ᠴᠢᠩᠭᠢᠰ ᠤᠨ ᠰᠤᠷᠭᠠᠯ ᠦᠭᠡ
ᠨᠡᠶᠢᠲᠡᠯᠡᠭᠰᠡᠨ ᠴᠠᠭ᠄
2024/6/12
ᠠᠯᠳᠠ ᠪᠡᠶ᠎ᠡ ᠮᠢᠨᠢ ᠠᠯᠵᠢᠶᠠᠪᠠᠰᠤ ᠠᠯᠵᠢᠶᠠᠲᠤᠭᠠᠢ          ᠠᠬᠤ ᠲᠦᠷᠦ ᠮᠢᠨᠤ ᠪᠤᠤ ᠠᠯᠳᠠᠷᠲᠤᠭᠠᠢ           ᠪᠦᠲᠦᠨ ᠪᠡᠶ᠎ᠡ ᠮᠢᠨᠢ ᠵᠣᠪᠠᠪᠠᠰᠤ ᠵᠣᠪᠠᠲᠤᠭᠠᠢ          ᠪᠦᠷᠢᠨ ᠤᠯᠤᠰ ᠮᠢᠨᠤ ᠪᠤᠤ ᠰᠠᠳᠠᠷᠲᠤᠭᠠᠢ᠃                    ᠪᠦᠯᠬᠦᠮᠳᠡᠨ ᠨᠢᠭᠲᠠᠷᠠᠪᠠᠰᠤ ᠬᠦᠴᠦᠷᠬᠡᠭᠵᠢᠨ᠎ᠡ           ᠬᠠᠭᠠᠴᠠᠨ ᠰᠠᠯᠪᠠᠰᠤ ᠰᠥᠨᠥᠮᠦᠢ᠃            ᠪᠡᠶ᠎ᠡ ᠪᠠᠨ ᠵᠠᠰᠠᠵᠤ ᠴᠢᠳᠠᠪᠠᠰᠤ ᠭᠡᠷ ᠢᠶᠠᠨ ᠵᠠᠰᠠᠵᠤ ᠴᠢᠳᠠᠮᠤᠢ          ᠭᠡᠷ ᠢᠶᠠᠨ ᠵᠠᠰᠠᠵᠤ ᠴᠢᠳᠠᠪᠠᠰᠤ ᠤᠯᠤᠰ ᠢᠶᠠᠨ ᠵᠠᠰᠠᠵᠤ ᠴᠢᠳᠠᠮᠤᠢ᠃  ᠥᠪᠡᠷ ᠤᠨ ᠪᠡᠶ᠎ᠡ ᠶᠢ ᠤᠬᠠᠭᠠᠷᠠᠨ ᠮᠡᠳᠡᠪᠡᠰᠤ           ᠥᠭᠡᠷ᠎ᠡ ᠪᠤᠰᠤᠳ ᠢ ᠲᠣᠯᠢᠳᠠᠵᠤ ᠴᠢᠳᠠᠮᠤᠢ           ᠪᠡᠶ᠎ᠡ ᠪᠦᠭᠡ ᠪᠦᠭᠡᠰᠦ ᠭᠠᠭᠴᠠ ᠶᠢ ᠢᠯᠠᠶᠤ           ᠰᠡᠳᠬᠢᠯ ᠪᠦᠭᠡ ᠪᠣᠯᠪᠠᠰᠤ ᠤᠯᠠᠨ ᠢ ᠢᠯᠠᠶᠤ᠃           ᠥᠨᠢᠷ ᠬᠥᠮᠥᠨ ᠡᠪ ᠦᠭᠡᠢ ᠪᠣᠯᠪᠠᠰᠤ           ᠥᠨᠥᠴᠢᠨ ᠬᠥᠮᠥᠨ ᠤ ᠡᠯᠡᠭ ᠪᠤᠯᠬᠤ           ᠤᠯᠠᠨ ᠬᠥᠮᠥᠨ ᠡᠪ ᠦᠭᠡᠢ ᠪᠣᠯᠪᠠᠰᠤ           ᠣᠭᠤᠷᠴᠠᠭ ᠬᠥᠮᠥᠨ ᠤ ᠢᠳᠡᠰᠢ ᠪᠤᠯᠬᠤ᠃            ᠬᠤᠯᠠ ᠬᠡᠮᠡᠨ ᠪᠤᠤ ᠴᠥᠬᠦ ᠶᠠᠪᠤᠪᠠᠰᠤ ᠬᠦᠷᠦᠶᠦ           ᠬᠦᠨᠳᠦ ᠬᠡᠮᠡᠨ ᠪᠤᠤ ᠴᠥᠬᠦ ᠡᠷᠭᠦᠪᠡᠰᠦ ᠲᠠᠭᠠᠭᠠᠶᠤ᠃            ᠰᠠᠷᠠᠭᠤᠯ ᠤᠬᠠᠭᠠᠨ ᠠᠴᠠ ᠢᠯᠡᠭᠦᠦ           ᠰᠠᠶᠢᠨ ᠨᠥᠬᠦᠷ ᠪᠠᠶᠢᠳᠠᠭ ᠦᠭᠡᠢ           ᠮᠤᠩᠬᠠᠭ ᠬᠢᠯᠢᠩ ᠠᠴᠠ ᠢᠯᠡᠭᠦᠦ           ᠮᠠᠭᠤ ᠳᠠᠶᠢᠰᠤᠨ ᠪᠠᠶᠢᠳᠠᠭ ᠦᠭᠡᠢ᠃           ᠤᠯᠠᠨ ᠤ ᠳᠣᠲᠣᠷ᠎ᠠ ᠦᠭᠡ ᠪᠠᠨ ᠰᠢᠨᠵᠢ           ᠭᠠᠭᠴᠠᠭᠠᠷ ᠶᠠᠪᠤᠬᠤ ᠳᠤ ᠰᠡᠳᠬᠢᠯ ᠢᠶᠠᠨ ᠰᠢᠨᠵᠢ᠃    
 
ᠢᠷᠡᠯᠲᠡ᠄ ᠲᠣᠳᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号