ᠮᠣᠩᠭᠤᠯᠴᠤᠳ ᠡᠷᠲᠡ ᠳᠡᠭᠡᠳᠦ ᠠᠴᠠ ᠪᠠᠨ ᠠᠪᠤᠭᠠᠳ ᠥᠪᠡᠷ ᠢᠶᠠᠨ ᠤᠷᠠᠩᠬᠠᠢ᠂ ᠨᠥᠬᠦᠭᠡᠰᠦᠲᠡᠢ ᠲᠡᠪᠡᠯ | ᠡᠭᠡᠯᠳᠦᠷᠭᠡᠯᠡᠬᠦ ᠮᠦᠷᠳᠡᠯ᠎ᠡ ᠪᠠᠨ ᠭᠡᠷ ᠲᠡᠭᠡᠨ ᠪᠠᠶᠢᠬᠤ ᠨᠣᠮ ᠰᠤᠳᠤᠷ ᠢᠶᠠᠨ ᠲᠣᠷᠭ᠎ᠠ ᠬᠤᠷᠭᠤᠢ ᠪᠠᠷ ᠪᠠᠷᠢᠨᠲᠠᠭᠯᠠᠨ | ᠳᠡᠭᠡᠳᠦᠯᠡᠳᠡᠭ ᠰᠤᠳᠤᠷ ᠨᠣᠮ ᠤᠨ ᠥᠨᠳᠥᠷ ᠰᠣᠶᠣᠯ ᠲᠠᠢ ᠪᠢᠯᠡ᠃ ᠢᠨᠲ᠋ᠧᠷ ᠰᠦᠯᠵᠢᠶ᠎ᠡ᠂ ᠭᠠᠷ ᠤᠲᠠᠰᠤ | ᠥᠷᠭᠡᠨ ᠢᠶᠠᠷ ᠲᠦᠭᠡᠮᠡᠯᠵᠢᠭᠰᠡᠨ ᠠᠴᠠ ᠬᠤᠳᠠ ᠬᠥᠳᠡᠭᠡ ᠶᠢᠨ ᠬᠥᠭᠰᠢᠨ ᠵᠠᠯᠠᠭᠤ ᠭᠡᠰᠡᠨ ᠦᠭᠡᠢ ᠨᠣᠮ | ᠪᠢᠴᠢᠭ ᠠᠴᠠ ᠪᠠᠨ ᠵᠠᠶᠢᠳᠠᠭᠰᠠᠨ ᠥᠨᠥᠳᠥᠷ ᠨᠣᠮ ᠪᠢᠴᠢᠭ ᠢᠶᠠᠨ ᠳᠡᠭᠡᠳᠦᠯᠡᠵᠦ ᠬᠦᠨᠳᠦᠳᠬᠡᠵᠦ ᠶᠠᠪᠤᠭ᠎ᠠ ᠨᠢᠭᠡᠨ ᠪᠣᠯ | ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨᠡᠮᠦᠨᠡᠲᠦ ᠬᠤᠰᠢᠭᠤᠨ ᠤ ᠤᠯᠠᠭᠠᠨᠮᠣᠳᠤ ᠰᠤᠮᠤ ᠶᠢᠨ | ᠥᠪᠥᠷᠵᠢᠯᠠᠭ᠎ᠠ ᠭᠠᠴᠠᠭᠠᠨ ᠤ ᠠᠬᠠᠮᠠᠳ ᠪᠠᠭᠰᠢ ᠪᠥᠬᠡᠪᠠᠶᠠᠷ ᠪᠣᠯᠣᠨ᠎ᠠ᠃ | ᠪᠥᠬᠡᠪᠠᠶᠠᠷ 1985 ᠣᠨ ᠳᠤ ᠤᠯᠠᠭᠠᠨᠮᠣᠳᠤ ᠪᠠᠭ᠎ᠠ ᠰᠤᠷᠭᠠᠭᠤᠯᠢ ᠳᠤ ᠠᠵᠢᠯ ᠤᠨ ᠭᠠᠷᠤᠭ᠎ᠠ ᠪᠠᠨ ᠠᠪᠴᠤ᠂ | ᠪᠠᠭᠰᠢ ᠶᠢᠨ ᠠᠵᠢᠯ ᠬᠢᠭᠡᠳ ᠨᠢᠭᠡᠨᠲᠡ ᠭᠤᠴᠢᠭᠠᠳ ᠵᠢᠯ ᠤᠨ ᠨᠢᠭᠤᠷ ᠢ ᠦᠵᠡᠵᠡᠢ᠃ ᠲᠡᠷᠡ ᠤᠤᠯ ᠠᠴᠠ ᠪᠠᠨ | ᠨᠣᠮ ᠪᠢᠴᠢᠭ ᠲᠤ ᠳᠤᠷᠠᠲᠠᠢ ᠪᠠᠭ᠋ᠠᠲᠠᠢ ᠪᠠᠶᠢᠳᠠᠭ ᠤᠨ ᠤᠴᠢᠷ ᠠᠴᠠ ᠨᠠᠰᠦᠨ ᠲᠤᠷᠰᠢᠲᠠ ᠪᠠᠨ ᠰᠤᠷᠤᠯᠴᠠᠬᠤ ᠵᠣᠷᠢᠭ | ᠢᠶᠠᠷ ᠤᠯᠠᠨ ᠨᠣᠮ ᠬᠤᠷᠠᠮᠳᠤᠭᠤᠯᠤᠨ ᠤᠩᠰᠢᠳᠠᠭ ᠪᠠᠶᠢᠵᠠᠢ᠃ ᠲᠡᠷᠡ 2010 ᠣᠨ ᠳᠤ ᠲᠡᠷᠭᠡᠨ ᠡ᠊ᠨᠳᠡᠯ ᠠᠴᠠ | ᠪᠣᠯᠵᠤ᠂ ᠬᠢᠴᠢᠶᠡᠯ ᠤᠨ ᠲᠠᠶᠢᠰᠠ ᠳᠡᠭᠡᠷ᠎ᠡ ᠬᠢᠴᠢᠶᠡᠯ ᠵᠢᠭᠠᠵᠤ ᠲᠠᠶᠢᠯᠬᠦ ᠪᠠᠨ ᠪᠣᠯᠢᠭᠰᠠᠨ ᠴᠤ ᠪᠤᠰᠤᠳ ᠶᠠᠮᠠᠷ | ᠨᠢᠭᠡ ᠠᠷᠭ᠎ᠠ ᠪᠠᠷ ᠰᠤᠷᠤᠬᠴᠢ᠂ ᠤᠯᠠᠨ ᠲᠦᠮᠡᠨ ᠢᠶᠠᠨᠨᠣᠮ ᠪᠢᠴᠢᠭ ᠲᠠᠢ ᠣᠶᠢᠷᠠᠲᠤᠭᠤᠯᠬᠤ ᠪᠢᠯᠡ ᠭᠡᠵᠦ | ᠵᠥᠩᠳᠡᠭᠡᠨ ᠪᠤᠳᠤᠵᠦ᠂ ᠴᠢᠪ ᠤᠨ ᠰᠡᠬᠦᠯ ᠳᠤ ᠮᠠᠯᠵᠢᠬᠤ ᠣᠷᠣᠨ ᠤ ᠤᠯᠠᠨ ᠲᠦᠮᠡᠨ ᠳᠤ ᠨᠣᠮ ᠪᠢᠴᠢᠭ ᠤᠩᠰᠢᠬᠤ | ᠲᠠᠪᠴᠠᠩ ᠬᠠᠩᠭᠠᠵᠤ᠂ ᠨᠣᠮ ᠤᠨ ᠦᠷᠦᠬᠡ ᠪᠠᠶᠢᠭᠤᠯᠬᠤ ᠪᠠᠷ ᠵᠣᠷᠢᠭ ᠰᠢᠭᠤᠳᠴᠠᠢ᠃ | 2019 ᠣᠨ ᠤ 1 ᠰᠠᠷ᠎ᠠ ᠳᠤ᠂ ᠨᠡᠶᠢᠭᠡᠮ ᠤᠨ ᠡᠯ᠎ᠡ ᠡᠲᠡᠭᠡᠳ ᠤᠨ ᠬᠠᠯᠠᠭᠤᠨ ᠳᠡᠮᠵᠢᠯᠭᠡ ᠳᠣᠣᠷ᠎ᠠ᠂ | ᠪᠥᠬᠡᠪᠠᠶᠠᠷ ᠪᠠᠭᠰᠢ ᠭᠡᠷ ᠤᠨ ᠢᠶᠠᠨ ᠭᠠᠳᠠᠨ᠎ᠠ ᠪᠣᠰᠬᠠᠭᠰᠠᠨ ᠲᠣᠮᠣ ᠮᠣᠩᠭᠤᠯ ᠭᠡᠷ ᠲᠡᠭᠡᠨ ︽ᠬᠥᠬᠡ ᠣᠴᠢ ᠨᠣᠮ ᠤᠨ | ᠦᠷᠦᠬᠡ︾ ᠪᠠᠨᠵᠢᠩᠬᠢᠨᠢ ᠪᠠᠷ ᠪᠠᠶᠢᠭᠤᠯᠤᠭᠰᠠᠨ ᠪᠠᠶᠢᠨ᠎ᠠ᠃ ᠨᠣᠮ ᠤᠨ ᠥᠷᠥᠭᠡᠨ ᠳᠤ ᠲᠡᠭᠦᠨ ᠤ ᠤᠤᠯ ᠤᠨ | ᠬᠠᠳᠠᠭᠠᠯᠠᠵᠤ ᠴᠤᠭᠯᠠᠭᠤᠯᠤᠭᠰᠠᠨ ᠨᠣᠮ ᠠᠴᠠ ᠭᠠᠳᠠᠨ᠎ᠠ᠂ ᠥᠪᠥᠷ ᠮᠣᠩᠭᠤᠯ ᠤᠨ ᠨᠣᠮ ᠤᠨ ᠰᠠᠩ᠂ ᠠᠶᠢᠮᠠᠭ ᠤᠨ | ᠨᠣᠮ ᠤᠨ ᠰᠠᠩ᠂ ᠬᠤᠰᠢᠭᠤᠨ ᠤ ᠨᠣᠮ ᠤᠨᠰᠠᠩ᠂ ᠬᠠᠯᠠᠭᠤᠨ ᠰᠡᠳᠬᠢᠯᠲᠦ ᠮᠠᠯᠴᠢᠳ ᠪᠠ ᠤᠯᠠᠭᠠᠨᠮᠣᠳᠤ | ᠲᠤᠮᠳᠠᠳᠤ ᠰᠤᠷᠭᠠᠭᠤᠯᠢ᠂ ᠤᠯᠠᠭᠠᠨᠮᠣᠳᠤ ᠪᠠᠭ᠎ᠠ ᠰᠤᠷᠭᠠᠭᠤᠯᠢ ᠠᠴᠠ ᠬᠦᠷᠭᠡᠭᠰᠡᠨ ᠬᠢᠲᠠᠳ ᠮᠣᠩᠭᠤᠯ ᠡᠯ᠎ᠡ | ᠲᠦᠷᠦᠯ ᠤᠨ ᠨᠣᠮ 10000 ᠭᠠᠷᠤᠢ ᠳᠡᠪᠲᠡᠷ ᠪᠠᠶᠢᠨ᠎ᠠ᠃ ᠲᠤᠰ ᠨᠣᠮ ᠤᠨ ᠦᠷᠦᠬᠡ ᠵᠢᠯ ᠤᠨ ᠲᠦᠷᠪᠡᠨ | ᠤᠯᠠᠷᠢᠯ ᠳᠤ ᠡᠭᠦᠳᠡ ᠪᠠᠨ ᠨᠡᠭᠡᠭᠡᠵᠦ᠂ ᠮᠠᠯᠴᠢᠨ ᠲᠦᠮᠡᠨ ᠪᠠ ᠰᠤᠷᠤᠬᠴᠢᠳ ᠤᠨ ᠨᠣᠮ ᠪᠢᠴᠢᠭ ᠦᠵᠡᠬᠦ ᠶᠢ ᠲᠠᠮᠵᠢᠵᠦ | ᠪᠠᠶᠢᠨ᠎ᠠ᠃ ᠲᠤᠰ ᠨᠣᠮ ᠤᠨ ᠦᠷᠦᠬᠡ ᠪᠠᠶᠢᠭᠤᠯᠤᠭᠳᠠᠭᠰᠠᠨ ᠠᠴᠠ ᠨᠠᠭᠠᠰᠢ᠂ ᠪᠠᠭᠠᠴᠤᠳ ᠬᠡᠦᠬᠡᠳ ᠤᠨ ᠤᠷᠠᠨ | ᠤᠩᠰᠢᠯᠭ᠎ᠠ ᠶᠢᠨ ᠤᠷᠤᠯᠳᠤᠭᠠᠨ᠂ ᠤᠯᠠᠮᠵᠢᠯᠠᠯᠲᠤ ᠱᠠᠭ᠎ᠠ ᠨᠠᠭᠠᠳᠤᠮ ᠤᠨ ᠤᠷᠤᠯᠳᠤᠭᠠᠨ ᠵᠡᠷᠭᠡ ᠡᠯᠪᠡᠭ | ᠠᠭᠤᠯᠭ᠎ᠠ ᠲᠠᠢ ᠠᠵᠢᠯᠯᠠᠭ᠎ᠠ ᠡᠷᠬᠢᠯᠡᠵᠦ᠂ ᠤᠯᠠᠨ ᠲᠦᠮᠡᠨ ᠤ ᠰᠣᠶᠣᠯ ᠤᠨ ᠠᠮᠢᠳᠤᠷᠠᠯ ᠢ ᠶᠡᠬᠡᠪᠡᠷ ᠪᠠᠶᠠᠯᠢᠭᠵᠢᠭᠤᠯᠵᠠᠢ᠃ | ᠲᠤᠰ ᠨᠣᠮ ᠤᠨᠦᠷᠦᠬᠡ ᠨᠢ ᠥᠪᠥᠷ ᠮᠣᠩᠭᠤᠯ ᠤᠨ ᠨᠣᠮ ᠤᠨ ᠰᠠᠩ ᠤᠨ ᠬᠤᠪᠢᠶᠠᠷᠢ ᠰᠠᠩ᠂ ᠬᠢᠩᠭᠠᠨ | ᠠᠶᠢᠮᠠᠭ ᠤᠨ ᠨᠣᠮ ᠤᠨ ᠰᠠᠩ ᠤᠨᠤᠯᠠᠭᠠᠨᠮᠣᠳᠤ ᠲᠠᠯ᠎ᠠ ᠨᠤᠲᠤᠭ ᠤᠨ ᠮᠣᠩᠭᠤᠯ ᠭᠡᠷ ᠨᠣᠮ ᠤᠨ ᠦᠷᠦᠬᠡ᠂ | ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠨᠣᠮ ᠤᠨ ᠰᠠᠩ ᠤᠨ ᠤᠯᠠᠭᠠᠨᠮᠣᠳᠤ ᠲᠠᠯ᠎ᠠ ᠨᠤᠲᠤᠭ ᠤᠨ | ᠦᠨᠳᠦᠰᠦᠨ ᠱᠠᠲᠤᠨ ᠳᠠᠬᠢ ᠦᠢᠯᠡᠴᠢᠯᠡᠭᠡᠨ ᠤ ᠭᠠᠵᠠᠷ᠂ ᠰᠢᠨ᠎ᠡ ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠶᠢᠨ | ᠰᠠᠶᠢᠨ ᠳᠤᠷ᠎ᠠ ᠶᠢᠨ ᠦᠢᠯᠡᠴᠢᠯᠡᠭᠡᠨ ᠤ ᠭᠠᠵᠠᠷ ᠪᠣᠯᠤᠭᠰᠠᠨ ᠪᠠᠶᠢᠨ᠎ᠠ᠃ | ᠡᠨᠡ ᠵᠢᠯ ᠠᠴᠠ ᠨᠠᠭᠠᠰᠢ᠂ ᠪᠥᠬᠡᠪᠠᠶᠠᠷ ᠪᠠᠭᠰᠢ ᠮᠠᠯᠴᠢᠨ ᠲᠦᠮᠡᠨ ᠤ ᠪᠣᠳᠠᠲᠤ ᠠᠮᠢᠳᠤᠷᠠᠯ ᠳᠤ ᠨᠡᠩ ᠶᠡᠭᠡ | ᠲᠤᠰᠠᠲᠠᠢ᠂ ᠲᠤᠬᠠᠶᠢᠯᠠᠪᠠᠯ ᠪᠤᠳᠠ ᠪᠤᠭ ᠮᠠᠯ ᠠᠷᠠᠴᠢᠯᠠᠵᠤ ᠲᠡᠵᠢᠭᠡᠬᠦ ᠠᠷᠭ᠎ᠠ᠂ ᠥᠨᠳᠥᠷ ᠦᠷ᠎ᠡ ᠠᠰᠢᠭᠲᠠᠢ ᠤᠷᠭᠤᠮᠠᠯ | ᠲᠠᠷᠢᠵᠦ ᠤᠷᠭᠤᠭᠤᠯᠬᠤ᠂ ᠮᠠᠯ ᠪᠡᠯᠴᠢᠭᠡᠷ ᠤᠨ ᠲᠡᠩᠴᠡᠭᠦᠷᠢ ᠶᠢ ᠬᠡᠷᠬᠢᠨ ᠪᠠᠲᠤᠯᠠᠬᠤ ᠲᠤᠬᠠᠢ ᠨᠣᠮ ᠳᠡᠪᠲᠡᠷ ᠢ | ᠣᠷᠣᠭᠤᠯᠵᠤ ᠪᠠᠶᠢᠨ᠎ᠠ᠃ | ᠨᠣᠮ ᠪᠢᠴᠢᠭ ᠢ ᠲᠦᠭᠡᠭᠡᠨ ᠳᠡᠯᠭᠡᠷᠡᠭᠦᠯᠬᠦ ᠦᠢᠯᠡ ᠳᠤᠷ ᠨᠢᠭᠡᠨ ᠦᠵᠦᠭᠦᠷᠲᠦ ᠰᠡᠳᠬᠢᠯ ᠢᠶᠠᠷ ᠵᠢᠳᠬᠦᠭᠰᠡᠨ | ᠪᠥᠬᠡᠪᠠᠶᠠᠷ ᠪᠠᠭᠰᠢ ᠮᠠᠨᠢ ᠪᠤᠶᠠᠨ ᠬᠡᠰᠢᠭ ᠨᠢ ᠶᠡᠬᠡᠳᠡ ᠳᠡᠯᠭᠡᠷᠡᠵᠦ᠂ ᠪᠤᠷᠬᠠᠨ ᠤ ᠮᠡᠯᠮᠡᠢ ᠳᠤ ᠲᠤᠵᠢ ᠳᠠᠭᠠᠨ | ᠢᠪᠡᠭᠡᠭᠳᠡᠵᠦ ᠶᠠᠪᠤᠬᠤ ᠪᠣᠯᠲᠤᠭᠠᠢ︕ | ᠠᠯᠢᠪᠠ ᠦᠢᠯᠡ ᠶᠢ ᠰᠡᠳᠬᠢᠯ ᠬᠠᠷᠠᠮ ᠦᠭᠡᠢ᠂ ᠭᠠᠷ ᠲᠠᠲᠠᠯ ᠦᠭᠡᠢ ᠲᠡᠮᠵᠢᠵᠦ ᠢᠷᠡᠭᠰᠡᠨ ᠪᠦᠬᠦ ᠬᠥᠮᠥᠰ | ᠨᠣᠮ ᠤᠨᠴᠠᠭᠠᠨ ᠪᠤᠶᠠᠨ ᠳᠤ ᠢᠪᠡᠭᠡᠭᠳᠡᠵᠦ ᠶᠠᠪᠤᠬᠤ ᠪᠣᠯᠲᠤᠭᠠᠢ︕ | ᠨᠣᠮ ᠤᠨ ᠴᠠᠭᠠᠨ ᠪᠤᠶᠠᠨ ᠳᠡᠯᠭᠡᠷᠡᠲᠦᠭᠡᠢ︕ | ᠡᠬᠡ ᠪᠢᠴᠢᠭ ᠢ ᠬᠢᠩᠭᠠᠨ ᠤ ᠡᠳᠦᠷ ᠤᠨ ᠰᠣᠨᠢᠨ ᠤ ᠬᠤᠷᠢᠶ᠎ᠠ ᠶᠢᠨ ᠰᠤᠷᠪᠤᠯᠵᠢᠯᠠᠬᠴᠢ ᠦ᠋ ᠰᠡᠷᠭᠦᠯᠡᠩ | ᠬᠠᠩᠭᠠᠪᠠ |