠰᠣᠴᠢᠭᠠᠵᠤ᠂ ᠠᠩᠨᠠᠵᠤ ᠪᠤᠯᠬᠤ ᠦᠭᠡᠢ᠃ ᠤᠢ ᠮᠣᠳᠣ᠂ ᠡᠪᠡᠰᠦ ᠤᠷᠭᠤᠮᠠᠯ ᠢ ᠣᠭᠲᠣᠯᠵᠤ | ᠬᠠᠳᠤᠵᠤ ᠲᠠᠯᠬᠢᠬᠤ ᠶᠢ ᠴᠢᠩᠭ᠎ᠠ ᠬᠤᠷᠢᠭᠯᠠᠳᠠᠭ᠃ ᠣᠪᠣᠭᠠᠨ ᠬᠤᠷᠢᠮᠠᠯ ᠲᠠᠬᠢ ᠨᠠᠭᠤᠷ᠂ ᠪᠤᠯᠠᠭ ᠱᠠᠩᠳᠠ᠂ ᠭᠤᠣᠯ | ᠭᠤᠷᠤᠬ᠎ᠠ ᠳᠤ ᠪᠡᠶ᠎ᠡ ᠪᠠᠨ ᠤᠬᠢᠶᠠᠵᠤ᠂ ᠨᠠᠭᠠᠳᠴᠤ ᠲᠣᠭᠯᠠᠬᠤ᠂ ᠪᠡᠶ᠎ᠡ ᠵᠠᠰᠠᠬᠤ᠂ ᠡᠯᠳᠡᠪ ᠪᠤᠵᠠᠷ ᠪᠤᠷᠲᠠᠭ ᠶᠠᠭᠤᠮ᠎ᠠ | ᠬᠠᠶᠠᠵᠤ ᠬᠡᠬᠡᠬᠦ ᠶᠢ ᠴᠢᠩᠭ᠎ᠠ ᠴᠠᠭᠠᠵᠠᠯᠠᠨ ᠴᠡᠭᠡᠷᠯᠡᠳᠡᠭ᠃ ᠣᠪᠣᠭᠠᠨ ᠬᠠᠶᠢᠷᠬᠠᠨ ᠢᠶᠠᠨ ᠬᠦᠨᠳᠦᠳᠭᠡᠵᠦ ᠳᠡᠷᠭᠡᠳᠡ ᠨᠢ | ᠨᠡᠷ᠎ᠡ ᠶᠢ ᠨᠢ ᠬᠡᠯᠡᠬᠦ ᠠᠴᠠ ᠴᠡᠭᠡᠷᠯᠡᠳᠡᠭ᠃ ᠭᠡᠷ ᠲᠤ ᠨᠢ ᠬᠥᠮᠥᠨ ᠥᠩᠭᠡᠷᠡᠭᠡᠳ ᠳᠥᠴᠢ ᠶᠢᠰᠦ ᠬᠤᠨᠣᠭᠠᠳᠤᠢ ᠪᠣᠯ | ᠣᠪᠣᠭᠠᠨ ᠳᠤ ᠭᠠᠷᠭᠠᠳᠠᠭ ᠦᠭᠡᠢ᠃ ᠨᠡᠩ ᠴᠦ ᠣᠪᠣᠭᠠᠨ ᠳᠠᠬᠢᠯᠭᠠᠨ ᠳᠤ ᠣᠷᠣᠭᠤᠯᠳᠠᠭ ᠦᠭᠡᠢ᠃ | ᠬᠠᠯᠠᠭᠤᠨ ᠬᠠᠨᠢᠶᠠᠳᠤ ︵ᠬᠥᠯᠥᠰᠦ ᠲᠠᠢ ᠲᠣᠮᠣᠭᠤ︶ ᠵᠡᠷᠭᠡ ᠶᠢᠨ ᠬᠠᠯᠳᠠᠪᠦᠷᠢᠲᠦ ᠬᠢᠵᠢᠭ ᠡᠪᠡᠳᠴᠢᠨ | ᠳᠡᠯᠭᠡᠷᠡᠵᠦ ᠬᠥᠯ ᠬᠤᠷᠢᠭ᠍ᠰᠡᠨ ᠭᠠᠵᠠᠷ ᠤᠨ ᠲᠤᠮᠠᠭ ︵ᠲᠡᠮᠳᠡᠭ︶ ᠤᠨ ᠳᠣᠲᠣᠷ᠎ᠠ ᠮᠥᠷ ᠭᠠᠷᠭᠠᠭᠰᠠᠨ ᠬᠥᠮᠥᠨ ᠢ | ᠲᠠᠬᠢᠯᠭ᠎ᠠ ᠳᠤ ᠣᠷᠣᠬᠤ ᠶᠢ ᠴᠢᠩᠭ᠎ᠠ ᠴᠡᠭᠡᠷᠯᠡᠳᠡᠭ᠃ | ᠬᠤᠯᠠᠭᠠᠢ ᠬᠢᠭᠰᠡᠨ᠂ ᠬᠤᠳᠠᠯ ᠬᠡᠯᠡᠵᠦ᠂ ᠵᠠᠷᠭᠤ ᠵᠠᠭᠠᠯᠢᠬᠠᠢ ᠳᠤ ᠴᠢᠷᠦᠭᠳᠡᠭᠰᠡᠨ᠂ ᠶᠠᠮᠠᠷ ᠨᠢᠭᠡᠨ ᠶᠠᠯ᠎ᠠ ᠬᠢᠵᠦ | ᠶᠠᠮᠤᠨ ᠲᠠᠮᠠᠭ᠎ᠠ ᠶᠢᠨ ᠭᠠᠵᠠᠷ ᠲᠤ ᠡᠷᠡᠭᠦᠦ ᠶᠢᠨ ᠰᠢᠢᠳᠬᠡᠯ ᠬᠦᠷᠲᠡᠭᠰᠡᠳ ᠨᠢᠭᠡ ᠵᠢᠯ ᠤᠨ ᠳᠣᠲᠣᠷ᠎ᠠ ᠣᠪᠣᠭᠠᠨ | ᠳᠠᠬᠢᠯᠭᠠᠨ ᠳᠤ ᠣᠷᠣᠵᠤ ᠪᠤᠯᠬᠤ ᠦᠭᠡᠢ᠃ ᠣᠪᠣᠭᠠᠨ ᠤ ᠣᠶᠢᠷᠠᠬᠠᠨ ᠮᠠᠶᠢᠮᠠᠢ ᠱᠣᠣᠮᠠᠢ ᠬᠢᠵᠦ᠂ ᠬᠡᠷᠡᠭᠦᠯ ᠱᠤᠤᠭᠢᠶᠠᠨ | ᠳᠡᠭᠳᠡᠭᠡᠵᠦ᠂ ᠨᠣᠪᠰᠢ ᠲᠡᠳᠠᠨ ᠪᠤᠵᠠᠷ ᠪᠤᠷᠲᠠᠭ ᠪᠤᠯᠭᠠᠬᠤ ᠶᠢ ᠴᠡᠭᠡᠷᠯᠡᠳᠡᠭ ᠶᠤᠮ᠃ |