ᠹᠧᠩ᠊· ᠰᠡᠴᠡᠨᠪᠠᠭᠠᠲᠤᠷ | ᠠᠯᠢᠶᠠᠬᠦᠦ ᠰᠣᠯᠢᠶ᠎ᠠ ᠳᠤᠰᠤᠭᠰᠠᠨ ᠰᠢᠭ᠋ ᠪᠣᠯᠣᠭᠠᠳ ᠬᠤᠶᠠᠷ ᠬᠤᠨᠣᠪᠠ᠃ ᠡᠮᠡᠭᠡ ᠨᠢ ᠠᠩᠭᠢ ᠶᠢᠨ ᠪᠠᠭᠰᠢ | ᠳᠤᠨᠢ ᠬᠦᠨᠳᠦ ᠲᠠᠭᠰᠢᠭᠤᠷ ᠬᠦᠷᠴᠡᠢ ᠭᠡᠵᠦ ᠴᠢᠯᠦᠭᠡ ᠭᠤᠶᠤᠵᠠᠢ᠃ ᠤᠤᠯ ᠨᠢ ᠰᠤᠷᠤᠯᠭ᠎ᠠ ᠰᠠᠶᠢᠨ᠂ ᠴᠣᠪᠣᠭᠤ | ᠳᠡᠭᠵᠢᠨ᠂ ᠡᠪ ᠡᠷᠡᠭᠦᠯ ᠪᠠᠶᠢᠭᠰᠠᠨ ᠬᠡᠦᠬᠡᠳ ᠬᠤᠶᠠᠷ ᠡᠳᠦᠷ ᠤᠨ ᠠᠮᠠᠷᠠᠯᠲᠠ ᠳᠤ ᠠᠩᠭᠢ ᠪᠠᠷ ᠢᠶᠠᠨ | ᠰᠤᠷᠭᠠᠭᠤᠯᠢ ᠶᠢᠨ ᠢᠶᠠᠨ ᠪᠠᠷᠠᠭᠤᠨ ᠮᠠᠩᠬᠠᠨ ᠳᠤ ᠮᠣᠳᠣ ᠲᠠᠷᠢᠭᠠᠳ ᠣᠷᠣᠢ ᠨᠢ ᠬᠠᠷᠢᠵᠤ ᠢᠷᠡᠬᠦ ᠪᠠᠷ ᠨᠢᠭᠡᠯᠡ ᠵᠢᠭ ᠨᠢ | ᠥᠭᠡᠷ᠎ᠡ ᠴᠢᠬᠢ ᠨᠢ ᠳᠡᠯᠳᠡᠭᠡᠷ ᠪᠣᠯᠵᠠᠢ᠃ ᠡᠭᠦᠨ ᠢ ᠦᠵᠡᠭᠰᠡᠨ ᠡᠮᠡᠭᠡ ᠲᠤᠯᠵᠢᠨ ᠤ ᠨᠢᠳᠦ ᠨᠢ ᠣᠷᠣᠢ ᠳᠡᠭᠡᠷ᠎ᠡ ᠪᠠᠨ | ᠭᠠᠷᠴᠤ᠂ ᠮᠡᠳᠡᠳᠡᠭ ᠬᠡᠳᠦᠨ ᠪᠤᠷᠬᠠᠨ ᠤ ᠪᠠᠨ ᠨᠡᠷ᠎ᠡ ᠶᠢ ᠰᠣᠯᠢᠵᠤ ᠬᠤᠳᠬᠤᠨ ᠳᠠᠭᠤᠳᠠᠵᠤ᠂ ᠠᠷᠭᠠᠯ ᠤᠨ ᠦᠨᠡᠰᠦ | ᠳᠠᠷᠤᠭᠰᠠᠨ ᠵᠢᠵᠢᠭᠬᠡᠨ ᠭᠤᠷᠪᠠᠨ ᠬᠥᠯ ᠲᠠᠢ ᠮᠥᠩᠭᠦᠨ ᠬᠦᠯᠢᠰ ᠲᠤ ᠬᠦᠵᠢ ᠨᠣᠴᠣᠭᠠᠵᠤ᠂ ᠳᠡᠭᠡᠷ᠎ᠡ ᠨᠢ ᠤᠳᠤᠯᠭ᠎ᠠ | ᠠᠷᠢᠭᠤᠯᠭ᠎ᠠ ᠤᠤᠭᠢᠭᠤᠯᠪᠠ᠃ ᠨᠠᠷᠢᠬᠠᠨ ᠴᠡᠩᠬᠡᠷ ᠤᠳᠤᠭ᠎ᠠ ᠴᠠᠭᠢᠯᠭᠠᠨ ᠳ᠋ᠧᠩ ᠤᠨ ᠭᠡᠷᠡᠯ ᠳᠤ ᠰᠤᠨᠤᠯᠵᠢᠨ ᠮᠢᠷᠠᠯᠵᠠᠵᠤ᠂ | ᠠᠷᠴᠠ ᠭᠠᠩᠭ᠎ᠠ ᠶᠢᠨ ᠰᠠᠶᠢᠬᠠᠨ ᠦᠨᠦᠷ ᠭᠡᠷ ᠳᠦᠭᠦᠷᠡᠩ ᠰᠡᠩᠭᠢᠨᠡᠵᠦ ᠠᠯᠢᠶᠠᠬᠦᠦ ᠶᠢᠨ ᠴᠢᠷᠠᠢ ᠨᠠᠭᠠᠰᠢᠯᠠᠬᠤ | ᠰᠢᠨᠵᠢ ᠲᠠᠢ ᠪᠣᠯᠪᠠ᠃ | ᠲᠤᠯᠵᠢᠨ ᠡᠮᠡᠭᠡᠨ ᠠᠴᠢ ᠬᠦᠦ ᠪᠠᠨ ᠬᠤᠰᠢᠭᠤᠨ ᠤ ᠮᠣᠩᠭᠤᠯ ᠪᠠᠭ᠎ᠠ ᠰᠤᠷᠭᠠᠭᠤᠯᠢ ᠳᠤ ᠣᠷᠣᠭᠤᠯᠤᠨ᠎ᠠ | ᠬᠡᠮᠡᠨ ᠰᠤᠷᠭᠠᠭᠤᠯᠢ ᠶᠢᠨ ᠬᠠᠪᠢ ᠳᠤ ᠠᠭᠤᠵᠢᠮ ᠰᠠᠷᠠᠭᠤᠯ ᠠᠰᠠᠷ ᠬᠤᠳᠠᠯᠳᠤᠨ ᠠᠪᠴᠤ ᠰᠠᠭᠤᠭᠠᠳ ᠬᠡᠳᠦᠨ ᠵᠢᠯ | ᠪᠣᠯᠵᠠᠢ᠃ ᠲᠦᠷᠦ ᠶᠢᠨ ᠰᠠᠶᠢᠨ ᠢᠶᠠᠷ ᠲᠤᠯᠵᠢᠨ ᠡᠮᠡᠭᠡᠨ ᠤ ᠬᠢ ᠶᠣᠰᠣᠲᠠᠢ ᠯᠡ ᠨᠢᠳᠦ ᠪᠠᠨ ᠪᠦᠯᠳᠦᠷᠡᠳᠡᠯᠡ ᠪᠠᠶᠠᠵᠢᠪᠠ᠃ | ᠭᠡᠪᠡᠴᠦ ᠲᠤᠯᠵᠢᠨ ᠡᠮᠡᠭᠡᠨ ᠡᠨᠡ ᠪᠦᠬᠦᠨ ᠢ ᠪᠦᠷ ᠯᠡ ᠳᠡᠭᠡᠳᠦᠰ ᠲᠡᠭᠡᠨ ᠵᠠᠯᠪᠠᠷᠢᠠᠭᠰᠠᠨ ᠤ ᠠᠴᠢ᠂ ᠰᠦᠮ᠎ᠡ | ᠯᠠᠮᠠ ᠳᠤ ᠳᠠᠭᠠᠳᠬᠠᠵᠤ ᠪᠤᠶᠠᠨ ᠨᠣᠮ ᠬᠢᠭᠰᠡᠨ ᠤ ᠰᠠᠶᠢᠨ ᠨᠢ ᠢᠷᠡᠵᠦ ᠪᠠᠶᠢᠨ᠎ᠠ ᠬᠡᠮᠡᠨ ᠪᠤᠳᠤᠨ᠎ᠠ᠃ ᠶᠠᠭᠤ ᠴᠦ | ᠭᠡᠰᠡᠨ ︽ᠬᠥᠮᠥᠨ ᠬᠥᠮᠥᠨ ᠢ ᠭᠤᠮᠣᠳᠠᠭᠠᠪᠠᠴᠤ᠂ ᠬᠦᠳᠡᠯᠮᠦᠷᠢ ᠬᠥᠮᠥᠨ ᠢ ᠭᠤᠮᠣᠳᠠᠭᠠᠬᠤ ᠦᠭᠡᠢ︾ ᠭᠡᠳᠡᠭ ᠦᠨᠡᠨ᠃ | ᠬᠥᠭᠰᠢᠨ ᠬᠡᠳᠦᠨ ᠥᠨᠥᠴᠢᠨ ᠬᠡᠦᠬᠡᠳ ᠲᠠᠢ ᠪᠠᠨ ᠮᠠᠯ ᠪᠡᠯᠴᠢᠭᠡᠷ ᠢ ᠡᠷᠦᠬᠡ ᠳᠤ ᠳᠠᠭᠠᠭᠠᠴᠢᠯᠠᠭᠤᠯᠬᠤ ᠪᠠᠷ ᠬᠤᠪᠢᠳᠠᠨ | ᠣᠯᠣᠭᠰᠠᠨ ᠬᠡᠳᠦᠨ ᠮᠠᠯ ᠢᠶᠠᠨ ᠬᠠᠯᠠᠭᠤᠨ ᠳᠤ ᠬᠠᠯᠠᠵᠤ᠂ ᠬᠦᠢᠲᠡᠨ ᠳᠤ ᠬᠦᠷᠦᠵᠦ᠂ ᠬᠠᠶᠢᠷᠠᠯᠠᠵᠤ ᠬᠠᠮᠠᠭᠠᠯᠠᠬᠤ ᠶᠢᠨ | ᠬᠦᠴᠦᠨ ᠳᠤ ᠥᠭᠡᠷᠡᠴᠢᠯᠡᠯᠲᠡ ᠶᠢᠨ ᠬᠤᠷᠢᠨ ᠵᠢᠯ ᠳᠤ ᠨᠢ ᠮᠢᠩᠭᠠᠲᠤ ᠶᠢᠨ ᠡᠷᠦᠬᠡ ᠶᠢᠨ ᠤᠯᠠᠭᠠᠨ ᠫᠠᠶᠢᠰᠠ ᠶᠢ | ᠬᠤᠶᠢᠮᠤᠷ ᠲᠠᠭᠠᠨ ᠡᠯᠭᠦᠪᠡ᠃ ᠬᠡᠳᠦᠨ ᠵᠢᠯ ᠤᠨ ᠡᠮᠦᠨ᠎ᠡ ᠪᠠᠭ᠎ᠠ ᠬᠦᠦ ᠨᠢ ᠮᠢᠩᠭᠠᠨ ᠴᠠᠭᠠᠨ ᠬᠤᠨᠢ ᠪᠠᠨ ᠠᠰᠠᠷ᠂ | ᠦᠬᠡᠷ ᠪᠤᠯᠭᠠᠵᠦ ᠡᠵᠢ ᠶᠢᠨ ᠢᠶᠠᠨ ᠠᠭᠤᠷ ᠢ ᠬᠦᠷᠭᠡᠭᠰᠡᠨ ᠤᠳᠠᠭ᠎ᠠ ᠲᠠᠢ᠃ ᠬᠠᠭᠤᠴᠢᠨ ᠤ ᠬᠥᠮᠥᠨ ᠭᠠᠩᠳᠠᠭᠤᠨ᠃ | ᠬᠤᠨᠢ ᠮᠠᠯᠵᠢᠬᠤ ᠦᠭᠡᠢ ᠪᠣᠯ ᠬᠤᠳᠠ ᠳᠤ ᠰᠠᠭᠤᠨ᠎ᠠ ᠭᠡᠵᠦ ᠬᠥᠭᠰᠢᠨ ᠬᠤᠳᠠ ᠳᠤ ᠨᠡᠭᠦᠵᠡᠢ᠃ ᠤᠳᠤ ᠪᠠᠭ᠎ᠠ ᠬᠦᠦ | ᠨᠢ ᠨᠤᠲᠤᠭ ᠲᠠᠭᠠᠨ ᠰᠢᠷ᠎ᠠ ᠠᠯᠠᠭ᠂ ᠬᠠᠷ᠎ᠠ ᠠᠯᠠᠭ ᠭᠤᠣᠯᠲᠠᠢ ᠵᠠᠭᠤᠭᠠᠳ ᠦᠬᠡᠷ ᠬᠠᠷᠢᠭᠤᠯᠵᠤ ᠬᠤᠳᠠ | ᠬᠥᠳᠡᠭᠡ ᠶᠢᠨ ᠬᠤᠭᠤᠷᠣᠨᠳᠤ ᠬᠥᠩᠭᠡᠨ ᠮᠠᠰᠢᠨ ᠢᠶᠠᠷ ᠨᠢᠰᠬᠡᠨ᠎ᠡ᠁ | ᠡᠮᠡᠭᠡᠨ ᠪᠤᠷᠬᠠᠨ ᠳᠠᠭᠠᠨ ᠵᠠᠯᠪᠠᠷᠢᠬᠤ ᠪᠦᠷᠢ ᠳᠣᠲᠣᠷ᠎ᠠ ᠨᠢ ᠥᠴᠥᠬᠡᠨ ᠵᠡᠷᠭᠡ ᠲᠠᠶᠢᠪᠤᠰᠢᠷᠠᠨ᠎ᠠ᠃ ᠡᠨᠡ ᠶᠡᠭᠡ | ᠲᠠᠶᠢᠪᠤᠰᠢᠷᠠᠯ ᠯᠠ ᠬᠥᠭᠰᠢᠨ ᠳᠤ ᠡᠷᠴᠢ ᠬᠦᠴᠦ ᠣᠯᠭᠤᠨ᠎ᠠ᠃ ᠭᠡᠪᠡᠴᠦ ᠠᠯᠢᠶᠠᠬᠦᠦ ᠶᠢᠨ ᠪᠠᠶᠢᠳᠠᠯ ᠢ ᠨᠢᠭᠡ ᠬᠤᠨᠤᠭ | ᠦᠵᠡᠭᠡᠳ ᠢᠯᠠᠷᠢ ᠪᠣᠯᠤᠭᠰᠠᠨ ᠦᠭᠡᠢ ᠪᠣᠯᠬᠤᠷ ᠲᠤᠯᠵᠢᠨ ᠶᠣᠰᠣᠲᠠᠢ ᠯᠠ ︽ᠪᠡᠶ᠎ᠡ ᠶᠢᠨ ᠤᠬᠠᠭᠠᠨ ᠪᠡᠶ᠎ᠡ ᠳᠤ ᠦᠭᠡᠢ᠂ | ᠪᠢᠯᠢᠭ ᠤᠨ ᠤᠬᠠᠭᠠᠨ ᠴᠡᠭᠡᠵᠢᠨ ᠳᠤ ᠦᠭᠡᠢ︾ ᠵᠡᠭᠦᠨ ᠪᠠᠷᠠᠭᠤᠨ ᠳᠡᠭᠡᠷ᠎ᠡ ᠪᠠᠨ ᠭᠠᠷᠴᠠᠢ᠃ ᠲᠡᠭᠡᠭᠡᠳ ᠯᠡ ᠲᠥᠯ | ᠮᠠᠯ ᠤᠨ ᠶᠠᠭᠠᠷᠠᠤ ᠴᠠᠭ ᠪᠠᠶᠢᠭᠰᠠᠨ ᠬᠢᠷᠢᠨ᠎ᠠ ᠬᠥᠳᠡᠭᠡ ᠠᠴᠠ ᠡᠴᠢᠭᠡ ᠡᠬᠡ ᠶᠢ ᠨᠢ ᠪᠦᠷ ᠳᠠᠭᠤᠳᠠᠵᠤ ᠠᠪᠴᠢᠷᠠᠵᠠᠢ᠃ | ᠠᠯᠢᠶᠠᠬᠦᠦ ᠡᠴᠢᠭᠡ ᠡᠬᠡ ᠪᠠᠨ ᠦᠵᠡᠭᠡᠳ ᠮᠠᠭᠤ ᠢᠨᠢᠶᠡᠵᠦ ᠪᠠᠶᠢᠨ᠎ᠠ᠃ ᠡᠴᠢᠭᠡ ᠡᠬᠡ ᠬᠤᠶᠠᠷ ᠨᠢ | ᠬᠦᠦ ᠶᠢᠨ ᠢᠶᠠᠨ ᠮᠠᠩᠨᠠᠢ ᠳᠡᠭᠡᠷ᠎ᠡ ᠭᠠᠷ ᠢᠶᠠᠨ ᠲᠠᠯᠪᠢᠵᠤ ᠦᠵᠡᠪᠡᠯ ᠬᠠᠯᠠᠭᠤᠷᠠᠵᠤ ᠪᠠᠶᠢᠬᠤ ᠶᠠᠩᠵᠤ ᠦᠭᠡᠢ᠃ ᠭᠡᠨᠡᠳᠲᠡ | ᠬᠦᠦ ᠡᠬᠡ ᠶᠢᠨ ᠢᠶᠠᠨ ᠡᠯᠢᠭᠡᠨ ᠳᠤ ᠨᠠᠭᠠᠯᠳᠤᠭᠰᠠᠨ ᠢᠶᠠᠨ ᠪᠠᠰᠠᠯᠠ ᠰᠣᠯᠢᠶᠠᠷᠠᠯᠠ᠄ | - ᠵᠣᠭᠰᠣ︕ ᠵᠣᠭᠰᠣ︕ ᠬᠡᠷᠡᠮ ᠤᠨ ᠴᠠᠭᠠᠨ᠎ᠠ ᠠᠴᠠ ᠨᠣᠭᠤᠭᠠᠨ ᠬᠤᠪᠴᠠᠰᠤ ᠲᠠᠢ ᠫᠠᠭᠳᠠᠭᠠᠷ ᠴᠢᠳᠬᠦᠷ | ᠭᠠᠷᠴᠤ ᠢᠷᠡᠯ᠎ᠡ᠃ ᠴᠠᠭᠠᠨ᠎ᠠ ᠨᠢ ᠪᠠᠰᠠ ᠨᠢᠭᠡ ᠴᠠᠭᠠᠨ ᠬᠤᠪᠴᠠᠰᠤ ᠲᠠᠢ ᠡᠮᠡᠭᠲᠡᠢ ᠪᠠᠶᠢᠨ᠎ᠠ᠃ ᠫᠤᠤᠳᠠᠯ᠎ᠠ︕ ᠫᠤᠤᠳᠠᠯ᠎ᠠ︕ | ᠬᠤᠷᠳᠤᠨ᠂ ᠬᠤᠷᠳᠤᠨ︕ ᠪᠢ ᠦᠬᠦᠴᠢᠬᠡᠯ᠎ᠡ︕ ᠬᠠᠶᠢᠷᠠᠨ ᠬᠠᠶᠢᠷᠠᠨ᠁ ᠭᠡᠭᠰᠡᠭᠡᠷ ᠲᠣᠯᠣᠭᠠᠢ ᠪᠠᠨ ᠲᠡᠪᠡᠷᠢᠭᠰᠡᠭᠡᠷ | ᠠᠷᠤᠭᠰᠢ ᠪᠠᠨ ᠰᠠᠪᠠᠵᠦ ᠤᠨᠠᠯ᠎ᠠ᠃ | ᠵᠠᠯᠠᠭᠤ ᠡᠴᠢᠭᠡ ᠡᠬᠡ ᠬᠦᠦ ᠶᠢᠨ ᠢᠶᠠᠨ ᠰᠣᠯᠢᠶᠠᠷᠠᠭᠰᠠᠨ ᠢ ᠦᠵᠡᠭᠡᠳ ᠦᠷᠭᠦᠭᠰᠡᠨ ᠦᠬᠡᠷ ᠤᠨ ᠮᠡᠲᠦ | ᠨᠢᠳᠦᠯᠡᠪᠡ᠃ ᠬᠦᠦ ᠥᠨᠳᠡᠶᠢᠵᠦ ᠰᠠᠭᠤᠭᠰᠠᠨ ᠢᠶᠠᠨ᠄ | - ᠠᠳᠡ ᠫᠤᠤ ᠲᠠᠢ ᠬᠥᠮᠥᠨ ᠭᠦᠶᠦᠵᠦ ᠪᠠᠶᠢᠨ᠎ᠠ᠃ ᠲᠡᠷᠡ᠂ ᠲᠡᠷᠡ ᠲᠠᠯ᠎ᠠ ᠠᠴᠠ ᠴᠢᠨᠢ ᠫᠤᠤᠳᠠᠯ᠎ᠠ᠃ | ᠠᠶᠤᠯ ᠲᠠᠢ᠂ ᠠᠶᠤᠯ ᠲᠠᠢ᠃ ᠡᠴᠢᠭᠡ ᠨᠢ ᠬᠦᠦ ᠪᠠᠨ ᠲᠡᠪᠡᠷᠢᠪᠡ᠃ ᠲᠣᠯᠣᠭᠠᠢ ᠠᠴᠠ ᠨᠢ ᠬᠦᠢᠲᠡᠨ ᠬᠥᠯᠥᠰᠦ | ᠪᠤᠷᠴᠠᠭᠯᠠᠨᠠ᠃ ᠡᠬᠡ ᠨᠢ᠄ ︽ᠡᠵᠢ ᠨᠢ ᠪᠠᠶᠢᠨ᠎ᠠ᠃ ᠡᠵᠢ ᠨᠢ ᠪᠠᠶᠢᠨ᠎ᠠ᠃ ᠮᠢᠨᠤ ᠬᠦᠦ ᠪᠤᠤ ᠠᠶᠤ︕︾ ᠭᠡᠭᠰᠡᠭᠡᠷ | ᠲᠣᠯᠣᠭᠠᠢ ᠶᠢ ᠨᠢ ᠲᠡᠪᠡᠷᠢᠨ ᠨᠢᠯᠪᠤᠰᠤ ᠤᠨᠠᠭᠠᠨ᠎ᠠ᠁ | ᠠᠯᠢᠶᠠᠬᠦᠦ ᠡᠶᠢᠨ ᠬᠦ ᠰᠣᠯᠢᠶᠠᠷᠠᠬᠤ ᠪᠠᠷ ᠡᠮᠡᠭᠡ ᠨᠢ ᠬᠦᠦ ᠪᠠᠨ ᠬᠥᠲᠥᠯᠵᠦ᠂ ︽ᠡᠮ ᠠᠴᠠ ᠳᠣᠮ︾ ᠭᠡᠳᠡᠭ | ᠶᠤᠮ ᠭᠡᠳ ︽ᠪᠤᠶᠠᠨ ᠢᠪᠡᠭᠡᠭᠴᠢ ᠰᠦᠮ᠎ᠡ︾ ᠶᠢᠨ ᠰᠢᠷᠡᠭᠡᠨ ᠳ᠋ᠠ ᠯᠠᠮᠠ᠂ ᠲᠥᠷᠬᠦᠮ ᠤᠨ ᠬᠢᠨᠢ ᠬᠤᠯᠠ ᠶᠢᠨ ᠨᠠᠭᠠᠴᠤ | ᠲᠤᠨᠳᠤᠭ ᠯᠠᠮᠠ ᠶᠢ ᠡᠷᠢᠵᠦ ᠳᠣᠮ ᠳᠠᠷᠤᠯᠭ᠎ᠠ ᠬᠢᠯᠭᠡᠬᠦ ᠪᠠᠷ ᠬᠦᠷᠴᠡᠢ᠃ | ᠰᠦᠮ᠎ᠡ ᠶᠢᠨ ᠠᠷᠤ ᠳᠤ ᠪᠠᠶᠢᠷᠢᠰᠢᠭ᠎ᠠ ᠨᠠᠭᠠᠴᠤ ᠯᠠᠮᠠ ᠶᠢᠨ ᠬᠠᠭᠤᠴᠢᠨ ᠤ ᠬᠥᠬᠡ ᠲᠣᠭᠤᠰᠬᠠᠨ ᠭᠡᠷ | ᠥᠨᠳᠥᠷ ᠬᠥᠮᠥᠨ ᠤ ᠲᠣᠯᠣᠭᠠᠢ ᠲᠤᠯᠤᠮ᠎ᠠ ᠨᠠᠪᠰᠠᠭᠠᠷ ᠪᠤᠯᠪᠠᠴᠤ ᠴᠡᠪᠡᠷ ᠴᠡᠮᠴᠡᠭᠡᠷ᠃ ᠭᠡᠷ ᠤᠨ ᠬᠤᠶᠢᠮᠤᠷ | ᠲᠠᠯᠪᠢᠭᠰᠠᠨ ᠲᠣᠮᠣ ᠬᠦᠩᠭᠡᠷᠸᠠ ᠲᠠᠢ ᠨᠣᠭᠤᠭᠠᠨ ᠲᠡᠷᠢ ᠡᠬᠡ ᠶᠢᠨ ᠬᠦᠷᠦᠭ ᠤᠯᠠᠨ ᠰᠢᠯ ᠲᠠᠢ ᠵᠢᠵᠢᠭᠬᠡᠨ | ᠴᠣᠩᠬᠤ ᠪᠠᠷ ᠬᠠᠷᠪᠤᠬᠤ ᠨᠠᠷᠠᠨ ᠤ ᠲᠤᠶᠠᠭᠠᠨ ᠳᠤ ᠰᠢᠵᠢᠷᠳᠡᠨ᠂ ᠬᠤᠷᠸ᠎ᠠ ᠶᠢᠨ ᠪᠤᠵᠠᠷ ᠪᠤᠯᠠᠢ᠂ ᠮᠠᠭᠤ ᠮᠠᠭᠤᠬᠠᠢ ᠶᠢ | ᠦᠵᠡᠬᠦ ᠦᠭᠡᠢ ᠭᠡᠰᠡᠨ ᠰᠢᠭ ᠭᠡᠭᠡᠨ ᠮᠡᠯᠮᠡᠢ ᠪᠠᠨ ᠬᠠᠭᠠᠰ ᠠᠨᠢᠨ ᠮᠦᠰᠢᠶᠡᠨ᠎ᠡ᠃ ᠲᠡᠭᠦᠨ ᠤ ᠡᠮᠦᠨ᠎ᠡ ᠲᠣᠮᠣ | ᠮᠥᠩᠭᠦᠨ ᠴᠥᠭᠦᠴᠡ ᠲᠠᠢ ᠢᠬᠡᠷ᠎ᠡ ᠵᠤᠯᠠ ᠪᠠᠳᠮᠠᠯᠠᠨ ᠠᠰᠠᠵᠤ᠂ ᠬᠠᠭᠠᠯᠭ᠎ᠠ ᠨᠡᠭᠡᠭᠡᠭᠳᠡᠵᠦ ᠬᠥᠮᠥᠨ ᠣᠷᠣᠬᠤ ᠪᠠᠷ | ᠵᠤᠯᠠ ᠶᠢᠨ ᠭᠤᠣᠯ ᠬᠠᠶᠠ ᠨᠠᠮᠢᠯᠵᠠᠨ᠎ᠠ᠃ | ᠰᠢᠷ᠎ᠠ ᠲᠣᠷᠭᠠᠨ ᠲᠡᠷᠯᠢᠭ ᠳᠡᠭᠡᠷ᠎ᠡ ᠬᠦᠷᠡᠩ ᠣᠷᠬᠢᠮᠵᠢ ᠨᠥᠮᠥᠷᠴᠦ ᠰᠠᠭᠤᠭᠰᠠᠨ ᠲᠠᠷᠭᠤᠨ ᠰᠢᠷ᠎ᠠ ᠯᠠᠮᠠ | ᠨᠢᠳᠦᠨ ᠰᠢᠯ ᠤᠨ ᠢᠶᠠᠨ ᠳᠡᠭᠡᠭᠦᠷ ᠰᠢᠷᠪᠢᠨ ᠬᠠᠷᠠᠭᠰᠠᠨ ᠢᠶᠠᠨ ᠲᠤᠯᠵᠢᠨ ᠢ ᠲᠠᠨᠢᠪᠠ᠃ ᠲᠤᠯᠵᠢᠨ ᠴᠠᠢ ᠴᠠᠭᠠᠨ ᠢᠳᠡᠭᠡ | ᠴᠦ ᠠᠮᠰᠠᠭᠰᠠᠨ ᠦᠭᠡᠢ᠂ ᠰᠢᠭᠤᠳ ᠠᠴᠢ ᠬᠦᠦ ᠶᠢᠨ ᠢᠶᠠᠨ ᠡᠪᠡᠳᠴᠢᠨ ᠤ ᠲᠤᠬᠠᠢ ᠤᠷᠤᠰᠬᠠᠵᠤ ᠭᠠᠷᠤᠯ᠎ᠠ᠃ | ᠲᠤᠨᠳᠤᠭ ᠯᠠᠮᠠ ᠲᠣᠮᠣ ᠳᠠᠪᠬᠤᠷᠭ᠎ᠠ ᠲᠠᠢ ᠬᠤᠨᠢᠨ ᠪᠣᠷᠣ ᠨᠢᠳᠦ ᠪᠠᠷ ᠬᠦᠦ ᠶᠢ ᠴᠤᠭᠤᠷᠳᠠᠯ᠎ᠠ ᠰᠢᠷᠳᠡᠭᠰᠡᠨ ᠢᠶᠠᠨ᠄ | - ᠡᠨᠡ ᠬᠡᠦᠬᠡᠳ ᠤᠨ ᠵᠢᠷᠦᠬᠡ ᠨᠢ ᠶᠡᠭᠡ ᠮᠠᠭᠤ ᠪᠠᠶᠢᠨ᠎ᠠ᠃ ᠬᠠᠭᠤᠴᠢᠨ ᠤ ᠦᠭᠡ ᠪᠠᠷ ᠬᠡᠯᠡᠪᠡᠯ ᠵᠢᠷᠦᠬᠡ ᠶᠢ | ᠨᠢ ᠬᠡᠢ ᠪᠣᠭᠤᠵᠤ ᠴᠠᠭᠠᠨ ᠰᠣᠯᠢᠶ᠎ᠠ ᠲᠤᠰᠴᠠᠢ᠃ ᠲᠠ ᠦᠵᠡ︕ ᠰᠣᠷᠮᠤᠤᠰᠤᠨ ᠤ ᠦᠵᠦᠭᠦᠷ ᠨᠢ ᠭᠤᠷᠪᠠ | ᠭᠤᠷᠪᠠ ᠪᠠᠷ ᠢᠶᠠᠨ ᠨᠡᠶᠢᠯᠡᠵᠦ ᠮᠠᠶᠢᠬᠠᠨᠴᠢᠯᠠᠨ ᠪᠣᠰᠴᠠᠢ᠃ ᠬᠤᠶᠠᠷ ᠨᠢᠳᠦᠨ ᠤ ᠬᠢᠨᠢ ᠬᠤᠭᠤᠷᠤᠨᠳᠤᠬᠢ ᠨᠢᠷᠠᠢ ᠶᠢᠨ | ᠰᠤᠳᠠᠯ ᠵᠠᠩᠭᠢᠷᠠᠵᠤ ᠬᠥᠬᠡ ᠵᠢᠷᠤᠭᠠᠰᠤ ᠲᠠᠲᠠᠵᠤ ᠪᠠᠶᠢᠨ᠎ᠠ ᠭᠡᠵᠦ ᠣᠨᠣᠰᠢᠯᠠᠵᠤ ᠪᠠᠶᠢᠯ᠎ᠠ᠃ ᠬᠦᠦ᠂ ᠯᠠᠮᠠ ᠶᠢᠨ | ᠬᠠᠷᠠᠴᠠᠨ ᠠᠴᠠ ᠬᠠᠯᠢᠷᠠᠵᠤ ᠡᠮᠡᠭᠡ ᠶᠢᠨ ᠢᠶᠠᠨ ᠠᠷᠤ ᠪᠠᠷ ᠰᠢᠷᠭᠤᠯᠠᠵᠤ ᠪᠠᠶᠢᠭᠰᠠᠨ ᠢᠶᠠᠨ ᠭᠡᠨᠡᠳᠲᠡ ᠬᠤᠶᠠᠷ | ᠨᠢᠳᠦᠨ ᠤ ᠬᠢᠨᠢ ᠬᠠᠷᠠᠴᠠ ᠰᠢᠷᠦᠭᠦᠰᠴᠦ᠂ ᠪᠦᠬᠦ ᠪᠡᠶ᠎ᠡ ᠠᠴᠠ ᠨᠢ ᠬᠦᠢᠲᠡᠨ ᠬᠥᠯᠥᠰᠦ ᠪᠠᠳᠬᠠᠨ᠂ ᠪᠡᠶ᠎ᠡ ᠨᠢ | ᠰᠤᠯᠠᠷᠠᠭᠠᠳ ᠠᠮᠠᠨ ᠳᠠᠭᠠᠨ ᠳᠣᠣᠷ᠎ᠠ ᠲᠠᠭᠤ ᠪᠠᠷ᠄ | - ᠲᠡᠷᠡ᠂ ᠲᠡᠷᠡ᠂ ᠫᠤᠤ ᠲᠠᠢ ᠬᠥᠮᠥᠨ ᠨᠢᠭᠤᠵᠤ ᠪᠠᠶᠢᠨ᠎ᠠ᠃ ᠫᠤᠤᠳᠠᠯ᠎ᠠ︕ ᠫᠤᠤᠳᠠᠯ᠎ᠠ︕ ᠭᠡᠭᠰᠡᠭᠡᠷ | ᠨᠤᠭᠤᠷᠠᠭᠠᠳ ᠶᠠᠪᠤᠴᠢᠬᠠᠯ᠎ᠠ᠃ ᠡᠮᠡᠭᠡ ᠨᠢ ᠤᠬᠢᠯᠠᠬᠤ ᠠᠴᠠ ᠥᠭᠡᠷ᠎ᠡ ᠴᠢᠳᠠᠯ ᠦᠭᠡᠢ᠃ ᠯᠠᠮᠠ ᠠᠷᠭ᠎ᠠ ᠲᠠᠢ᠃ ᠬᠦᠷᠡᠩ | ᠽᠠᠨᠳᠠᠨ ᠡᠷᠢᠭᠡ ᠪᠠᠨ ᠲᠣᠭᠠᠯᠠᠵᠤ ᠰᠠᠭᠤᠭᠰᠠᠨ ᠢᠶᠠᠨ ᠬᠦᠦ ᠶᠢᠨ ᠬᠠᠮᠠᠷ ᠤᠨ ᠳᠣᠣᠷᠠᠬᠢ ᠬᠥᠮᠥᠨ ᠳᠡᠭᠡᠷ᠎ᠡ ᠨᠢ | ᠪᠠᠷᠠᠭᠤᠨ ᠭᠠᠷ ᠤᠨ ᠡᠷᠡᠬᠡᠢ ᠬᠤᠷᠤᠭᠤᠨ ᠤ ᠬᠢᠮᠤᠰᠤ ᠪᠠᠷ ᠢᠶᠠᠨ ᠬᠦᠷᠡᠩ ᠤᠯᠠᠭᠠᠨ ᠪᠤᠯᠳᠠᠯ᠎ᠠ ᠬᠢᠮᠤᠰᠤᠯᠠᠬᠤ ᠪᠠᠷ ᠬᠦᠦ | ᠤᠷᠤᠭᠤᠯ ᠢᠶᠠᠨ ᠨᠤᠬᠤᠯᠤᠭᠰᠠᠭᠠᠷ ᠪᠣᠰᠪᠠ᠃ ᠲᠤᠨᠳᠤᠭ ᠯᠠᠮᠠ ᠣᠷᠬᠢᠮᠵᠢ ᠪᠠᠨ ᠵᠠᠰᠠᠵᠤ᠄ | - ᠦᠭᠡᠢ᠂ ᠡᠨᠡ ᠬᠦᠦ ᠰᠣᠯᠢᠶᠠᠷᠠᠬᠤ ᠪᠠᠷ ᠶᠠᠭᠤ ᠶᠠᠭᠤ ᠶᠠᠷᠢᠭᠠᠳ ᠪᠠᠶᠢᠨ᠎ᠠ︖ ᠭᠡᠨ᠎ᠡ᠃ ᠲᠤᠯᠵᠢᠨ | ᠶᠠᠭᠠᠷᠠᠨ ᠳᠠᠩᠳᠠ ᠯᠠ᠄ | - ᠫᠤᠤ ᠲᠠᠢ ᠬᠥᠮᠥᠨ᠂ ᠫᠤᠤ ᠲᠠᠢ ᠬᠥᠮᠥᠨ᠃ ᠠᠷᠤ ᠠᠴᠠ ᠴᠢᠨᠢ ᠫᠤᠤᠳᠠᠯ᠎ᠠ᠂ ᠫᠤᠤᠳᠠᠯ᠎ᠠ᠃ ᠴᠠᠭᠠᠨ᠎ᠠ ᠠᠴᠠ | ᠴᠢᠨᠢ ᠨᠢᠭᠡ ᠴᠠᠭᠠᠨ ᠬᠤᠪᠴᠠᠰᠤ ᠲᠠᠢ᠂ ᠰᠡᠭᠰᠡᠭᠡᠷ ᠦᠰᠦ ᠲᠠᠢ ᠡᠮᠡᠭᠲᠡᠢ ᠨᠢᠭᠤᠭᠠᠳ ᠢᠷᠡᠯ᠎ᠡ᠁ ᠭᠡᠨ᠎ᠡ᠃ ᠯᠠᠮᠠ | ᠰᠣᠨᠣᠰᠤᠭᠠᠳ ᠰᠢᠯᠢᠨ ᠬᠦᠵᠦᠭᠦᠦ ᠪᠠᠨ ᠬᠥᠳᠡᠯᠭᠡᠨ ᠬᠦᠩᠭᠢᠨᠡᠲᠡᠯ᠎ᠡ ᠬᠡᠬᠡᠷᠡᠭᠦᠯᠵᠦ ᠤᠯᠠᠨ ᠶᠠᠭᠤᠮ᠎ᠠ ᠪᠤᠳᠤᠵᠦ | ᠪᠠᠶᠢᠭᠰᠠᠨ ᠢᠶᠠᠨ᠄ | - ᠦᠭᠡᠢ᠂ ᠲᠤᠯᠵᠢᠨ ᠲᠠᠨᠠᠢ ᠳᠤ ᠴᠢᠨᠢ ᠳᠡᠭᠡᠷ᠎ᠡ ᠦᠶ᠎ᠡ ᠳᠡᠭᠡᠨ ᠫᠤᠤ ᠰᠤᠮᠤ ᠲᠠᠢ ᠬᠤᠯᠪᠣᠭᠳᠠᠬᠤ ᠶᠠᠮᠠᠷ | ᠬᠥᠮᠥᠨ ᠪᠠᠶᠢᠯ᠎ᠠ︖ ᠲᠤᠯᠵᠢᠨ᠄ | - ᠬᠦᠦ ᠶᠢᠨ ᠡᠯᠦᠨᠴᠡ ᠡᠪᠦᠭᠡ ᠨᠢ ᠴᠠᠭᠠᠨ ᠪᠣᠭᠳᠠ ᠶᠢᠨ ᠴᠡᠷᠢᠭ ᠲᠤ ᠶᠠᠪᠤᠵᠤ ᠪᠠᠶᠢᠯ᠎ᠠ ᠭᠡᠵᠦ ᠶᠠᠷᠢᠳᠠᠭ | ᠶᠤᠮ ᠳ᠋ᠠ᠃ ᠫᠤᠤ ᠰᠠᠭᠠᠳᠠᠭ ᠪᠠᠷᠢᠭᠰᠠᠨ ᠬᠥᠮᠥᠨ ᠠᠮᠢ ᠬᠤᠷᠣᠭᠠᠴᠢᠬᠠᠭᠰᠠᠨ ᠴᠤ ᠤᠴᠢᠷ ᠪᠠᠶᠢᠵᠤ ᠮᠡᠳᠡᠨ᠎ᠠ᠂ ᠶᠠᠮᠠᠷ | ᠨᠢᠭᠡ ᠨᠢ ᠢᠷᠡᠭᠡᠳ ᠨᠠᠭᠠᠯᠳᠤᠴᠢᠬᠠᠭᠰᠠᠨ ᠴᠦ ᠪᠢᠯᠡ ᠤᠤ︾ ᠭᠡᠵᠦ ᠪᠤᠳᠤᠪᠠ᠃ ᠲᠡᠶᠢᠨ ᠬᠦ ᠠᠯᠢᠶᠠᠬᠦᠦ ᠶᠢ ᠨᠢᠳᠦ ᠶᠢ | ᠨᠢ ᠠᠨᠢᠭᠤᠯᠤᠨ ᠡᠮᠦᠨ᠎ᠡ ᠪᠠᠨ ᠰᠠᠭᠤᠯᠭᠠᠪᠠ᠃ ᠬᠦᠦ ᠡᠮᠡᠭᠡ ᠶᠢᠨ ᠢᠶᠠᠨ ᠦᠭᠡ ᠪᠠᠷ ᠨᠢᠳᠦ ᠪᠠᠨ ᠠᠨᠢᠭᠰᠠᠨ ᠪᠤᠯᠪᠠᠴᠦ | ᠪᠠᠷᠠᠭᠤᠨ ᠭᠠᠷ ᠤᠨ ᠲᠠᠪᠤᠨ ᠬᠤᠷᠤᠭᠤ ᠨᠢ ᠡᠪᠦᠳᠦᠭ ᠳᠡᠭᠡᠷ᠎ᠡ ᠪᠠᠨ ᠶᠠᠭᠤ ᠨᠢᠭᠡ ᠶᠢ ᠰᠤᠷᠮᠠᠭᠠᠢ ᠲᠣᠪᠰᠢᠵᠤ | ᠠᠮᠠᠨ ᠳᠠᠭᠠᠨ ᠳᠦᠳᠦᠨᠡᠵᠦ ᠪᠠᠶᠢᠨ᠎ᠠ᠃ | ᠲᠤᠨᠳᠤᠭ ᠯᠠᠮᠠ ᠳᠣᠮ ᠳᠠᠷᠤᠯᠭ᠎ᠠ ᠬᠢᠪᠡ᠃ ᠪᠣᠯᠤᠭᠰᠠᠨ ᠭᠤᠯᠢᠷ ᠢ ᠬᠠᠷ᠎ᠠ ᠤᠰᠤ ᠪᠠᠷ ᠵᠠᠭᠤᠷᠠᠵᠤ | ᠪᠦᠭᠡ ᠶᠢᠨ ᠣᠩᠭᠤᠳ ᠰᠢᠭ᠋ ᠬᠥᠮᠥᠨ ᠬᠡᠯᠪᠡᠷᠢ ᠲᠠᠢ ᠪᠢᠯᠠᠩ ᠪᠠᠷᠢᠵᠤ ᠨᠢᠳᠦ ᠪᠠᠨ ᠠᠨᠢᠵᠤ ᠲᠠᠷᠨᠢᠳᠠᠪᠠ᠃ ᠲᠤᠯᠵᠢᠨ | ᠶᠠᠭ ᠯᠠ ᠥᠨᠥ ᠪᠢᠯᠠᠩ ᠨᠢ ᠨᠣᠮ ᠤᠨ ᠬᠦᠴᠦ ᠪᠠᠷ ᠳᠡᠭᠳᠡᠵᠦ ᠦᠰᠦᠷᠪᠡᠯ ᠳᠠᠷᠤᠵᠤ ᠠᠪᠬᠤ ᠶᠤᠮᠰᠢᠭ ᠠᠷᠪᠠᠨ | ᠬᠤᠷᠤᠭᠤ ᠪᠠᠨ ᠮᠣᠳᠣᠨ ᠰᠠᠪᠠᠷ ᠤᠨ ᠰᠢᠳᠦ ᠰᠢᠭ ᠠᠷᠵᠠᠶᠢᠯᠭᠠᠨ ᠳᠡᠯᠭᠡᠪᠡ᠃ ᠯᠠᠮᠠ ᠲᠠᠷᠨᠢᠳᠠᠵᠤ ᠪᠠᠷᠠᠯ᠎ᠠ ᠪᠤᠯᠤᠯᠳᠠᠢ᠂ | ᠬᠦᠷᠡᠩ ᠰᠢᠷᠡᠭᠡᠨ ᠳᠡᠭᠡᠷ᠎ᠡ ᠲᠠᠯᠪᠢᠭᠰᠠᠨ ᠬᠤᠳᠠ ᠮᠠᠨᠳᠠᠯ ᠤᠨ ᠬᠠᠵᠠᠭᠤ ᠳᠠᠬᠢ ᠭᠠᠯᠠᠭᠤᠨ ᠬᠦᠵᠦᠭᠦᠲᠦ | ᠯᠣᠩᠬᠤᠨ ᠳᠤ ᠬᠢᠭᠰᠡᠨ ᠭᠤᠷᠪᠠᠨ ᠨᠢᠳᠦ ᠲᠠᠢ ᠲᠤᠭᠤᠰ ᠤᠨ ᠦᠳᠦ ᠪᠠᠨ ᠠᠪᠴᠤ᠄ | - ᠲᠤᠯᠵᠢᠨ ᠴᠢ ᠭᠠᠷᠤᠭᠠᠳ ᠲᠣᠭᠤᠭᠠᠨ ᠭᠡᠷ ᠠᠴᠠ ᠴᠡᠯ ᠬᠦᠢᠲᠡᠨ ᠤᠰᠤ ᠠᠪᠤᠭᠠᠳ ᠢᠷ᠎ᠡ︕ ᠤᠤᠯ | ᠨᠢ ᠬᠤᠳᠳᠤᠭ ᠤᠨ ᠬᠥᠯ ᠦᠭᠡᠢ ᠤᠰᠤ ᠬᠡᠷᠡᠭᠰᠡᠳᠡᠭ ᠶᠤᠮ᠃ ᠤᠳᠤ ᠴᠦ ᠬᠤᠳᠠ ᠳᠤ ᠬᠤᠳᠳᠤᠭ ᠦᠭᠡᠢ | ᠪᠣᠯᠤᠭᠰᠠᠨ ᠬᠤᠶᠢᠨ᠎ᠠ ᠲᠦᠭᠡᠭᠡᠯ ᠤᠰᠤᠨ ᠠᠴᠠ ᠥᠭᠡᠷ᠎ᠡ ᠶᠠᠭᠠᠬᠢᠬᠤᠪ ᠳ᠋ᠠ ᠭᠡᠨ᠎ᠡ᠃ ᠲᠤᠯᠵᠢᠨ ᠲᠣᠭᠤᠭᠠᠨ ᠭᠡᠷ ᠠᠴᠠ | ᠲᠣᠮᠣ ᠴᠠᠶᠢᠷ ᠤᠨ ᠰᠢᠨᠠᠭ᠎ᠠ ᠪᠠᠷ ᠤᠰᠤ ᠠᠪᠴᠢᠷᠠᠯ᠎ᠠ᠃ ᠬᠦᠦ ᠨᠢᠳᠦ ᠪᠠᠨ ᠠᠨᠢᠨ ᠵᠡᠭᠦᠷᠮᠡᠭᠯᠡᠵᠦ ᠪᠠᠶᠢᠨ᠎ᠠ᠃ ᠯᠠᠮᠠ | ᠲᠤᠭᠤᠰ ᠤᠨ ᠦᠳᠦ ᠪᠠᠨ ᠤᠰᠤᠨ ᠳᠤ᠂ ᠬᠦᠦ ᠶᠢᠨ ᠵᠤᠯᠠᠢ ᠳᠡᠭᠡᠷ᠎ᠡ ᠱᠠᠪᠰᠢᠨ᠎ᠠ᠃ ᠬᠦᠦ ᠭᠡᠳᠡᠭᠡ ᠨᠢ ᠬᠦᠷᠪᠡ | ᠪᠤᠯᠤᠯᠳᠠᠢ ᠣᠷᠣᠨ ᠳᠠᠭᠠᠨ ᠲᠤᠮᠪᠠᠯᠵᠠᠨᠠ᠃ ᠯᠠᠮᠠ ᠪᠦᠳᠦᠭᠦᠨ ᠰᠢᠨᠠᠭ᠎ᠠ ᠲᠠᠢ ᠬᠦᠢᠲᠡᠨ ᠤᠰᠤᠨ ᠠᠴᠠ ᠬᠤᠶᠠᠷ | ᠬᠠᠴᠠᠷ ᠢᠶᠠᠨ ᠲᠦᠩᠬᠡᠶᠢᠳᠡᠯᠡ ᠣᠭᠤᠴᠢᠵᠤ ᠠᠪᠤᠭᠰᠠᠨ ᠢᠶᠠᠨ ᠭᠡᠨᠡᠳᠲᠡ ᠬᠦᠦ ᠶᠢᠨ ᠨᠢᠭᠤᠷ ᠤᠷᠤᠭᠤ ᠫᠦᠷᠳᠡᠬᠢᠳᠡᠯᠡ | ᠦᠯᠢᠶᠡᠬᠦ ᠪᠠᠷ ᠬᠦᠦ ᠰᠣᠴᠢᠭᠠᠨ ᠳᠠᠭᠠᠨ ᠮᠠᠭᠤᠬᠠᠢ ᠪᠠᠷᠬᠢᠷᠠᠭᠰᠠᠨ ᠢᠶᠠᠨ ᠰᠤᠯᠳᠦ᠋ᠢᠭᠠᠳ ᠶᠠᠪᠤᠴᠢᠬᠠᠯ᠎ᠠ᠃ ᠲᠤᠯᠵᠢᠨ | ᠨᠢᠳᠦ ᠨᠢ ᠪᠦᠯᠲᠡᠯᠵᠡᠬᠦ ᠠᠴᠠ ᠥᠭᠡᠷ᠎ᠡ ᠠᠷᠭ᠎ᠠ ᠦᠭᠡᠢ᠃ ᠲᠤᠨᠳᠤᠭ ᠯᠠᠮᠠ ᠵᠦᠭᠡᠷ ᠵᠦᠭᠡᠷ ᠭᠡᠵᠦ ᠪᠠᠷᠠᠭᠤᠨ | ᠭᠠᠷ ᠢᠶᠠᠨ ᠵᠠᠩᠭᠠᠵᠤ ᠪᠠᠶᠢᠨ᠎ᠠ᠃ ᠳᠡᠬᠡᠵᠦ ᠪᠠᠶᠢᠲᠠᠯ᠎ᠠ ᠬᠦᠦ ᠶᠢᠨ ᠬᠠᠷᠠᠴᠠ ᠨᠢ ᠵᠥᠭᠡᠯᠡᠷᠡᠨ ᠰᠡᠷᠭᠦᠪᠡ᠃ | ᠲᠤᠯᠵᠢᠨ ᠤ ᠴᠢᠷᠠᠢ ᠳᠤ ᠪᠠᠶᠠᠷ ᠴᠠᠯᠭᠢᠯᠠᠨ᠎ᠠ᠃ ᠲᠤᠨᠳᠤᠭ ᠯᠠᠮᠠ ᠶᠢᠨ ᠮᠠᠨᠢ ᠶᠢᠨ ᠵᠢᠷᠭᠤᠭᠠᠨ ᠦᠰᠦᠭ ᠲᠠᠢ | ᠰᠢᠷ᠎ᠠ ᠴᠠᠭᠠᠰᠤᠨ ᠳᠤ ᠪᠣᠭᠤᠵᠤ ᠥᠭᠭᠦᠭᠰᠡᠨ ᠭᠤᠷᠪᠠᠨ ᠤᠯᠠᠭᠠᠨ ᠦᠷᠡᠯ ᠪᠣᠯᠣᠨ ᠲᠠᠷᠨᠢ ᠰᠢᠩᠭᠡᠭᠡᠭᠰᠡᠨ ᠪᠢᠯᠠᠩ ᠢ | ᠠᠪᠤᠭᠠᠳ ᠬᠠᠷᠢᠪᠠ᠃ ᠯᠠᠮᠠ ᠶᠢᠨ ᠠᠶᠢᠯᠠᠳᠤᠭᠰᠠᠨ ᠶᠣᠰᠣᠭᠠᠷ ᠬᠠᠷᠠᠩᠭᠤᠢ ᠪᠣᠯᠵᠤ ᠲᠡᠭᠷᠢ ᠳᠤ ᠤᠳᠤ ᠪᠠᠷᠢᠯᠳᠤᠬᠤ ᠪᠠᠷ | ᠠᠯᠢᠶᠠᠬᠦᠦ ᠳᠤ ᠨᠢᠭᠡ ᠦᠷᠡᠯ ᠤᠤᠭᠤᠯᠭᠠᠵᠤ᠂ ᠲᠠᠷᠨᠢᠳᠠᠭᠰᠠᠨ ᠪᠢᠯᠠᠩ ᠢ ᠨᠢ ᠵᠡᠭᠦᠨ ᠡᠮᠦᠨ᠎ᠡ ᠵᠦᠭ ᠵᠠᠭᠤᠨ | ᠠᠯᠬᠤᠮ ᠤᠨ ᠴᠠᠭᠠᠨ᠎ᠠ ᠬᠤᠭ ᠬᠠᠶᠠᠳᠠᠭ ᠨᠣᠭᠤᠭᠠᠨ ᠰᠠᠪᠠ ᠶᠢᠨ ᠬᠠᠵᠠᠭᠤ ᠳᠤ ᠠᠪᠠᠴᠢᠵᠤ ᠬᠠᠶᠠᠬᠤ ᠪᠠᠷ ᠲᠡᠨᠳᠡ ᠶᠠᠭ | ᠰᠠᠶᠢᠬᠠᠨ ᠢᠳᠡᠰᠢ ᠰᠢᠩᠰᠢᠯᠡᠨ ᠭᠡᠳᠡᠰᠦ ᠨᠢ ᠭᠠᠷᠬᠠᠯᠠᠨ ᠶᠠᠪᠤᠵᠤ ᠪᠠᠶᠢᠭᠰᠠᠨ ᠰᠢᠷ᠎ᠠ ᠪᠠᠭᠠᠯ ᠳᠠᠪᠬᠢᠨ ᠢᠷᠡᠵᠦ ᠡᠮᠬᠦᠵᠦ | ᠠᠪᠤᠭᠠᠳ ᠪᠦᠬᠦᠯᠢ ᠪᠠᠷ ᠨᠢ ᠵᠠᠯᠭᠢᠵᠤ ᠠᠮᠵᠢᠵᠠᠢ᠃ ᠲᠤᠯᠵᠢᠨ ᠡᠮᠡᠭᠡᠨ ᠲᠤᠨᠳᠤᠭ ᠯᠠᠮᠠ ᠶᠢᠨ ᠦᠭᠡ ᠪᠠᠷ ᠡᠷᠭᠢᠵᠦ | ᠬᠠᠷᠠᠯ ᠦᠭᠡᠢ ᠪᠤᠴᠠᠵᠤ ᠢᠷᠡᠬᠦ ᠪᠠᠷ ᠠᠯᠢᠶᠠᠬᠦᠦ ᠡᠴᠢᠭᠡ ᠡᠬᠡ ᠬᠤᠶᠠᠷ ᠲᠠᠢ ᠪᠠᠨ ᠭᠤᠷᠪᠠᠭᠤᠯᠠ ᠨᠢᠳᠦᠨ ᠠᠴᠠ ᠪᠠᠨ | ᠨᠢᠯᠪᠤᠰᠤ ᠭᠠᠷᠳᠠᠯ᠎ᠠ ᠢᠨᠢᠶᠡᠯᠴᠡᠵᠦ ᠪᠠᠶᠢᠯ᠎ᠠ᠁ | ᠤᠤᠯ ᠨᠢ ᠠᠯᠢᠶᠠᠬᠦᠦ ᠡᠮᠡᠭᠡ ᠳᠡᠭᠡᠨ ᠰᠤᠷᠭᠠᠭᠤᠯᠢ ᠮᠣᠳᠣ ᠲᠠᠷᠢᠨ᠎ᠠ ᠭᠡᠵᠦ ᠬᠤᠳᠠᠯ ᠬᠡᠯᠡᠭᠡᠳ | ᠡᠮᠡᠭᠡ ᠶᠢᠨ ᠢᠶᠠᠨ ᠣᠶᠤᠨᠲᠤ ᠭᠠᠷ ᠤᠲᠠᠰᠤ ᠶᠢ ᠠᠪᠴᠤ ᠬᠤᠳᠠ ᠶᠢᠨ ᠨᠢᠭᠡ ᠰᠠᠶᠢᠨ ᠨᠠᠶᠢᠵᠠ ᠲᠠᠢ ᠪᠠᠨ ᠬᠤᠶᠠᠭᠤᠯᠠ | ᠨᠡᠶᠢᠯᠡᠵᠦ ︽ᠲᠠᠬᠢᠶ᠎ᠠ ᠢᠳᠡᠬᠦ︾ ᠭᠡᠳᠡᠭ ᠭᠠᠷ ᠤᠲᠠᠰᠤᠨ ᠤ ᠲᠣᠭᠯᠠᠭᠠᠮ ᠨᠠᠭᠠᠳᠤᠭᠰᠠᠨ ᠠᠴᠠ ᠮᠡᠳᠡᠷᠡᠯ ᠨᠢ ᠬᠡᠪ ᠤᠨ | ᠪᠠᠶᠢᠳᠠᠯ ᠢᠶᠠᠨ ᠪᠦᠷᠢᠮᠦᠰᠦᠨ ᠠᠯᠳᠠᠭᠰᠠᠨ ᠪᠠᠶᠢᠵᠠᠢ᠃ ᠬᠠᠷᠢᠨ ᠲᠤᠨᠳᠤᠭ ᠯᠠᠮᠠ ᠨᠢᠭᠤᠷ ᠲᠤ ᠨᠢ ᠬᠦᠢᠲᠡᠨ ᠤᠰᠤ | ᠰᠠᠴᠤᠬᠤ ᠪᠠᠷ ᠰᠣᠴᠢᠭᠠᠨ ᠳᠠᠭᠠᠨ ᠮᠡᠳᠡᠷᠡᠯ ᠨᠢ ᠬᠡᠪ ᠤᠨ ᠪᠠᠶᠢᠳᠠᠯ ᠳᠠᠭᠠᠨ ᠣᠷᠣᠭᠰᠠᠨ ᠠᠵᠢ᠃ | ᠮᠠᠷᠭᠠᠰᠢ ᠨᠢ ᠠᠯᠢᠶᠠᠬᠦᠦ ᠶᠢᠨ ᠡᠴᠢᠭᠡ ᠡᠬᠡ ᠨᠢ ᠪᠤᠴᠠᠬᠤ ᠳᠠᠭᠠᠨ ᠭᠠᠷ ᠤᠲᠠᠰᠤ ᠠᠷᠪᠢᠨ ᠨᠠᠭᠠᠳᠤᠪᠠᠯ | ᠬᠡᠦᠬᠡᠳ ᠤᠨ ᠲᠠᠷᠢᠬᠢ ᠮᠡᠳᠡᠷᠡᠯ᠂ ᠨᠢᠳᠦᠨ ᠳᠤ ᠮᠠᠭᠤ ᠭᠡᠵᠦ ᠡᠮᠡᠭᠡ ᠶᠢᠨ ᠬᠢᠨᠢ ᠣᠶᠤᠨᠲᠤ ᠭᠠᠷ ᠤᠲᠠᠰᠤ ᠶᠢ ᠡᠩ ᠤᠨ | ᠳᠥᠭᠦᠮᠬᠡᠨ ᠭᠠᠷ ᠤᠲᠠᠰᠤ ᠪᠠᠷ ᠰᠣᠯᠢᠭᠠᠳ ᠶᠠᠪᠤᠵᠠᠢ᠃ ︽ᠪᠤᠷᠬᠠᠨ ᠮᠢᠨᠢ︕ ᠪᠤᠷᠬᠠᠨ ᠮᠢᠨᠢ︕︾ ᠭᠡᠵᠦ ᠲᠤᠯᠵᠢᠨ | ᠡᠮᠡᠭᠡᠨ ᠵᠠᠯᠪᠠᠷᠢᠵᠤ ᠪᠠᠶᠢᠨ᠎ᠠ᠁ |