ᠲᠤᠭ ᠰᠦᠯᠳᠡ ᠶᠢᠨ ᠲᠠᠬᠢᠯᠭ᠎ᠠ ᠳᠤ ᠴᠢᠩᠭᠢᠰ ᠤᠨ ᠬᠠᠷ᠎ᠠ ᠰᠦᠯᠳᠡ ᠶᠢᠨ ᠲᠠᠬᠢᠯᠭ᠎ᠠ᠂ ᠬᠠᠰᠠᠷ ᠤᠨ ᠠᠯᠠᠭ | ᠰᠦᠯᠳᠡ ᠶᠢᠨ ᠲᠠᠬᠢᠯᠭ᠎ᠠ᠂ ᠶᠢᠰᠦᠨ ᠬᠥᠯᠲᠦ ᠴᠠᠭᠠᠨ ᠰᠦᠯᠳᠡ ᠶᠢᠨ ᠲᠠᠬᠢᠯᠭ᠎ᠠ ᠪᠠᠭᠲᠠᠨ᠎ᠠ᠃ | ᠬᠠᠷᠠᠭ᠎ᠠ ᠶᠡᠬᠡᠲᠦ ᠬᠠᠷ᠎ᠠ ᠰᠦᠯᠳᠡ ᠶᠢᠨ ᠲᠠᠬᠢᠯᠭ᠎ᠠ | ᠬᠠᠷᠠᠭ᠎ᠠ ᠶᠡᠬᠡᠲᠦ ᠬᠡᠲᠡᠭ ᠨᠢ ᠬᠤᠯᠠ ᠠᠴᠠ ᠬᠠᠷᠠᠭᠳᠠᠬᠤ ᠭᠡᠰᠡᠨ ᠤᠳᠬ᠎ᠠ ᠲᠠᠢ ᠶᠤᠮ᠃ ᠬᠠᠷ᠎ᠠ | ᠰᠦᠯᠳᠡ ᠶᠢᠨ ᠪᠦᠲᠦᠴᠡ ᠶᠢᠨ ᠣᠷᠣᠢ ᠶᠢᠨ ᠬᠢᠯᠪᠡᠷ ᠨᠢ ᠬᠤᠶᠠᠷ ᠬᠤᠷᠤᠭᠤ ᠬᠢᠷᠢ ᠥᠷᠭᠡᠨ᠂ ᠨᠢᠭᠡ ᠲᠣᠬᠤᠢ | ᠮᠣᠬᠤᠭᠤ ᠢᠷ ᠲᠠᠢ ᠵᠢᠲᠡ ᠶᠢᠨ ᠬᠡᠯᠪᠡᠷᠢ ᠲᠠᠢ ᠳᠣᠣᠷ᠎ᠠ ᠪᠠᠨ ᠣᠩᠭᠢ ᠲᠠᠢ ᠲᠡᠮᠦᠷ ᠡᠳ᠋ ᠶᠤᠮ᠃ ᠣᠩᠭᠢᠨ ᠤ ᠤᠷᠲᠦ | ᠨᠢ ᠲᠦᠷᠪᠠᠨ ᠢᠮᠠᠬᠤ ᠢᠯᠡᠭᠦᠦ ᠪᠠᠶᠢᠵᠤ᠂ ᠣᠩᠭᠢᠨ ᠤ ᠳᠣᠣᠷ᠎ᠠ ᠲᠠᠯ᠎ᠠ ᠶᠢᠨ ᠤᠭᠯᠠᠭᠤᠷᠭ᠎ᠠ ᠶᠢᠨ ᠨᠦᠭᠡᠨ ᠤ | ᠳ᠋ᠢᠶᠠᠮᠧᠲᠷ ᠨᠢ ᠨᠢᠭᠡ ᠢᠮᠠᠬᠤ ᠢᠯᠡᠭᠦᠦ ᠪᠠᠶᠢᠳᠠᠭ᠃ ᠣᠩᠭᠢᠨ ᠤ ᠳᠡᠭᠡᠷ᠎ᠡ ᠲᠠᠯ᠎ᠠ ᠳᠤ ᠮᠥᠩᠭᠦᠨ ᠲᠥᠭᠦᠷᠢᠭ ᠴᠠᠷ᠎ᠠ ᠶᠢ | ᠨᠦᠬᠡᠯᠡᠨ ᠲᠣᠭᠲᠠᠭᠠᠵᠠᠢ᠃ ᠴᠠᠷ᠎ᠠ ᠶᠢᠨ ᠳ᠋ᠢᠶᠠᠮᠧᠲᠷ ᠨᠢ ᠨᠢᠭᠡ ᠲᠣᠬᠤᠢ᠂ ᠴᠠᠷ᠎ᠠ ᠶᠢᠨ ᠬᠦᠪᠡᠭᠡ ᠪᠠᠷ ᠨᠢ ᠨᠠᠶᠠᠨ ᠨᠢᠭᠡᠨ | ᠪᠢᠴᠢᠬᠠᠨ ᠨᠦᠬᠡ ᠭᠠᠷᠭᠠᠵᠠᠢ᠃ ᠡᠭᠦᠨ ᠠᠴᠠ ᠪᠠᠨ ᠭᠤᠷᠪᠠᠨ ᠲᠥᠭᠡ ᠲᠦᠷᠪᠠᠨ ᠬᠤᠷᠤᠭᠤ ᠤᠷᠲᠦ ᠬᠡᠭᠡᠷ | ᠠᠵᠢᠷᠭᠠᠨ ᠤ ᠲᠡᠯ ᠢ ᠤᠩᠭᠤᠨ ᠢᠮᠠᠭᠠᠨ ᠲᠠᠰᠠᠮ᠎ᠠ ᠪᠠᠷ ᠰᠦᠯᠵᠢᠨ ᠤᠨᠵᠠᠶᠢᠯᠭᠠᠵᠠᠢ᠃ ᠡᠭᠦᠨ ᠢ ᠬᠦᠬᠦᠯ ᠬᠡᠲᠡᠭ᠃ | ᠬᠠᠷ᠎ᠠ ᠰᠦᠯᠳᠡ ᠶᠢᠨ ᠲᠠᠬᠢᠯᠭ᠎ᠠ ᠶᠢ ᠪᠢᠯᠢᠭ ᠤᠨ ᠤᠯᠠᠷᠢᠯ ᠤᠨ ᠳᠣᠯᠣᠳᠤᠭᠠᠷ ᠰᠠᠷ᠎ᠠ ᠶᠢᠨ ᠠᠷᠪᠠᠨ | ᠲᠦᠷᠪᠠᠨ᠋ ᠤ ᠡᠳᠦᠷ ᠶᠠᠪᠤᠭᠳᠠᠭᠤᠯᠳᠠᠭ ᠶᠤᠮ᠃ ᠲᠠᠬᠢᠯᠭ᠎ᠠ ᠡᠬᠢᠯᠡᠮᠡᠭᠴᠡ ︽ᠢᠮᠠᠭ᠎ᠠ ᠰᠢᠭᠦᠬᠦ︾ ᠶᠣᠰᠣᠯᠠᠯ ᠶᠠᠪᠤᠭᠤᠯᠳᠠᠭ᠃ | ᠨᠢᠭᠡ ᠤᠩᠭᠤᠨ ᠬᠠᠷ᠎ᠠ ᠢᠮᠠᠭ᠎ᠠ ᠶᠢ ᠬᠠᠷ᠎ᠠ ᠢᠰᠡᠭᠡᠢ ᠳᠡᠭᠡᠷ᠎ᠡ ᠤᠨᠠᠭᠠᠵᠤ᠂ ᠵᠠᠷᠤᠴᠠ ᠬᠥᠯ ᠢ ᠨᠢ ᠴᠢᠩᠭᠠᠭᠠᠵᠤ᠂ | ᠮᠡᠳᠡᠭᠡᠴᠢᠨ ᠠᠮᠠ ᠶᠢ ᠨᠢ ᠠᠳᠬᠤᠵᠤ᠂ ᠰᠠᠶᠢᠨ ᠡᠷ᠎ᠡ ᠥᠷᠥᠴᠡᠯᠡᠵᠦ ᠭᠤᠣᠯ ᠢ ᠨᠢ ᠲᠠᠰᠤᠯᠤᠮᠠᠭᠴᠠ ᠪᠠᠰᠠ ᠨᠢᠭᠡ | ᠵᠠᠷᠤᠴᠠ ᠠᠷᠠᠰᠤ ᠶᠢ ᠨᠢ ᠥᠪᠴᠢᠵᠦ᠂ ᠲᠦᠷᠪᠠᠨ ᠰᠢᠭᠢᠷ᠎ᠡ ᠲᠠᠢ ᠠᠷᠠᠰᠤ ᠶᠢ ᠨᠢ ᠰᠠᠩ ᠤᠨ ᠦᠷᠦᠭᠡ ᠳᠡᠭᠡᠨ ᠡᠯᠭᠦᠨ᠎ᠡ᠃ | ᠮᠢᠬ᠎ᠠ ᠪᠠᠷ ᠨᠢ ᠥᠳᠬᠡ ᠪᠡᠯᠡᠳᠬᠡᠵᠦ ᠵᠤᠯᠠ ᠡᠷᠭᠦᠭᠡᠳ ᠰᠠᠩ ᠲᠠᠯᠪᠢᠵᠤ ᠤᠩᠰᠢᠯᠭ᠎ᠠ ᠬᠢᠵᠦ ᠬᠡᠷᠬᠡᠮᠲᠡᠨ | ᠲᠡᠷᠢᠭᠦᠯᠡᠨ ᠡᠨᠡ ᠠᠷᠡᠰᠦᠨ᠋ ᠳᠠᠭᠠᠨ ᠮᠥᠷᠭᠦᠵᠦ ᠲᠠᠬᠢᠯᠭ᠎ᠠ ᠬᠢᠳᠡᠭ᠃ ᠡᠨᠡ ᠶᠣᠰᠣᠯᠠᠯ ᠪᠣᠯ ᠦᠨᠡᠨ ᠳᠡᠭᠡᠨ | ᠢᠵᠠᠭᠤᠷ ᠤᠨ ᠬᠠᠷ᠎ᠠ ᠲᠤᠭ ᠢᠶᠠᠨ ᠲᠠᠬᠢᠵᠦ ᠪᠠᠶᠢᠭ᠎ᠠ ᠤᠴᠢᠷ ᠪᠣᠯᠣᠨ᠎ᠠ᠃ ᠢᠩᠭᠢᠵᠦ ᠪᠠᠷᠠᠭᠠᠳ ᠲᠠᠬᠢᠯᠭᠠᠴᠢᠨ ᠠᠴᠠ | ᠰᠠᠷᠬᠤᠳ ᠲᠤ ᠳᠡᠪᠲᠦᠭᠡᠭᠰᠡᠨ ᠬᠠᠳᠠᠭ ᠢᠶᠠᠷ ᠰᠦᠯᠳᠡ ᠶᠢᠨ ᠬᠢᠯᠪᠡᠷ᠂ ᠴᠠᠷ᠎ᠠ ᠵᠡᠷᠭᠡ ᠶᠢ ᠠᠷᠢᠭᠤᠳᠬᠠᠨ ᠴᠡᠪᠡᠷᠯᠡᠵᠦ᠂ | ᠬᠦᠬᠦᠯ ᠢ ᠨᠢ ᠰᠢᠨᠡᠳᠬᠡᠨ ᠤᠭ ᠣᠷᠣᠨ ᠳᠤᠨᠢ ᠪᠠᠬᠢᠯᠡᠵᠦ ᠲᠠᠯᠪᠢᠨ᠎ᠠ᠃ | ᠬᠠᠷ᠎ᠠ ᠰᠦᠯᠳᠡ ᠶᠢ ᠲᠣᠭᠰᠢᠭᠤᠯᠬᠤ ᠲᠠᠬᠢᠯᠭ᠎ᠠ ᠶᠢ ᠯᠤᠤ ᠵᠢᠯ ᠲᠣᠬᠢᠶᠠᠯᠳᠤᠬᠤ ᠪᠦᠷᠢ ᠶᠠᠪᠤᠭᠳᠠᠭᠤᠯᠤᠨ᠎ᠠ᠃ | ᠲᠠᠬᠢᠯᠭ᠎ᠠ ᠶᠢᠨ ᠶᠣᠰᠣ ᠭᠤᠷᠢᠮ ᠨᠢ ᠪᠠᠷᠤᠭ ᠠᠳᠠᠯᠢᠬᠠᠨ᠂ ᠭᠠᠭᠴᠠ ᠬᠦ ᠠᠳᠠᠯᠢ ᠦᠭᠡᠢ ᠨᠢ ᠲᠦᠷᠪᠠᠨ ᠬᠥᠮᠥᠨ | ᠬᠥᠯ ᠢᠶᠠᠨ ᠲᠡᠭᠡᠭᠯᠡᠵᠦ ᠪᠦᠷᠭᠦᠳ ᠰᠢᠪᠠᠭᠤ ᠰᠢᠭ᠋ ᠳᠠᠯᠢᠵᠤ ᠰᠦᠯᠳᠡ ᠪᠠᠨ ᠪᠠᠷᠢᠨ ᠲᠠᠬᠢᠯᠭ᠎ᠠ ᠶᠢᠨ ᠰᠢᠷᠡᠭᠡᠨ ᠳᠡᠭᠡᠷ᠎ᠡ | ᠲᠣᠭᠰᠢᠭᠤᠯᠤᠨᠠ᠃ ᠬᠠᠷ᠎ᠠ ᠰᠦᠯᠳᠡ ᠪᠣᠯ ᠮᠣᠩᠭᠤᠯᠴᠤᠳ ᠤᠨ ᠴᠡᠷᠢᠭ ᠡᠷ᠎ᠡ ᠶᠢᠨ ᠲᠤᠭ ᠪᠠᠶᠢᠵᠤ᠂ ᠴᠡᠷᠢᠭ ᠡᠷᠡᠴᠦᠳ | ᠲᠠᠬᠢᠳᠠᠭ ᠪᠣᠯᠬᠤᠷ ᠡᠮᠡᠭᠲᠡᠶᠢᠴᠦᠳ ᠢ ᠬᠠᠷ᠎ᠠ ᠰᠦᠯᠳᠡ ᠲᠣᠭᠰᠢᠭᠤᠯᠬᠤ ᠲᠠᠬᠢᠯᠭ᠎ᠠ ᠳᠤ ᠣᠷᠣᠯᠴᠠᠭᠤᠯᠳᠠᠭ ᠦᠭᠡᠢ᠃ | ᠤᠴᠢᠷ ᠨᠢ ᠰᠦᠯᠳᠡ ᠲᠣᠭᠰᠢᠭᠤᠯᠬᠤ ᠳᠤ ᠴᠢᠰᠤ ᠨᠥᠵᠢ ᠰᠠᠴᠤᠵᠤ ᠠᠯᠠᠵᠤ ᠨᠢᠲᠤᠯᠬᠤ ᠦᠢᠯᠠ ᠲᠠᠢ ᠲᠤᠯᠠ | ᠡᠮᠡᠭᠲᠡᠢ ᠬᠥᠮᠥᠨ ᠪᠦᠬᠦᠨ ︽ᠡᠬᠡ ᠪᠣᠯᠣᠭᠰᠠᠳ︾ ᠪᠣᠯᠬᠤᠷ ᠥᠷᠥ ᠵᠥᠭᠡᠯᠡᠨ ᠰᠡᠳᠬᠢᠯ ᠲᠠᠢ ᠪᠠᠶᠢᠵᠤ᠂ ᠤᠶᠠᠷᠠᠵᠤ | ᠭᠤᠳᠤᠷᠠᠳᠠᠭ᠃ ᠦᠬᠦᠭᠰᠡᠨ ᠬᠥᠮᠥᠨ ᠭᠠᠷᠭᠠᠭᠰᠠᠨ᠂ ᠡᠪᠡᠳᠴᠢᠨ ᠲᠣᠮᠣᠭᠤ ᠳᠤ ᠨᠡᠷᠪᠡᠭᠳᠡᠭᠰᠡᠨ᠂ ᠬᠡᠷᠡᠭ ᠡᠷᠭᠢᠭᠦᠦ ᠳᠤ | ᠥᠷᠲᠥᠭᠰᠡᠨ ᠬᠥᠮᠥᠨ ᠢ ᠲᠠᠬᠢᠯᠭ᠎ᠠ ᠳᠤ ᠣᠷᠣᠯᠴᠠᠭᠤᠯᠳᠠᠭ ᠦᠭᠡᠢ ᠪᠢᠯᠡ᠃ | ᠬᠠᠰᠠᠷ ᠤᠨ ᠠᠯᠠᠭ ᠰᠦᠯᠳᠡ ᠶᠢᠨ ᠲᠠᠬᠢᠯᠭ᠎ᠠ | ᠬᠠᠰᠠᠷ ᠤᠨ ᠠᠯᠠᠭ ᠰᠦᠯᠳᠡ ᠪᠣᠯ ᠮᠣᠩᠭᠤᠯ ᠤᠨ ᠭᠤᠷᠪᠠᠨ ᠲᠤᠭ ᠰᠦᠯᠳᠡ ᠶᠢᠨ ᠨᠢᠭᠡ ᠨᠢ ᠶᠤᠮ᠂ | ᠰᠦᠯᠳᠡ ᠶᠢᠨ ᠬᠡᠯᠪᠡᠷᠢ ᠨᠢ ᠶᠡᠭᠡ ᠲᠥᠯᠥᠪ ᠳᠡᠭᠡᠨ ᠬᠠᠷ᠎ᠠ ᠰᠦᠯᠳᠡ ᠲᠠᠢ ᠠᠳᠠᠯᠢ ᠪᠤᠯᠪᠠᠴᠦ ᠰᠦᠯᠳᠡ ᠶᠢᠨ ᠬᠦᠬᠦᠯ ᠢ | ᠮᠤᠷᠢᠨ᠋ ᠤ ᠬᠠᠷ᠎ᠠ ᠴᠠᠭᠠᠨ ᠲᠡᠯ ᠢᠶᠠᠷ ᠬᠢᠭᠰᠡᠨ ᠤᠴᠢᠷ ᠠᠴᠠ ᠠᠯᠠᠭ ᠰᠦᠯᠳᠡ ᠭᠡᠵᠡᠢ᠃ ᠠᠯᠠᠭ ᠰᠦᠯᠳᠡ ᠶᠢ | ᠶᠡᠷᠦ ᠳᠡᠭᠡᠨ ᠬᠠᠰᠠᠷ ᠤᠨ ᠠᠯᠠᠭ ᠰᠦᠯᠳᠡ ᠬᠡᠲᠡᠭ᠃ ᠬᠠᠰᠠᠷ ᠤᠨ ᠠᠯᠠᠭ ᠰᠦᠯᠳᠡ ᠪᠣᠯ ᠬᠠᠰᠠᠷ ᠤᠨ ᠡᠷᠬᠡ ᠰᠦᠷ᠂ | ᠬᠦᠴᠦᠨ ᠴᠢᠳᠠᠯ ᠲᠡᠷᠢᠭᠦᠲᠡᠨ ᠢ ᠲᠥᠯᠥᠭᠡᠯᠡᠬᠦ ᠰᠦᠯᠳᠡ ᠰᠢᠲᠦᠭᠡᠨ ᠪᠣᠯᠣᠨ᠎ᠠ᠃ ᠴᠢᠩᠭᠢᠰ ᠬᠠᠭᠠᠨ ᠬᠠᠷᠠᠭ᠎ᠠ ᠶᠡᠬᠡᠲᠦ | ᠬᠠᠷ᠎ᠠ ᠰᠦᠯᠳᠡ ᠪᠠᠨ ᠡᠷᠭᠦᠨ ᠮᠣᠷᠳᠠᠬᠤ ᠳᠤ ᠠᠷᠤ ᠠᠴᠠ ᠨᠢ ᠬᠠᠰᠠᠷ ᠠᠯᠠᠭ ᠰᠦᠯᠳᠡ ᠪᠠᠨ ᠮᠠᠨᠳᠤᠭᠤᠯᠤᠨ | ᠴᠡᠷᠢᠭ ᠢᠶᠠᠨ ᠲᠠᠶᠢᠴᠢᠯᠠᠨ ᠤᠷᠤᠭᠰᠢᠯᠠᠳᠠᠭ ᠭᠡᠵᠦ ᠬᠡᠯᠡᠳᠡᠭ ᠶᠤᠮ᠃ ᠠᠯᠠᠭ ᠰᠦᠯᠳᠡ ᠶᠢᠨ ᠬᠢᠯᠪᠡᠷ ᠤᠨ ᠬᠠᠪᠲᠠᠭᠠᠢ | ᠲᠠᠯ᠎ᠠ ᠳᠤ ᠲᠤᠯᠤᠭᠠᠨ ᠪᠤᠷᠬᠠᠨ ᠤᠳᠤ ᠶᠢᠨ ᠳᠦᠷᠰᠦ ᠶᠢ ᠮᠥᠩᠭᠦ ᠪᠠᠷ ᠰᠢᠭᠢᠳᠬᠡᠨ ᠤᠷᠠᠯᠠᠵᠠᠢ᠃ ᠲᠤᠯᠤᠭᠠᠨ ᠪᠤᠷᠬᠠᠨ | ᠤᠳᠤ ᠪᠣᠯ ᠭᠤᠴᠢᠨ ᠭᠤᠷᠪᠠᠨ ᠲᠡᠭᠷᠢ ᠶᠢᠨ ᠨᠢᠭᠡ ᠨᠢ ᠪᠣᠯᠣᠨ᠎ᠠ᠃ ︽ᠠᠲᠠᠭ᠎ᠠ ᠲᠡᠭᠷᠢ︾ ᠶᠢ ᠰᠢᠲᠦᠭᠴᠢᠳ ᠴᠥᠮ | ᠲᠤᠯᠤᠭᠠᠨ ᠪᠤᠷᠬᠠᠨ ᠤᠳᠤᠨ ᠢ ᠰᠢᠲᠦᠳᠡᠭ᠃ | ᠠᠯᠠᠭ ᠰᠦᠯᠳᠡ ᠶᠢ ᠪᠠᠷᠰ ᠵᠢᠯ ᠲᠣᠭᠰᠢᠭᠤᠯᠳᠠᠭ ᠪᠥᠭᠡᠳ ᠲᠣᠭᠰᠢᠭᠤᠯᠬᠤ ᠳᠠᠭᠠᠨ ᠠᠯᠠᠭ ᠰᠦᠯᠳᠡ ᠶᠢᠨ | ᠡᠰᠢᠨ ᠳᠤ ᠮᠢᠩᠭᠠᠨ ᠪᠢᠯᠢᠭᠦᠨ ᠤᠷᠠᠯᠠᠭᠰᠠᠨ ᠳᠤᠭᠲᠤᠢ ᠬᠢᠳᠡᠭ᠃ ᠪᠢᠯᠢᠭᠦᠨ ᠬᠡᠲᠡᠭ ᠨᠢ ᠨᠢᠳᠦ ᠶᠢᠨ ᠬᠦᠨᠳᠦᠳᠬᠡᠯ | ᠶᠤᠮ᠃ ᠠᠯᠠᠭ ᠰᠦᠯᠳᠡ ᠶᠢ ᠪᠠᠷᠰ ᠵᠢᠯ ᠤᠨ ᠡᠪᠦᠯ ᠤᠨ ᠳᠤᠮᠳᠠ ᠰᠠᠷ᠎ᠠ ᠶᠢᠨ ᠭᠤᠷᠪᠠᠨ ᠳᠤ ᠲᠣᠭᠰᠢᠭᠤᠯᠵᠤ | ᠲᠠᠬᠢᠳᠠᠭ᠃ ᠮᠣᠩᠭᠤᠯᠴᠤᠳ ᠠᠴᠠ ᠪᠤᠰᠤᠳ ᠦᠨᠳᠦᠰᠦᠲᠡᠨ ᠲᠤᠰ ᠲᠠᠬᠢᠯᠭ᠎ᠠ ᠶᠢᠨ ᠦᠢᠯᠠ ᠳᠤ ᠣᠷᠣᠯᠴᠠᠳᠠᠭ ᠦᠭᠡᠢ᠃ | ᠰᠦᠯᠳᠡ ᠲᠣᠭᠰᠢᠭᠤᠯᠵᠤ ᠪᠠᠷᠠᠮᠠᠭᠴᠠ ᠤᠯᠠᠨ ᠢᠶᠠᠷ ᠢᠶᠠᠨ ᠬᠤᠮᠣᠷᠭᠠᠨ ᠠᠪᠠ ᠬᠢᠵᠦ᠂ ᠵᠡᠭᠡᠷ᠎ᠡ ᠪᠤᠶᠤ ᠲᠠᠤᠯᠠᠢ | ᠠᠯᠠᠵᠤ ᠰᠦᠯᠳᠡ ᠳᠡᠭᠡᠨ ᠪᠣᠷᠣ ᠭᠥᠷᠥᠭᠡᠰᠦᠨ ᠤ ᠥᠳᠬᠡ ᠶᠢᠨ ᠲᠠᠬᠢᠯᠭ᠎ᠠ ᠬᠢᠳᠡᠭ᠃ | ᠶᠢᠰᠦᠨ ᠬᠥᠯᠲᠦ ᠴᠠᠭᠠᠨ ᠰᠦᠯᠳᠡ ᠶᠢᠨ ᠲᠠᠬᠢᠯᠭ᠎ᠠ | ᠶᠢᠰᠦᠨ ᠬᠥᠯᠲᠦ ᠴᠠᠭᠠᠨ ᠰᠦᠯᠳᠡ ᠪᠣᠯ ᠮᠣᠩᠭᠤᠯᠴᠤᠳ ᠤᠨ ᠢᠯᠭᠤᠬᠰᠡᠨ ᠭᠤᠷᠪᠠᠨ ᠶᠡᠭᠡ ᠲᠤᠭ | ᠰᠦᠯᠳᠡ ᠶᠢᠨ ᠨᠢᠭᠡ ᠶᠤᠮ᠃ ᠰᠡᠷᠡᠯ ᠠᠵᠢᠷᠭᠠᠨ ᠤ ᠲᠡᠯ ᠬᠢᠯᠭᠠᠰᠤ ᠪᠠ ᠬᠦᠬᠦᠯ ᠬᠢᠳᠡᠭ ᠠᠴᠠ ᠴᠠᠭᠠᠨ ᠰᠦᠯᠳᠡ ᠭᠡᠵᠡᠢ᠃ | | ᠴᠠᠭᠠᠨ ᠰᠦᠯᠳᠡ ᠨᠢ ᠭᠤᠣᠯ ᠳᠠᠭᠠᠨ ᠨᠢᠭᠡ ᠲᠣᠮᠣ ᠰᠦᠯᠳᠡ᠂ ᠲᠡᠭᠦᠨ ᠢᠶᠠᠨ ᠲᠣᠭᠤᠷᠢᠭᠤᠯᠤᠨ ᠨᠠᠢᠮᠠᠨ | ᠳᠠᠭᠠᠯᠲᠠ ᠰᠦᠯᠳᠡ ᠲᠠᠢ ᠲᠤᠯᠠ ᠶᠢᠰᠦᠨ ᠬᠥᠯᠲᠦ ᠴᠠᠭᠠᠨ ᠰᠦᠯᠳᠡ ᠭᠡᠵᠡᠢ᠃ ᠴᠠᠭᠠᠨ ᠰᠦᠯᠳᠡ ᠨᠢ ᠭᠤᠷᠪᠠᠨ | ᠦᠵᠦᠭᠦᠷᠲᠦ ᠲᠡᠮᠦᠷ ᠰᠡᠷᠡᠭᠡ ᠮᠠᠶ᠋ᠢᠭ ᠲᠠᠢ ᠡᠳ᠋ ᠶᠤᠮ᠃ ᠰᠡᠷᠡᠭᠡᠨ ᠤ ᠬᠤᠶᠠᠷ ᠲᠠᠯ᠎ᠠ ᠨᠢ ᠨᠤᠮᠤ ᠪᠠᠨ ᠲᠥᠯᠥᠭᠡᠯᠡᠵᠦ᠂ | ᠭᠤᠣᠯ ᠤᠨ ᠵᠢᠲᠡ ᠰᠢᠭ᠋ ᠶᠠᠭᠤᠮ᠎ᠠ ᠨᠢ ᠰᠤᠮᠤ ᠶᠢ ᠲᠥᠯᠥᠭᠡᠯᠡᠵᠦ ᠪᠠᠶᠢᠭ᠎ᠠ ᠬᠡᠲᠡᠭ᠃ ᠴᠠᠷ᠎ᠠ᠂ ᠣᠩᠭᠢ᠂ ᠬᠦᠬᠦᠯ᠂ ᠡᠰᠢ | ᠨᠢ ᠪᠤᠰᠤᠳ ᠰᠦᠯᠳᠡ ᠲᠠᠢ ᠠᠳᠠᠯᠢ ᠮᠥᠷᠲᠡᠭᠡᠨ ᠲᠠᠬᠢᠯᠭ᠎ᠠ ᠨᠢ ᠴᠦ ᠶᠡᠭᠡ ᠲᠥᠯᠥᠪ ᠳᠡᠭᠡᠨ ᠠᠳᠠᠯᠢᠬᠠᠨ ᠪᠠᠶᠢᠳᠠᠭ | ᠶᠤᠮ᠃ ᠭᠠᠭᠴᠠ ᠬᠦ ᠴᠠᠭᠠᠨ ᠰᠦᠯᠳᠡ ᠲᠣᠭᠰᠢᠭᠤᠯᠬᠤ ᠲᠠᠬᠢᠯᠭ᠎ᠠ ᠨᠢ ᠪᠤᠰᠤᠳ ᠰᠦᠯᠳᠡ ᠲᠠᠢ ᠠᠳᠠᠯᠢ ᠦᠭᠡᠢ᠃ | ᠯᠤᠤ ᠵᠢᠯ ᠪᠤᠯᠬᠤ ᠪᠦᠷᠢ ᠠᠷᠪᠠᠳᠤᠭᠠᠷ ᠰᠠᠷ᠎ᠠ ᠶᠢᠨ ᠰᠢᠨ᠎ᠡ ᠶᠢᠨ ᠭᠤᠷᠪᠠᠨ ᠤ ᠯᠤᠤ ᠴᠠᠭ ᠲᠤ ᠰᠦᠯᠳᠡ | ᠲᠣᠭᠰᠢᠭᠤᠯᠬᠤ ᠲᠠᠬᠢᠯᠭ᠎ᠠ ᠬᠢᠨ᠎ᠡ᠃ ᠲᠠᠬᠢᠯᠭᠠᠴᠢᠨ ᠠᠴᠠ ᠲᠣᠯᠢ ᠪᠠᠷᠢᠵᠤ ᠣᠶᠢᠭᠰᠠᠨ ᠬᠡᠷᠡᠯ ᠢ ᠰᠦᠯᠳᠡ ᠶᠢᠨ | ᠬᠠᠭᠤᠴᠢᠨ ᠰᠢᠯᠪᠢ ᠳᠤ ᠲᠤᠰᠬᠠᠵᠤ᠂ ᠲᠠᠬᠢᠨ ᠰᠢᠨ᠎ᠡ ᠰᠢᠯᠪᠢ ᠳᠡᠭᠡᠷ᠎ᠡ ᠲᠤᠰᠬᠠᠨ᠎ᠠ᠃ ᠡᠭᠦᠨ ᠢ ᠬᠡᠷᠡᠯ ᠰᠢᠩᠭᠡᠭᠰᠡᠨ | ᠰᠠᠩ ᠠᠪᠤᠨ᠎ᠠ ᠬᠡᠲᠡᠭ᠃ ᠢᠩᠭᠢᠭᠡᠳ ᠰᠦᠯᠳᠡ ᠶᠢᠨ ᠬᠦᠬᠦᠯ᠂ ᠰᠢᠯᠪᠢ᠂ ᠵᠢᠲᠡ ᠶᠢ ᠰᠢᠨᠡᠳᠬᠡᠨ ᠰᠣᠯᠢᠳᠠᠭ ᠶᠤᠮ᠃ | ᠢᠩᠭᠢᠭᠡᠳ ᠰᠦᠯᠳᠡ ᠰᠢᠭᠦᠷᠡᠭᠦᠯᠬᠦ ᠳᠤ ᠰᠦᠯᠳᠡ ᠶᠢ ᠬᠠᠪᠰᠤᠷᠤᠨ ᠲᠠᠬᠢᠬᠴᠢ ᠠᠴᠠ ᠡᠷᠡᠦ ᠶᠢ ᠨᠢ ᠬᠤᠯᠤᠭᠤ | ᠲᠤᠯᠲᠠᠯ᠎ᠠ ᠵᠠᠭᠠᠭᠰᠠᠨ ᠬᠤᠨᠢᠨ ᠲᠣᠯᠣᠭᠠᠢ ᠶᠢ ᠵᠠᠭᠠᠮᠠᠭ ᠲᠠᠢ ᠴᠢᠰᠤᠨ ᠳᠤ ᠲᠦᠷᠦᠵᠦ ᠰᠦᠯᠳᠡ ᠤᠷᠤᠭᠤ ᠭᠤᠷᠪᠠ | ᠭᠤᠷᠪᠠ ᠬᠠᠪᠰᠤᠨᠠ᠃ ᠢᠷᠦᠭᠡᠯᠴᠢ ᠲᠤᠩ ᠦᠯᠢᠶᠡᠵᠦ᠂ ᠬᠠᠷᠠᠩᠭ᠎ᠠ ᠳᠡᠯᠡᠳᠦᠨ ︽ᠡᠨᠡ ᠡᠳᠦᠷ ᠤᠨ ᠡᠨᠡ ᠴᠠᠭ ᠲᠤ᠂ | ᠭᠠᠳᠠᠭᠠᠳᠤ ᠲᠠᠯᠠᠢ ᠶᠢᠨ ᠲᠡᠷᠲᠡᠭᠡ᠂ ᠭᠠᠷᠬᠤ ᠨᠠᠷᠡᠨ ᠤ ᠵᠦᠭ ᠲᠤ ᠡᠷᠢᠶᠡᠨ ᠰᠢᠯᠪᠢᠲᠦ᠂ ᠡᠷᠭᠢᠭᠦᠯ ᠤᠯᠠᠭᠠᠨ | ᠤᠷᠤᠭᠤᠯᠲᠤ᠂ ᠡᠷᠭᠢᠭᠦᠦ ᠡᠩᠭᠡᠷᠲᠦ᠂ ᠡᠪᠡᠰᠦᠨ ᠮᠠᠯᠠᠭᠠᠶᠢᠲᠤ᠂ ᠫᠢᠷᠠᠩ ᠴᠠᠭᠠᠨ ᠱᠠᠭᠠᠶᠢᠲᠤ᠂ ᠪᠠᠭᠠᠷᠠᠩ ᠤᠨ ᠲᠣᠯᠣᠭᠠᠢ | ᠤᠷᠤᠭᠤ᠂ ᠰᠢᠯᠡᠭᠡ ᠤᠷᠬᠢᠬᠰᠠᠳ ᠢ ᠤᠷᠬᠢᠪᠡ᠂ ᠭᠤᠯᠢᠳ︕ ᠭᠤᠯᠢᠳ︕ ᠭᠤᠯᠢᠳ︕ ᠳᠤᠤᠭᠠᠷᠭᠠᠨ᠎ᠠ︕︾ ᠭᠡᠵᠦ | ᠴᠠᠭᠠᠨ ᠰᠦᠯᠳᠡ ᠲᠣᠭᠰᠢᠭᠤᠯᠬᠤ ᠥᠴᠢᠭ ᠳᠠᠭᠤᠳᠠᠵᠤ ᠪᠠᠷᠠᠭᠠᠳ ᠰᠦᠯᠳᠡ ᠶᠢ ᠠᠷᠢᠭᠤᠳᠬᠠᠨ ᠤᠭ ᠣᠷᠣᠨ ᠳᠤᠨᠢ | ᠪᠤᠴᠠᠭᠠᠨ ᠵᠣᠯᠢᠭ ᠲᠤ ᠭᠠᠷᠬᠤ ᠬᠥᠮᠥᠨ ᠢ ᠶᠠᠪᠤᠭᠤᠯᠤᠨ᠎ᠠ᠃ ᠲᠠᠷᠠᠭ᠎ᠠ ᠨᠢ ᠰᠦᠯᠳᠡ ᠴᠢᠩᠭᠢᠬᠦ ᠲᠠᠶᠢᠯᠭ᠎ᠠ ᠬᠢᠵᠦ᠂ ᠨᠠᠶᠢᠷ | ᠨᠠᠭᠠᠳᠤᠮ ᠪᠤᠯᠬᠤ ᠳᠤ ︽ᠲᠠᠰᠢᠭᠤᠷᠴᠢ︾ ᠭᠡᠭᠴᠢ ᠲᠤᠰᠬᠠᠢ ᠬᠥᠮᠥᠨ ᠲᠣᠮᠢᠯᠠᠨ ᠨᠠᠭᠠᠳᠤᠮ ᠢ ᠲᠣᠬᠢᠷᠠᠭᠤᠯᠬᠤ ᠶᠢᠨ | ᠬᠠᠮᠲᠤ ᠰᠣᠭᠲᠣᠭᠤ ᠬᠥᠯᠴᠥᠭᠦᠦ ᠬᠥᠮᠥᠰ ᠢ ᠳᠠᠬᠢᠯᠭᠠᠨ ᠭᠠᠵᠠᠷ ᠤᠷᠤᠭᠤᠯᠬᠤ ᠶᠢ ᠴᠢᠩᠭ᠎ᠠ ᠬᠤᠷᠢᠭᠯᠠᠨ᠎ᠠ᠃ |