ᠮᠠᠭᠤᠬᠠᠢ ᠴᠢᠯᠠᠭᠤ
ᠨᠡᠶᠢᠲᠡᠯᠡᠭᠰᠡᠨ ᠴᠠᠭ᠄
2018-10-12
       ᠮᠠᠭᠤᠬᠠᠢ ᠴᠢᠯᠠᠭᠤ                    ᠂  ᠵᠢᠶᠠ ᠫᠢᠩ ᠸᠠ        ᠮᠠᠨ ᠤ ᠭᠡᠷ ᠤᠨ ᠡᠬᠦᠳᠡᠨ ᠡᠮᠤᠨᠡᠬᠡᠨ ᠪᠠᠶᠢᠭᠰᠠᠨ ᠴᠢᠯᠠᠭᠤᠨ ᠤ ᠳᠦᠯᠦᠭᠡ ᠪᠢ ᠡᠭᠡᠨᠡᠭᠳᠡ ᠬᠠᠷᠠᠮᠰᠠᠳᠠᠭ ᠪᠠᠶᠢᠵᠦ ᠪᠢᠯᠡ᠃ ᠳᠡᠷᠡ ᠦᠭᠡᠷ ᠴᠢᠯᠠᠭᠤ ᠳᠡᠨᠳᠡ ᠪᠠᠨ ᠬᠠᠪ ᠬᠠᠷᠠᠯᠠᠭᠠᠳ ᠬᠡᠪᠳᠡᠳᠡᠭ ᠪᠠᠶᠢᠪᠠ᠃ ᠬᠡᠨ ᠴᠤ ᠳᠡᠬᠦᠨ ᠤ ᠬᠡᠵᠢᠶ᠎ᠡ ᠠᠴᠠ ᠳᠡᠨᠳᠡ ᠬᠡᠪᠳᠡᠭᠰᠡᠨ ᠢ ᠮᠡᠳᠡᠬᠦ ᠦᠬᠡᠢ᠂ ᠬᠡᠨ ᠴᠦ ᠳᠡᠬᠦᠨ ᠢ ᠤᠶᠢᠰᠢᠶᠠᠵᠦ ᠤᠪᠠᠶᠢᠯᠠᠳᠠᠭ ᠦᠬᠡᠢ ᠪᠠᠶᠢᠯ᠎ᠠ᠃ ᠵᠦᠪᠬᠡᠨ ᠪᠤᠭᠤᠳᠠᠢ ᠬᠤᠷᠢᠶᠠᠬᠤ ᠤᠯᠠᠷᠢᠯ ᠪᠤᠯᠤᠭᠠᠳ ᠡᠬᠦᠳᠡᠨ ᠤ ᠡᠮᠤᠨᠡᠬᠦᠷ ᠪᠤᠭᠤᠳᠠᠢ ᠪᠠᠨ ᠳᠡᠯᠭᠡᠬᠦ ᠳᠤ ᠡᠮᠡᠭᠡ ᠡᠵᠢ ᠯᠠ ᠳᠡᠩᠳᠡ ᠡᠨᠡ ᠮᠠᠭᠤᠬᠠᠢ ᠴᠢᠯᠠᠭᠤ ᠬᠡᠳᠤᠢ ᠴᠦ ᠶᠡᠭᠡ ᠵᠠᠢ ᠡᠵᠡᠯᠡᠭᠡᠳ ᠪᠠᠶᠢᠬᠤ ᠶᠤᠮ᠂ ᠬᠡᠳᠤᠢ ᠴᠦ ᠡᠨᠡ ᠮᠠᠭᠤ ᠶᠢ ᠨᠢᠭᠡ ᠵᠠᠶᠢᠯᠠᠭᠤᠯᠵᠦ ᠠᠮᠠᠷᠠᠳᠠᠭ ᠪᠢᠯᠡ ᠬᠡᠳᠡᠭ ᠪᠠᠶᠢᠪᠠ᠃        ᠳᠡᠭᠡᠭᠡᠳ ᠶᠡᠭᠡ ᠠᠪᠠᠭ᠎ᠠ ᠬᠡᠷ ᠪᠠᠷᠢᠬᠤ ᠳᠤ ᠪᠠᠨ ᠳᠡᠬᠦᠨ ᠢ ᠬᠡᠷᠡᠭᠯᠡᠬᠦ ᠰᠠᠨᠠᠭᠠᠳᠠᠢ ᠪᠠᠶᠢᠭᠰᠠᠨ ᠴᠦ ᠳᠡᠬᠦᠨ ᠤ ᠡᠪ ᠬᠠᠪᠤ ᠦᠬᠡᠢ᠂ ᠦᠨᠴᠦᠭ ᠳᠠᠯ᠎ᠠ ᠦᠬᠡᠢ ᠳᠤᠶᠢᠮᠦ ᠦᠬᠡᠢ ᠮᠠᠭᠤᠬᠠᠢ ᠳᠤ ᠨᠢ ᠠᠷᠭ᠎ᠠ ᠪᠠᠷᠠᠭᠠᠳ ᠵᠤᠭᠰᠤᠭᠰᠠᠨ ᠶᠤᠮ᠃ ᠳᠡᠬᠦᠨ ᠢ ᠴᠦᠴᠡᠳᠡᠵᠦ ᠬᠡᠰᠡᠭᠯᠡᠯ᠎ᠡ ᠭᠡᠬᠦ ᠳᠤ ᠳᠠᠩᠴᠦ ᠶᠡᠭᠡ ᠬᠦᠴᠦ ᠤᠷᠤᠬᠤ ᠳᠤᠯᠠ ᠬᠠᠯᠠᠰᠢᠷᠠᠭᠰᠠᠨ ᠶᠤᠮ ᠃ ᠤᠴᠢᠷ ᠨᠢ᠂ ᠳᠡᠭᠡᠵᠦ ᠵᠦᠳᠡᠷᠡᠬᠦ ᠶᠢᠨ ᠤᠷᠤᠨ ᠳᠤ ᠦᠢᠷ᠎ᠠ ᠪᠠᠶᠢᠭ᠎ᠠ ᠭᠤᠤᠯ ᠤᠨ ᠬᠦᠪᠡᠭᠡ ᠪᠠᠷ ᠬᠦᠷᠦᠭᠡᠳ ᠭᠠᠷ ᠲᠤ ᠦᠷᠳᠤᠭ᠍ᠰᠡᠨ ᠠᠯᠢ ᠨᠢᠭᠡ ᠶᠢ ᠨᠢ ᠳᠡᠪᠡᠷᠢᠭᠡᠳ ᠢᠷᠡᠬᠦ ᠪᠠᠷ ᠪᠤᠳᠤᠬᠤ ᠳᠤ ᠪᠦᠷ ᠳᠡᠬᠦᠨ ᠠᠴᠠ ᠬᠤᠯᠠ ᠳᠡᠭᠡᠷ᠎ᠡ ᠶᠤᠮ᠃ ᠶᠡᠭᠡ ᠠᠪᠠᠭ᠎ᠠ ᠭᠡᠷ ᠢᠶᠠᠨ ᠪᠠᠷᠢᠴᠢᠬᠠᠭᠠᠳ ᠱᠠᠳᠤ ᠳᠡᠪᠢᠰᠬᠦ ᠦᠶ᠎ᠡ ᠳᠤ ᠴᠦ ᠳᠡᠬᠦᠨ ᠢ ᠮᠦᠨ ᠳᠤᠭᠤᠭᠰᠠᠨ ᠦᠬᠡᠢ ᠪᠠᠶᠢᠯ᠎ᠠ᠃ ᠳᠡᠷᠡ ᠵᠢᠯ ᠨᠢᠭᠡ ᠴᠢᠯᠠᠭᠤᠨ ᠳᠠᠷᠬᠠᠨ ᠢᠷᠡᠭᠡᠳ ᠮᠠᠨ ᠤ ᠳᠤ ᠴᠢᠯᠠᠭᠤᠨ ᠳᠡᠭᠡᠷᠮ᠎ᠡ ᠴᠠᠪᠴᠢᠵᠦ ᠦᠭᠬᠦᠶ᠎ᠡ ᠬᠡᠬᠦ ᠳᠤ ᠡᠮᠡᠭᠡ ᠡᠵᠢ ᠪᠠᠰᠠ᠄ ᠬᠤᠯᠠ ᠶᠠᠪᠤᠵᠦ ᠨᠡᠬᠦᠯᠭᠡᠵᠦ ᠢᠷᠡᠨ᠎ᠡ ᠬᠡᠬᠦ ᠶᠢᠨ ᠤᠷᠤᠨ ᠳᠤ ᠡᠨᠡ ᠮᠠᠭᠤᠬᠠᠢ ᠴᠢᠯᠠᠭᠤ ᠶᠢ ᠬᠡᠷᠡᠭᠯᠡᠴᠢᠭᠡ ᠯᠠ ᠳ᠋ᠠ ᠬᠡᠵᠦ ᠪᠢᠯᠡ᠃ ᠴᠢᠯᠠᠭᠤᠨ ᠳᠠᠷᠬᠠᠨ ᠳᠡᠬᠦᠨ ᠢ ᠰᠢᠨᠵᠢᠵᠦ ᠴᠢᠯᠠᠭᠤᠨ ᠤ ᠰᠢᠷᠬᠡᠭ ᠨᠢ ᠳᠡᠩᠳᠡᠬᠦᠦ ᠨᠠᠷᠢᠨ ᠪᠠᠶᠢᠨ᠎ᠠ ᠬᠡᠵᠦ ᠳᠤᠯᠤᠭᠠᠢ ᠰᠡᠭᠰᠤᠷᠤᠭᠡᠳ ᠬᠡᠷᠡᠭᠯᠡᠭᠰᠡᠨ ᠦᠬᠡᠢ ᠶᠤᠮ᠃ ᠳᠡᠷᠡ ᠳᠠᠶᠢᠮᠦ ᠨᠠᠷᠢᠯᠢᠭ ᠵᠦᠭᠡᠯᠡᠨ ᠪᠢᠰᠢ ᠳᠤᠯᠠ ᠴᠢᠨᠳᠠᠭᠠᠨ ᠴᠢᠯᠠᠭᠤ ᠰᠢᠭ᠋ ᠴᠦᠴᠡᠳᠡᠭᠡᠳ ᠦᠰᠦᠭ ᠬᠡ ᠤᠭᠠᠯᠵᠠ ᠰᠡᠶᠢᠯᠬᠦ ᠶᠢᠨ ᠠᠷᠭ᠎ᠠ ᠦᠬᠡᠢ ᠪᠠᠶᠢᠵᠠᠢ᠃ ᠳᠡᠷᠡ ᠪᠠᠰᠠ ᠬᠦᠭᠡ ᠴᠢᠯᠠᠭᠤ ᠰᠢᠭ᠋ ᠬᠢᠯᠳᠤᠭᠠᠨᠠᠭᠰᠠᠨ ᠬᠦᠯᠢᠭᠡᠷ ᠪᠢᠰᠢ ᠪᠤᠯᠬᠤᠷ ᠪᠦᠰ ᠪᠠᠷᠠᠭ᠎ᠠ ᠳᠤᠷᠭ᠎ᠠ ᠳᠦᠷᠭᠡ ᠴᠤᠬᠢᠵᠦ ᠨᠢᠪᠰᠢᠵᠦ ᠤᠬᠢᠶᠠᠬᠤ ᠳᠤ ᠴᠦ ᠬᠡᠷᠡᠭᠯᠡᠬᠦ ᠶᠢᠨ ᠠᠷᠭ᠎ᠠ ᠦᠬᠡᠢ ᠶᠤᠮ᠃ ᠳᠡᠷᠡ ᠳᠡᠨᠳᠡ ᠪᠠᠨ ᠨᠠᠮ ᠵᠢᠮᠬᠡᠨ ᠬᠡᠪᠳᠡᠵᠦ ᠬᠦᠷᠢᠶᠡᠨ ᠤ ᠬᠠᠵᠠᠭᠤ ᠶᠢᠨ ᠬᠤᠩᠭᠤᠷᠴᠠᠭᠳᠤ ᠮᠤᠳᠤᠨ ᠤ ᠰᠡᠬᠦᠳᠡᠷ ᠲᠤ ᠴᠦ ᠪᠦᠷᠬᠦᠭᠳᠡᠭᠰᠡᠨ ᠦᠬᠡᠢ᠂ ᠴᠡᠴᠡᠭ ᠬᠤᠸᠠᠷ ᠴᠦ ᠳᠡᠬᠦᠨ ᠤ ᠵᠠᠬ᠎ᠠ ᠪᠠᠷ ᠳᠡᠯᠭᠡᠷᠡᠭᠰᠡᠨ ᠦᠬᠡᠢ ᠪᠢᠯᠡ ᠃ ᠬᠠᠷᠢᠨ ᠬᠠᠵᠠᠭᠤ ᠬᠠᠪᠢ ᠪᠠᠷ ᠨᠢ ᠦᠯᠦᠩ ᠡᠪᠡᠰᠦ ᠰᠠᠯᠠᠭᠠᠯᠠᠵᠦ ᠨᠠᠮᠠᠭᠠᠯᠠᠨ ᠤᠷᠭᠤᠵᠦ ᠵᠡᠯᠡᠯᠡᠭᠰᠡᠨ ᠠᠴᠠ ᠠᠭᠠᠵᠢᠮ ᠢᠶᠠᠷ ᠳᠡᠬᠦᠨ ᠳᠤ ᠨᠤᠭᠤᠭᠠᠨ ᠬᠦᠪᠳᠤ᠂ ᠬᠠᠷ᠎ᠠ ᠳᠤᠯᠪᠤ ᠰᠠᠭᠤᠵᠠᠢ᠃ ᠮᠠᠨ ᠤ ᠮᠠᠳᠤᠰ ᠤᠨ ᠬᠡᠤᠬᠡᠳ ᠤᠳ ᠪᠠᠰᠠ ᠳᠡᠬᠦᠨ ᠢ ᠡᠭᠳᠡᠬᠦᠴᠡᠨ ᠭᠤᠯᠤᠵᠦ᠂ ᠬᠡᠳᠤᠬᠦᠯᠡ ᠨᠡᠯᠡᠯᠳᠤᠭᠡᠳ ᠨᠠᠬᠦᠯᠭᠡᠴᠢᠭᠡᠶ᠎ᠡ ᠬᠡᠵᠦ ᠬᠡᠳᠦᠢ ᠤᠷᠤᠯᠳᠤᠭᠰᠠᠨ ᠴᠦ ᠬᠦᠴᠦ ᠮᠡᠬᠦᠰᠳᠡᠭᠡᠳ ᠴᠢᠳᠠᠭᠰᠠᠨ ᠦᠬᠡᠢ ᠶᠤᠮ᠃ ᠬᠡᠳᠤᠶᠢᠪᠡᠷ ᠳᠡᠬᠦᠨ ᠢ ᠰᠠᠨᠠᠨ ᠰᠠᠨᠠᠨ ᠬᠠᠷᠢᠶᠠᠵᠦ ᠵᠦᠬᠡᠨ ᠨᠢᠳᠤ ᠦᠵᠡᠨ ᠠᠳᠠᠯᠠᠳᠠᠭ ᠴᠦ ᠠᠷᠭ᠎ᠠ ᠪᠤᠰᠤ ᠮᠦᠨ ᠳᠡᠨᠳᠡ ᠨᠢ ᠪᠠᠶᠢᠯᠭᠠᠵᠦ ᠪᠠᠶᠢᠪᠠ᠃       ᠬᠡᠬᠦ ᠳᠤ ᠳᠡᠷᠡ ᠴᠢᠯᠠᠭᠤᠨ ᠳᠡᠭᠡᠷ᠎ᠡ ᠳᠤᠭᠳᠠᠭᠰᠠᠨ ᠶᠡᠭᠡ ᠴᠦ ᠪᠢᠰᠢ ᠪᠠᠭ᠎ᠠ ᠴᠦ ᠪᠢᠰᠢ ᠳᠡᠩᠴᠡᠬᠦᠭᠡᠨ ᠬᠡᠮᠡᠷ ᠨᠢᠭᠡ ᠬᠤᠩᠬᠤᠷ ᠲᠤ ᠨᠢ ᠪᠤᠷᠤᠭᠠᠨ ᠤ ᠤᠰᠤ ᠬᠤᠷᠠᠳᠠᠭ ᠨᠢ ᠪᠢᠳᠡᠨ ᠤ ᠰᠡᠳᠬᠢᠯ ᠳᠤ ᠵᠠᠭᠠᠬᠠᠨ ᠳᠠᠶᠢᠳᠬᠤᠷᠠᠭᠤᠯᠤᠯ ᠪᠤᠯᠳᠠᠭ᠃ ᠬᠡᠵᠢᠶᠡᠳᠡ ᠪᠠᠨ ᠪᠤᠷᠤᠭᠠᠨ ᠤᠷᠤᠭᠠᠳ ᠭᠤᠷᠪᠠ ᠬᠤᠨᠤᠭᠠᠳ ᠭᠠᠵᠠᠷ ᠳᠡᠭᠡᠷᠡᠬᠢ ᠤᠰᠤ ᠪᠦᠷ ᠬᠠᠳᠠᠴᠢᠬᠠᠭᠰᠠᠨ ᠪᠠᠶᠢᠬᠤ ᠳᠤ ᠳᠡᠷᠡ ᠴᠢᠯᠠᠭᠤᠨ ᠤ ᠬᠤᠩᠬᠤᠷ ᠲᠤ ᠳᠤᠨᠤᠭᠰᠠᠨ ᠤᠰᠤ ᠬᠠᠷᠢᠨ ᠬᠠᠳᠠᠬᠤ ᠦᠬᠡᠢ᠂ ᠳᠡᠬᠢᠶ᠎ᠡ ᠤᠴᠢᠭᠠᠳ ᠤᠤᠭᠤᠵᠦ ᠪᠠᠶᠢᠳᠠᠭ᠃ ᠠᠷᠪᠡᠨ ᠳᠡᠪᠤᠨ ᠤ ᠦᠳᠡᠰᠢ ᠪᠤᠯᠬᠤ ᠪᠦᠷᠢ ᠳᠤ ᠪᠢᠳᠡ ᠳᠡᠷᠬᠡᠯ ᠰᠡᠷᠠᠨ ᠤ ᠮᠠᠨᠳᠤᠵᠦ ᠭᠠᠷᠬᠤ ᠶᠢ ᠬᠦᠯᠢᠶᠡᠬᠦ ᠳᠤ ᠨᠢ ᠳᠡᠬᠡᠷ᠎ᠡ ᠠᠪᠠᠷᠢᠵᠦ ᠭᠠᠷᠤᠭᠠᠳ ᠳᠡᠭᠷᠢ ᠶᠢᠨ ᠬᠠᠶᠠᠭ᠎ᠠ ᠶᠢ ᠪᠠᠷᠠᠯᠠᠳᠠᠭ᠃ ᠳᠡᠭᠡᠬᠦ ᠳᠤ ᠡᠮᠡᠭᠡ ᠡᠵᠢ ᠪᠠᠰᠠ ᠪᠢᠳᠡᠨ ᠤ ᠤᠨᠠᠵᠦ ᠳᠤᠰᠬᠤ ᠠᠴᠠ ᠠᠶᠤᠭᠠᠳ ᠵᠠᠩᠨᠠᠵᠦ ᠯᠠ ᠪᠠᠶᠢᠳᠠᠭ᠃ ᠬᠡᠯᠡᠭᠰᠡᠭᠡᠷ ᠪᠠᠶᠢᠳᠠᠯ᠎ᠠ ᠨᠡᠭᠡᠷᠡᠨ ᠪᠢ ᠨᠢᠭᠡ ᠤᠳᠠᠭ᠎ᠠ ᠤᠨᠠᠭᠠᠳ ᠡᠪᠤᠳᠦᠭ ᠢᠶᠠᠨ ᠰᠢᠯᠪᠤᠯᠠᠭᠰᠠᠨ ᠪᠢᠯᠡ᠃        ᠬᠦᠮᠦᠰ ᠪᠦᠬᠦᠳᠡᠭᠡᠷ ᠳᠡᠬᠦᠨ ᠢ ᠮᠠᠭᠤᠬᠠᠢ ᠴᠢᠯᠠᠭᠤ ᠭᠡᠵᠦ ᠠᠳᠠ ᠦᠵᠡᠭᠰᠡᠭᠡᠷ ᠪᠠᠶᠢᠯ᠎ᠠ᠂ ᠳᠡᠷᠡ ᠦᠨᠡᠬᠡᠷ ᠮᠠᠭᠤᠬᠠᠢ ᠳᠤ ᠪᠠᠨ ᠳᠠᠬᠢᠭᠠᠳ ᠴᠠᠭᠠᠰᠢ ᠪᠠᠨ ᠮᠠᠭᠤᠬᠠᠢ ᠪᠤᠯᠬᠤ ᠶᠢᠨ ᠠᠷᠭ᠎ᠠ ᠦᠭᠡᠢ ᠬᠡᠮᠡᠷ ᠮᠠᠭᠤᠬᠠᠢ ᠴᠢᠯᠠᠭᠤ ᠶᠤᠮ᠃ ᠡᠴᠦᠰ ᠤᠨ ᠡᠴᠦᠰ ᠲᠤ ᠨᠢᠭᠡ ᠡᠳᠤᠷ ᠳᠤᠰᠬᠤᠨ ᠳᠤ ᠤᠳᠤᠨ ᠤᠷᠤᠨ ᠤ ᠨᠢᠭᠡ ᠡᠷᠳᠡᠮᠳᠡᠨ ᠢᠷᠡᠵᠡᠢ᠃ ᠳᠡᠷᠡ ᠮᠠᠨ ᠤ ᠬᠡᠷ ᠤᠨ ᠤᠷᠳᠤᠭᠤᠷ ᠭᠠᠷᠳᠠᠭ ᠵᠠᠮ ᠢᠶᠠᠷ ᠦᠩᠭᠡᠷᠡᠬᠦ ᠳᠤ ᠪᠠᠨ ᠭᠡᠨᠡᠳᠲᠡ ᠦᠨᠦᠬᠢ ᠮᠠᠭᠤᠬᠠᠢ ᠴᠢᠯᠠᠭᠤ ᠶᠢ ᠬᠠᠷᠠᠩᠭᠤᠳᠠ ᠪᠠᠨ ᠬᠠᠷᠠᠴᠠ ᠨᠢ ᠳᠤᠭᠳᠠᠭᠤᠨ ᠮᠡᠯᠡᠷᠡᠴᠢᠭᠡᠯ᠎ᠡ᠃ ᠳᠡᠷᠡ ᠳᠡᠬᠢᠭᠠᠳ ᠴᠠᠭᠠᠰᠢ ᠪᠠᠨ ᠶᠠᠪᠤᠭᠰᠠᠨ ᠦᠭᠡᠢ ᠳᠤᠤᠷ᠎ᠠ ᠪᠠᠨ ᠪᠠᠭᠤᠳᠠᠯᠯᠠᠵᠠᠢ᠃ ᠬᠤᠵᠢᠮ ᠨᠢ ᠪᠠᠰᠠ ᠨᠡᠯᠢᠶᠡᠳ ᠠᠷᠪᠢᠨ ᠬᠦᠮᠦᠨ ᠢᠷᠡᠭᠡᠳ ᠡᠨᠡ ᠰᠤᠯᠢᠷ ᠪᠠᠶᠢᠨ᠎ᠠ᠃ ᠳᠡᠭᠷᠢ ᠠᠴᠠ ᠤᠨᠠᠵᠦ ᠢᠷᠡᠭᠡᠳ ᠨᠢᠭᠡᠨᠳᠡ ᠬᠤᠶᠠᠷ ᠭᠤᠷᠪᠡᠨ ᠵᠠᠭᠤᠨ ᠵᠢᠯ ᠪᠤᠯᠤᠭᠰᠠᠨ ᠶᠠᠩᠵᠤᠳᠠᠢ᠂ ᠶᠤᠰᠤᠳᠠᠢ ᠨᠢᠭᠡ ᠭᠠᠶᠢᠬᠠᠮᠰᠢᠭᠳᠠᠢ ᠡᠳ᠋ ᠰᠢᠦ ᠭᠡᠵᠡᠭᠡᠯ᠎ᠡ᠃ ᠳᠡᠭᠡᠭᠡᠳ ᠳᠡᠮᠡᠢ ᠤᠳᠠᠭᠰᠠᠨ ᠦᠭᠡᠢ ᠪᠠᠷ ᠳᠡᠷᠭᠡ ᠢᠷᠡᠭᠡᠳ ᠳᠡᠬᠦᠨ ᠢ ᠨᠢᠮᠪᠡᠢ ᠬᠢᠴᠢᠶᠡᠮᠵᠢᠳᠡᠶᠢᠭᠡᠨ ᠠᠪᠤᠭᠠᠳ ᠶᠠᠪᠤᠭᠰᠠᠨ ᠶᠤᠮ᠃        ᠡᠨᠡ ᠨᠢ ᠪᠢᠳᠡᠨ ᠢ ᠪᠦᠷ ᠶᠡᠭᠡ ᠰᠤᠴᠢᠭᠠᠯ᠎ᠠ︕ ᠡᠨᠡ ᠬᠦ ᠬᠠᠴᠢᠨ ᠰᠤᠨᠢᠨ ᠳᠡᠭᠡᠷ᠎ᠡ ᠪᠠᠨ ᠮᠤᠪ ᠮᠠᠭᠤᠬᠠᠢ ᠴᠢᠯᠠᠭᠤ ᠤᠤᠯ ᠨᠢ ᠬᠠᠷᠢᠨ ᠳᠡᠭᠷᠢ ᠳᠡᠭᠡᠷ᠎ᠡ ᠪᠠᠶᠢᠭᠰᠠᠨ ᠬᠡᠯ᠎ᠡ ᠰᠢᠳᠡ︕ ᠳᠡᠬᠦᠨ ᠤ ᠳᠡᠭᠷᠢ ᠶᠢ ᠨᠦᠬᠦᠭᠡᠰᠦᠯᠡᠭᠡᠳ ᠤᠭᠳᠠᠷᠭᠤᠢ ᠳᠤ ᠢᠯᠴᠢ ᠭᠠᠷᠭᠠᠨ ᠭᠡᠷᠡᠯ ᠰᠠᠴᠤᠷᠠᠭᠤᠯᠵᠦ ᠪᠠᠶᠢᠬᠤ ᠳᠤ ᠨᠢ ᠮᠠᠨ ᠤ ᠳᠡᠭᠡᠳᠤᠰ ᠳᠡᠬᠦᠨ ᠢ ᠪᠠᠷᠠᠯᠠᠭᠠᠳ ᠬᠡᠷᠡᠯ᠂ ᠮᠦᠷᠦᠭᠡᠳᠤᠯ᠂ ᠬᠦᠰᠡᠯᠡᠩ ᠬᠦᠷᠳᠡᠵᠦ ᠪᠠᠶᠢᠭᠰᠠᠨ ᠴᠦ ᠶᠠᠳᠠᠬᠤ ᠦᠬᠡᠢ ᠳ᠋ᠠ᠃ ᠭᠡᠳᠡᠯ᠎ᠡ ᠳᠡᠷᠡ ᠳᠡᠭᠷᠢ ᠠᠴᠠ ᠤᠨᠠᠵᠦ ᠢᠷᠡᠭᠡᠳ ᠦᠤᠭ᠍ᠰᠡᠨ ᠰᠢᠷᠦᠢ᠂ ᠦᠯᠦᠩ ᠡᠪᠡᠰᠤᠨ ᠳᠤᠳᠤᠷ᠎ᠠ ᠨᠢᠭᠡ ᠯᠠ ᠬᠡᠪᠳᠡᠯᠭᠡ ᠪᠠᠷ ᠢᠶᠠᠨ ᠬᠡᠳᠤᠨ ᠵᠠᠭᠤᠨ ᠤᠨ ᠪᠤᠯᠴᠢᠬᠠᠵᠦ ᠪᠤᠯᠤᠯᠳᠠᠢ᠃        ᠡᠮᠡᠭᠡ ᠡᠵᠢ᠄ ︽ᠦᠵᠡᠭᠡᠳ ᠦᠨᠡᠭᠡᠷ ᠳᠠᠨᠢᠭᠰᠠᠨ ᠦᠭᠡᠢ︕ ᠳᠡᠷᠡ ᠳᠡᠶᠢᠮᠦ ᠶᠡᠷᠦ ᠪᠤᠰᠤ ᠶᠢᠨ ᠪᠠᠶᠢᠳᠠᠯ᠎ᠠ ᠪᠠᠨ ᠶᠠᠭᠠᠬᠢᠭᠠᠳ ᠪᠠᠰᠠ ᠬᠡᠷᠡᠮ ᠴᠦ ᠪᠠᠷᠢᠵᠦ ᠪᠤᠯᠳᠠᠭ ᠦᠬᠡᠢ᠂ ᠶᠠᠨᠳᠡᠷ ᠴᠦ ᠪᠤᠯᠭᠠᠵᠦ ᠪᠤᠯᠳᠠᠭ ᠦᠭᠡᠢ ᠪᠠᠶᠢᠵᠦ ᠪᠤᠢ︖︾ ᠬᠡᠬᠦ ᠳᠤ ᠤᠳᠤᠨ ᠤᠷᠤᠨ ᠤ ᠡᠷᠳᠡᠮᠳᠡᠨ᠄         ︽ᠬᠠᠷᠢᠨ ᠳᠡᠩᠳᠡᠬᠦᠦ ᠮᠠᠭᠤᠬᠠᠢ ᠪᠤᠯᠴᠢᠬᠠᠵᠠᠢ︾ ᠭᠡᠵᠦ ᠬᠡᠯᠡᠪᠡ᠃         ︽ᠬᠠᠷᠢᠨ ᠬᠡᠮ᠂ ᠳᠡᠩᠳᠡᠬᠦᠦ ᠮᠠᠭᠤᠬᠠᠢ ᠶᠤᠮ︾         ︽ᠬᠡᠳᠡᠯ᠎ᠡ ᠡᠨᠡ ᠨᠢ ᠶᠠᠭ ᠳᠡᠬᠦᠨ ᠤ ᠰᠠᠶᠢᠬᠠᠨ ᠨᠢ ᠶᠤᠮ︾ ᠬᠡᠰᠡᠨ ᠢᠶᠠᠨ ᠤᠳᠤᠨ ᠤᠷᠤᠨ ᠤ ᠡᠷᠳᠡᠮᠳᠡᠨ ᠄ ︽ᠳᠡᠬᠦᠨ ᠤ ᠮᠠᠭᠤᠬᠠᠢ ᠳᠤ ᠰᠠᠶᠢᠬᠠᠨ ᠪᠤᠯᠭᠠᠳᠠᠭ ᠶᠤᠮ︾ ᠬᠡᠯ᠎ᠡ᠃        ︽ᠮᠠᠭᠤᠬᠠᠢ ᠪᠠᠷ ᠰᠠᠶᠢᠬᠠᠨ ᠪᠤᠯᠭᠠᠳᠠᠭ ᠬᠡᠨ᠎ᠡ ᠦᠦ︖︾        ︽ᠳᠡᠶᠢᠮᠦ᠂ ᠮᠠᠭᠤᠬᠠᠢ ᠶᠢᠨ ᠳᠤᠶᠢᠯ ᠪᠤᠯᠴᠢᠬᠠᠪᠠᠯ ᠳᠡᠷᠡ ᠴᠢᠭ ᠢᠶᠠᠷ ᠢᠶᠠᠨ ᠰᠠᠶᠢᠬᠠᠨ ᠤ ᠳᠤᠶᠢᠯ ᠮᠦᠨ ᠶᠤᠮ᠃ ᠶᠠᠭ ᠳᠡᠬᠦᠨ ᠤ ᠡᠩ ᠤᠨ ᠦᠭᠡᠷ ᠴᠢᠯᠠᠭᠤ ᠪᠢᠰᠢ ᠪᠠᠶᠢᠭᠰᠠᠨ ᠤ ᠬᠠᠷᠠᠭ᠎ᠠ ᠠᠴᠠ ᠬᠡᠯᠡᠯᠭᠡᠨ ᠦᠬᠡᠢ ᠬᠡᠷᠡᠮ ᠴᠦ ᠪᠠᠷᠢᠵᠦ ᠪᠤᠯᠬᠤ ᠦᠬᠡᠢ᠂ ᠶᠠᠨᠳᠡᠷ ᠴᠦ ᠳᠡᠪᠢᠰᠴᠦ ᠪᠤᠯᠬᠤ ᠦᠬᠡᠢ᠂ ᠰᠠᠶᠢᠯᠪᠤᠷᠢᠯᠡᠵᠦ ᠴᠦ ᠪᠤᠯᠬᠤ ᠦᠬᠡᠢ᠂ ᠪᠦᠰ ᠪᠠᠷᠠᠭ᠎ᠠ ᠳᠡᠪᠳᠡᠵᠦ ᠨᠢᠪᠰᠢᠵᠦ ᠴᠦ ᠪᠤᠯᠬᠤ ᠦᠬᠡᠢ ᠪᠠᠶᠢᠭᠰᠠᠨ ᠶᠤᠮ᠃ ᠳᠡᠷᠡ ᠪᠤᠯ ᠳᠡᠶᠢᠮᠦᠷᠬᠦᠦ ᠪᠠᠭ᠎ᠠ ᠰᠠᠭ᠎ᠠ ᠶᠠᠭᠤᠮ᠎ᠠ ᠶᠢ ᠬᠢᠳᠡᠭ ᠡᠳ᠋ ᠪᠢᠰᠢ ᠤᠴᠢᠷ ᠠᠴᠠ ᠬᠡᠵᠢᠶᠡᠳᠡ ᠶᠢᠷᠳᠢᠨᠴᠦ ᠶᠢᠨ ᠬᠦᠮᠦᠨ ᠤ ᠶᠡᠷᠦᠳᠡ ᠶᠢᠨ ᠵᠠᠩᠰᠢᠯ ᠳᠤ ᠡᠯᠡᠭᠳᠡᠵᠦ ᠪᠠᠶᠢᠭᠰᠠᠨ ᠶᠤᠮ︾᠃        ᠡᠮᠡᠭᠡ ᠡᠵᠢ ᠶᠢᠨ ᠨᠢᠭᠤᠷ ᠤᠯᠠᠶᠢᠯ᠎ᠠ᠂ ᠮᠢᠨᠦ ᠨᠢᠭᠤᠷ ᠴᠦ ᠤᠯᠠᠶᠢᠯ᠎ᠠ᠃        ᠪᠢ ᠦᠪᠡᠷ ᠤᠨ ᠢᠴᠢᠩᠬᠦᠷᠡᠯ ᠢᠶᠠᠨ ᠰᠡᠷᠡᠵᠦ ᠤᠶᠢᠯᠠᠭᠠᠭᠰᠠᠨ ᠤ ᠬᠠᠮᠳᠤ ᠮᠠᠭᠤᠬᠠᠢ ᠴᠢᠯᠠᠭᠤᠨ ᠤ ᠠᠭᠤᠤ ᠶᠡᠭᠡ ᠶᠢ ᠴᠦ ᠤᠶᠢᠯᠠᠭᠠᠯ᠎ᠠ᠃ ᠪᠢ ᠨᠡᠩ ᠴᠢᠨᠠᠭᠰᠢᠯᠠᠭᠠᠳ ᠳᠡᠷᠡ ᠶᠠᠭᠤᠨ ᠳᠤ ᠡᠴᠢᠨᠡᠬᠡᠨ ᠵᠢᠯ ᠢᠶᠠᠷ ᠡᠨᠡ ᠪᠦᠬᠦᠨ ᠢ ᠬᠦᠯᠢᠴᠡᠨ ᠳᠡᠰᠪᠤᠷᠢᠯᠡᠭᠡᠳ ᠰᠡᠪ ᠰᠡᠮᠡᠬᠡᠷᠬᠡᠨ ᠬᠡᠪᠳᠡᠵᠦ ᠪᠠᠶᠢᠭᠰᠠᠨ ᠶᠤᠮ ᠳ᠋ᠠ︖ ᠬᠡᠵᠦ ᠬᠠᠷᠠᠰᠠᠨ ᠭᠤᠨᠢᠶᠠᠯ᠎ᠠ᠃ ᠭᠡᠳᠡᠯ᠎ᠡ ᠪᠢ ᠳᠡᠷᠡ ᠭᠱᠠᠨ᠎ᠠ ᠠᠳᠡᠬᠦᠦ ᠳᠠᠨᠢᠪᠤᠷᠢ ᠳᠤ ᠳᠡᠬᠦᠨ ᠤ ᠳᠡᠭᠡᠵᠦ ᠨᠤᠭᠤᠷᠠᠬᠤ ᠦᠬᠡᠢ ᠨᠠᠮ ᠵᠢᠮᠬᠡᠨ ᠤᠷᠤᠰᠢᠳᠠᠭ ᠤᠨ ᠠᠭᠤᠤ ᠶᠡᠭᠡ ᠶᠢ ᠬᠦᠨ ᠬᠦᠨᠵᠡᠬᠡᠢ ᠰᠡᠷᠡᠨ ᠮᠡᠳᠡᠪᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号