ᠡᠷᠳᠡᠨᠢ ᠠᠭᠤᠯᠠ ᠶᠢᠨ ᠪᠠᠷ᠎ᠠ
ᠨᠡᠶᠢᠲᠡᠯᠡᠭᠰᠡᠨ ᠴᠠᠭ᠄
2024/4/18
                    ᠰ᠊ · ᠬᠤᠷᠴᠢᠨᠬᠦᠤ         ᠨᠤᠳᠤᠭ ᠤᠨ ᠦᠷᠤᠴᠡᠨ ᠳᠤ ᠦᠨᠢᠳᠡ ᠴᠡᠩᠭᠡᠷᠯᠡᠨ ᠬᠠᠷᠠᠬᠳᠠᠳᠠᠭ ᠨᠢ ᠡᠷᠳᠡᠨᠢ ᠠᠭᠤᠯᠠ ᠶᠢᠨ ᠮᠢᠨᠢ ᠪᠠᠷ᠎ᠠ ᠶᠤᠮ᠃                ᠡᠷᠳᠡᠨᠢ ᠠᠭᠤᠯᠠ ᠭᠡᠵᠤ ᠦᠨᠦᠴᠢᠨ ᠭᠠᠭᠴᠠ ᠪᠢᠰᠢ ᠬᠠᠷᠢᠨ ᠡᠭᠡᠴᠢ ᠲᠡᠬᠦᠤ ᠬᠤᠶᠠᠷ ᠰᠢᠭ᠋᠂ ᠬᠤᠶᠢᠨ᠎ᠠ  ᠡᠮᠦᠨ᠎ᠡ ᠪᠠᠨ‌ᠬᠠᠷᠠᠭᠤᠯ ᠤᠨ ᠴᠡᠷᠢᠭ ᠰᠢᠭ ᠭᠡᠨ ᠠᠯᠢᠨ ᠳᠠᠭᠠᠨ ᠲᠦᠰᠢᠭ ᠪᠤᠯᠵᠤ  ᠰᠡᠬᠦ᠋ᠢᠨ  ᠰᠦᠨᠳᠡᠷᠯᠡᠨ᠎ᠡ᠃  ᠡᠷᠳᠡᠨᠢ  ᠠᠭᠤᠯᠠ ᠶᠢ  ᠪᠠᠭ᠎ᠠ‌ᠡᠷᠳᠡᠨᠢ᠂ ᠶᠡᠭᠡ ᠡᠷᠳᠡᠨᠢ ᠭᠡᠵᠤ ᠪᠠᠭ᠎ᠠ ᠡᠷᠳᠡᠨᠢ ᠨᠢ  ᠪᠠᠵᠢᠯᠠᠭ᠎ᠠ  ᠰᠤᠮᠤ ᠳᠤ  ᠬᠠᠷᠢᠶᠠᠯᠠᠬᠳᠠᠵᠤ᠂  ᠶᠡᠭᠡ  ᠡᠷᠳᠡᠨᠢ ᠨᠢ  ᠲᠦᠷᠦᠯᠵᠢ‌‍ᠰᠤᠮᠤᠨ ᠳᠤ ᠬᠠᠷᠢᠶᠠᠯᠠᠬᠳᠠᠨ᠎ᠠ᠃ ᠬᠤᠶᠠᠷ ᠡᠷᠳᠡᠨᠢ ᠶᠢᠨ ᠲᠤᠮᠳᠠᠬᠢ ᠬᠤᠳᠤᠭᠤᠷ ᠢ ᠬᠤᠶᠠᠷ ᠰᠤᠮᠤ ᠶᠢᠨ ᠵᠠᠭᠠᠭ ᠭᠡᠳᠡᠭ᠃  ᠡᠷᠳᠡᠨᠢ‌ᠠᠭᠤᠯᠠ ᠡᠷᠳᠡ ᠡᠳᠦᠭᠡ ᠠᠴᠠ ᠠᠪᠤᠭᠠᠳ ᠬᠤᠷᠴᠢᠨ ᠮᠤᠩᠭᠤᠯᠴᠤᠳ ᠤᠨ ᠰᠦᠰᠦᠭ  ᠪᠢᠰᠢᠷᠡᠯ  ᠪᠠ  ᠬᠠᠶᠢᠷ᠎ᠠ  ᠬᠦᠨᠳᠤᠳᠭᠡᠯ ᠢ‌ᠤᠯᠤᠬᠰᠠᠭᠠᠷ ᠢᠷᠡᠭᠰᠡᠨ ᠶᠤᠮ᠃ ᠡᠷᠳᠡᠨᠢ ᠠᠭᠤᠯᠠ ᠡᠪᠤᠯ ᠵᠤᠨ ᠤ ᠲᠦᠷᠪᠡᠨ ᠤᠯᠠᠷᠢᠯ ᠳᠤ ᠬᠦᠭᠡᠮᠳᠦᠭ ᠨᠤᠭᠤᠭᠠᠨ ᠦᠩᠭᠡ ᠪᠠᠨ‌‍ᠭᠡᠵᠢᠶᠡᠳᠡ ᠠᠯᠳᠠᠳᠠᠭ ᠦᠭᠡᠢ᠂ ᠠᠯᠤᠰ ᠠᠴᠠ ᠠᠵᠢᠬᠯᠠᠬᠤᠶ᠎ᠠ ᠬᠦᠭᠡᠷᠡᠨ ᠨᠡᠯᠦ᠋ᠢᠭᠡᠳ ᠰᠦᠷ ᠲᠠᠢ ᠴᠦ ᠬᠠᠷᠠᠬᠳᠠᠨ᠎ᠠ᠃                ᠤᠶᠢᠷᠠᠳᠤᠵᠤ ᠦᠵᠡᠬᠦᠯᠡᠷ ᠬᠤᠶᠠᠷ  ᠡᠷᠳᠡᠨᠢ  ᠮᠢᠨᠢ  ᠬᠤᠭᠤᠷᠤᠨᠳᠤ ᠪᠠᠨ  ᠭᠡᠳᠦᠨ  ᠭᠠᠵᠠᠷ  ᠵᠠᠢ ᠲᠠᠢ᠂  ᠬᠤᠳᠤᠭᠤᠷ‌ᠵᠢᠯᠠᠭ᠎ᠠ ᠲᠠᠢ᠂ ᠬᠤᠷᠴᠢᠬᠢᠨᠠᠬᠰᠠᠨ ᠪᠤᠯᠠᠭ ᠲᠠᠢ᠂ ᠬᠤᠰᠤ ᠴᠠᠷᠠᠰᠤᠨ ᠤᠢ ᠲᠠᠢ᠂  ᠭᠡᠭᠡᠷ᠎ᠡ  ᠲᠠᠯ᠎ᠠ ᠶᠢᠨ  ᠲᠤᠮᠳᠠ ᠠᠴᠠ  ᠬᠠᠨᠠᠷᠠᠨ‌‍ᠪᠤᠰᠤᠬᠰᠠᠨ ᠬᠠᠳᠠ ᠠᠭᠤᠯᠠ ᠭᠡᠵᠤ ᠨᠡᠭᠡᠷᠡᠨ ᠭᠠᠶᠢᠬᠠᠯᠳᠠᠢ᠃ ᠡᠷᠳᠡᠨᠢ ᠠᠭᠤᠯᠠ ᠮᠢᠨᠢ ᠡ᠂ ᠤᠩᠭᠤᠷᠬᠠᠢ ᠪᠠᠭ᠎ᠠ ᠨᠠᠰᠤ ᠪᠠᠨ ᠡᠩᠭᠡᠷ‌‍ᠲ᠋ᠠᠯ᠎ᠠ ᠳᠤ ᠴᠢᠨᠢ ᠪᠤᠷᠭᠠᠰᠤᠨ ᠮᠤᠷᠢ ᠵᠠᠶᠢᠳᠠᠩᠨᠠᠨ ᠪᠤᠷᠤ ᠲᠤᠭᠤᠰᠤ ᠶᠢ  ᠲᠡᠭᠳᠡᠭᠡᠨ  ᠠᠯᠢᠶᠠᠷᠬᠠᠨ  ᠲᠤᠬᠯᠠᠵᠤ  ᠦᠩᠭᠡᠷᠡᠬᠦᠯᠦᠭᠰᠡᠨ‌‍ᠪᠤᠯᠬᠤᠷ ᠪᠠᠯ ᠪᠤᠷᠠᠮ  ᠰᠢᠭ᠋  ᠪᠠᠭ᠎ᠠ ᠶᠢᠨ  ᠠᠮᠢᠳᠤᠷᠠᠯ ᠢᠶᠠᠨ  ᠡᠷᠬᠢᠴᠡᠬᠦᠯᠦᠨ  ᠪᠤᠳᠤᠬᠤ ᠳᠤ  ᠡᠷᠳᠡᠨᠢ  ᠠᠭᠤᠯᠠ  ᠬᠠᠷᠠᠭᠠᠨ ᠳ᠋ᠤ᠋‌‍ᠲ᠋ᠤᠳᠤᠷᠠᠭᠠᠳ ᠦᠷᠦᠴᠡ ᠵᠢᠷᠦᠭᠡᠨ ᠳᠤ ᠦᠨᠡᠨ ᠬᠦ ᠬᠠᠶᠢᠷᠠᠯᠠᠮᠠᠷ ᠰᠠᠨᠠᠬᠳᠠᠳᠠᠭ᠃               ᠡᠭᠡ ᠪᠠᠶᠢᠭᠠᠯᠢ ᠶᠢᠨ ᠤᠭ᠍ᠶᠤ ᠨᠤᠭᠤᠭᠠᠨ ᠦᠭᠡᠬᠦᠨ ᠪᠦᠮᠪᠦᠭᠡ ᠭᠡᠮᠡᠷ  ᠡ᠂  ᠡᠷᠳᠡᠨᠢ  ᠠᠭᠤᠯᠠ ᠶᠢ᠃  ᠡᠩᠭᠡᠷ ᠲᠤ ᠨᠢ‌‍ᠬᠦ᠋ᠷᠦᠭᠰᠡᠭᠡᠷ ᠴᠡᠴᠡᠭ ᠤᠨ  ᠬᠦᠷᠢᠶᠡᠯᠡᠩ ᠳᠤ  ᠤᠷᠤᠯ᠎ᠠ  ᠭᠡᠵᠤ  ᠮᠡᠳᠡ᠃  ᠬᠤᠷᠴᠠ  ᠤᠯᠠᠭᠠᠨ  ᠰᠠᠷᠠᠯᠠᠩ᠂  ᠬᠦᠭᠡ  ᠴᠡᠩᠭᠡᠷ‌‍ᠴᠠᠬᠢᠯᠳᠠᠭ᠂ ᠬᠤᠨᠳᠠᠨ ᠦᠩᠭᠡ ᠲᠠᠢ ᠠᠶᠠᠭᠠᠨ ᠬᠤᠸᠠᠷ᠂ ᠨᠤᠭᠤᠭᠠᠨ ᠦᠩᠭᠡ ᠲᠠᠢ  ᠴᠠᠭᠠᠨ  ᠠᠬᠰᠢᠷᠠᠭ᠎ᠠ᠂  ᠤᠯᠠᠪᠳᠤᠷ  ᠪᠤᠷᠤ‌ᠠᠵᠢᠷᠭᠠᠨ᠎ᠠ ᠨᠡᠶᠢᠯᠡᠯᠳᠤᠭᠡᠳ ᠴᠡᠴᠡᠭ ᠤᠨ ᠲᠠᠯᠠᠢ ᠪᠤᠯᠵᠤ ᠡᠷᠳᠡᠨᠢ  ᠠᠭᠤᠯᠠ ᠶᠢᠨ  ᠬᠤᠷᠮᠤᠢ ᠳᠤ  ᠡᠮᠵᠢᠶᠡᠷᠢ  ᠲᠠᠳᠠᠬᠰᠠᠨ  ᠮᠡᠳᠤ‌‍ᠰᠠᠨᠠᠬᠳᠠᠭᠤᠯᠤᠨ᠎ᠠ᠃ ᠵᠦᠢᠯ ᠪᠦᠷᠢ ᠶᠢᠨ ᠴᠡᠴᠡᠭ ᠬᠤᠸᠠᠷ ᠠᠯᠠᠬᠯᠠᠨ ᠲᠡᠯᠭᠡᠷᠡᠭᠰᠡᠨ ᠢ ᠠᠯᠢ ᠶᠢ ᠨᠢ ᠭᠡᠯᠡᠬᠦ ᠪᠤᠢ᠃ ᠪᠠᠰᠠ ᠳᠡᠬᠦᠨ ᠢ‌‍ᠲ᠋ᠡᠭᠡᠳᠤ ᠲᠡᠭᠷᠢ ᠠᠴᠠ ᠬᠠᠶᠢᠷᠠᠯᠠᠬᠰᠠᠨ ᠵᠢᠮᠢᠰ ᠤᠨ ᠬᠦᠷᠢᠶᠡᠯᠡᠩ᠂ ᠴᠡᠴᠡᠭ ᠤᠨ  ᠬᠦᠷᠢᠶᠡᠯᠡᠩ᠂  ᠠᠮᠢᠳᠠᠨ ᠤ  ᠬᠦᠷᠢᠶᠡᠯᠡᠩ  ᠭᠡᠵᠤ‌ᠨᠡᠷᠡᠯᠡᠵᠤ ᠪᠤᠯᠬᠤ ᠶᠤᠮᠰᠠᠨ᠃ ᠠᠳᠡ ᠤᠯᠠᠭᠠᠨ᠎ᠠ᠂ ᠬᠦᠢᠯᠡᠰᠤ᠂ ᠭᠡᠭᠡᠷ᠎ᠡ ᠶᠢᠨ ᠠᠯᠢᠮ᠎ᠠ ᠤᠨᠴᠠᠭᠠᠢ ᠰᠠᠶᠢᠨ  ᠤᠷᠭᠤᠳᠠᠭ᠃  ᠮᠠᠨ ᠢ‌‍ᠪᠠᠭ᠎ᠠ ᠳᠤ ᠬᠠᠩᠭᠠᠢ ᠲᠡᠷᠭᠡ ᠪᠠᠷ ᠡᠷᠳᠡᠨᠢ ᠠᠭᠤᠯᠠᠨ ᠳᠤ ᠢᠷᠡᠬᠦ ᠳᠤ ᠲᠡᠷᠭᠡᠨ ᠮᠦᠭᠡᠷ ᠢ ᠤᠪ ᠤᠯᠠᠭᠠᠨ ᠪᠤᠯᠭᠠᠴᠢᠬᠠᠳᠠᠭ ᠭᠡᠳᠡᠭ᠃ᠵᠢᠯ ᠪᠦᠷᠢ ᠶᠢᠨ ᠲᠤᠯᠤᠭ᠎ᠠ ᠨᠠᠢᠮᠠᠨ ᠰᠠᠷ᠎ᠠ  ᠵᠢᠮᠢᠰ  ᠪᠤᠯᠪᠠᠰᠤᠷᠠᠬᠤ  ᠤᠯᠠᠷᠢᠯ  ᠪᠤᠯᠬᠤ ᠲᠠᠢ  ᠵᠡᠷᠭᠡ  ᠠᠳᠡᠬᠢ  ᠬᠦᠮᠦᠰ  ᠡᠷᠳᠡᠨᠢ‌ᠠᠭᠤᠯᠠᠨ ᠳᠤ ᠢᠷᠡᠵᠤ ᠤᠯᠠᠭᠠᠨ᠎ᠠ᠂ ᠲᠤᠯᠤᠨᠤ᠂  ᠤᠬᠤᠨ᠎ᠠ ᠶᠢᠨ  ᠰᠢᠪᠳᠤᠷᠤ᠂  ᠦᠷᠢᠯ  ᠵᠡᠷᠭᠡ ᠶᠢ  ᠤᠭᠤᠳᠠ  ᠤᠭᠤᠳᠠ ᠪᠠᠷ‌‍ᠲ᠋ᠡᠬᠦᠳᠡᠭ᠃ ᠡᠷᠳᠡᠨᠢ ᠠᠭᠤᠯᠠ ᠶᠢᠨ ᠬᠦᠪᠴᠢᠨ ᠤᠢ ᠳᠤ ᠪᠤᠭᠤ  ᠬᠦᠷᠦᠭᠡᠰᠤ᠂  ᠠᠷᠭᠠᠯᠢ  ᠤᠭᠠᠯᠵᠠ᠂  ᠭᠡᠭᠡᠷ᠎ᠡ ᠶᠢᠨ  ᠭᠠᠭ᠋ᠠᠢ᠂ᠦᠨᠡᠭᠡ᠂ ᠴᠢᠨ᠋ᠸ᠎ᠠ᠂ ᠲᠠᠤᠯᠠᠢ᠂ ᠭᠡᠷᠡᠮᠤ᠂ ᠮᠠᠩᠬᠢᠰᠤ᠂  ᠬᠦᠷᠡᠩ᠂  ᠰᠤᠯᠤᠩᠭ᠎ᠠ᠂  ᠨᠤᠮᠤᠨ  ᠰᠤᠬᠤᠷ᠂  ᠵᠠᠷᠠᠭ᠎ᠠ᠂  ᠠᠯᠠᠬᠳᠠᠭ᠎ᠠ᠂ᠵᠤᠷᠠᠮ᠎ᠠ᠁ ᠵᠡᠷᠭᠡ ᠠᠮᠢᠳᠠᠨ ᠬᠤᠷᠭᠤᠳᠠᠨ ᠠᠮᠢᠳᠤᠷᠠᠵᠤ ᠪᠠᠶᠢᠳᠠᠭ᠃ ᠡᠷᠳᠡᠨᠢ ᠠᠭᠤᠯᠠ ᠶᠢᠨ  ᠦᠭᠡᠳᠡ  ᠬᠠᠨᠳᠤᠬᠰᠠᠨ  ᠡᠭᠴᠡ‌‍ᠪᠤᠰᠤᠭ᠎ᠠ ᠬᠠᠳᠠᠨ ᠤ ᠠᠩ ᠵᠠᠪᠰᠠᠷ ᠢᠶᠠᠷ ᠲᠠᠰ ᠪᠦᠷᠬᠦᠳ᠂ ᠰᠢᠷ᠎ᠠ ᠰᠢᠪᠠᠭᠤ ᠡᠬᠦᠷᠯᠡᠵᠤ ᠦᠳᠭᠡᠨ ᠵᠤᠵᠠᠭᠠᠨ ᠤᠢ ᠳᠤ ᠵᠢᠬᠦᠷᠳᠡᠨ‌‍ᠰᠢᠪᠠᠭᠤᠳ ᠵᠢᠷᠬᠢᠨ ᠲᠤᠩᠭᠤᠳᠴᠤ᠂  ᠬᠦᠭᠡ  ᠴᠡᠩᠭᠡᠷ  ᠤᠬᠳᠠᠷᠭᠤᠢ ᠪᠠᠷ  ᠬᠠᠷᠴᠠᠭᠠᠢ  ᠪᠦᠷᠬᠦᠳ  ᠡᠯᠢᠨ  ᠬᠠᠯᠢᠨ  ᠨᠢᠰᠴᠤ‌‍ᠪᠠᠶᠢᠳᠠᠭ᠃                ᠡᠷᠳᠡᠨᠢ ᠠᠭᠤᠯᠠ ᠭᠡᠵᠤ ᠡᠳᠡᠭᠡᠳ ᠰᠤᠨᠢᠨ ᠦᠩᠭᠡ ᠦᠵᠡᠮᠵᠢ ᠲᠠᠢ᠂ ᠡᠳ᠋ ᠡᠷᠳᠡᠨᠢᠰ ᠡᠯᠪᠡᠭ ᠪᠠᠶᠠᠯᠢᠭ ᠭᠠᠵᠠᠷ ᠶᠤᠮ᠃ᠬᠤᠷ᠎ᠠ ᠲᠠᠢ ᠵᠢᠯ ᠪᠤᠯ ᠰᠤᠭᠤ ᠰᠦᠪᠡᠭᠡ ᠪᠦᠬᠦᠨ ᠠᠴᠠ ᠨᠢ ᠪᠤᠯᠠᠭ ᠤᠨᠳᠤᠷᠴᠤ  ᠭᠠᠷᠬᠤ  ᠮᠦᠷᠳᠡᠭᠡᠨ  ᠠᠳᠡ  ︽ᠲᠢᠶᠠᠨᠴᠢ ᠵᠢᠨ‌‍ᠷᠠᠰᠢᠶᠠᠨ︾ ᠭᠡᠵᠤ ᠪᠠᠶᠢᠳᠠᠭ ᠪᠦᠬᠡᠳ  ᠬᠤᠯᠠ  ᠤᠶᠢᠷ᠎ᠠ ᠶᠢᠨ  ᠡᠪᠡᠳᠴᠢᠳᠡᠨ  ᠬᠤᠷᠠᠨ  ᠴᠤᠬᠯᠠᠷᠠᠵᠤ᠂  ᠷᠠᠰᠢᠶᠠᠨ ᠢ  ᠯᠤᠩᠬᠤ‌‍ᠰᠠᠪᠠ ᠪᠠᠷ ᠭᠡᠷ ᠲᠡᠭᠡᠨ ᠠᠪᠠᠴᠢᠵᠤ ᠤᠤᠭᠤᠬᠤ ᠶᠢᠨ ᠬᠠᠮᠳᠤ  ᠤᠰᠤᠨ ᠳᠤ  ᠤᠷᠤᠵᠦ  ᠡᠪᠡᠳᠴᠢᠨ  ᠡᠮᠭᠡᠭ ᠠᠴᠠ ᠪᠠᠨ  ᠰᠠᠯᠵᠤ‌‍ᠪᠠᠶᠢᠨ᠎ᠠ ᠭᠡᠯᠴᠡᠳᠡᠭ᠃ ᠦᠪᠴᠢ ᠨᠤᠭᠤᠭᠠᠨ ᠤᠢ ᠮᠤᠳᠤ ᠪᠠᠷ ᠬᠤᠴᠢᠬᠳᠠᠵᠤ ᠬᠠᠷᠭᠠᠨ᠎ᠠ᠂  ᠴᠠᠷᠠᠰᠤ᠂  ᠬᠤᠰᠤ᠂  ᠪᠠᠳᠤᠴᠠᠭᠠᠨ᠂ᠶᠠᠰᠢᠯ᠂ ᠭᠠᠴᠤᠷ᠎ᠠ᠂ ᠨᠤᠭᠤᠭᠠᠨ ᠤᠳᠠ᠂ ᠪᠤᠷᠤ ᠤᠯᠢᠶᠠᠰᠤ᠂ ᠬᠠᠷ᠎ᠠ ᠬᠠᠶᠢᠯᠠᠰᠤ᠂ ᠪᠤᠷᠤ ᠪᠤᠷᠭᠠᠰᠤ ᠭᠡᠵᠤ  ᠡᠳᠦᠷ  ᠲᠤᠳᠤᠮ ‍ᠤᠨ‌ᠠᠮᠢᠳᠤᠷᠠᠯ ᠳᠤ ᠭᠡᠷᠡᠭᠴᠡᠭᠡ ᠲᠠᠢ ᠮᠤᠳᠤᠳ  ᠪᠠᠶᠢᠬᠤ ᠪᠠᠷ  ᠪᠠᠷᠠᠬᠤ  ᠦᠭᠡᠢ᠂  ᠡᠮ ᠳᠤ  ᠤᠷᠤᠳᠠᠭ  ᠵᠡᠭᠡᠷᠭᠡᠨ᠎ᠡ᠂  ᠬᠤᠨᠴᠢᠨ᠂ᠤᠷᠬᠤᠳᠠᠢ ᠵᠡᠷᠭᠡ ᠶᠢᠨ ᠠᠯᠢ ᠤᠯᠠᠨ ᠵᠦᠢᠯ ᠤᠨ ᠤᠷᠭᠤᠮᠠᠯ ᠪᠠᠶᠢᠳᠠᠭ᠃               ᠬᠠᠪᠤᠷ ᠪᠤᠯᠵᠤ ᠬᠠᠭᠳᠠ ᠰᠤᠶᠤᠭᠠᠯᠠᠬᠤ ᠲᠠᠢ ᠵᠡᠷᠭᠡ ᠬᠠᠯᠠᠭᠠᠢ ᠲᠡᠬᠦᠬᠦ ᠬᠠᠪᠤᠳᠠᠢ ᠰᠠᠶᠢᠬᠠᠨ ᠴᠠᠭ  ᠪᠤᠯᠵᠤ  ᠢᠷᠡᠳᠡᠭ᠃ᠬᠠᠯᠠᠭᠠᠢ ᠶᠡᠷᠦᠨᠢ ᠭᠤᠤ ᠵᠢᠯᠠᠭ᠎ᠠ ᠶᠢᠨ ᠬᠦᠷᠦᠰᠦ ᠰᠠᠶᠢᠳᠠᠢ ᠭᠠᠵᠠᠷ ᠪᠤᠳᠠᠯᠠᠨ  ᠤᠷᠭᠤᠳᠠᠭ  ᠮᠦᠷᠳᠡᠭᠡᠨ  ᠨᠠᠷᠢᠨ  ᠦᠷᠭᠡᠰᠤ ᠲᠠᠢ‌‍ᠪᠠᠶᠢᠳᠠᠭ ᠡᠶᠢᠮᠤ ᠠᠴᠠ ᠬᠠᠯᠠᠭᠠᠢ ᠲᠡᠬᠦᠬᠦ ᠳᠡᠭᠡᠨ ᠨᠢᠮᠭᠡᠨ ᠰᠦᠯᠢᠶᠤᠤ ᠪᠡᠭᠡᠯᠠᠢ ᠵᠡᠬᠦᠵᠤ  ᠬᠠᠶᠢᠴᠢ ᠪᠠᠷ  ᠬᠠᠶᠢᠴᠢᠯᠠᠨ  ᠲᠡᠬᠦᠳᠡᠭ᠃ᠬᠠᠯᠠᠭᠠᠢ ᠨᠤᠭᠤᠭ᠎ᠠ ᠰᠡᠷᠢᠬᠦᠨ ᠴᠢᠨᠠᠷ ᠲᠠᠢ ᠪᠠᠶᠢᠳᠠᠭ ᠮᠦᠷᠳᠡᠭᠡᠨ ᠬᠠᠯᠠᠭᠠᠢ ᠪᠠᠷ ᠬᠢᠭᠰᠡᠨ ᠬᠤᠭᠤᠯᠠ  ᠪᠤᠯ  ᠮᠠᠨ ᠤ  ᠨᠤᠳᠤᠭ ‍ᠤᠨ‌‍ᠰᠠᠶᠢᠨ ᠬᠤᠭᠤᠯᠠ ᠪᠤᠯᠬᠤ ᠶᠤᠮ᠃ ᠨᠢᠭᠡᠨ ᠬᠠᠪᠤᠷ ᠤᠨ ᠡᠳᠦᠷ ᠰᠠᠨ ᠮᠢᠨᠤ ᠠᠬ᠎ᠠ ᠡᠭᠡᠴᠢ ᠬᠤᠶᠠᠭᠤᠯᠠ ᠪᠠᠨ ᠪᠦᠰ ᠤᠭᠤᠳᠠ ᠪᠠᠨ‌ᠠᠪᠴᠤ ᠠᠷᠪᠠᠨ ᠭᠡᠳᠦᠬᠦᠯᠡ ᠪᠠᠨ ᠡᠷᠳᠡᠨᠢ ᠠᠭᠤᠯᠠ ᠳᠤ ᠤᠴᠢᠵᠤ ᠬᠠᠯᠠᠭᠠᠢ  ᠲᠡᠬᠦᠭᠰᠡᠨ᠂  ᠲᠡᠳᠡ  ᠰᠠᠪᠠ ᠪᠠᠨ  ᠲᠦᠬᠦᠷᠭᠡᠭᠡᠳ‌‍ᠪᠤᠴᠠᠬᠤ ᠵᠠᠮ ᠳᠠᠭᠠᠨ ᠲᠦᠷᠪᠡᠨ ᠬᠠᠯᠢᠭᠤᠨ ᠭᠠᠯᠠᠭᠤᠨ ᠵᠤᠯᠵᠠᠭ᠎ᠠ ᠤᠯᠵᠤ  ᠭᠡᠷ ᠲᠤ  ᠠᠪᠴᠢᠷᠠᠬᠰᠠᠨ᠃  ᠬᠠᠯᠢᠭᠤᠨ  ᠭᠠᠯᠠᠭᠤᠨ‌ᠵᠤᠯᠵᠠᠭ᠎ᠠ ᠭᠡᠵᠤ ᠬᠦᠷᠡᠩ ᠦᠩᠭᠡ ᠲᠠᠢ᠂ ᠬᠠᠪᠳᠠᠭᠠᠢ ᠬᠤᠰᠢᠭᠤ ᠲᠠᠢ᠂ ᠬᠦᠯ ᠳᠤᠨᠢ ᠰᠠᠯᠢᠰᠤᠳᠤ ᠲᠠᠢ᠂ ᠵᠢᠷ ᠵᠢᠷ  ᠲᠤᠤᠭᠠᠷᠳᠠᠭ᠃ᠮᠢᠨᠤ ᠪᠠᠶᠠᠷᠯᠠᠬᠰᠠᠨ ᠭᠡᠵᠤ ᠡ᠃ ᠶᠠᠭᠤ ᠭᠡᠯᠡᠬᠦ ᠪᠠᠨ ᠤᠯᠬᠤ ᠦᠭᠡᠢ ᠪᠠᠶᠢᠯ᠎ᠠ᠂  ᠲᠠᠬᠢᠨ  ᠲᠠᠬᠢᠨ  ᠨᠢᠷᠤᠭᠤ ᠶᠢ ᠨᠢ  ᠢᠯᠪᠢᠨ᠎ᠡ᠂ᠲᠡᠭᠡᠭᠡᠳ ᠬᠦᠳᠡᠭᠡ ᠭᠠᠷᠴᠤ ᠭᠡᠳᠦᠨ ᠴᠠᠷᠴᠠᠬᠠᠢ ᠪᠠᠷᠢᠵᠤ ᠦᠭᠬᠦᠯ᠎ᠡ᠂ ᠦᠯᠦ ᠮᠡᠳᠡᠭ᠂ ᠴᠤᠤᠬᠠᠯ ᠬᠢᠵᠣ ᠦᠭᠬᠦᠭᠰᠡᠨ ᠳᠤ  ᠮᠥᠨ‌ᠦᠯᠦ ᠮᠡᠳᠡᠭ᠃ ᠶᠠᠭᠠᠷᠠᠨ ᠡᠬᠦᠷ ᠪᠠᠷᠢᠵᠤ ᠲᠦᠷᠪᠡᠨ ᠲᠡᠭᠳᠡᠭᠡᠭᠡᠢ ᠶᠢ ᠬᠤᠷᠢᠵᠤ ᠰᠠᠨᠠᠭ᠎ᠠ ᠠᠮᠤᠷ ᠤᠨᠳᠠᠯ᠎ᠠ᠃ ᠮᠠᠷᠭᠠᠰᠢ ᠦᠷᠯᠦᠭᠡ‌ᠡᠷᠳᠡ ᠪᠤᠰᠤᠭᠠᠳ ᠲᠦᠷᠪᠡᠨ ᠲᠡᠭᠳᠡᠭᠡᠭᠡᠢ ᠪᠠᠨ  ᠦᠵᠡᠭᠰᠨᠨ  ᠴᠢᠨᠢ᠂  ᠠᠯᠠᠭ᠎ᠠ᠃  ᠤᠯᠤᠰ ᠤᠳ ᠤᠨ  ᠭᠡᠯᠡᠬᠦ ᠪᠠᠷ  ᠭᠠᠯᠠᠭᠤᠨ‌ᠵᠤᠯᠵᠠᠭ᠎ᠠ ᠤᠷᠭᠤᠵᠤ ᠲᠤᠳᠠᠭᠠᠬᠤ ᠳᠠᠭᠠᠨ ᠴᠢᠳᠠᠮᠠᠭᠠᠢ  ᠭᠡᠳᠡᠭ᠃  ᠡᠭᠡ  ᠪᠠᠶᠢᠭᠠᠯᠢ ᠶᠢᠨ  ᠠᠩ  ᠠᠮᠢᠳᠠᠨ ᠢ  ᠲᠤᠷ᠎ᠠ ᠪᠠᠷ ᠵᠶ᠋ᠠᠨ‌‍ᠬᠦ᠋ᠨᠦᠭᠡᠵᠤ ᠪᠤᠯᠬᠤ ᠦᠭᠡᠢ ᠬᠠᠷᠢᠨ ᠬᠠᠶᠢᠷᠠᠯᠠᠨ ᠬᠠᠮᠠᠭᠠᠯᠠᠬᠤ ᠭᠡᠷᠡᠭᠳᠠᠢ ᠭᠡᠰᠡᠨ ᠶᠤᠰᠤ ᠤᠴᠢᠷ ᠢ ᠬᠤᠵᠢᠮ ᠨᠢ ᠰᠠᠶ᠋ᠢ  ᠤᠬᠠᠬᠰᠠᠨ‌ᠡ᠃               ᠮᠦᠬᠦ ᠲᠡᠬᠦᠬᠦ ᠤᠯᠠᠷᠢᠯ ᠪᠤᠯ  ᠮᠠᠨ ᠤ  ᠨᠤᠳᠤᠭ ᠤᠨ  ᠬᠦᠭᠵᠢᠶᠡᠨ ᠲᠠᠢ  ᠴᠠᠭ  ᠪᠤᠯᠬᠤ  ᠶᠤᠮ᠃  ᠵᠤᠨ᠂  ᠭᠡᠳᠦᠨ‌ᠡᠳᠦᠷ ᠢᠶᠠᠷ ᠤᠨᠢᠶᠠᠷᠳᠤᠨ ᠮᠦᠬᠦᠨ ᠪᠤᠷᠤᠭᠠᠨ  ᠤᠷᠤᠪᠠᠯ  ᠠᠶᠢᠯ ᠤᠨ  ᠦᠬᠢᠳ  ᠪᠡᠷᠢᠶᠡᠳ  ᠰᠠᠬᠰᠤ  ᠲᠤᠬᠤᠶᠢᠯᠠᠨ  ᠡᠷᠳᠡᠨᠢ‌ᠠᠭᠤᠯᠠᠨ ᠳᠤ ᠢᠷᠡᠵᠤ ᠮᠦᠬᠦ ᠲᠡᠬᠦᠳᠡᠭ᠂ ᠲᠤᠩ ᠴᠠᠭᠠᠨ ᠰᠢᠬᠦᠷ ᠰᠢᠭ ᠮᠦᠬᠦ ᠠᠳᠡ ᠴᠠᠶᠢᠯᠵᠠᠨ ᠬᠠᠷᠠᠭᠳᠠᠭᠠᠳ ᠬᠦᠬᠡᠷᠦᠬᠦᠨ ᠴᠤ᠋‌‍ᠶᠤᠮ ᠰᠢᠭ᠃ ᠲᠡᠳᠡ ᠮᠦᠬᠦ ᠲᠡᠬᠦᠬᠦ ᠳᠡᠭᠡᠨ  ᠲᠦᠰᠢᠶᠡᠳᠤ  ᠠᠷᠠᠳ ᠤᠨ  ᠲᠠᠭᠤᠤ ᠪᠠᠨ  ᠠᠶᠠᠯᠠᠭᠤᠯᠬᠤ ᠳᠤ  ᠨᠦᠢᠷ ᠠᠴᠠ ᠪᠠᠨ‌‍ᠰᠡᠷᠢᠭᠰᠡᠨ ᠰᠢᠭ ᠠᠩ ᠠᠮᠢᠳᠠᠨ ᠰᠤᠴᠢᠨ ᠵᠢᠭᠤᠳᠠᠵᠦ᠂ ᠠᠮᠢᠰᠬᠤᠯ ᠠᠪᠬᠤ ᠦᠭᠡᠢ ᠵᠠᠶᠢᠯᠠᠨ ᠤᠳᠳᠠᠭ᠃                ᠡᠷᠳᠡᠨᠢ ᠠᠭᠤᠯᠠ ᠶᠢᠨ ᠮᠢᠨᠢ ᠡᠷᠢᠶᠡᠨ ᠲᠤᠮᠤᠭ ᠭᠡᠵᠤ ᠡᠨᠡ ᠬᠤᠷᠸ᠎ᠠ ᠶᠢᠨ  ᠴᠡᠭᠡᠨ  ᠬᠦᠰᠢᠭᠡ᠃  ᠴᠢᠩ  ᠤᠯᠤᠰ ‍ᠤᠨ‌‍ᠲ᠋ᠦ᠋ᠷᠦ ᠭᠡᠷᠡᠯᠳᠤ ᠶᠢᠨ ᠦᠶ᠎ᠡ ᠳᠤ ᠲᠦᠰᠢᠶᠡᠳᠤ ᠸᠠᠩ ᠠᠴᠠ ᠦᠵᠡᠬᠡᠴᠢ ᠵᠠᠯᠠᠵᠤ ᠲᠦᠰᠢᠶᠡᠳᠤ ᠨᠤᠳᠤᠭ ᠢᠶᠠᠨ ᠦᠵᠡᠭᠦᠯᠦᠭᠰᠡᠨ ᠳ᠋ᠤ᠋‌ᠠᠯᠳᠠᠨ ᠯᠤᠤ ᠠᠮᠢᠯᠠᠵᠤ ᠪᠠᠶᠢᠨ᠎ᠠ᠂ ᠡᠨᠡ ᠭᠠᠵᠠᠷ ᠲᠤ ᠭᠠᠷᠤᠳᠢ ᠡᠬᠦᠷᠯᠡᠵᠤ᠂ ᠭᠠᠯᠪᠢᠩᠭ᠎ᠠ ᠲᠡᠪᠳᠡᠷᠢᠵᠤ᠂ ᠯᠤᠤ ᠢᠴᠡᠭᠡᠯᠡᠵᠤ᠂ ᠪᠠᠷᠰ‌ᠢᠷᠪᠢᠰ ᠪᠠᠭᠰᠢᠷᠠᠨ ᠤᠷᠤᠰᠢᠵᠤ ᠠᠭᠤᠯᠠ ᠨᠢ ᠪᠦᠵᠢᠭᠯᠡᠵᠤ ᠤᠰᠤ ᠨᠢ ᠮᠡᠯᠳᠡᠭᠡᠨᠡᠭᠡᠳ ᠦᠩᠭᠡ  ᠦᠵᠡᠮᠵᠢ  ᠡᠳᠡᠭᠡᠳ  ᠰᠠᠶᠢᠬᠠᠨ‌‍ᠲ᠋ᠤᠯᠠ ᠬᠤᠵᠢᠮ ᠡᠨᠡ ᠭᠠᠵᠠᠷ ᠠᠴᠠ ᠬᠠᠭᠠᠨ ᠰᠠᠭᠤᠬᠤ ᠬᠦᠮᠦᠨ ᠮᠡᠨᠳᠤᠯᠡᠨ᠎ᠡ ᠭᠡᠵᠤ ᠠᠶᠢᠯᠠᠳᠤᠬᠰᠠᠨ ᠭᠡᠨ᠎ᠡ᠃ ᠲᠦᠰᠢᠶᠡᠳᠤ  ᠸᠠᠩ‌ᠦᠪᠡᠷ ᠤᠨ  ᠪᠡᠶ᠎ᠡ ᠪᠠᠷ ᠢᠶᠠᠨ  ᠭᠠᠵᠠᠷ  ᠦᠵᠡᠵᠤ  ᠲᠦᠷᠦᠯᠵᠢ  ᠨᠤᠳᠤᠭ ᠤᠨ  ᠪᠠᠶᠠᠨᠬᠤᠸᠠ  ᠭᠡᠳᠡᠭ   ᠭᠠᠵᠠᠷ ᠲᠤ   ᠭᠠᠵᠠᠷ‌ᠨᠤᠳᠤᠭ ᠤᠨ ᠢᠶᠠᠨ ᠡᠵᠡᠳ ᠰᠠᠬᠢᠭᠤᠯᠰᠤᠨ ᠢ ᠪᠠᠶᠠᠰᠬᠠᠬᠤ  ᠰᠦᠮ᠎ᠡ  ᠪᠠᠶᠢᠭᠤᠯᠬᠤ ᠪᠠᠷ  ᠤᠯᠠᠨ  ᠤᠷᠠᠴᠤᠳ᠂  ᠲᠠᠷᠬᠠᠴᠤᠳ ᠢ‌‍ᠴᠤᠬᠯᠠᠭᠤᠯᠤᠨ ᠡᠳᠦᠷ ᠤᠨ ᠰᠠᠶᠢᠨ ᠢ ᠰᠤᠩᠭᠤᠨ ᠴᠤᠬᠴᠠᠯᠠᠬᠰᠠᠨ ᠭᠡᠨ᠎ᠡ᠃ ᠲᠡᠮᠡᠢ ᠭᠡᠳᠦᠨ ᠡᠳᠦᠷ ᠪᠤᠯᠤᠬᠰᠠᠨ ᠦᠭᠡᠢ ᠪᠠᠷ ᠵᠡᠬᠦᠨ‌ᠡᠮᠦᠨ᠎ᠡ ᠦᠨᠴᠦᠭ ᠨᠢ ᠶᠡᠬᠦᠷᠡᠨ ᠤᠨᠠᠵᠠᠢ᠃ ᠡᠬᠦᠨ ᠳᠤ ᠸᠠᠩ ᠰᠡᠵᠢᠭᠯᠡᠨ ᠲᠦᠯᠭᠡᠴᠢ ᠵᠡᠯᠠᠵᠤ ᠦᠵᠡᠬᠦᠯᠦᠭᠰᠡᠨ ᠳᠤ᠄  ︽ᠡᠷᠳᠡᠨᠢ‌ᠠᠭᠤᠯᠠ ᠶᠢᠨ ᠡᠵᠡᠳ ᠰᠠᠬᠢᠭᠤᠯᠰᠤᠨ ᠬᠢᠯᠢᠩᠨᠡᠵᠤ ᠪᠠᠶᠢᠨ᠎ᠠ᠂ ᠲᠠ ᠤᠴᠢᠵᠤ ᠮᠦᠷᠬᠦᠯ ᠦᠭᠯᠢᠭᠡ ᠦᠭᠴᠤ  ᠭᠤᠶᠤᠴᠢᠯᠠᠭᠠᠷᠠᠢ︕ᠠᠭᠤᠢ ᠳᠤᠨᠢ ᠤᠷᠤᠵᠤ  ᠠᠭᠠᠷᠤ  ᠽᠠᠨᠳᠠᠨ  ᠮᠤᠳᠤ ᠠᠴᠠ  ᠨᠢᠭᠡ  ᠰᠠᠯᠠᠭ᠎ᠠ  ᠠᠪᠴᠤ  ᠢᠷ᠎ᠡ︕  ᠲᠡᠭᠡᠭᠡᠳ  ᠵᠡᠬᠦᠨ  ᠡᠮᠦᠨ᠎ᠡ‌ᠦᠨᠴᠦᠭ ᠲᠤ ᠨᠢ ᠲᠠᠯᠪᠢ︕︾ ᠭᠡᠵᠤ ᠭᠡᠨ᠎ᠡ᠃ ᠲᠦᠰᠢᠶᠡᠳᠤ ᠸᠠᠩ᠄ ︽ᠤᠳᠤ  ᠭᠡᠨ ᠢ  ᠠᠭᠤᠢ ᠳᠤ  ᠤᠷᠤᠭᠤᠯᠬᠤ  ᠪᠢᠯᠡ︾ᠭᠡᠵᠤ ᠰᠠᠨᠠᠭ᠎ᠠ ᠪᠤᠯᠵᠤ ᠪᠠᠶᠢᠬᠤ ᠳᠤ ᠬᠠᠶᠢᠷᠠᠨ ᠮᠡᠶᠢᠷᠡᠨ᠄ ︽ᠵᠠᠶᠠᠭᠠᠳᠤ ᠲᠦᠢᠨ ᠤ  ᠡᠷᠳᠡᠮ  ᠪᠤᠰᠤᠳ ᠠᠴᠠ  ᠭᠡᠳᠦ᠋ᠢᠳᠴᠦᠬᠦᠢ᠂ᠲᠡᠬᠦᠨ ᠢ ᠠᠭᠤᠢ ᠳᠤ ᠤᠷᠤᠭᠤᠯᠪᠠᠯ ᠯᠠᠪ ᠲᠡᠶᠢᠯᠦᠨ᠎ᠡ︾ ᠭᠡᠵᠤ ᠮᠡᠳᠡᠬᠦᠯᠦᠭᠰᠡᠨ ᠭᠡᠨ᠎ᠡ᠂ ᠸᠠᠩ ᠬᠠᠶᠢᠷᠠᠨ ᠮᠡᠶᠢᠷᠡᠨ ᠤ  ᠦᠭᠡ ᠪᠠᠷ‌ᠵᠠᠶᠠᠭᠠᠳᠤ ᠲᠦᠢᠨ ᠳᠤ ᠰᠠᠶᠢᠨ  ᠡᠳᠦᠷ ᠢ  ᠰᠤᠩᠭᠤᠨ  ᠠᠭᠠᠷᠤ  ᠽᠠᠨᠳᠠᠨ  ᠮᠤᠳᠤ ᠶᠢ  ᠠᠪᠴᠢᠷᠠᠭᠤᠯᠬᠤ ᠪᠠᠷ  ᠤᠷᠤᠭᠤᠯᠤᠯ᠎ᠠ᠃ᠵᠠᠶᠠᠭᠠᠳᠤ ᠶᠠᠪᠤᠨ ᠶᠠᠪᠤᠬᠰᠠᠭᠠᠷ ᠭᠤᠷᠪᠠᠨ ᠰᠦᠨᠢ ᠭᠤᠷᠪᠠᠨ  ᠡᠳᠦᠷ ᠤᠨ  ᠠᠶᠠᠨ  ᠬᠢᠵᠤ  ᠠᠭᠤᠢ ᠶᠢᠨ  ᠲᠦᠪ ᠲᠤ  ᠬᠦᠷᠬᠦ ᠳ᠋ᠤ᠋‌ᠵᠤᠯᠠ ᠶᠢᠨ ᠭᠡᠷᠡᠯ ᠰᠦᠮᠡᠯᠵᠡᠨ ᠪᠠᠶᠢᠪᠠ᠃ ᠵᠤᠯᠠ ᠶᠢᠨ ᠭᠡᠷᠡᠯ ᠳᠤ ᠠᠭᠠᠷᠤ ᠽᠠᠨᠳᠠᠨ ᠮᠤᠳᠤ  ᠨᠠᠶᠢᠭᠤᠨ  ᠭᠠᠩᠬᠤᠨ᠎ᠠ᠃  ᠠᠪᠤᠷᠭᠤ‌ᠮᠤᠭᠠᠢ ᠪᠡᠶ᠎ᠡ ᠪᠠᠨ ᠭᠡᠳᠦ ᠤᠷᠢᠶᠠᠨ ᠠᠮᠳᠠᠳᠠᠢ ᠨᠦᠢᠷᠰᠤᠨ᠎ᠠ᠂ ᠵᠠᠶᠠᠭᠠᠳᠤ ᠲᠦᠢᠨ ᠡᠷᠳᠡᠨᠢ ᠶᠢᠨ ᠰᠡᠯᠡᠮ᠎ᠡ ᠪᠡ ᠠᠪᠤᠷᠭᠤ ᠮᠤᠭᠠᠢ ᠵᠢ‌‍ᠬᠢᠳᠤᠭᠠᠯᠠᠨ ᠽᠠᠨᠳᠠᠨ ᠮᠤᠳᠤᠨ ᠤ ᠰᠠᠯᠠᠭ᠎ᠠ ᠶᠢ  ᠬᠤᠭᠤ  ᠲᠠᠳᠠᠨ  ᠠᠪᠤᠮᠠᠬᠴᠠ  ᠲᠤᠳᠠᠭᠠᠨ  ᠭᠠᠷᠪᠠ᠃  ᠵᠠᠶᠠᠭᠠᠳᠤ  ᠲᠦᠢᠨ ‍ᠤ‌ᠠᠴᠢ ᠪᠠᠷ ᠪᠠᠶᠠᠨᠬᠤᠸᠠ ᠶᠢᠨ ᠰᠦᠮ᠎ᠡ ᠲᠠᠬᠢᠨ  ᠰᠦᠨᠳᠡᠷᠯᠡᠨ  ᠪᠤᠰᠪᠠ᠃  ᠭᠡᠳᠡᠯ᠎ᠡ  ᠰᠢᠷᠬᠠᠳᠤᠭᠰᠠᠨ  ᠮᠤᠭᠠᠢ  ᠪᠠᠶᠠᠨᠬᠤᠸᠠ ᠵᠢᠨ‌‍ᠰᠦ᠋ᠮ᠎ᠡ ᠶᠢ ᠲᠠᠬᠢᠨ ᠰᠦᠷᠳᠡᠬᠦᠯᠵᠠᠢ᠃ ᠲᠦᠰᠢᠶᠡᠳᠤ ᠴᠢᠨ ᠸᠠᠩ ᠦᠪᠡᠷ ᠤᠨ ᠪᠡᠶ᠎ᠡ ᠪᠠᠷ ᠢᠶᠠᠨ ᠲᠤᠯᠤᠭᠠᠨ ᠬᠠᠰᠠᠭ  ᠲᠡᠷᠭᠡ  ᠡᠳ᠋‌ᠡᠷᠳᠡᠨᠢᠰ ᠢ ᠲᠡᠭᠡᠭᠡᠵᠤ ᠡᠷᠳᠡᠨᠢ ᠠᠭᠤᠯᠠ ᠢ  ᠠᠭᠤᠢ ᠳᠤ  ᠬᠦᠷᠭᠡᠨ  ᠢᠷᠡᠵᠤ  ᠵᠠᠶᠠᠭᠠᠳᠤ  ᠲᠦᠢᠨ ᠢᠶᠠᠷ  ᠡᠷᠬᠦᠴᠡ  ᠪᠠᠷᠢᠴᠡ ᠵᠢ‌‍ᠲ᠋ᠤᠳᠤᠬᠰᠢ ᠡᠷᠬᠦᠭᠰᠡᠨ ᠭᠡᠨ᠎ᠡ᠃ ᠲᠡᠷᠡ  ᠡᠳᠦᠷ ᠠᠴᠠ  ᠵᠠᠶᠠᠭᠠᠳᠤ  ᠲᠦᠢᠨ  ᠲᠠᠬᠢᠨ  ᠭᠠᠷᠴᠤ  ᠢᠷᠡᠭᠰᠡᠨ  ᠦᠭᠡᠢ᠂  ᠡᠷᠳᠡᠨᠢ‌ᠠᠭᠤᠯᠠ ᠶᠢᠨ ᠨᠡᠷ᠎ᠡ ᠡᠨᠡ ᠴᠠᠭ ᠠᠴᠠ ᠡᠬᠢᠯᠡᠨ ᠡᠷᠢᠶᠡᠨ ᠬᠤᠷᠸ᠎ᠠ ᠳᠤ ᠦᠨᠢ ᠮᠦᠩᠭᠡ ᠬᠠᠳᠠᠩᠰᠢᠵᠠᠢ᠃        ᠡᠷᠳᠡᠨᠢ ᠠᠭᠤᠯᠠ — ᠮᠢᠨᠤ ᠨᠤᠳᠤᠭ ᠤᠨ ᠨᠤᠭᠤᠭᠠᠨ ᠲᠤᠷᠠᠰᠤᠮᠵᠢ ᠳᠤ ᠮᠦᠩᠭᠡ ᠶᠢᠨ ᠲᠤᠷᠠᠳᠬᠠᠯ ᠪᠤᠯᠵᠤ  ᠰᠡᠬᠦ᠋ᠢᠨ‌‍ᠰᠦ᠋ᠨᠳᠡᠷᠯᠡᠨᠡᠮ ᠪᠢᠯᠡ᠃
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号