ᠲᠣᠷᠭᠠᠨ ᠵᠠᠮ ᠬᠢᠭᠡᠳ ᠪᠤᠭᠤᠲᠤ
ᠨᠡᠶᠢᠲᠡᠯᠡᠭᠰᠡᠨ ᠴᠠᠭ᠄
2024/5/20
          ᠴᠢᠩ ᠤᠯᠤᠰ ᠤᠨ ᠦᠶ᠎ᠡ ᠳᠤ᠂ ᠭᠧᠷᠮᠠᠨ ᠤ ᠭᠠᠵᠠᠷ ᠵᠦᠢ ᠶᠢᠨ ᠤᠬᠠᠭᠠᠨᠲᠠᠨ ᠯᠢ ᠰᠢ ᠾᠥᠸᠧ ︽ᠲᠣᠷᠭᠠᠨ  ᠵᠠᠮ︾ ᠤᠨ ᠤᠬᠠᠭᠳᠠᠬᠤᠨ ᠢ ᠳᠤᠷᠠᠳᠤᠨ ᠭᠠᠷᠭᠠᠭᠰᠠᠨ  ᠶᠤᠮ᠃ ᠬᠠᠨ ᠤᠯᠤᠰ ᠤᠨ ᠦᠶ᠎ᠡ ᠪᠣᠯ ᠲᠣᠷᠭᠠᠨ ᠵᠠᠮ  ᠬᠠᠮᠤᠭ ᠤᠨ ᠬᠥᠭᠵᠢᠯ ᠪᠠᠳᠠᠷᠠᠯ ᠲᠠᠢ ᠪᠠᠶᠢᠭᠰᠠᠨ ᠴᠠᠭ ᠦᠶ᠎ᠡ ᠪᠣᠯᠣᠨ᠎ᠠ᠂ ᠰᠢ ᠠᠨ ᠠᠴᠠ ᠡᠬᠢ ᠠᠪᠴᠤ ᠲᠢᠶᠠᠨ  ᠱᠦᠢ᠂ ᠯᠠᠨᠵᠧᠦ᠂ ᠵᠠᠩ ᠶᠧ᠂ ᠦ᠋ ᠸᠧᠢ᠂ ᠴᠠᠪᠴᠢᠶᠠᠯ ᠪᠣᠭᠤᠮᠲᠠ᠂ ᠳ᠋ᠦᠨᠬᠤᠸᠠᠩ ᠵᠡᠷᠭᠡ ᠭᠠᠵᠠᠷ ᠢᠶᠠᠷ ᠲᠠᠭᠠᠷᠢᠵᠤ᠂  ᠡᠮᠦᠨᠡᠰᠢ ᠪᠠᠨ ᠰᠢᠭᠤᠳ ᠺᠠᠱᠢ᠂ ᠲᠠᠱᠺᠧᠨ᠋ᠲ ᠲᠤ ᠬᠦᠷᠴᠦ ᠪᠠᠶᠢᠵᠠᠢ᠃ ᠤᠮᠠᠷᠠᠰᠢ ᠪᠠᠨ ᠬᠠᠮᠢ᠂ ᠲᠦᠷᠫᠠᠨ᠂ ᠢ ᠨᠢᠩ ᠂ ᠠᠯᠮᠠ - ᠠᠲ᠋ᠠ᠂ ᠲᠠᠱᠺᠧᠨ᠋ᠲ ᠢ ᠲᠠᠭᠠᠷᠢᠵᠤ᠂ ᠲᠡᠬᠢᠨ ᠲᠠᠱᠺᠧᠨ᠋ᠲ ᠠᠴᠠ ᠡᠸᠦ᠋ᠷᠦᠫᠡ ᠠᠽᠢᠶ᠎ᠠ ᠶᠢᠨ ᠡᠬᠡ  ᠬᠠᠭᠤᠷᠠᠢ ᠳᠤ ᠬᠦᠷᠴᠦ ᠪᠤᠢ᠃ ᠲᠣᠷᠭᠠᠨ ᠵᠠᠮ ᠢᠶᠠᠷ ᠬᠤᠳᠠᠯᠳᠤᠭ᠎ᠠ ᠡᠵᠡᠩᠨᠡᠵᠦ ᠪᠠᠶᠢᠭᠰᠠᠨ ᠨᠢ ᠭᠤᠣᠯᠳᠠᠭᠤ  ᠥᠨᠥᠳᠥᠷ ᠤᠨ ᠲᠤᠮᠳᠠᠳᠤ ᠠᠽᠢᠶ᠎ᠠ᠂ ᠫᠤᠰᠨᠢᠶ᠎ᠠ ᠪᠣᠯᠣᠨ ᠠᠷᠠᠪ ᠤᠨ ᠬᠤᠳᠠᠯᠳᠤᠭᠠᠴᠢᠳ ᠪᠣᠯᠣᠨ᠎ᠠ᠃             ᠦᠶ᠎ᠡ ᠦᠶ᠎ᠡ ᠶᠢᠨ ᠤᠮᠠᠷᠠᠲᠤ ᠣᠷᠣᠨ ᠤ ᠨᠡᠭᠦᠳᠡᠯ ᠮᠠᠯᠵᠢᠯ ᠤᠨ ᠦᠨᠳᠦᠰᠦᠲᠡᠨ ᠯᠢᠶᠤᠤᠶᠠᠩ ᠠᠴᠠ ᠮᠤᠨᠢ  ᠠᠭᠤᠯᠠ ᠶᠢᠨ ᠤᠮᠠᠷᠠᠲᠤ ᠲᠠᠯ᠎ᠠ ᠨᠤᠲᠤᠭ ᠢᠶᠠᠷ ᠥᠩᠭᠡᠷᠡᠨ ᠡᠾᠧᠰᠢ ᠶᠢᠨ ᠬᠤᠩᠭᠢᠯ ᠬᠦᠷᠴᠦ ᠲᠣᠷᠭᠠᠨ ᠵᠠᠮ ᠯᠤᠭ᠎ᠠ  ᠵᠠᠯᠭᠠᠯᠳᠤᠨ᠂ ᠲᠤᠮᠳᠠᠳᠤ ᠠᠽᠢᠶ᠎ᠠ ᠳᠤ ᠨᠡᠪᠳᠡᠷᠡᠵᠤ᠂ ᠲᠠᠯ᠎ᠠ ᠨᠤᠲᠤᠭ ᠤᠨ ᠲᠣᠷᠭᠠᠨ ᠵᠠᠮ ᠢ ᠪᠦᠷᠢᠯᠳᠦᠭᠦᠯᠦᠭᠰᠡᠨ ᠶᠤᠮ᠃             ᠪᠤᠭᠤᠲᠤ ᠶᠢᠨ ᠬᠠᠭᠤᠴᠢᠨ ᠣᠷᠣᠨ ᠨᠢ ᠲᠠᠯ᠎ᠠ ᠨᠤᠲᠤᠭ ᠤᠨ ᠲᠣᠷᠭᠠᠨ ᠵᠠᠮ ᠤᠨ ᠴᠢᠬᠤᠯᠠ ᠬᠦᠢᠰᠦ  ᠪᠣᠯᠣᠭᠰᠠᠭᠠᠷ ᠢᠷᠡᠵᠤ᠂ ᠲᠣᠷᠭᠠᠨ ᠵᠠᠮ ᠯᠤᠭ᠎ᠠ ᠵᠠᠯᠭᠠᠯᠳᠤᠵᠤ ᠪᠠᠶᠢᠳᠠᠭ᠃ ᠴᠢᠩ ᠤᠯᠤᠰ ᠤᠨ ᠦᠶ᠎ᠡ ᠵᠢᠴᠢ ᠢᠷᠭᠡᠨ  ᠤᠯᠤᠰ ᠤᠨ ᠡᠬᠢᠨ ᠤ ᠦᠶ᠎ᠡ ᠪᠠᠷ ᠪᠤᠭᠤᠲᠤ ᠶᠢᠨ ᠲᠡᠮᠡᠭᠡᠨ ᠵᠢᠩ ᠨᠢ ᠨᠠᠩ ᠴᠤ ᠡᠳᠦᠷ ᠰᠥᠨᠢ ᠦᠭᠡᠢ ᠲᠣᠷᠭᠠᠨ ᠵᠠᠮ  ᠳᠡᠭᠡᠷ᠎ᠡ ᠴᠤᠪᠤᠷᠠᠯᠳᠤᠨ ᠠᠶᠠᠯᠠᠵᠤ ᠪᠠᠶᠢᠭᠰᠠᠨ ᠶᠤᠮ᠃             ᠵᠧᠦ ᠮᠦ ᠸᠠᠩ ᠴᠢᠦᠸᠠᠨ ᠿᠦᠩ ᠠᠶᠢᠮᠠᠭ ᠢ ᠳᠠᠶᠢᠯᠠᠵᠤ ︽ᠬᠠᠰ ᠲᠣᠷᠭᠠᠨ ᠵᠠᠮ︾ ᠢ ᠨᠡᠭᠡᠭᠡᠭᠰᠡᠨ‌ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 976 ᠣᠨ ᠳᠤ᠂ ᠵᠧᠦ ᠮᠦ ᠸᠠᠩ ᠰᠠᠭᠤᠷᠢᠨ ᠢ ᠵᠠᠯᠭᠠᠮᠵᠢᠯᠠᠪᠠ᠃ ︽ᠵᠧᠦ ᠤᠯᠤᠰ ᠤᠨ ᠲᠦᠷᠦ ᠳᠣᠷᠣᠶᠢᠲᠠᠪᠠ᠂ ᠭᠡᠬᠦ ᠳᠡᠭᠡᠨ ᠵᠧᠦ ᠮᠦ ᠸᠠᠩ ᠬᠠᠷᠢᠨ ᠴᠢᠦᠸᠠᠨ ᠿᠦᠩ ᠠᠶᠢᠮᠠᠭ ᠢ  ᠳᠠᠶᠢᠯᠠᠵᠤ᠂ ᠳᠥᠷᠪᠡᠨ ᠴᠠᠭᠠᠨ ᠴᠢᠨ᠋ᠸ᠎ᠠ ᠳᠥᠷᠪᠡᠨ ᠴᠠᠭᠠᠨ ᠪᠤᠭᠤ ᠣᠯᠵᠤ ᠪᠤᠴᠠᠪᠠ᠃ ︵︽ᠬᠠᠨ ᠤᠯᠤᠰ ᠤᠨ  ᠪᠢᠴᠢᠭ · ᠾᠦᠩᠨᠦ ᠶᠢᠨ ᠨᠠᠮᠲᠠᠷ︾ 94 ᠳ᠋ᠦ᠋ᠭᠡᠷ ᠪᠣᠳᠢ ᠶᠢᠨ ᠳᠡᠭᠡᠳᠦ︶ ᠴᠢᠦᠸᠠᠨ ᠿᠦᠩ ᠭᠡᠵᠦ ᠳᠠᠷᠤᠢ ᠬᠢᠶᠠᠨ᠂ ᠱᠥᠸᠧ ᠹᠠᠩ᠂ ᠲᠦ᠋ ᠹᠠᠩ ᠢ ᠬᠡᠯᠡᠵᠦ ᠪᠤᠢ᠃ ︽ᠲᠦ᠋ ᠹᠠᠩ ᠤᠨ ᠨᠤᠲᠤᠭ ᠳᠡᠪᠢᠰᠬᠡᠷ ᠨᠢ ᠣᠳᠣ ᠶᠢᠨ ᠱᠠᠨ  ᠰᠢ ᠶᠢᠨ ᠪᠠᠷᠠᠭᠤᠨ ᠬᠤᠶᠢᠲᠤ ᠬᠡᠰᠡᠭ ᠪᠤᠶᠤ ᠪᠤᠭᠤᠲᠤ ᠶᠢᠨ ᠣᠶᠢᠷ᠎ᠠ ᠣᠷᠴᠢᠮ  ᠪᠠᠶᠢᠵᠠᠢ᠂ ᠲᠦ᠋ ᠹᠠᠩ ᠭᠡᠵᠦ ᠳᠠᠷᠤᠢ  ᠬᠢᠶᠠᠨ ᠤ ᠨᠢᠭᠡᠨ ᠲᠣᠮᠣ ᠣᠪᠣᠭ ᠠᠶᠢᠮᠠᠭ ᠤᠨ ᠨᠢᠭᠡ ᠪᠠᠶᠢᠵᠠᠢ᠃ ︵ᠭᠦᠸᠧ ᠮᠦᠸᠧ ᠿᠦᠸᠧ ᠶᠢᠨ ︽ᠳᠤᠮᠳᠠᠳᠤ  ᠤᠯᠤᠰ ᠤᠨ ᠡᠷᠲᠡᠨ ᠤ ᠨᠡᠶᠢᠭᠡᠮ ᠤᠨ ᠰᠤᠳᠤᠯᠤᠯ︾ ᠤᠨ 342 ᠳ᠋ᠤᠭᠠᠷ ᠨᠢᠭᠤᠷ ᠲᠤ︶ ᠴᠠᠭᠠᠨ ᠴᠢᠨ᠋ᠸ᠎ᠠ᠂ ᠴᠠᠭᠠᠨ  ᠪᠤᠭᠤ ᠨᠢ ᠪᠤᠭᠤᠲᠤ ᠵᠡᠷᠭᠡ ᠭᠠᠵᠠᠷ ᠣᠷᠣᠨ ᠤ ᠣᠪᠣᠭ ᠠᠶᠢᠮᠠᠭ ᠤᠨ ᠲᠣᠲ᠋ᠧᠮ ᠤᠨ ᠨᠡᠷᠡᠶᠢᠳᠦᠯ  ᠪᠠᠶᠢᠭᠰᠠᠨ ᠨᠢ  ᠢᠯᠡᠬᠡᠨ᠃             ︽ᠮᠢᠶᠤᠤ ᠸᠠᠩ ᠽᠣᠣ ᠹᠦ᠋ ᠶᠢ ᠳᠠᠭᠠᠭᠤᠯᠤᠨ ᠪᠠᠷᠠᠭᠤᠨᠰᠢ ᠠᠶᠠᠯᠠᠵᠤ᠂ ᠰᠢ ᠸᠠᠩ ᠡᠬᠡ ᠶᠢ ᠦᠵᠡᠭᠡᠳ  ᠪᠤᠴᠠᠬᠤ ᠪᠠᠨ ᠤᠮᠠᠷᠲᠠᠪᠠᠢ᠃︾ ︵︽ᠰᠤᠳᠤᠷ ᠲᠡᠮᠳᠡᠭᠯᠡᠯ · ᠵᠤᠤ ᠣᠪᠣᠭᠲᠤ ᠰᠤᠷᠪᠤᠯᠵᠢᠲᠤ ᠭᠡᠷ︾ 43 ᠳ᠋ᠤᠭᠠᠷ  ᠪᠣᠳᠢ︶ ᠮᠢᠶᠤᠤ ᠸᠠᠩ ᠭᠡᠵᠦ ᠳᠠᠷᠤᠢ ᠮᠦ ᠸᠠᠩ ᠪᠣᠯᠣᠨ᠎ᠠ᠂ ᠲᠡᠭᠦᠨ ᠤ ᠪᠠᠷᠠᠭᠤᠨᠰᠢ ᠠᠶᠠᠯᠠᠭᠰᠠᠨ ᠨᠢ ᠳᠠᠷᠤᠢ ᠬᠠᠰ   ᠠᠭᠤᠷᠬᠠᠢ ᠶᠢ ᠡᠷᠢᠵᠦ᠂  ᠵᠡᠭᠦᠨ ᠪᠠᠷᠠᠭᠤᠨ᠎ᠠ ᠶᠢᠨ ᠵᠠᠮ ᠬᠠᠷᠢᠯᠴᠠᠭᠠᠨ ᠤ ᠶᠡᠭᠡ ᠵᠠᠮ ᠢ ᠨᠡᠪᠲᠡᠷᠡᠭᠦᠯᠬᠦ ᠶᠢᠨ ᠲᠥᠯᠥᠭᠡ  ᠶᠤᠮ᠃ ᠮᠦ ᠸᠠᠩ ᠰᠢ ᠸᠠᠩ ᠡᠬᠡ ᠯᠦᠭᠡ ᠪᠠᠷᠠᠳᠠᠵᠤ ᠂ ᠮᠢᠨᠳᠠᠰᠤ ᠶᠢ ᠵᠠᠭᠤᠨ ᠪᠦᠬᠦᠯᠢ ᠬᠡᠰᠡᠭ ᠬᠦᠷᠭᠡᠵᠦ᠂ ᠴᠠᠭᠠᠨ  ᠥᠩᠭᠡ ᠲᠠᠢ ᠲᠣᠷᠭ᠎ᠠ ᠶᠢ ᠭᠤᠷᠪᠠᠨ ᠵᠠᠭᠤᠨ ᠪᠦᠬᠦᠯᠢ ᠬᠡᠰᠡᠭ ᠬᠦᠷᠭᠡᠭᠰᠡᠨ ᠪᠠᠶᠢᠨ᠎ᠠ᠃ ᠡᠷᠲᠡᠨ ᠠᠴᠠ ᠠᠪᠤᠭᠠᠳ  ᠵᠠᠷᠢᠮ ᠬᠥᠮᠥᠨ ᠰᠢ ᠸᠠᠩ ᠡᠬᠡ ᠦᠭᠡᠢ ᠭᠡᠬᠦ ᠬᠡᠯᠡᠯᠭᠡ ᠶᠢ  ᠰᠡᠵᠢᠭᠯᠡᠵᠦ ᠪᠠᠶᠢᠵᠠᠢ᠃ ᠾᠧᠨᠠᠨ ᠤ ᠵᠢᠢ ᠰᠢᠶᠠᠨ ᠤ  ᠪᠠᠶᠢᠯᠳᠤᠭᠠᠨᠲᠤ ᠤᠯᠤᠰ ᠤᠨ ᠡᠷᠲᠡᠨ ᠤ ᠤᠩᠭᠤᠨ ᠠᠴᠠ ᠣᠯᠳᠠᠭᠰᠠᠨ ︽ᠮᠦ ᠸᠠᠩ ᠬᠠᠭᠠᠨ ᠤ ᠨᠠᠮᠲᠠᠷ︾ ᠭᠡᠬᠦ  ᠬᠤᠯᠤᠰᠤᠨ ᠴᠤᠭᠤᠳᠠᠰᠤ ᠳᠡᠭᠡᠷ᠎ᠡ ᠮᠦ ᠸᠠᠩ ᠬᠠᠭᠠᠨ ᠤ ᠪᠠᠷᠠᠭᠤᠨᠰᠢ ᠠᠶᠠᠯᠠᠭᠰᠠᠨ ᠲᠤᠬᠠᠢ ᠲᠡᠮᠳᠡᠭᠯᠡᠭᠰᠡᠨ ᠢᠶᠠᠷ  ᠪᠠᠷᠠᠬᠤ ᠦᠭᠡᠢ ᠲᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠤᠳᠬ᠎ᠠ ᠵᠣᠬᠢᠶᠠᠯ  ᠰᠤᠳᠤᠯᠬᠤ ᠭᠠᠵᠠᠷ ᠤᠨ ᠰᠤᠳᠤᠯᠤᠭᠴᠢ ᠶᠧ ᠱᠦ ᠰᠢᠶᠠᠨ ᠠᠪᠤᠭᠠᠢ ᠪᠠᠰᠠ ︽ᠬᠠᠰ ᠲᠣᠷᠭᠠᠨ ᠵᠠᠮ︾ ᠤᠨ ᠲᠤᠬᠠᠢ  ᠳᠤᠷᠠᠳᠤᠨ ᠭᠠᠷᠭᠠᠵᠤ᠂ ᠭᠠᠨᠰᠤ ᠶᠢᠨ ᠴᠢ ᠵᠢᠶᠠ ᠫᠢᠩ ᠤᠨ ᠪᠠᠭᠤᠷᠢ ᠠᠴᠠ ᠣᠯᠳᠠᠭᠰᠠᠨ ᠶᠡᠭᠡ ᠬᠡᠮᠵᠢᠶᠡᠨ ᠤ  ᠤᠳᠦ ᠠᠴᠠ 4000 ᠵᠢᠯ ᠤᠨ ᠡᠮᠦᠨᠡᠬᠢ ᠶᠣᠰᠣᠯᠠᠯ ᠤᠨ ᠬᠠᠰ ᠬᠡᠷᠡᠭᠰᠡᠯ ᠤᠨ ᠳᠣᠲᠣᠷ᠎ᠠ ᠳᠠᠷᠤᠢ ᠾᠧ ᠲᠢᠶᠠᠨ ᠬᠠᠰ  ᠪᠤᠢ ᠭᠡᠵᠦ ᠦᠵᠡᠵᠦ ᠪᠠᠶᠢᠪᠠ᠃ ᠵᠧᠦ ᠮᠦ ᠸᠠᠩ ᠴᠢᠦᠸᠠᠨ ᠿᠦᠩ ᠢ ᠳᠠᠶᠢᠯᠠᠭᠰᠠᠨ ᠨᠢ ᠨᠢᠭᠡᠨᠲᠡ ᠯᠦᠧᠧᠶᠠᠩ ᠠᠴᠠ  ᠬᠠᠳᠤᠨ ᠭᠤᠣᠯ ᠢ ᠭᠠᠲᠤᠯᠤᠨ ᠪᠤᠭᠤᠲᠤ ᠶᠢᠨ ᠭᠠᠵᠠᠷ ᠣᠷᠣᠨ ᠬᠦᠷᠬᠦ ᠵᠠᠮ ᠢ ᠨᠡᠪᠲᠡᠷᠡᠭᠦᠯᠦᠭᠰᠡᠨ ᠪᠠᠶᠢᠨ᠎ᠠ᠂  ᠳᠠᠷᠠᠭ᠎ᠠ  ᠨᠢ ᠠᠯᠠᠱᠠ ᠠᠭᠤᠯᠠ ᠶᠢ ᠥᠩᠭᠡᠷᠡᠨ᠂ ᠣᠷᠳᠣᠴᠢ ᠡᠯᠡᠰᠦᠨ ᠴᠥᠯ ᠢ ᠭᠡᠲᠦᠯᠵᠦ᠂ ᠯᠢᠶᠠᠩᠵᠸᠤ ︵ᠦ᠋ ᠸᠧᠢ︶ ᠪᠠᠷ ᠳᠠᠮᠵᠢᠨ ᠲᠡᠭᠷᠢ ᠠᠭᠤᠯᠠ ᠶᠢᠨ ᠵᠡᠭᠦᠨ ᠬᠤᠷᠮᠣᠢ ᠶᠢᠨ ᠪᠠ ᠯᠢ ᠺᠦᠨ ᠨᠠᠭᠤᠷ ᠲᠤ ᠬᠦᠷᠴᠦ᠂ ᠲᠡᠬᠢᠨ ᠲᠡᠭᠷᠢ  ᠠᠭᠤᠯᠠ ᠶᠢᠨ ᠡᠮᠦᠨ᠎ᠡ ᠵᠠᠮ ᠢᠶᠠᠷ ᠾᠧ ᠲᠢᠶᠠᠨ ᠳᠤ ᠬᠦᠷᠦᠨ᠎ᠠ᠃ ᠮᠦ ᠸᠠᠩ ᠬᠠᠭᠠᠨ ᠤ ᠪᠠᠷᠠᠭᠤᠨᠰᠢ ᠠᠶᠠᠯᠠᠭᠰᠠᠨ ᠨᠢ  ᠵᠦᠢᠷ ᠰᠡᠴᠡᠨ ᠦᠭᠡ ︽ᠨᠢᠭᠦᠯᠲᠦ ᠲᠠᠶᠢᠨ ᠢ ᠨᠠᠶᠢᠷᠠᠮᠳᠠᠯ ᠪᠤᠯᠭᠠᠬᠤ︾ ᠶᠢᠨ ᠴᠢᠬᠤᠯᠠ ᠲᠠᠶᠢᠯᠪᠤᠷᠢᠯᠠᠯ ᠪᠣᠯᠣᠨ᠎ᠠ᠃             ᠵᠤᠤ ᠫᠥᠸᠧ ᠨᠦ ᠯᠧᠦ ᠯᠠᠨ ᠢ ᠪᠠᠶᠢᠯᠳᠤᠵᠤ ᠲᠣᠷᠭᠠᠨ ᠵᠠᠮ ᠢ ᠰᠠᠭᠠᠳ ᠦᠭᠡᠢ ᠨᠡᠪᠲᠡᠷᠡᠭᠦᠯᠦᠭᠰᠡᠨ ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 221 ᠣᠨ ᠳᠤ᠂ ᠴᠢᠨ ᠱᠢ ᠬᠤᠸᠠᠩ ᠳᠤᠮᠳᠠᠳᠤ ᠤᠯᠤᠰ ᠢ  ᠨᠢᠭᠡᠳᠬᠡᠵᠦ᠂ ᠪᠦᠬᠦ ᠤᠯᠤᠰ ᠲᠤ 36 ᠵᠢᠶᠦ᠋ᠨ ᠢ ᠪᠠᠶᠢᠭᠤᠯᠵᠤ᠂ ᠣᠳᠣ ᠶᠢᠨ ᠪᠤᠭᠤᠲᠤ ᠶᠢᠨ ᠭᠠᠵᠠᠷ ᠣᠷᠣᠨ ᠢ ᠵᠢᠦ  ᠶᠤᠸᠠᠨ ᠵᠢᠶᠦ᠋ᠨ ᠬᠡᠮᠡᠵᠦ᠂ ᠬᠠᠳᠤᠨ ᠭᠤᠣᠯ ᠳᠠᠭᠠᠤ 44 ᠰᠢᠶᠠᠨ ᠤ ᠬᠤᠲᠠ ᠶᠢ ᠪᠠᠶᠢᠭᠤᠯᠵᠤ᠂ ᠣᠳᠣ ᠶᠢᠨ  ᠪᠤᠭᠤᠲᠤ ᠶᠢᠨ ᠭᠠᠵᠠᠷ ᠣᠷᠣᠨ ᠳᠤ ᠵᠢᠦ ᠶᠤᠸᠠᠨ ᠰᠢᠶᠠᠨ ︵ᠮᠧᠩ ᠵᠢᠶᠠ ᠯᠢᠶᠠᠩ ᠤᠨ  ᠡᠷᠲᠡᠨ ᠤ ᠬᠤᠲᠠ︶᠂  ᠦᠶᠤᠸᠠᠨ ᠰᠢᠶᠠᠨ ︵ᠬᠠᠳᠠᠮᠠᠯ ᠤᠨ  ᠡᠷᠲᠡᠨ ᠤ  ᠬᠤᠲᠠ︶᠂ ᠯᠢᠨ ᠸᠧ ᠰᠢᠶᠠᠨ ︵ᠮᠠ ᡂᠢ ᠶᠢᠨ  ᠡᠷᠲᠡᠨ ᠤ   ᠬᠤᠲᠠ︶᠂ ᠭᠦᠶᠠᠩ ᠰᠢᠶᠠᠨ ︵ᠬᠥ᠋ ᠴᠧᠩ ᠸᠠᠨ ᠤ  ᠡᠷᠲᠡᠨ ᠤ ᠬᠤᠲᠠ︶᠂ ᠰᠠᠶᠢᠴᠢᠤᠸᠠᠨ ᠬᠤᠲᠠ ︵ᠵᠡᠭᠦᠨ ᠯᠣᠤ  ᠽᠠᠩ ᠤᠨ ᠡᠷᠲᠡᠨ ᠤ ᠬᠤᠲᠠ︶ ᠵᠡᠷᠭᠡ ᠭᠠᠵᠠᠷ ᠪᠠᠭᠲᠠᠵᠤ ᠪᠠᠶᠢᠵᠠᠢ᠃ ᠨᠡᠶᠢᠲᠡ ᠶᠢᠨ ᠣᠨ ᠲᠣᠭᠠᠯᠠᠯ ᠠᠴᠠ ᠡᠮᠦᠨ᠎ᠡ  212 ᠣᠨ ᠳᠤ᠂ ᠴᠢᠨ ᠱᠢ ᠬᠤᠸᠠᠩ ᠴᠢᠨ ᡁᠢ ᠳ᠋ᠣᠣ ᠵᠠᠮ ᠢ ᠵᠠᠰᠠᠵᠤ᠂ ᠰᠢᠶᠠᠨᠶᠠᠩ ᠠᠴᠠ ᠰᠢᠭᠤᠳ ᠾᠧ ᠶᠢᠨ  ᠰᠢᠶᠠᠨ ︵ᠵᠤᠤ ᠵᠢᠶᠦ᠋ᠨ ᠤ ᠤᠩᠭᠤᠨ︶ ᠳᠤ ᠬᠦᠷᠴᠦ᠂ ᠬᠠᠳᠤᠨ ᠭᠤᠣᠯ ᠢ ᠭᠠᠲᠤᠯᠤᠨ ᠵᠢᠦ ᠶᠤᠸᠠᠨ ᠰᠢᠶᠠᠨ  ᠬᠦᠷᠴᠦ ᠤᠮᠠᠷᠠᠰᠢ ᠪᠠᠨ ᠱᠢ ᠮᠧᠨ ᠾᠧ ᠭᠤᠣᠯ ᠤᠨ ᠬᠥᠨᠳᠡᠢ ᠲᠠᠭᠠᠬᠰᠨᠨ ᠭᠦᠶᠠᠩ ᠳ᠋ᠣᠣ ᠳᠤ ᠬᠦᠷᠴᠦ᠂ ᠮᠤᠨᠢ  ᠠᠭᠤᠯᠠ ᠶᠢ ᠳᠠᠪᠠᠵᠤ ᠭᠤᠪᠢ ᠶᠢᠨ ᠠᠷᠤ ᠶᠢᠨ ᠲᠠᠯ᠎ᠠ ᠨᠤᠲᠤᠭ ᠲᠤ ᠬᠦᠷᠴᠦ᠂ ᠵᠡᠭᠦᠨᠰᠢ ᠪᠠᠷᠠᠭᠤᠨᠰᠢ ᠴᠢᠭᠯᠡᠯ ᠲᠠᠢ  ᠲᠠᠯ᠎ᠠ ᠨᠤᠲᠤᠭ ᠤᠨ ᠲᠣᠷᠭᠠᠨ ᠵᠠᠮ ᠯᠤᠭ᠎ᠠ ᠠᠭᠤᠯᠵᠠᠳᠠᠭ᠃ ᠬᠠᠨ ᠤᠯᠤᠰ ᠤᠨ ᠦᠶ᠎ᠡ ᠳᠤ ᠵᠢᠦ ᠶᠤᠸᠠᠨ ᠵᠢᠶᠦ᠋ᠨ ᠢ  ᠦ᠋ ᠶᠤᠸᠠᠨ ᠵᠢᠶᠦ᠋ᠨ ᠬᠡᠮᠡᠨ ᠥᠭᠡᠷᠡᠴᠢᠯᠡᠭᠡᠳ᠂ ᠠᠯᠪᠠᠨ ᠤ ᠣᠷᠳᠣᠨ ᠨᠢ ᠮᠥᠨ ᠵᠢᠦ ᠶᠤᠸᠠᠨ ᠰᠢᠶᠠᠨ ᠳᠤ ᠪᠠᠶᠢᠪᠠ᠃  ᠬᠠᠨ ᠤᠯᠤᠰ ᠤᠨ ᠦᠶ᠎ᠡ ᠳᠤ ᠾᠦᠩᠨᠦ ᠶᠢ ᠳᠠᠶᠢᠯᠠᠬᠤ ᠳᠤ ᠣᠯᠠᠩᠬᠢ ᠳᠠᠭᠠᠨ ︽ᠦᠶᠤᠸᠠᠨ ᠠᠴᠠ ᠭᠠᠷᠴᠤ︾᠂ ︽ᠵᠢᠦ ᠶᠤᠸᠠᠨ ᠠᠴᠠ ᠭᠠᠷᠴᠤ︾ ᠪᠠᠶᠢᠵᠠᠢ᠂ ᠡᠭᠦᠨ ᠠᠴᠠ ᠪᠤᠭᠤᠲᠤ ᠶᠢᠨ ᠬᠠᠭᠤᠴᠢᠨ  ᠭᠠᠵᠠᠷ ᠪᠣᠯ ᠲᠠᠯ᠎ᠠ ᠨᠤᠲᠤᠭ ᠤᠨ  ᠲᠣᠷᠭᠠᠨ ᠵᠠᠮ ᠤᠨ ᠴᠢᠬᠤᠯᠠ ᠵᠠᠮ ᠰᠤᠪᠠᠭ ᠪᠣᠯᠵᠤ ᠪᠠᠶᠢᠭᠰᠠᠨ ᠢ ᠮᠡᠳᠡᠵᠦ ᠪᠣᠯᠣᠨ᠎ᠠ᠃             ︽ᠵᠠᠩᠵᠤᠨ ᠵᠤᠤ ᠫᠥᠸᠧ ᠨᠦ ᠶᠢᠨ ᠤᠭ ᠨᠤᠲᠤᠭ ᠪᠣᠯ ᠵᠢᠦ ᠶᠤᠸᠠᠨ ᠤ ᠬᠥᠮᠥᠨ︾ ︵︽ᠰᠤᠳᠤᠷ  ᠲᠡᠮᠳᠡᠭᠯᠡᠯ · ᠵᠤᠤ ᠫᠥᠸᠧ ᠨᠦ ᠶᠢᠨ ᠨᠠᠮᠲᠠᠷ︾ 111 ᠳ᠋ᠦ᠋ᠭᠡᠷ ᠪᠣᠳᠢ︶ ᠭᠡᠵᠡᠢ᠃ ᠳᠠᠷᠤᠢ ᠤᠭ ᠨᠤᠲᠤᠭ ᠨᠢ  ᠪᠤᠭᠤᠲᠤ ᠶᠢᠨ ᠬᠥᠮᠥᠨ ᠪᠣᠯᠣᠨ᠎ᠠ᠃ ᠶᠤᠸᠠᠨ ᠱᠧᠦ ᠶᠢᠨ ᠬᠤᠶᠠᠳᠤᠭᠠᠷ ᠣᠨ ︵ᠨᠠᠶᠢᠳᠠ ᠶᠢᠨ ᠣᠨ ᠲᠣᠭᠠᠯᠠᠯ ᠠᠴᠠ  ᠡᠮᠦᠨ᠎ᠡ 121 ᠣᠨ︶᠂ ᠵᠤᠤ ᠫᠥᠸᠧ ᠨᠦ ᠾᠥᠸᠧ ᠴᠢᠦᠢ ᠪᠢᠩ ᠢ ᠲᠠᠭᠠᠵᠤ᠂ ᠪᠧᠢ ᠳ᠋ᠢ ᠵᠢᠶᠦ᠋ᠨ ︵ᠭᠠᠨᠰᠤ ᠶᠢᠨ  ᠴᠢᠩ ᠶᠠᠩ᠂ ᠫᠢᠩ ᠯᠢᠶᠠᠩ︶ ᠵᠡᠷᠭᠡ ᠭᠠᠵᠠᠷ ᠲᠤ ᠾᠦᠩᠨᠦ ᠯᠤᠭ᠎ᠠ ᠪᠠᠶᠢᠯᠳᠤᠭᠠᠳ ᠭᠠᠪᠢᠶ᠎ᠠ ᠪᠠᠶᠢᠭᠤᠯᠵᠤ ᠪᠢᠶᠣᠣ  ᠾᠧᠦ ᠡᠷᠭᠦᠮᠵᠢᠯᠡᠭᠳᠡᠵᠡᠢ᠃ ᠲᠠᠷᠠᠭ᠎ᠠ ᠵᠢᠯ ᠳᠤᠨᠢ᠂ ᠾᠦᠩᠨᠦ ᠪᠣᠯᠣᠨ ᠰᠢ ᠴᠢᠶᠠᠩ ᠬᠠᠮᠲᠤᠷᠠᠨ ᠪᠤᠭᠤᠲᠤ ᠶᠢᠨ  ᠬᠠᠭᠤᠴᠢᠨ  ᠭᠠᠵᠠᠷ ᠦᠶᠤᠸᠠᠨ ᠢ ᠲᠦᠷᠢᠮᠡᠬᠡᠶᠢᠯᠡᠪᠡ᠃ ᠵᠤᠤ ᠫᠥᠸᠧ ᠨᠦ ᠰᠢᠦᠢ ᠽᠢ ᠸᠧᠢ ᠶᠢ ᠳᠠᠭᠠᠵᠤ ᠠᠷᠪᠠᠨ  ᠲᠦᠮᠡᠨ ᠶᠡᠭᠡ ᠴᠡᠷᠢᠭ ᠳᠠᠶᠢᠴᠢᠯᠠᠨ ᠰᠢ ᠴᠢᠶᠠᠩ ᠤᠨ ᠤᠷᠪᠠᠯᠭᠠᠨ ᠢ ᠲᠦᠪᠰᠢᠳᠬᠡᠵᠦ᠂ ᠲᠤᠬᠠᠢ ᠶᠢᠨ ᠦᠶ᠎ᠡ ᠳᠤ  ᠾᠦᠩᠡᠾᠧ ᠵᠠᠩᠵᠤᠨ ᠪᠣᠯᠵᠤ᠂ ᠪᠣᠭᠤᠮᠲᠠ ᠠᠴᠠ ᠮᠢᠩᠭᠠᠨ ᠭᠠᠵᠠᠷ ᠶᠠᠪᠤᠵᠤ ᠪᠤᠴᠠᠵᠤ ᠢᠷᠡᠪᠡ᠃ ᠶᠤᠸᠠᠨ ᠳ᠋ᠢᠩ ᠤᠨ  ᠵᠢᠷᠭᠤᠳᠤᠭᠠᠷ ᠣᠨ ︵ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 111 ᠣᠨ︶ ᠳᠤ᠂ ︽ᠲᠡᠬᠢᠨ ᠹᠦ᠋ ᠵᠢᠦᠢ  ᠵᠠᠩᠵᠤᠨ ᠭᠦᠩ ᠰᠦᠨ ᠾᠧ ᠶᠢ ᠲᠣᠮᠢᠯᠠᠨ ᠵᠢᠦ ᠶᠤᠸᠠᠨ ᠳᠤ ᠣᠴᠢᠭᠤᠯᠵᠤ᠂ ᠾᠦᠩᠡᠾᠧ ᠵᠠᠩᠵᠤᠨ ᠵᠤᠤ ᠫᠥᠸᠧ  ᠨᠦ ᠯᠢᠩ ᠵᠢᠦᠢ ︵ᠭᠠᠨᠰᠤ ᠶᠢᠨ ᠶᠦᠩ ᠳ᠋ᠧᠩ︶ ᠳᠤ ᠬᠦᠷᠴᠦ᠂ ᠲᠡᠳᠡ ᠴᠥᠮ ᠬᠤᠶᠠᠷ ᠮᠢᠩᠭ᠎ᠠ ᠭᠠᠷᠤᠢ ᠭᠠᠵᠠᠷ  ᠬᠤᠯᠠ ᠬᠦᠷᠦᠭᠰᠡᠨ ᠪᠤᠯᠪᠠᠴᠤ᠂ ᠳᠠᠶᠢᠰᠤᠨ ᠢ ᠣᠯᠵᠤ ᠦᠵᠡᠭᠰᠡᠨ ᠦᠭᠡᠢ ᠪᠤᠴᠠᠪᠠ᠃︾ ︵︽ᠬᠠᠨ ᠤᠯᠤᠰ ᠤᠨ  ᠪᠢᠴᠢᠭ · ᠦ᠋ ᠳ᠋ᠢ ᠬᠠᠭᠠᠨ ᠤ ᠲᠡᠮᠳᠡᠭᠯᠡᠯ︾ 6 ᠳ᠋ᠤᠭᠠᠷ ᠪᠣᠳᠢ︶ ᠰᠡᠭᠦᠯᠡᠷ ᠨᠢ ᠲᠠᠬᠢᠯᠭ᠎ᠠ ᠶᠢᠨ ᠵᠣᠭᠤᠰ ᠤᠨ  ᠬᠡᠮᠵᠢᠶ᠎ᠡ ᠨᠢ ᠬᠦᠷᠬᠦ ᠦᠭᠡᠢ ᠭᠡᠬᠦ ᠶᠠᠯ᠎ᠠ ᠳᠤ ᠤᠨᠠᠵᠤ᠂ ᠾᠧᠦ ᠶᠢᠨ ᠲᠤᠰᠢᠶᠠᠯ ᠢᠶᠠᠨ ᠠᠯᠳᠠᠭᠰᠠᠨ ᠪᠠᠶᠢᠨ᠎ᠠ᠃         ᠬᠠᠨ ᠦ᠋ ᠳ᠋ᠢ ᠬᠠᠭᠠᠨ ᠵᠠᠩ ᠴᠢᠶᠠᠨ ᠢ ᠪᠠᠷᠠᠭᠤᠨ ᠬᠢᠵᠠᠭᠠᠷ ᠲᠤ ᠡᠯᠴᠢᠨ ᠢᠶᠠᠷ ᠲᠣᠮᠢᠯᠠᠵᠤ᠂ ᠡᠷᠲᠡᠨ ᠤ  ᠲᠣᠷᠭᠠᠨ ᠵᠠᠮ ᠯᠧᠦ ᠯᠠᠨ ︵ᠰᠢᠨᠵᠢᠶᠠᠩ ᠤᠨ ᠯᠣᠪᠨᠠᠭᠤᠷ ᠨᠠᠭᠤᠷ︶ ᠠᠴᠠ ᠰᠠᠯᠪᠤᠷᠢᠯᠠᠵᠤ ᠭᠠᠷᠪᠠ᠃ ᠶᠤᠸᠠᠨ  ᠹᠧᠩ ᠤᠨ ᠬᠤᠶᠠᠳᠤᠭᠠᠷ ᠣᠨ ︵ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 109 ᠣᠨ︶ ᠳᠤ ᠾᠦᠩᠨᠦ ᠶᠢᠨ  ᠥᠳᠥᠭᠡᠯᠭᠡ ᠳᠣᠣᠷ᠎ᠠ ᠪᠠᠷᠠᠭᠤᠨ ᠬᠢᠵᠠᠭᠠᠷ ᠤᠨ ᠯᠧᠦ ᠯᠠᠨ ︵ᠰᠢᠨᠵᠢᠶᠠᠩ ᠤᠨ ᠯᠣᠪᠨᠠᠭᠤᠷ ᠨᠠᠭᠤᠷ︶᠂ ᠴᠧ ᠱᠢ ︵ᠰᠢᠨᠵᠢᠶᠠᠩ ᠤᠨ ᠲᠦᠷᠫᠠᠨ ᠠᠴᠠ ᠪᠠᠷᠠᠭᠤᠨᠰᠢ︶ ᠵᠡᠷᠭᠡ ᠭᠠᠵᠠᠷ ᠤᠨ ᠬᠥᠮᠥᠰ ᠲᠣᠷᠭᠠᠨ ᠵᠠᠮ ᠳᠡᠭᠡᠷᠡᠬᠢ ᠡᠯᠴᠢᠨ  ᠪᠣᠯᠣᠨ ᠬᠤᠳᠠᠯᠳᠤᠭᠠᠨ ᠤ ᠡᠩᠨᠡᠭᠡ ᠶᠢ ᠤᠳᠠᠭ᠎ᠠ ᠳᠠᠷᠠᠭᠠᠯᠠᠨ ᠪᠤᠯᠢᠶᠠᠨ ᠳᠡᠭᠡᠷᠡᠮᠳᠡᠵᠦ ᠪᠠᠶᠢᠵᠠᠢ᠂ ᠡᠨᠡ ᠠᠭᠤᠯᠭ᠎ᠠ ᠶᠢᠨ  ᠲᠤᠬᠠᠢ ᠳ᠋ᠦᠨᠬᠤᠸᠠᠩ ᠤᠨ ᠬᠠᠨᠠᠨ ᠵᠢᠷᠤᠭ ᠲᠤ ᠪᠠᠰᠠ ᠦᠯᠡᠳᠡᠭᠳᠡᠵᠦ ᠪᠠᠶᠢᠪᠠ᠃ ᠬᠠᠨ ᠦ᠋ ᠳ᠋ᠢ ᠬᠠᠭᠠᠨ ᠪᠢᠶᠣᠣ  ᠾᠧᠦ ᠵᠤᠤ ᠫᠥᠸᠧ ᠨᠦ ᠶᠢ ᠵᠠᠷᠯᠢᠭᠳᠠᠵᠤ᠂ ᠤᠯᠤᠰ ᠤᠨ ᠵᠢᠴᠢ ᠵᠢᠶᠦ᠋ᠨ ᠤ ᠬᠡᠳᠦᠨ ᠲᠦᠮᠡᠨ ᠴᠡᠷᠢᠭ ᠢ  ᠳᠠᠶᠢᠴᠢᠯᠠᠭᠤᠯᠤᠨ ᠳᠠᠶᠢᠨ ᠳᠤ ᠮᠣᠷᠳᠠᠭᠤᠯᠵᠤ᠂ ᠯᠧᠦ ᠯᠠᠨ ᠸᠠᠩ ᠢ ᠪᠠᠷᠢᠪᠴᠢᠯᠠᠭᠰᠠᠨ ᠤ ᠬᠠᠮᠲᠤ ᠴᠧ ᠱᠢ  ᠤᠯᠤᠰ ᠤᠨ ᠨᠡᠶᠢᠰᠯᠡᠯ ᠵᠢᠶᠣᠣ ᠾᠧ ᠴᠧᠩ ︵ᠲᠦᠷᠫᠠᠨ︶ ᠢ ᠡᠪᠳᠡᠵᠡᠢ᠂  ᠡᠶᠢᠨ ᠬᠦ ᠵᠤᠤ ᠫᠥᠸᠧ ᠨᠦ ᠵᠦᠸᠧ ᠶᠧ  ᠾᠧᠦ ᠪᠠᠷ ᠡᠷᠭᠦᠮᠵᠢᠯᠡᠭᠳᠡᠪᠡ᠃ ᠲᠠᠢ ᠴᠦ ᠶᠢᠨ  ᠬᠤᠶᠠᠳᠤᠭᠠᠷ ᠣᠨ ︵ᠨᠡᠶᠢᠲᠡ ᠶᠢᠨ ᠣᠨ ᠲᠣᠭᠠᠯᠠᠯ ᠠᠴᠠ ᠡᠮᠦᠨ᠎ᠡ  103 ᠣᠨ︶ ᠳᠤ ᠵᠢᠶᠦ᠋ᠨ ᠰᠢ ᠵᠠᠩᠵᠤᠨ ᠪᠣᠯᠪᠠ᠃ ᠯᠧᠦ ᠯᠠᠨ ᠸᠠᠩ ᠶᠠᠯ᠎ᠠ ᠪᠠᠨ ᠬᠦᠯᠢᠶᠡᠵᠦ ᠪᠠᠭᠤᠵᠤ ᠥᠭᠪᠡ᠂  ᠾᠦᠩᠨᠦ ᠰᠣᠨᠣᠰᠤᠭᠠᠳ ᠴᠡᠷᠢᠭ ᠳᠠᠶᠢᠴᠢᠯᠠᠨ ᠴᠣᠬᠢᠭᠰᠠᠨ ᠳᠤ ᠯᠧᠦ ᠯᠠᠨ ᠸᠠᠩ ᠠᠷᠭ᠎ᠠ ᠪᠤᠰᠤ ᠨᠢᠭᠡ ᠬᠦᠦ ᠪᠠᠨ  ᠾᠦᠩᠨᠦ ᠳᠤ ᠶᠠᠪᠤᠭᠤᠯᠤᠨ ᠪᠡᠷᠢᠴᠠᠭᠠᠨ ᠤ ᠬᠥᠮᠥᠨ ᠪᠤᠯᠭᠠᠵᠤ᠂ ᠨᠢᠭᠡ ᠬᠦᠦ ᠪᠠᠨ ᠬᠠᠨ ᠤᠯᠤᠰ ᠲᠤ ᠶᠠᠪᠤᠭᠤᠯᠤᠨ  ᠪᠡᠷᠢᠴᠠᠭᠠᠨ ᠤ ᠬᠥᠮᠥᠨ ᠪᠣᠯᠭᠠᠵᠠᠢ᠃ ᠡᠭᠦᠨ ᠠᠴᠠ ᠡᠬᠢᠯᠡᠭᠡᠳ ᠬᠠᠨ ᠤᠯᠤᠰ ᠤᠨ ᠬᠢᠵᠠᠭᠠᠷ ᠤᠨ ᠪᠣᠭᠤᠮᠲᠠ ᠶᠢᠨ  ᠪᠠᠬᠢᠯᠡᠯᠲᠡ ᠢᠦᠢ ᠮᠧᠨ ᠭᠤᠸᠠᠨ ᠪᠣᠭᠤᠮᠲᠠ ᠬᠦᠷᠴᠦ᠂ ᠢᠦᠢ ᠮᠧᠨ ᠭᠤᠸᠠᠨ ᠪᠣᠭᠤᠮᠲᠠ ᠨᠢ ᠪᠠᠷᠠᠭᠤᠨ ᠬᠢᠵᠠᠭᠠᠷ ᠲᠤ  ᠨᠡᠪᠲᠡᠷᠡᠬᠦ ᠡᠮᠦᠨ᠎ᠡ ᠤᠮᠠᠷ᠎ᠠ ᠬᠤᠶᠠᠷ ᠶᠡᠭᠡ ᠵᠠᠮ ᠤᠨ ᠴᠢᠬᠤᠯᠠ ᠪᠠᠯᠭᠠᠰᠤ ᠪᠣᠯᠵᠤ᠂ ᠲᠣᠷᠭᠠᠨ ᠵᠠᠮ ᠤᠨ ᠰᠠᠭᠠᠳ  ᠦᠭᠡᠢ ᠨᠡᠪᠲᠡᠷᠡᠬᠦ ᠶᠢ ᠪᠠᠲᠤᠯᠠᠵᠤ᠂ ᠬᠠᠨ ᠤᠯᠤᠰ ᠤᠨ ᠰᠦᠷ ᠢ ᠮᠠᠨᠳᠤᠭᠤᠯᠵᠤ᠂ ᠪᠠᠷᠠᠭᠤᠨ ᠬᠢᠵᠠᠭᠠᠷ ᠢ  ᠰᠦᠷᠳᠡᠭᠦᠯᠦᠨ ᠡᠵᠡᠮᠳᠡᠭᠰᠡᠨ ᠪᠠᠶᠢᠨ᠎ᠠ᠃ ᠡᠶᠢᠨ ᠬᠦ ᠲᠠᠯ᠎ᠠ ᠨᠤᠲᠤᠭ ᠤᠨ ᠲᠣᠷᠭᠠᠨ ᠵᠠᠮ ᠵᠢᠦᠢ ᠶᠠᠨ ᠠᠴᠠ ᠯᠦᠩ  ᠴᠧᠩ ᠬᠤᠲᠠ ︵ᠮᠣᠩᠭᠤᠯ ᠤᠨ ᠬᠠᠷᠠᠬᠤᠷᠢᠨ︶ ᠳᠤ ᠬᠦᠷᠲᠡᠯ᠎ᠡ ᠵᠤᠤ ᠫᠥᠸᠧ ᠨᠦ ᠶᠢᠨ ᠬᠠᠭᠤᠴᠢᠨ ᠵᠠᠮ ᠬᠡᠮᠡᠨ  ᠨᠡᠷᠡᠶᠢᠳᠦᠭᠳᠡᠵᠦ᠂ ︽ᠵᠦᠸᠧ ᠶᠧ ᠾᠧᠦ ᠵᠤᠤ ᠫᠥᠸᠧ ᠨᠦ ᠶᠢᠨ ᠬᠠᠭᠤᠴᠢᠨ ᠵᠠᠮ ᠠᠴᠠ ᠱᠧᠦ ᠰᠢᠶᠠᠩ ᠴᠧᠩ  ᠬᠤᠳᠠ ︵ᠤᠷᠠᠳ ᠤᠨ ᠲᠤᠮᠳᠠᠳᠤ ᠬᠤᠰᠢᠭᠤ︶ ᠳᠤ ᠬᠦᠷᠴᠦ ᠴᠡᠷᠢᠭ ᠠᠮᠠᠷᠠᠭᠤᠯᠤᠭᠰᠠᠨ ᠪᠠᠶᠢᠨ᠎ᠠ︾ ︵︽ᠬᠠᠨ  ᠤᠯᠤᠰ ᠤᠨ ᠪᠢᠴᠢᠭ · ᠯᠢ ᠭᠤᠸᠠᠩ ᠰᠦ᠋ ᠵᠢᠶᠠᠨ ᠤ ᠨᠠᠮᠲᠠᠷ︾ 54 ᠳ᠋ᠦ᠋ᠭᠡᠷ ᠪᠣᠳᠢ︶ ᠲᠠᠢ ᠴᠤ ᠶᠢᠨ ᠲᠡᠷᠢᠭᠦᠨ ᠣᠨ ︵ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 104 ᠣᠨ︶ ᠳᠤ ᠬᠠᠨ  ᠤᠯᠤᠰ ᠭᠦᠩ ᠰᠦᠨ ᠤᠣ ᠶᠢ ᠲᠣᠮᠢᠯᠠᠵᠤ ᠱᠧᠦ ᠰᠢᠶᠠᠩ ᠴᠧᠩ ᠬᠤᠲᠠ ︵ᠤᠷᠠᠳ ᠤᠨ ᠲᠤᠮᠳᠠᠳᠤ ᠬᠤᠰᠢᠭᠤ︶ ᠶᠢ  ᠪᠠᠶᠢᠭᠤᠯᠪᠠ᠃ ᠲᠠᠷᠠᠭ᠎ᠠ ᠵᠢᠯ ᠨᠢ᠂ ᠵᠤᠤ ᠫᠥᠸᠧ ᠨᠦ 2 ᠲᠦᠮᠡᠨ ᠴᠡᠷᠢᠭ ᠳᠠᠶᠢᠴᠢᠯᠠᠨ ᠱᠥᠸᠧ ᠹᠠᠩ ᠠᠴᠠ ᠪᠠᠷᠠᠭᠤᠨ  ᠬᠤᠶᠢᠰᠢ ᠪᠠᠨ 2000 ᠭᠠᠷᠤᠢ ᠭᠠᠵᠠᠷ ᠲᠤ ᠾᠦᠩᠨᠦ ᠶᠢ ᠴᠣᠬᠢᠵᠤ᠂ ᠵᠤᠤ ᠫᠥᠸᠧ ᠨᠦ ᠪᠤᠭᠤᠲᠤ ᠶᠢᠨ ᠬᠠᠭᠤᠴᠢᠨ   ᠭᠠᠵᠠᠷ ᠠᠴᠠ ᠱᠧᠦ ᠰᠢᠶᠠᠩ ᠴᠧᠩ ᠬᠤᠲᠠ ᠠᠴᠠ ᠬᠤᠶᠢᠰᠢ ᠪᠠᠨ 400 ᠭᠠᠷᠤᠢ ᠭᠠᠵᠠᠷ ᠵᠠᠶᠢᠲᠠᠢ ᠭᠠᠵᠠᠷ ᠲᠤ  ᠾᠦᠩᠨᠦ ᠳᠤ ᠪᠦᠰᠡᠯᠡᠭᠳᠡᠪᠡ᠂ ᠴᠡᠷᠢᠭ ᠪᠠᠭᠤᠭᠰᠠᠨ ᠲᠤᠰᠬᠤᠨ ᠳᠤᠨᠢ ᠤᠰᠤ ᠦᠭᠡᠢ ᠠᠴᠠ ᠪᠣᠯᠵᠤ᠂ ᠵᠤᠤ ᠫᠥᠸᠧ  ᠨᠦ ᠰᠥᠨᠢ ᠪᠠᠷ ᠲᠣᠰᠬᠤᠨ ᠠᠴᠠ ᠭᠠᠷᠴᠤ ᠤᠰᠤ ᠡᠷᠢᠬᠦ ᠪᠠᠷ ᠶᠠᠪᠤᠭᠠᠳ ᠳᠠᠶᠢᠰᠤᠨ ᠳᠤ ᠣᠯᠵᠠᠯᠠᠭᠳᠠᠪᠠ᠃ ᠲᠢᠶᠠᠨ  ᠬᠠᠨ ᠤ ᠲᠡᠷᠢᠭᠦᠨ ᠣᠨ ︵ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 100 ᠣᠨ︶ ᠳᠤ᠂ ᠲᠡᠭᠦᠨ ᠤ ᠤᠤᠭᠠᠨ  ᠬᠦᠦ ᠵᠤᠤ ᠭᠦᠸᠧ ᠠᠨ ᠳᠤᠲᠠᠭᠠᠵᠤ ᠭᠠᠷᠴᠤ ᠢᠷᠡᠭᠡᠳ ᠬᠠᠨ ᠤᠯᠤᠰ ᠲᠠᠭᠠᠨ ᠪᠤᠴᠠᠪᠠ᠃ ᠬᠠᠨ ᠦ᠋ ᠳ᠋ᠢ ᠬᠠᠭᠠᠨ  ᠦᠳᠡᠯᠦᠬᠡ ᠨᠠᠰᠤᠨ ᠳᠠᠭᠠᠨ ᠡᠪᠡᠳᠴᠢᠨ ᠡᠮᠭᠡᠭ ᠲᠤ ᠣᠷᠢᠶᠠᠭᠳᠠᠵᠤ᠂ ᠵᠠᠷᠢᠮ ᠬᠥᠮᠥᠨ ᠤᠪᠠᠳᠢᠰ ᠢᠶᠠᠷ ᠬᠠᠷᠢᠶᠠᠨ  ᠵᠦᠬᠡᠵᠦ ᠪᠠᠶᠢᠬᠤ ᠡᠰᠡᠬᠦᠯ᠎ᠡ ᠬᠡᠦᠬᠡᠯᠳᠡᠢ ᠬᠥᠮᠥᠨ ᠢ ᠭᠠᠵᠠᠷ ᠳᠣᠣᠷ᠎ᠠ ᠪᠤᠯᠠᠵᠤ ᠲᠡᠭᠦᠨ ᠢ ᠬᠤᠣᠷᠯᠠᠵᠤ ᠪᠠᠶᠢᠨ᠎ᠠ ᠭᠡᠵᠦ  ᠰᠡᠵᠢᠭᠯᠡᠵᠡᠢ᠃ ᠰᠡᠭᠦᠯᠡᠷ ᠨᠢ ᠵᠤᠤ ᠫᠥᠸᠧ ᠨᠦ ᠤᠪᠠᠳᠢᠰ ᠬᠤᠣᠷᠯᠠᠯ ᠬᠢᠭᠰᠡᠨ ᠶᠠᠯ᠎ᠠ ᠪᠠᠷ ᠠᠯᠠᠭᠳᠠᠪᠠ᠃             ᠵᠤᠤ ᠵᠢᠶᠦ᠋ᠨ ᠬᠢᠵᠠᠭᠠᠷ ᠲᠤᠷ ᠮᠣᠷᠳᠠᠭᠰᠠᠨ ᠵᠠᠮ ᠳᠡᠭᠡᠷ᠎ᠡ ᠮᠢᠩᠭ᠎ᠠ ᠲᠦᠮᠡᠨ ᠪᠦᠬᠦᠯᠢ ᠬᠡᠰᠡᠭ ᠲᠣᠷᠭ᠎ᠠ  ᠳᠤᠷᠳᠤᠩ ᠵᠥᠭᠡᠭᠡᠪᠦᠷᠢᠯᠡᠭᠰᠡᠨ᠋ ᠲᠠᠢ ᠴᠤ ᠶᠢᠨ ᠭᠤᠷᠪᠠᠳᠤᠭᠠᠷ ᠣᠨ ︵ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 102 ᠣᠨ︶ ᠳᠤ᠂ ︽ᠭᠤᠸᠠᠩ ᠯᠦ ᠰᠢᠶᠦ᠋ᠨ ᠰᠢᠦᠢ ᠽᠢ ᠸᠧᠢ ᠶᠢ ᠲᠣᠮᠢᠯᠠᠨ ᠦᠶᠤᠸᠠᠨ ᠤ ᠪᠣᠭᠤᠮᠲᠠ ᠶᠢᠨ ᠭᠠᠳᠠᠨᠠᠬᠢ ᠯᠢᠶᠧᠴᠧᠩ ᠢ  ᠪᠠᠶᠢᠭᠤᠯᠪᠠ︾ ︵︽ᠬᠠᠨ ᠤᠯᠤᠰ ᠤᠨ ᠪᠢᠴᠢᠭ · ᠦ᠋ ᠳ᠋ᠢ ᠶᠢᠨ ᠲᠡᠮᠳᠡᠭᠯᠡᠯ︾ 6 ᠳ᠋ᠤᠭᠠᠷ ᠪᠣᠳᠢ︶᠃ ︽ᠤᠮᠠᠷᠠᠰᠢ ᠪᠠᠨ ᠱᠢ ᠮᠧᠨ ᠬᠠᠯᠬᠠᠪᠴᠢ ᠶᠢ ᠭᠠᠷᠪᠠᠯ ᠳᠠᠷᠤᠢ ᠭᠤᠸᠠᠩ ᠯᠦ ᠴᠧᠩ ᠬᠤᠲᠠ ᠬᠦᠷᠴᠦ᠂ ᠪᠠᠰᠠ ᠪᠠᠷᠠᠭᠤᠨ  ᠬᠤᠶᠢᠰᠢ ᠪᠠᠨ ᠶᠠᠪᠤᠪᠠᠯ ᡁᠢ ᠵᠢᠦ ᠴᠧᠩ ᠬᠤᠲᠠ᠂ ᠪᠠᠰᠠ ᠪᠠᠷᠠᠭᠤᠨ ᠬᠤᠶᠢᠰᠢ ᠪᠠᠨ ᠶᠠᠪᠤᠪᠠᠯ ᠲᠧᠦ ᠮᠠᠨ ᠴᠧᠩ  ᠬᠤᠳᠠ᠂ ᠪᠠᠰᠠ ᠪᠠᠷᠠᠭᠤᠨ ᠬᠤᠶᠢᠰᠢ ᠪᠠᠨ ᠶᠠᠪᠤᠪᠠᠯ ᠬᠤ᠋ ᠾᠧ ᠴᠧᠩ ᠬᠤᠳᠠ᠂ ᠪᠠᠰᠠ ᠪᠠᠷᠠᠭᠤᠨ ᠬᠤᠶᠢᠰᠢ ᠪᠠᠨ  ᠶᠠᠪᠤᠪᠠᠯ ᠰᠦ᠋ ᠯᠦ ᠴᠧᠩ ᠬᠤᠲᠠ ᠬᠦᠷᠦᠨ᠎ᠠ᠂ ᠪᠦᠬᠦᠳᠡ ᠶᠢ ᠶᠡᠷᠦᠩᠬᠡᠶᠢᠯᠡᠭᠡᠳ ᠭᠦᠶᠠᠩ ᠬᠤᠲᠠ ᠭᠡᠳᠡᠭ᠃ ︵︽ᠬᠠᠨ ᠤᠯᠤᠰ ᠤᠨ ᠪᠢᠴᠢᠭ · ᠭᠠᠵᠠᠷ ᠵᠦᠢ ᠶᠢᠨ ᠣᠶᠢᠯᠠᠯᠭ᠎ᠠ︾ ᠶᠢᠨ 28 ᠳ᠋ᠤᠭᠠᠷ ᠪᠣᠳᠢ ᠶᠢᠨ ᠳᠣᠣᠷᠠᠳᠤ︶ ᠯᠢᠨ  ᠭᠠᠨ ᠠᠪᠤᠭᠠᠢ ᠨᠠᠷ ᠳᠡᠭᠡᠷ᠎ᠡ ᠶᠠᠷᠢᠭᠰᠠᠨ ᠬᠤᠲᠠ ᠪᠣᠯ ᠴᠥᠮ ᠣᠳᠣ ᠶᠢᠨ ᠪᠤᠭᠤᠲᠤ ᠶᠢᠨ ᠭᠦᠶᠠᠩ ᠰᠢᠶᠠᠨ ᠤ  ᠬᠢᠯᠢ ᠳᠤ ᠪᠠᠶᠢᠭᠰᠠᠨ ᠬᠡᠳᠡᠭ ᠢ ᠨᠤᠲᠠᠯᠠᠵᠠᠢ᠃             ᠬᠠᠨ ᠵᠤᠤ ᠳ᠋ᠢ ᠬᠠᠭᠠᠨ ᠤ ᠦᠶ᠎ᠡ ᠳᠤ ᠾᠦᠩᠨᠦ ᠳᠤ ︽ᠵᠢᠯ ᠪᠦᠷᠢ ᠠᠷᠢᠬᠢ ᠳᠠᠷᠠᠰᠤ ᠶᠢ ᠲᠦᠮᠡᠨ ᠳ᠋ᠠᠨ᠂  ᠮᠣᠩᠭᠤᠯ ᠠᠮᠤ ᠶᠢ ᠲᠠᠪᠤᠨ ᠮᠢᠩᠭᠠᠨ ᠮᠣᠳᠣᠨ ᠰᠠᠭᠤᠯᠠᠭ᠎ᠠ᠂ ᠡᠯᠳᠡᠪ  ᠬᠡᠮᠡᠷᠯᠢᠭ ᠲᠣᠷᠭ᠎ᠠ ᠲᠤᠷᠳᠤᠩ ᠲᠦᠮᠡᠨ  ᠪᠦᠬᠦᠯᠢ ᠬᠡᠰᠡᠭ ᠬᠦᠷᠭᠡᠨ ᠥᠭᠴᠦ ᠪᠠᠶᠢᠪᠠ᠃ ᠬᠢᠯᠢ ᠬᠢᠵᠠᠭᠠᠷ ᠲᠤ ᠲᠡᠬᠢᠨ ᠬᠤᠯᠠᠭᠠᠶᠢᠯᠠᠨ ᠳᠡᠭᠡᠷᠡᠮᠳᠡᠵᠦ ᠪᠤᠯᠬᠤ  ᠦᠭᠡᠢ ᠭᠡᠵᠦ ᠪᠣᠯᠵᠣᠵᠤ᠂ ᠬᠠᠨ ᠤᠯᠤᠰ ᠡᠯᠴᠢᠨ ᠲᠣᠮᠢᠯᠠᠨ ᠮᠡᠳᠡᠭᠦᠯᠦᠨ ᠬᠦᠷᠭᠡᠪᠡ᠃︾ ︵︽ᠬᠠᠨ ᠤᠯᠤᠰ ᠤᠨ  ᠪᠢᠴᠢᠭ · ᠾᠦᠩᠨᠦ ᠶᠢᠨ ᠨᠠᠮᠲᠠᠷ︾ ᠤᠨ 94 ᠳ᠋ᠦ᠋ᠭᠡᠷ ᠪᠣᠳᠢ ᠶᠢᠨ ᠳᠡᠭᠡᠳᠦ︶ ᠭᠠᠨ ᠯᠦ ᠶᠢᠨ ᠭᠤᠷᠪᠠᠳᠤᠭᠠᠷ ᠣᠨ  ︵ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 51 ᠣᠨ︶ ᠳᠤ ᠾᠦᠩᠨᠦ ᠶᠢᠨ ᠴᠠᠨ ᠢᠦᠢ ᠬᠤ᠋ ᠬᠠᠨ ᠶᠧ  ᠭᠦᠶᠠᠩ ᠳ᠋ᠣᠣ ᠵᠠᠮ ᠳᠠᠭᠠᠤ ᠡᠮᠦᠨᠡᠰᠢ ᠪᠠᠭᠤᠵᠤ ᠱᠢ ᠮᠧᠨ ᠱᠦᠢ ᠺᠧᠦ ᠠᠴᠠ ᠪᠤᠭᠤᠲᠤ ᠶᠢᠨ ᠬᠠᠭᠤᠴᠢᠨ ᠭᠠᠵᠠᠷ  ᠦᠶᠤᠸᠠᠨ ᠳᠤ ᠬᠦᠷᠴᠦ᠂ ᠬᠠᠳᠤᠨ ᠭᠤᠣᠯ ᠢ ᠭᠠᠲᠤᠯᠤᠨ ᠴᠢᠨ ᡁᠢ ᠳ᠋ᠣᠣ ᠠᠴᠠ ᠴᠠᠩ ᠠᠨ ᠳᠤ ᠬᠦᠷᠦᠭᠰᠡᠨ ᠳᠤ᠂  ᠬᠠᠨ ᠤᠯᠤᠰ ᠤᠨ ᠰᠢᠤᠸᠠᠨ ᠳ᠋ᠢ ᠬᠠᠭᠠᠨ ︽ᠲᠠᠮᠠᠭᠠᠲᠤ ᠴᠠᠴᠤᠭ᠂ ᠮᠠᠯᠠᠭᠠᠢ ᠪᠦᠰᠡ᠂ ᠬᠤᠪᠴᠠᠰᠤ ᠲᠠᠪᠠᠯ᠂ ᠲᠡᠷᠭᠡ  ᠬᠥᠰᠬᠡ᠂ ᠠᠭᠲᠠ ᠮᠣᠷᠢ᠂ ᠰᠢᠵᠢᠷ ᠠᠯᠳᠠ᠂ ᠬᠡᠮᠡᠷᠯᠢᠭ ᠬᠠᠳᠬᠤᠮᠠᠯ ᠲᠣᠷᠭ᠎ᠠ ᠲᠤᠷᠳᠤᠩ ᠢ ᠬᠦᠷᠭᠡᠪᠡ᠃︾ ︵︽ᠬᠠᠨ ᠤᠯᠤᠰ ᠤᠨ ᠪᠢᠴᠢᠭ · ᠬᠠᠨ ᠰᠢᠤᠸᠠᠨ ᠤ ᠲᠡᠮᠳᠡᠭᠯᠡᠯ︾ 8 ᠳ᠋ᠤᠭᠠᠷ ᠪᠣᠳᠢ︶ ︽ᠬᠡᠮᠡᠷᠯᠢᠭ ᠬᠠᠳᠬᠤᠮᠠᠯ  ᠡᠯᠳᠡᠪ ᠵᠦᠢᠯ ᠤᠨ ᠲᠣᠷᠭ᠎ᠠ ᠲᠤᠷᠳᠤᠩ ᠨᠠᠢᠮᠠᠨ ᠮᠢᠩᠭᠠᠨ ᠪᠦᠬᠦᠯᠢ ᠬᠡᠰᠡᠭ᠂ ᠵᠢᠷᠭᠤᠭᠠᠨ ᠮᠢᠩᠭᠠᠨ ᠵᠢᠩ ᠬᠥᠪᠥᠩ  ᠬᠦᠷᠭᠡᠵᠦ᠂ ᠡᠯᠴᠢ ᠶᠢᠨ ᠶᠣᠰᠣ ᠶᠢ ᠭᠦᠢᠴᠡᠳᠬᠡᠵᠦ ᠡᠯᠴᠢᠨ ᠬᠡᠯᠡᠭᠰᠡᠨ ᠨᠢ᠂ ᠴᠠᠨ ᠢᠦᠢ ᠤᠷᠢᠳᠠᠪᠠᠷ ᠶᠠᠪᠤᠵᠤ ᠴᠠᠩ  ᠫᠢᠩ ︵ᠱᠠᠨ ᠰᠢ ᠶᠢᠨ ᠭᠤᠤ ᠫᠢᠩ ᠤᠨ ᠪᠠᠷᠠᠭᠤᠨ ᠬᠤᠶᠢᠨ᠎ᠠ︶ ᠳᠤ ᠬᠤᠨᠣᠭᠯᠠᠪᠠ ᠁ ᠁ ᠢᠷᠡᠬᠦ ᠵᠢᠯ ᠨᠢ  ᠬᠤ᠋ ᠬᠠᠨ ᠶᠧ ᠴᠠᠨ ᠢᠦᠢ ᠳᠠᠬᠢᠨᠲᠠ ᠬᠠᠭᠠᠨ ᠳᠤ ᠪᠠᠷᠠᠳᠠᠭᠰᠠᠨ ᠳᠤ᠂ ᠣᠯᠣᠭᠰᠠᠨ ᠬᠡᠰᠢᠭ ᠪᠤᠶᠠᠨ  ᠤᠤᠯ ᠤᠨ ᠬᠢ ᠲᠠᠢ ᠠᠳᠠᠯᠢ ᠪᠠᠶᠢᠭᠰᠠᠨ ᠪᠥᠭᠡᠳ ᠪᠠᠰᠠ ᠵᠠᠭᠤ ᠠᠷᠪᠠᠨ ᠨᠢᠭᠡᠨ ᠥᠪᠴᠢ ᠬᠤᠪᠴᠠᠰᠤ ᠬᠤᠨᠠᠷ᠂  ᠬᠡᠮᠡᠷᠯᠢᠭ ᠲᠣᠷᠭ᠎ᠠ ᠶᠢᠰᠦᠨ ᠮᠢᠩᠭᠠᠨ ᠪᠦᠬᠦᠯᠢ ᠬᠡᠰᠡᠭ᠂ ᠬᠥᠪᠥᠩ  ᠨᠠᠢᠮᠠᠨ ᠮᠢᠩᠭᠠᠨ ᠵᠢᠩ ᠢ ᠨᠡᠮᠡᠵᠦ ᠥᠭᠴᠡᠢ᠃︾  ︵︽ᠬᠠᠨ ᠤᠯᠤᠰ ᠤᠨ ᠪᠢᠴᠢᠭ · ᠾᠦᠩᠨᠦ ᠶᠢᠨ ᠨᠠᠮᠲᠠᠷ︾ 94 ᠳ᠋ᠦᠭᠡᠷ ᠪᠣᠳᠢ ᠶᠢᠨ ᠳᠣᠣᠷᠠᠳᠤ︶ ᠵᠢᠩ  ᠶᠤᠸᠠᠨ ᠤ ᠲᠡᠷᠢᠭᠦᠨ ᠣᠨ ︵ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 33 ᠣᠨ︶ ᠳᠤ ᠾᠦᠩᠨᠦ ᠬᠤ᠋ ᠬᠠᠨ  ᠶᠧ ᠴᠠᠨ ᠢᠦᠢ ᠪᠤᠭᠤᠲᠤ ᠶᠢᠨ ᠬᠠᠭᠤᠴᠢᠨ  ᠭᠠᠵᠠᠷ ᠢᠶᠠᠷ ᠳᠠᠮᠵᠢᠨ ᠢᠷᠡᠵᠤ ᠬᠠᠭᠠᠨ ᠳᠤ ᠪᠠᠷᠠᠳᠠᠨ ᠬᠠᠨ  ᠤᠯᠤᠰ ᠯᠤᠭ᠎ᠠ ᠬᠤᠯᠪᠤᠭ᠎ᠠ ᠣᠷᠤᠭ ᠪᠠᠷᠢᠯᠳᠤᠵᠤ᠂  ᠡᠶᠢᠨ ᠬᠦ ᠸᠠᠩ ᠵᠤᠤ ᠵᠢᠶᠦ᠋ᠨ ︽ᠬᠢᠵᠠᠭᠠᠷ ᠲᠤ ᠣᠴᠢᠬᠤ  ᠵᠠᠷᠯᠢᠭ ᠪᠠᠭᠤᠬᠤ ᠶᠢ ᠭᠤᠶᠤᠴᠢᠯᠠᠭᠰᠠᠨ ᠪᠠᠶᠢᠨ᠎ᠠ︾᠃ ︵︽ᠬᠤᠶᠢᠲᠤ ᠬᠠᠨ ᠤᠯᠤᠰ ᠤᠨ ᠪᠢᠴᠢᠭ · ᠡᠮᠦᠨᠡᠲᠦ  ᠾᠦᠩᠨᠦ ᠶᠢᠨ ᠨᠠᠮᠲᠠᠷ︾ 119 ᠳ᠋ᠦ᠋ᠭᠡᠷ ᠪᠣᠳᠢ︶ ᠸᠠᠩ ᠵᠤᠤ ᠵᠢᠶᠦ᠋ᠨ ᠤ ᠬᠢᠵᠠᠭᠠᠷ ᠲᠤᠷ ᠮᠣᠷᠳᠠᠭᠰᠠᠨ ᠵᠠᠮ ᠪᠣᠯ  ᠳᠠᠷᠤᠢ ᠴᠢᠨ ᡁᠢ ᠳ᠋ᠣᠣ ᠵᠠᠮ ᠢᠶᠠᠷ ᠶᠠᠪᠤᠵᠤ᠂ ᠬᠠᠳᠤᠨ ᠭᠤᠣᠯ ᠢ ᠭᠡᠲᠦᠯᠦᠨ᠂ ᠭᠦᠶᠠᠩ ᠳ᠋ᠣᠣ ᠶᠢᠨ ᠱᠢ ᠮᠧᠨ  ᠬᠠᠯᠬᠠᠪᠴᠢ ᠬᠤᠳᠠ ︵ᠮᠧᠶ ᠯᠢᠩ ᠱᠠᠨ ᠤ  ᠡᠷᠲᠡᠨ ᠤ ᠬᠤᠲᠠ︶᠂ ᠭᠤᠸᠠᠩ ᠯᠦ ᠴᠧᠩ ᠬᠤᠳᠠ ︵ᠰᠢᠶᠣᠣ ᠵᠤᠤ  ᠮᠧᠨ ᠤ ᠡᠷᠲᠡᠨ ᠤ ᠬᠤᠲᠠ︶ ᠳᠠᠭᠠᠤ ᠲᠧᠦ ᠮᠠᠨ ᠴᠧᠩ ︵ᠪᠤᠭᠤᠲᠤ ᠶᠢᠨ ᠭᠦᠶᠠᠩ ᠤᠨ ᠬᠢᠯᠢ ᠳᠣᠲᠣᠷ᠎ᠠ︶   ᠬᠦᠷᠴᠦ᠂ ᠲᠠᠷᠠᠭ᠎ᠠ ᠨᠢ ᠲᠠᠯ᠎ᠠ ᠨᠤᠲᠤᠭ ᠤᠨ ᠲᠣᠷᠭᠠᠨ ᠵᠠᠮ ᠯᠤᠭ᠎ᠠ ᠵᠠᠯᠭᠠᠯᠳᠤᠳᠠᠭ᠃              ᠸᠠᠩ ᠵᠤᠤ ᠵᠢᠶᠦ᠋ᠨ ᠤ ᠬᠢᠵᠠᠭᠠᠷ ᠲᠤᠷ ᠮᠣᠷᠳᠠᠭᠰᠠᠨ ᠵᠠᠮ ᠪᠣᠯ ᠲᠣᠷᠭ᠎ᠠ ᠳᠤᠷᠳᠤᠩ ᠢ ᠾᠦᠩᠨᠦ ᠤᠷᠤᠭᠤ  ᠵᠥᠭᠡᠭᠡᠪᠦᠷᠢᠯᠡᠬᠦ ᠵᠠᠮ ᠪᠣᠯᠣᠭᠰᠠᠭᠠᠷ ᠪᠠᠶᠢᠪᠠ᠃ ᠾᠧ ᠫᠢᠩ ᠤᠨ ᠳᠥᠷᠪᠡᠳᠦᠭᠡᠷ ᠣᠨ ︵ᠨᠡᠶᠢᠲᠡ ᠶᠢᠨ ᠣᠨ  ᠲᠣᠭᠠᠯᠠᠯ ᠠᠴᠠ ᠡᠮᠦᠨ᠎ᠡ 25 ᠣᠨ︶ ᠳᠤ ᠾᠦᠩᠨᠦ ︽ᠴᠠᠭᠠᠨ ᠰᠠᠷ᠎ᠠ ᠳᠤ ᠬᠠᠭᠠᠨ ᠲᠦᠷᠦ ᠳᠤ  ᠪᠠᠷᠠᠳᠠᠵᠤ᠂  ᠬᠤᠶᠠᠷ ᠲᠦᠮᠡᠨ ᠪᠦᠬᠦᠯᠢ ᠬᠡᠰᠡᠭ ᠬᠡᠮᠡᠷᠯᠢᠭ ᠲᠣᠷᠭ᠎ᠠ ᠳᠤᠷᠳᠤᠩ᠂ ᠬᠤᠶᠠᠷ ᠲᠦᠮᠡᠨ ᠵᠢᠩ ᠬᠥᠪᠥᠩ ᠣᠯᠵᠠᠢ᠂  ᠡᠨᠡ ᠨᠢ ᠵᠢᠩ ᠨᠢᠩ ᠤᠨ ᠦᠶ᠎ᠡ ᠶᠢᠨ ᠬᠢ ᠲᠠᠢ ᠠᠳᠠᠯᠢ᠃︾ ︵︽ᠬᠠᠨ ᠤᠯᠤᠰ ᠤᠨ ᠪᠢᠴᠢᠭ · ᠾᠦᠩᠨᠦ ᠶᠢᠨ  ᠨᠠᠮᠲᠠᠷ︾ 94 ᠪᠣᠳᠢ ᠶᠢᠨ ᠳᠣᠣᠷᠠᠳᠤ︶ ᠶᠤᠸᠠᠨ ᠱᠧᠦ ᠶᠢᠨ ᠬᠤᠶᠠᠳᠤᠭᠠᠷ ᠣᠨ ︵ᠨᠡᠶᠢᠲᠡ ᠶᠢᠨ ᠣᠨ  ᠲᠣᠭᠠᠯᠠᠯ ᠠᠴᠠ ᠡᠮᠦᠨ᠎ᠡ 1 ᠣᠨ︶ ᠳᠤ᠂ ︽ᠴᠠᠨ ᠢᠦᠢ ᠢᠷᠠᠵᠤ ᠬᠠᠭᠠᠨ ᠲᠦᠷᠦ ᠳᠤ ᠪᠠᠷᠠᠳᠠᠵᠤ ᠁ ᠁  ᠪᠠᠰᠠ ᠭᠤᠷᠪᠠᠨ ᠵᠠᠭᠤ ᠳᠠᠯᠠᠨ ᠥᠪᠴᠢ ᠬᠤᠪᠴᠠᠰᠤ ᠬᠤᠨᠠᠷ᠂ ᠬᠡᠮᠡᠷᠯᠢᠭ ᠲᠣᠷᠭ᠎ᠠ ᠳᠤᠷᠳᠤᠩ ᠭᠤᠷᠪᠠᠨ ᠲᠦᠮᠡᠨ  ᠪᠦᠬᠦᠯᠢ ᠬᠡᠰᠡᠭ᠂ ᠬᠥᠪᠥᠩ ᠭᠤᠷᠪᠠᠨ ᠲᠦᠮᠡᠨ ᠵᠢᠩ ᠢ ᠨᠡᠮᠡᠵᠦ ᠥᠭᠴᠡᠢ᠂ ᠲᠡᠷᠡ ᠨᠢ ᠾᠧ ᠫᠢᠩ ᠤᠨ  ᠦᠶ᠎ᠡ ᠶᠢᠨ ᠬᠢ ᠲᠠᠢ ᠠᠳᠠᠯᠢ᠃︾ ︵︽ᠬᠠᠨ ᠤᠯᠤᠰ ᠤᠨ ᠪᠢᠴᠢᠭ · ᠾᠦᠩᠨᠦ ᠶᠢᠨ ᠨᠠᠮᠲᠠᠷ︾ 94 ᠪᠣᠳᠢ ᠶᠢᠨ  ᠳᠣᠣᠷᠠᠳᠤ︶ ᠤᠯᠠᠭᠠᠨᠪᠠᠭᠠᠲᠤᠷ ᠤᠨ ᠨᠣᠶᠠᠨ ᠠᠭᠤᠯᠠ ᠶᠢᠨ ᠾᠦᠩᠨᠦ ᠶᠢᠨ ᠣᠩᠭᠤᠨ ᠠᠴᠠ ᠣᠯᠳᠠᠭᠰᠠᠨ ᠶᠡᠭᠡ  ᠬᠡᠮᠵᠢᠶᠡᠨ ᠤ ᠬᠠᠨ ᠤᠯᠤᠰ ᠤᠨ ᠦᠶ᠎ᠡ ᠶᠢᠨ ᠬᠡᠮᠡᠷᠯᠢᠭ ᠲᠣᠷᠭ᠎ᠠ ᠨᠡᠬᠡᠮᠡᠯ ᠤᠨ ᠵᠦᠢᠯ ᠪᠣᠯ ᠳᠠᠷᠤᠢ ᠪᠣᠳᠠᠲᠤ ᠭᠡᠷᠡᠴᠢᠯᠡᠯ  ᠪᠣᠯᠬᠤ ᠶᠤᠮ᠃ ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 102 ᠣᠨ ᠳᠤ᠂ ᠬᠠᠨ ᠤᠯᠤᠰ ᠠᠴᠠ ᠴᠢᠨ  ᠤᠯᠤᠰ ᠤᠨ ᠦᠶ᠎ᠡ ᠶᠢᠨ ᠪᠠᠶᠢᠭᠤᠯᠤᠭᠰᠠᠨ ᠤᠷᠳᠤ ᠴᠠᠭᠠᠨ ᠬᠡᠷᠡᠮ ᠤᠨ ᠤᠮᠠᠷᠠᠲᠤ ᠬᠡᠰᠡᠭ ᠢ ᠵᠠᠯᠭᠠᠵᠤ ᠬᠠᠨ  ᠤᠯᠤᠰ ᠤᠨ ᠤᠷᠳᠤ ᠴᠠᠭᠠᠨ ᠬᠡᠷᠡᠮ ᠢ ᠪᠠᠶᠢᠭᠤᠯᠵᠤ᠂ ᠬᠠᠨ ᠤᠯᠤᠰ ᠤᠨ ᠤᠷᠳᠤ ᠴᠠᠭᠠᠨ ᠬᠡᠷᠡᠮ ᠨᠢ ᠪᠤᠭᠤᠲᠤ ᠶᠢᠨ  ᠬᠠᠭᠤᠴᠢᠨ ᠭᠠᠵᠠᠷ ᠲᠤ ᠵᠡᠭᠦᠨᠰᠢ ᠪᠠᠷᠠᠭᠤᠨᠰᠢ ᠴᠢᠭᠯᠡᠯ ᠢᠶᠠᠷ ᠬᠥᠨᠳᠡᠯᠢᠰᠴᠦ᠂ ᠭᠦᠶᠠᠩ ᠳ᠋ᠣᠣ ᠯᠤᠭ᠎ᠠ ︽丁︾  ᠦᠰᠦᠭ ᠢ ᠪᠦᠲᠦᠭᠡᠭᠰᠡᠨ ᠪᠠᠶᠢᠨ᠎ᠠ᠃ ᠬᠠᠨ ᠤᠯᠤᠰ ᠤᠨ ᠤᠷᠳᠤ ᠴᠠᠭᠠᠨ ᠬᠡᠷᠡᠮ ᠨᠢ ᠳᠣᠷᠣᠨᠠᠳᠠᠬᠢᠨ ᠪᠣᠯᠣᠨ  ᠡᠸᠦ᠋ᠷᠦᠫᠡ ᠠᠽᠢᠶ᠎ᠠ ᠯᠤᠭ᠎ᠠ ᠶᠢᠨ ᠶᠠᠪᠤᠯᠴᠠᠭᠠᠨ ᠤ ᠲᠠᠯ᠎ᠠ ᠨᠤᠲᠤᠭ ᠤᠨ ᠲᠣᠷᠭᠠᠨ ᠵᠠᠮ ᠤᠨ ︽ᠲᠠᠶᠢᠯᠦ︾ ᠪᠣᠯᠵᠤ᠂  ᠪᠤᠭᠤᠲᠤ ᠶᠢᠨ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠰᠢ ᠾᠧ ᠶᠢᠩ ᠼᠦᠨ ᠲᠣᠰᠬᠤᠨ ᠤ ᠬᠠᠨ  ᠤᠯᠤᠰ ᠤᠨ ᠤᠷᠳᠤ ᠴᠠᠭᠠᠨ ᠬᠡᠷᠡᠮ ᠢ ᠬᠥᠮᠥᠰ ᠪᠠᠰᠠ ︽ᠲᠠᠶᠢᠯᠦ︾ ᠭᠡᠳᠡᠭ᠃             ᠤᠮᠠᠷᠠᠲᠤ ᠸᠧᠢ ᠤᠯᠤᠰ ᠤᠨ ᠳᠤᠮᠳᠠ ᠵᠠᠮ ᠢᠶᠠᠷ ᠲᠠᠯ᠎ᠠ ᠨᠤᠲᠤᠭ ᠤᠨ ᠲᠣᠷᠭᠠᠨ ᠵᠠᠮ ᠲᠠᠢ ᠵᠠᠯᠭᠠᠯᠳᠤᠪᠠ             ᠶᠠᠨ ᠾᠧ ᠶᠢᠨ ᠬᠤᠶᠠᠳᠤᠭᠠᠷ ᠣᠨ ︵ᠨᠡᠶᠢᠳᠡ ᠶᠢᠨ  ᠣᠨ ᠲᠣᠭᠠᠯᠠᠯ ᠤᠨ 433 ᠣᠨ︶ ᠳᠤ᠂ ᠤᠮᠠᠷᠠᠲᠤ  ᠸᠧᠢ ᠤᠯᠤᠰ ᠵᠢᠷᠭᠤᠭᠠᠨ ᠪᠠᠯᠭᠠᠰᠤ ᠶᠢ ᠪᠠᠶᠢᠭᠤᠯᠵᠤ᠂ ᠵᠢᠷᠭᠤᠭᠠᠨ ᠪᠠᠯᠭᠠᠰᠤᠨ ᠤ ᠲᠦᠷᠦᠬᠦᠦ ᠨᠢ ᠪᠣᠯ ᠬᠤᠸᠠᠢ  ᠱᠥᠸᠧ ᠪᠠᠯᠭᠠᠰᠤ ︵ᠪᠤᠭᠤᠲᠤ ᠬᠤᠲᠠ ᠶᠢᠨ ᠬᠦᠷᠢᠶ᠎ᠡ ᠡᠷᠲᠡᠨ ᠤ ᠬᠤᠲᠠ︶ ᠪᠣᠯᠣᠨ᠎ᠠ᠃ ᠤᠮᠠᠷᠠᠲᠤ ᠸᠧᠢ  ᠤᠯᠤᠰ ᠠᠴᠠ ᠭᠤᠪᠢ ᠶᠢᠨ ᠠᠷᠤ ᠶᠢᠨ ᠲᠠᠯ᠎ᠠ ᠨᠤᠲᠤᠭ ᠤᠨ ᠲᠣᠷᠭᠠᠨ ᠵᠠᠮ ᠬᠦᠷᠬᠦ ᠳᠤ ᠭᠤᠷᠪᠠᠨ ᠵᠠᠮ ᠪᠤᠢ᠂  ᠪᠤᠭᠤᠲᠤ ᠶᠢᠨ ᠡᠷᠲᠡᠨ ᠤ ᠭᠦᠶᠠᠩ ᠳ᠋ᠣᠣ ᠵᠠᠮ ᠢᠶᠠᠷ ᠶᠠᠪᠤᠵᠤ ᠬᠤᠸᠠᠢ ᠱᠥᠸᠧ ᠪᠠᠯᠭᠠᠰᠤ ᠪᠠᠷ ᠳᠠᠮᠵᠢᠬᠤ ᠶᠢ ᠳᠤᠮᠳᠠ  ᠵᠠᠮ ᠭᠡᠵᠦ᠂ ᠬᠤᠸᠠᠢ ᠱᠥᠸᠧ ᠪᠠᠯᠭᠠᠰᠤ ᠨᠢ ᠳᠤᠮᠳᠠ ᠵᠠᠮ ᠤᠨ ᠬᠤᠭᠤᠯᠠᠢ ᠪᠠᠭᠠᠯᠵᠤᠤᠷ ᠪᠣᠯᠵᠤ ᠪᠠᠶᠢᠵᠠᠢ᠃  ᠤᠮᠠᠷᠠᠲᠤ ᠸᠧᠢ ᠤᠯᠤᠰ ᠤᠨ ᠪᠠᠷᠠᠭᠤᠨ ᠵᠠᠬ᠎ᠠ ᠶᠢᠨ ᠳ᠋ᠠ ᠶᠤᠸᠠᠢ ᠱᠢ ᠵᠡᠷᠭᠡ ᠤᠯᠤᠰ ᠤᠨ ᠬᠤᠳᠠᠯᠳᠤᠭ᠎ᠠ ᠠᠷᠠᠯᠵᠢᠶ᠎ᠠ  ᠴᠡᠴᠡᠭᠯᠡᠨ ᠬᠥᠭᠵᠢᠵᠦ᠂ ︽ᠼᠦᠩ ᠯᠢᠩ ᠳᠠᠪᠠᠭᠠᠨ ᠠᠴᠠ ᠪᠠᠷᠠᠭᠤᠨᠰᠢ᠂ ᠳ᠋ᠠᠴᠢᠨ ᠬᠦᠷᠳᠡᠯ᠎ᠡ᠂ ᠵᠠᠭᠤᠨ ᠤᠯᠤᠰ  ᠮᠢᠩᠭᠠᠨ ᠬᠤᠲᠠ᠂ ᠪᠠᠶᠠᠷᠯᠠᠨ ᠳᠠᠭᠠᠬᠤ ᠦᠭᠡᠢ ᠬᠥᠮᠥᠨ ᠪᠠᠶᠢᠬᠤ ᠦᠭᠡᠢ᠂ ᠡᠯ᠎ᠡ ᠵᠠᠮ ᠤᠨ ᠠᠷᠠᠯᠵᠢᠶᠠᠴᠢᠨ  ᠬᠤᠳᠠᠯᠳᠤᠭᠠᠴᠢᠨ ᠪᠠ ᠭᠠᠳᠠᠨ᠎ᠠ ᠭᠠᠵᠠᠷ ᠤᠨ ᠠᠷᠠᠯᠵᠢᠶᠠᠴᠢᠨ ᠬᠤᠳᠠᠯᠳᠤᠭᠠᠴᠢᠨ ᠶᠠᠪᠤᠬᠤ ᠲᠤᠳᠤᠮ ᠯᠦᠧᠧᠶᠠᠩ  ᠬᠤᠲᠠᠨ ᠳᠤᠷ ᠴᠤᠭᠯᠠᠷᠠᠵᠤ᠂ ᠲᠡᠭᠷᠢ ᠭᠠᠵᠠᠷ ᠢ ᠪᠦᠷᠬᠦᠭᠰᠡᠨ ᠭᠠᠵᠠᠷ ᠣᠷᠣᠨ ᠪᠣᠯᠪᠠᠢ᠃︾ ︵︽ᠯᠦᠧᠧᠶᠠᠩ ᠤᠨ  ᠰᠦᠮ᠎ᠡ ᠬᠡᠶᠢᠳ ᠤᠨ ᠲᠡᠮᠳᠡᠭᠯᠡᠯ︾ 3 ᠳ᠋ᠤᠭᠠᠷ ᠪᠣᠳᠢ︶ ᠤᠮᠠᠷᠠᠲᠤ ᠸᠧᠢ ᠤᠯᠤᠰ ᠤᠨ ᠮᠢᠩ ᠶᠤᠸᠠᠨ ᠳ᠋ᠢ ᠬᠠᠭᠠᠨ  ᠲᠦᠸᠧ ᠪᠠ ᠰᠧ ᠶᠢᠨ ᠦᠶ᠎ᠡ ᠳᠤ ᠣᠯᠠᠨ ᠤᠳᠠᠭ᠎ᠠ ᠣᠯᠠᠨ ᠨᠣᠶᠠᠳ ᠲᠦᠰᠢᠮᠡᠳ ᠲᠤ ᠬᠡᠮᠡᠷᠯᠢᠭ ᠲᠣᠷᠭ᠎ᠠ ᠳᠤᠷᠳᠤᠩ  ᠬᠠᠶᠢᠷᠠᠯᠠᠵᠤ᠂ ᠲᠠᠢ ᠦ᠋ ᠳ᠋ᠢ ᠬᠠᠭᠠᠨ ᠲᠦᠸᠧ ᠪᠠ ᠲᠤᠤ ᠲᠣᠷᠭᠠᠨ ᠨᠡᠬᠡᠮᠡᠯ ᠤᠨ ᠡᠳ᠋ ᠬᠠᠳᠠᠭᠠᠯᠠᠵᠤ ᠪᠠᠶᠢᠭᠰᠠᠨ  ᠬᠥᠮᠥᠷᠭᠡ ᠲᠠᠢ ᠪᠠᠶᠢᠵᠤ᠂ ᠨᠢᠭᠡ ᠤᠳᠠᠭ᠎ᠠ ᠳᠤ ᠣᠯᠠᠨ ᠨᠣᠶᠠᠳ ᠲᠦᠰᠢᠮᠡᠳ ᠲᠡᠭᠡᠨ ᠱᠠᠩᠨᠠᠭᠰᠠᠨ ᠱᠣ ᠲᠣᠷᠭ᠎ᠠ  ᠬᠤᠷᠢᠨ ᠲᠦᠮᠡᠨ ᠪᠦᠬᠦᠯᠢ ᠬᠡᠰᠡᠭ ᠲᠤ ᠬᠦᠷᠴᠡᠢ᠃ ᠪᠠᠷᠠᠭᠤᠨ ᠬᠢᠵᠠᠭᠠᠷ ᠤᠨ ᠣᠯᠠᠨ ᠤᠯᠤᠰ ᠪᠣᠯᠣᠷ ᠴᠣᠮᠣ᠂ ᠰᠢᠯ  ᠠᠶᠠᠭ᠎ᠠ᠂ ᠮᠠᠨᠤ ᠴᠣᠮᠣ ᠵᠡᠷᠭᠡ ᠪᠠᠷ ᠤᠮᠠᠷᠠᠲᠤ ᠸᠧᠢ ᠤᠯᠤᠰ ᠯᠤᠭ᠎ᠠ ᠲᠣᠷᠭ᠎ᠠ ᠳᠤᠷᠳᠤᠩ ᠤᠨ ᠠᠷᠠᠯᠵᠢᠶ᠎ᠠ ᠬᠢᠵᠦ  ᠪᠠᠶᠢᠵᠠᠢ᠃             ᠲᠠᠯ᠎ᠠ ᠨᠤᠲᠤᠭ ᠤᠨ ᠲᠣᠷᠭᠠᠨ ᠵᠠᠮ ᠨᠢ ᠪᠠᠰᠠ ᠡᠯ᠎ᠡ ᠤᠯᠤᠰ ᠤᠨ ᠠᠯᠪᠠ ᠪᠠᠷᠢᠬᠤ ᠵᠠᠮ ᠪᠣᠯᠵᠤ ᠪᠠᠶᠢᠵᠠᠢ᠂  ᠲᠢᠶᠠᠨ ᠰᠢᠩ ᠤᠨ ᠲᠡᠷᠢᠭᠦᠨ ᠣᠨ ︵ᠨᠠᠶᠢᠳᠠ ᠶᠢᠨ ᠣᠨ ᠲᠣᠭᠠᠯᠠᠯ ᠤᠨ 398 ᠣᠨ︶ ᠳᠤ ᠤᠮᠠᠷᠠᠲᠤ ᠸᠧᠢ ᠤᠯᠤᠰ  ᠱᠧᠩ ᠯᠧ ︵ᠬᠤᠷᠢᠨᠭᠡᠷ︶ ᠠᠴᠠ ᠨᠡᠶᠢᠰᠯᠡᠯ ᠢᠶᠠᠨ ᠰᠢᠯᠵᠢᠭᠦᠯᠵᠦ ᠫᠢᠡᠭᠴᠸᠡᠭ ︵ᠱᠠᠨ ᠰᠢ ᠶᠢᠨ ᠳ᠋ᠠᠲ᠋ᠦ᠋ᠩ︶ ᠳᠤ  ᠨᠡᠭᠦᠵᠦ ᠢᠷᠠᠵᠠᠢ᠂ ᠪᠠᠷᠠᠭᠤᠨ ᠣᠷᠣᠨ ᠠᠴᠠ ᠤᠮᠠᠷᠠᠲᠤ ᠸᠧᠢ ᠤᠯᠤᠰ ᠤᠨ ᠨᠡᠶᠢᠰᠯᠡᠯ ᠬᠤᠲᠠ ᠬᠦᠷᠬᠦ ᠳᠤ ᠵᠠᠪᠠᠯ  ᠪᠤᠭᠤᠲᠤ ᠶᠢᠨ ᠬᠠᠭᠤᠴᠢᠨ  ᠭᠠᠵᠠᠷ ᠢᠶᠠᠷ ᠥᠩᠭᠡᠷᠡᠬᠦ ᠬᠡᠷᠡᠭᠲᠡᠢ ᠪᠣᠯᠵᠠᠢ᠃ ᠲᠢᠶᠠᠨ ᠰᠢᠩ ᠤᠨ ᠲᠠᠪᠤᠳᠤᠭᠠᠷ ᠣᠨ ︵ᠨᠠᠶᠢᠳᠠ ᠶᠢᠨ ᠣᠨ ᠲᠣᠭᠠᠯᠠᠯ ᠤᠨ 402 ᠣᠨ︶ ᠳᠤ᠂ ᠱᠧ ᠯᠦᠨ ᠭᠤᠪᠢ ᠶᠢᠨ ᠠᠷᠤ ᠶᠢ ᠨᠢᠭᠡᠳᠬᠡᠨ᠂ ᠿᠧᠦ  ᠿᠠᠨ ᠬᠠᠨ ᠤᠯᠤᠰ ᠢ ᠪᠠᠶᠢᠭᠤᠯᠵᠠᠢ᠃ ᠿᠧᠦ ᠿᠠᠨ ᠤᠯᠤᠰ ᠨᠢ ᠲᠤᠮᠳᠠᠳᠤ ᠠᠽᠢᠶ᠎ᠠ ᠵᠢᠴᠢ ᠬᠢᠲᠠᠳ ᠦᠨᠳᠦᠰᠦᠳᠡᠨ᠋ ᠤ ᠭᠠᠵᠠᠷ ᠣᠷᠣᠨ ᠯᠤᠭ᠎ᠠ ᠥᠷᠭᠡᠨ ᠢᠶᠠᠷ ᠠᠷᠠᠯᠵᠢᠶ᠎ᠠ ᠬᠤᠳᠠᠯᠳᠤᠭ᠎ᠠ ᠬᠢᠵᠦ᠂ ᠮᠠᠯ ᠤᠨᠤᠭ᠎ᠠ᠂ ᠮᠠᠯ ᠤᠨ ᠠᠰᠢᠭ  ᠰᠢᠮ᠎ᠡ ᠵᠡᠷᠭᠡ ᠪᠠᠷ ᠢᠶᠠᠨ ᠲᠣᠷᠭ᠎ᠠ ᠳᠤᠷᠳᠤᠩ᠂ ᠠᠮᠤ ᠪᠤᠳᠠᠭ᠎ᠠ ᠵᠡᠷᠭᠡ ᠶᠢ ᠰᠣᠯᠢᠵᠤ ᠠᠪᠳᠠᠭ᠃ ᠶᠦᠡᠭ ᠰᠢᠩ ᠤᠨ  ᠬᠤᠶᠠᠳᠤᠭᠠᠷ ᠣᠨ ︵ᠨᠠᠶᠢᠳᠠ ᠶᠢᠨ ᠣᠨ ᠲᠣᠭᠠᠯᠠᠯ ᠤᠨ 410 ᠣᠨ︶ ᠳᠤ ᠿᠧᠦ ᠿᠠᠨ ᠵᠣᠷᠢᠭᠤᠳᠠ ᠪᠠᠷ ᠲᠣᠷᠭᠠᠨ  ᠵᠠᠮ ᠢ ᠪᠤᠯᠢᠶᠠᠨ ᠳᠡᠭᠡᠷᠡᠮᠳᠡᠵᠦ ᠭᠠᠭᠴᠠᠭᠠᠷ ᠡᠵᠡᠮᠰᠢᠵᠡᠢ᠂ ᠤᠮᠠᠷᠠᠲᠤ ᠸᠧᠢ ᠤᠯᠤᠰ ᠴᠡᠷᠢᠭ ᠲᠣᠮᠢᠯᠠᠵᠤ ᠪᠠᠷᠭᠠᠤᠨ  ᠣᠷᠣᠨ ᠤ ᠶᠠᠨ ᠴᠢ᠂ ᠺᠦᠴᠧ ᠵᠡᠷᠭᠡ ᠣᠯᠠᠨ ᠤᠯᠤᠰ ᠢ ᠬᠠᠷᠢᠶᠠᠲᠤ ᠤᠯᠤᠰ ᠢᠶᠠᠨ ᠪᠣᠯᠭᠠᠵᠠᠢ᠃ ︽ ᠲᠠᠢ ᠶᠠᠨ ᠤ  ᠳᠤᠮᠳᠠ  ᠦᠶ᠎ᠡ ︵ᠨᠠᠶᠢᠳᠠ ᠶᠢᠨ ᠣᠨ ᠲᠣᠭᠠᠯᠠᠯ ᠤᠨ 435 - 440 ᠣᠨ︶᠂ ᠸᠧᠢ ᠤᠯᠤᠰ ᠤᠨ ᠡᠷᠬᠡ  ᠰᠦᠷ  ᠡᠳᠦᠷ ᠢᠷᠡᠬᠦ ᠲᠤᠳᠤᠮ ᠮᠠᠨᠳᠤᠵᠤ᠂ ᠪᠠᠷᠠᠭᠤᠨ ᠣᠷᠣᠨ ᠤ ᠺᠦᠴᠧ᠂ ᠱᠦ ᠯᠧ᠂ ᠦ᠋ ᠰᠦᠨ᠂ ᠶᠤᠸᠠᠢ ᠪᠠᠨ᠂ ᠺᠧᠫᠠᠨ᠂ ᠱᠠᠨ ᠱᠠᠨ᠂ ᠶᠠᠨ ᠴᠢ᠂ ᠴᠧ ᠱᠢ᠂ ᠰᠣᠭᠳᠠ ᠵᠡᠷᠭᠡ ᠡᠯ᠎ᠡ ᠠᠶᠢᠮᠠᠭ ᠤᠯᠤᠰ ᠡᠯᠴᠢ ᠲᠣᠮᠢᠯᠠᠨ ᠲᠡᠳᠡᠨ᠋ ᠳᠤ ᠠᠯᠪᠠ ᠪᠠᠷᠢᠵᠠᠢ᠃ ︵︽ᠤᠮᠠᠷᠠᠲᠤ ᠶᠢᠨ ᠲᠡᠦᠬᠡ · ᠪᠠᠷᠠᠭᠤᠨ ᠣᠷᠣᠨ ᠤ ᠨᠠᠮᠲᠠᠷ︾ 97 ᠳ᠋ᠤᠭᠠᠷ ᠪᠣᠳᠢ︶᠃ ᠲᠠᠢ ᠫᠢᠩ ᠵᠧᠨ ᠵᠢᠶᠦ᠋ᠨ ᠤ ᠶᠢᠰᠦᠳᠦᠭᠡᠷ ᠣᠨ ︵ᠨᠠᠶᠢᠳᠠ ᠶᠢᠨ ᠣᠨ ᠲᠣᠭᠠᠯᠠᠯ ᠤᠨ 448 ᠣᠨ︶ ᠳᠤ ᠱᠠᠨ ᠱᠠᠨ  ᠪᠠᠯᠭᠠᠰᠤ ᠶᠢ ᠪᠠᠶᠢᠭᠤᠯᠵᠤ᠂ ᠰᠡᠭᠦᠯᠡᠷ ᠨᠢ ᠪᠠᠷᠠᠭᠤᠨ ᠣᠷᠣᠨ ᠤ ᠣᠯᠠᠨ ᠤᠯᠤᠰ ᠸᠧᠢ ᠤᠯᠤᠰ ᠲᠤ ᠡᠯᠴᠢᠨ  ᠲᠣᠮᠢᠯᠠᠵᠤ ᠠᠯᠪᠠ ᠪᠠᠷᠢᠬᠤ ᠪᠣᠯᠪᠠ᠃ ᠾᠧ ᠫᠢᠩ ᠤᠨ ᠬᠤᠶᠠᠳᠤᠭᠠᠷ ᠣᠨ ︵ᠨᠠᠶᠢᠳᠠ ᠶᠢᠨ ᠣᠨ ᠲᠣᠭᠠᠯᠠᠯ ᠤᠨ  461 ᠣᠨ︶ ᠳᠤ᠂ ᠫᠧᠷᠰ ᠤᠯᠤᠰ ᠸᠧᠢ ᠤᠯᠤᠰ ᠲᠤ ᠡᠯᠴᠢ ᠲᠣᠮᠢᠯᠠᠨ ᠠᠯᠪᠠ ᠪᠠᠷᠢᠪᠠ᠃ ᠲᠠᠢ ᠦ᠋ ᠳ᠋ᠢ ᠬᠠᠭᠠᠨ ᠤ  ᠦᠶ᠎ᠡ ᠳᠤ ︽ᠲᠦᠰᠢᠮᠡᠯ ᠳ᠋ᠦᠩ ᠸᠠᠨ᠂ ᠭᠤᠤ ᠮᠢᠩ ᠵᠡᠷᠭᠡ ᠶᠢ ᠲᠣᠮᠢᠯᠠᠨ ᠣᠯᠠᠨ ᠬᠡᠮᠡᠷᠯᠢᠭ ᠲᠣᠷᠭ᠎ᠠ ᠶᠢ ᠠᠪᠴᠤ᠂  ᠱᠠᠨ ᠠᠴᠠ ᠡᠬᠢᠯᠡᠵᠦ᠂ ᠶᠢᠰᠦᠨ ᠤᠯᠤᠰ ᠢ ᠣᠷᠣᠭᠤᠯᠤᠨ ᠠᠪᠴᠤ᠂ ᠶᠡᠭᠡ ᠬᠡᠮᠵᠢᠶᠡᠨ ᠤ ᠡᠳ᠋ ᠪᠣᠳᠠᠰ ᠰᠣᠶᠣᠷᠬᠠᠵᠠᠢ᠃︾ ︵︽ᠤᠮᠠᠷᠠᠲᠤ ᠶᠢᠨ ᠲᠡᠦᠬᠡ · ᠪᠠᠷᠠᠭᠤᠨ ᠣᠷᠣᠨ ᠤ ᠨᠠᠮᠲᠠᠷ︾ 97 ᠳ᠋ᠤᠭᠠᠷ ᠪᠣᠳᠢ︶ ᠪᠤᠭᠤᠲᠤ ᠨᠢ ᠵᠡᠭᠦᠨ  ᠲᠠᠯ᠎ᠠ ᠪᠠᠷ ᠢᠶᠠᠨ ᠦᠴᠦᠸᠠᠨ ᠰᠢᠶᠠᠨ ᠲᠠᠢ ᠵᠠᠯᠭᠠᠯᠳᠤᠵᠤ᠂ ᠦᠴᠦᠸᠠᠨ ᠰᠢᠶᠠᠨ ᠤ ᠤᠯᠠᠭᠠᠨᠪᠤᠯᠠᠭ ᠲᠣᠰᠬᠤᠨ ᠠᠴᠠ  ᠷᠣᠮᠠ ᠶᠢᠨ ᠠᠯᠲᠠᠨ ᠵᠣᠭᠤᠰ ᠢ ᠮᠠᠯᠲᠠᠵᠤ ᠭᠠᠷᠭᠠᠭᠰᠠᠨ ᠨᠢ ᠳᠠᠷᠤᠢ ᠪᠤᠭᠤᠲᠤ ᠶᠢᠨ ᠬᠠᠭᠤᠴᠢᠨ ᠭᠠᠵᠠᠷ ᠪᠣᠯ ᠲᠠᠯ᠎ᠠ  ᠨᠤᠲᠤᠭ ᠤᠨ ᠲᠣᠷᠭᠠᠨ ᠵᠠᠮ ᠳᠤ ᠨᠡᠪᠲᠡᠷᠡᠬᠦ ᠵᠠᠪᠠᠯ ᠥᠩᠭᠡᠷᠡᠬᠦ ᠭᠠᠵᠠᠷ ᠪᠣᠯᠵᠤ ᠪᠠᠶᠢᠭᠰᠠᠨ ᠢ ᠭᠡᠷᠡᠴᠢᠯᠡᠵᠦ ᠪᠠᠶᠢᠨ᠎ᠠ᠃             ᠲᠠᠩ ᠤᠯᠤᠰ ᠤᠨ ᠲᠡᠭᠷᠢ ᠬᠠᠨ ᠵᠠᠮ ᠤᠨ ᠮᠣᠷᠢ ᠪᠠ ᠲᠣᠷᠭ᠎ᠠ ᠲᠤᠷᠳᠤᠩ ᠤᠨ ᠵᠠᠬ᠎ᠠ ᠶᠢᠨ  ᠠᠷᠠᠯᠵᠢᠶ᠎ᠠ             ᠵᠧᠨ ᠭᠤᠸᠠᠨ ᠤ ᠬᠤᠷᠢᠳᠤᠭᠠᠷ ᠣᠨ ︵ᠨᠠᠶᠢᠳᠠ ᠶᠢᠨ ᠣᠨ ᠲᠣᠭᠠᠯᠠᠯ ᠤᠨ 646 ᠣᠨ︶ ᠳᠤ᠂ ᠳᠠᠩ  ᠤᠯᠤᠰ ᠠᠴᠠ ᠲᠡᠭᠦᠨ ᠳᠤ ᠬᠠᠷᠢᠶᠠᠯᠠᠭᠳᠠᠵᠤ ᠪᠠᠶᠢᠭᠰᠠᠨ ᠲᠦᠷᠺ ᠢ ᠮᠤᠨᠢ ᠠᠭᠤᠯᠠ ᠶᠢᠨ ᠡᠮᠦᠨ᠎ᠡ ᠰᠠᠭᠤᠷᠢᠰᠢᠭᠤᠯᠵᠤ᠂  ᠤᠶᠢᠭᠤᠷ ᠮᠤᠨᠢ ᠠᠭᠤᠯᠠ ᠶᠢᠨ ᠬᠤᠶᠢᠲᠤ ᠬᠡᠰᠡᠭ ᠢ ᠡᠵᠡᠯᠡᠪᠡ᠃ ᠳᠠᠩ ᠲᠠᠶᠢᠽᠦ᠋ᠩ ᠬᠠᠭᠠᠨ ᠡᠯ᠎ᠡ ᠠᠶᠢᠮᠠᠭ ᠤᠨ  ᠠᠬᠠᠯᠠᠭᠴᠢ ᠨᠠᠷ ᠢ ︽ᠲᠡᠭᠷᠢ ᠬᠠᠨ︾ ᠬᠡᠮᠡᠨ ᠨᠡᠷᠡᠶᠢᠳᠴᠦ᠂ ᠤᠶᠢᠭᠤᠷ ᠠᠴᠠ ᠡᠮᠦᠨ᠎ᠡ ᠬᠡᠰᠡᠭ ᠲᠤ ᠰᠢᠤᠳᠠᠨ  ᠳᠠᠮᠵᠢᠭᠤᠯᠭ᠎ᠠ ᠲᠣᠬᠢᠷᠠᠭᠤᠯᠬᠤ ᠶᠢ ᠵᠥᠪᠰᠢᠶᠡᠷᠡᠵᠦ᠂ ᠲᠦᠷᠺ ᠠᠴᠠ ᠬᠤᠶᠢᠰᠢ ᠪᠠᠨ ᠤᠯᠠᠭ᠎ᠠ ᠵᠠᠮ ᠨᠠᠪᠲᠠᠷᠡᠭᠦᠯᠵᠦ᠂  66 ᠤᠯᠠᠭ᠎ᠠ ᠥᠷᠲᠡᠭᠡ ᠪᠠᠶᠢᠭᠤᠯᠵᠤ᠂ ᠳᠠᠷᠤᠢ ᠲᠡᠭᠷᠢ ᠬᠠᠨ ᠵᠠᠮ ᠪᠣᠯᠣᠨ᠎ᠠ᠃ ᠵᠢᠩ ᠯᠦᠩ ᠤᠨ ᠬᠤᠶᠠᠳᠤᠭᠠᠷ ᠣᠨ  ︵ᠨᠠᠶᠢᠳᠠ ᠶᠢᠨ ᠣᠨ ᠲᠣᠭᠠᠯᠠᠯ ᠤᠨ 708 ᠣᠨ︶ ᠳᠤ᠂ ᠳᠠᠩ ᠤᠯᠤᠰ ᠤᠨ ᠶᠡᠭᠡ ᠵᠠᠩᠵᠤᠨ ᠵᠠᠩ ᠷᠧᠨ ᠶᠤᠸᠠᠨ  ᠬᠠᠳᠤᠨ ᠭᠤᠣᠯ ᠤᠨ ᠬᠤᠶᠢᠲᠤ ᠬᠡᠰᠡᠭ ᠲᠤ ᠭᠤᠷᠪᠠᠨ ᠱᠧᠦ ᠰᠢᠶᠠᠩ ᠴᠧᠩ ᠬᠤᠲᠠ ᠶᠢ ᠪᠠᠶᠢᠭᠤᠯᠵᠤ᠂ ᠳᠤᠮᠳᠠ  ᠱᠧᠦ ᠰᠢᠶᠠᠩ ᠴᠧᠩ ᠬᠤᠲᠠ ︵ᠪᠤᠭᠤᠲᠤ ᠶᠢᠨ ᠴᠧᠩ ᠪᠦ᠋ ᠽᠢ ᠶᠢᠨ ᠡᠷᠲᠡᠨ ᠤ ᠬᠤᠲᠠ︶᠂ ᠪᠠᠷᠠᠭᠤᠨ ᠱᠧᠦ  ᠰᠢᠶᠠᠩ ᠴᠧᠩ ᠬᠤᠲᠠ ︵ᠤᠷᠠᠳ ᠤᠨ ᠲᠤᠮᠳᠠᠳᠤ ᠬᠤᠰᠢᠭᠤ︶ ᠶᠢ ᠭᠤᠪᠢ ᠶᠢᠨ ᠤᠮᠠᠷᠠᠲᠤ ᠳᠤ ᠨᠡᠪᠲᠡᠷᠡᠬᠦ ᠭᠦᠶᠠᠩ  ᠳ᠋ᠣᠣ ᠵᠠᠮ ᠤᠨ ᠬᠠᠵᠠᠭᠤ ᠳᠤ ᠪᠠᠶᠢᠭᠤᠯᠵᠤ᠂ ᠡᠮᠦᠨᠡᠰᠢ ᠪᠠᠨ ᠴᠠᠩ ᠠᠨ ᠳᠤ ᠨᠠᠪᠳᠠᠷᠠᠵᠤ᠂ ᠵᠡᠭᠦᠨ ᠡᠮᠦᠨᠡᠰᠢ ᠪᠠᠨ  ᠯᠦᠧᠧᠶᠠᠩ ᠳᠤ ᠨᠠᠪᠳᠠᠷᠠᠵᠤ᠂ ᠬᠤᠶᠢᠲᠤ ᠲᠠᠯ᠎ᠠ ᠪᠠᠷ ᠢᠶᠠᠨ ᠲᠡᠭᠷᠢ ᠬᠠᠨ ᠵᠠᠮ ᠲᠠᠢ ᠵᠠᠯᠭᠠᠯᠳᠤᠵᠤ᠂ ᠤᠶᠢᠭᠤᠷ ᠵᠠᠮ  ᠬᠡᠮᠡᠨ ᠨᠡᠷᠡᠶᠢᠳᠴᠦ᠂ ᠤᠶᠢᠭᠤᠷ ᠵᠠᠮ ᠢ ᠪᠠᠰᠠ ᠵᠢᠦᠢ ᠶᠠᠨ ᠵᠠᠮ ᠬᠡᠳᠡᠭ᠃ ︽ᠳᠤᠮᠳᠠ ᠱᠧᠦ ᠰᠢᠶᠠᠩ ᠴᠧᠩ  ᠬᠤᠳᠠ  ᠨᠢ ᠤᠶᠢᠭᠤᠷ ᠵᠠᠮ ᠲᠠᠢ ᠨᠠᠪᠳᠠᠷᠠᠵᠤ ᠪᠠᠶᠢᠨ᠎ᠠ︾ ︵︽ᠰᠢᠨ᠎ᠡ ᠳᠠᠩ ᠤᠯᠤᠰ ᠤᠨ ᠪᠢᠴᠢᠭ · ᠭᠠᠵᠠᠷ  ᠵᠦᠢ ᠶᠢᠨ ᠣᠶᠢᠯᠠᠯᠭ᠎ᠠ︾ 43 ᠳ᠋ᠤᠭᠠᠷ ᠪᠣᠳᠢ ᠶᠢᠨ ᠳᠣᠣᠷᠠᠳᠤ︶ ᠳᠠᠷᠤᠢ ᠪᠤᠭᠤᠲᠤ ᠶᠢᠨ ᠬᠠᠭᠤᠴᠢᠨ ᠭᠠᠵᠠᠷ ᠠᠴᠠ  ᠵᠢᠢ ᠯᠦ ᠪᠣᠭᠤᠮᠲᠠ ︵ᠪᠣᠷᠣᠬᠤᠲᠠ ᠶᠢᠨ ᠡᠷᠲᠡᠨ ᠤ ᠬᠤᠲᠠ︶ ᠪᠠᠷ ᠳᠠᠮᠵᠢᠨ ᠵᠢᠦᠢ ᠶᠠᠨ ᠬᠦᠷᠬᠦ ᠪᠣᠯᠣᠨ᠎ᠠ᠃ ᠳᠤᠮᠳᠠ ᠂ ᠪᠠᠷᠠᠭᠤᠨ ᠱᠧᠦ ᠰᠢᠶᠠᠩ ᠴᠧᠩ ᠬᠤᠲᠠ ᠪᠣᠯ ᠳᠠᠩ ᠤᠯᠤᠰ ᠪᠣᠯᠣᠨ ᠲᠦᠷᠺ᠂ ᠤᠶᠢᠭᠤᠷ ᠯᠤᠭ᠎ᠠ ᠶᠢᠨ ᠵᠠᠬ᠎ᠠ ᠶᠢᠨ  ᠠᠷᠠᠯᠵᠢᠶᠠᠨ ᠤ ᠡᠭᠦᠳᠡ ᠪᠣᠯᠣᠨ᠎ᠠ᠃              ᠠᠯᠢ ᠡᠷᠲᠡ ᠰᠦᠢ ᠤᠯᠤᠰ ᠤᠨ ᠦᠶ᠎ᠡ ᠳᠤ ᠲᠦᠷᠺ ᠨᠢ ᠳᠤᠮᠳᠠᠳᠤ ᠣᠷᠣᠨ ᠯᠤᠭ᠎ᠠ ᠲᠣᠷᠭ᠎ᠠ ᠳᠤᠷᠳᠤᠩ ᠤᠨ  ᠠᠷᠠᠯᠵᠢᠶ᠎ᠠ ᠬᠢᠵᠦ᠂ ᠲᠦᠷᠺ ᠤᠨ ᠤᠯᠤᠰ ᠲᠥᠷᠥ ᠶᠢᠨ ᠲᠥᠪ ᠪᠣᠯᠬᠤ ᠺᠡᠲ᠋ᠦᠨ ᠬᠤᠲᠠ ᠨᠢ ᠳᠠᠷᠤᠢ ᠪᠤᠭᠤᠲᠤ ᠶᠢᠨ  ᠬᠠᠭᠤᠴᠢᠨ ᠭᠠᠵᠠᠷ ᠤᠨ ᠬᠠᠨᠢ ᠭᠤᠣᠯ ᠣᠷᠴᠢᠮ ᠢᠶᠠᠷ ᠪᠠᠶᠢᠵᠤ᠂ ᠪᠤᠭᠤᠲᠤ ᠪᠣᠯ ᠲᠣᠷᠭ᠎ᠠ ᠳᠤᠷᠳᠤᠩ ᠤᠨ ᠠᠷᠠᠯᠵᠢᠶ᠎ᠠ  ᠬᠢᠬᠦ ᠳᠤ ᠵᠠᠪᠠᠯ ᠥᠩᠭᠡᠷᠡᠬᠦ ᠭᠠᠵᠠᠷ ᠪᠠᠶᠢᠵᠠᠢ᠃ ᠰᠦᠢ ᠶᠠᠩ ᠳ᠋ᠢ ᠬᠠᠭᠠᠨ ︽ᠠᠯᠪᠠᠨ ᠶᠠᠮᠤᠨ ᠢ ᠬᠤᠪᠢᠶᠠᠨ  ᠲᠣᠬᠢᠷᠠᠭᠤᠯᠵᠤ᠂ ᠲᠤᠮᠳᠠᠳᠤ ᠤᠯᠤᠰ ᠢ ᠶᠡᠷᠦᠩᠬᠡᠶᠢᠯᠡᠨ ᠨᠢᠭᠡᠳᠬᠡᠵᠦ᠂ ᠰᠠᠶᠢᠬᠠᠨ ᠬᠡᠦᠬᠡᠨ ᠲᠣᠷᠭ᠎ᠠ ᠳᠤᠷᠳᠤᠩ ᠵᠠᠯᠭ᠎ᠠ  ᠵᠠᠯᠭ᠎ᠠ ᠪᠠᠷ ᠵᠠᠮ ᠢᠶᠠᠷ  ᠠᠶᠠᠯᠠᠵᠤ᠂ ᠡᠯᠴᠢᠨ ᠤ ᠲᠡᠷᠭᠡ ᠬᠥᠰᠬᠡ ᠨᠠᠭᠠᠰᠢ ᠴᠠᠭᠠᠰᠢ ᠶᠠᠪᠤᠵᠤ ᠦᠷᠬᠦᠯᠵᠢᠯᠡᠵᠤ ᠪᠠᠶᠢᠯ᠎ᠠ᠃︾ ︵︽ᠤᠮᠠᠷᠠᠲᠤ ᠶᠢᠨ ᠲᠡᠦᠬᠡ · ᠲᠦᠷᠺ ᠤᠨ ᠨᠠᠮᠲᠠᠷ︾ 99 ᠳ᠋ᠦ᠋ᠭᠡᠷ ᠪᠣᠳᠢ︶ ᠳ᠋ᠠ ᠶᠧ ᠶᠢᠨ ᠠᠷᠪᠠᠳᠤᠭᠠᠷ  ᠣᠨ ︵ᠨᠠᠶᠢᠳᠠ ᠶᠢᠨ ᠣᠨ ᠲᠣᠭᠠᠯᠠᠯ ᠤᠨ 614 ᠣᠨ︶ ᠳᠤ᠂ ︽ᠰᠢᠨ ᠢ ᠭᠦᠩᠵᠦ ᠶᠢ ᠲᠡᠭᠦᠨ ᠳᠤ  ᠤᠷᠤᠭᠯᠠᠭᠤᠯᠵᠤ᠂ ᠬᠡᠮᠡᠷᠯᠢᠭ ᠲᠣᠷᠭ᠎ᠠ ᠰᠣᠶᠣᠷᠬᠠᠵᠤ᠂ ᠮᠢᠩᠭᠠᠨ ᠵᠠᠬ᠎ᠠ ᠲᠡᠷᠯᠢᠭ᠂ ᠲᠦᠮᠡᠨ ᠪᠦᠬᠦᠯᠢ ᠬᠡᠰᠡᠭ  ᠥᠩᠭᠡᠲᠦ ᠲᠣᠷᠭ᠎ᠠ ᠰᠣᠶᠣᠷᠬᠠᠵᠠᠢ᠃︾ ︵︽ᠤᠮᠠᠷᠠᠲᠤ ᠶᠢᠨ ᠲᠡᠦᠬᠡ · ᠲᠦᠷᠺ ᠤᠨ ᠨᠠᠮᠲᠠᠷ︾ 99 ᠳ᠋ᠦ᠋ᠭᠡᠷ  ᠪᠣᠳᠢ︶ ︽ᠴᠤᠯ ᠬᠠᠨ ᠰᠠᠭᠤᠷᠢᠨ ᠢ ᠵᠠᠯᠭᠠᠮᠵᠢᠯᠠᠵᠤ᠂ ᠪᠠᠰᠠ ᠰᠦᠢ ᠤᠯᠤᠰ ᠤᠨ ᠢ ᠴᠧᠩ ᠭᠦᠩᠵᠦ ᠶᠢ  ᠡᠬᠡᠨᠡᠷ ᠢᠶᠠᠨ ᠪᠤᠯᠭᠠᠵᠤ᠂ ᠡᠯᠴᠢ ᠲᠣᠮᠢᠯᠠᠨ ᠬᠠᠭᠠᠨ ᠲᠥᠷᠥ ᠳᠤ ᠣᠴᠢᠭᠤᠯᠵᠤ᠂ ᠁ ᠭᠤᠷᠪᠠᠨ ᠲᠦᠮᠡᠨ ᠬᠡᠰᠡᠭ  ᠡᠳ᠋ ᠪᠣᠳᠠᠰ ᠰᠣᠶᠣᠷᠬᠠᠵᠠᠢ᠃︾ ︵︽ᠬᠠᠭᠤᠴᠢᠨ ᠳᠠᠩ ᠤᠯᠤᠰ ᠤᠨ ᠪᠢᠴᠢᠭ · ᠲᠦᠷᠺ ᠤᠨ ᠨᠠᠮᠲᠠᠷ︾ 194  ᠳ᠋ᠦ᠋ᠭᠡᠷ ᠪᠣᠳᠢ︶             ᠺᠠᠢ ᠶᠤᠸᠠᠨ ᠤ ᠠᠷᠪᠠᠨ ᠲᠠᠪᠤᠳᠤᠭᠠᠷ ᠣᠨ ︵ᠨᠠᠶᠢᠳᠠ ᠶᠢᠨ ᠣᠨ ᠲᠣᠭᠠᠯᠠᠯ ᠤᠨ 727 ᠣᠨ︶᠂ ᠳᠠᠩ  ᠤᠯᠤᠰ ᠲᠦᠷᠺ ᠯᠦᠭᠡ ᠵᠠᠬ᠎ᠠ ᠶᠢᠨ ᠠᠷᠠᠯᠵᠢᠶ᠎ᠠ ᠬᠢᠵᠦ᠂ ︽ᠮᠥᠨ ᠬᠦ ᠱᠥᠸᠧ ᠹᠠᠩ ᠴᠡᠷᠢᠭ ᠤᠨ ᠪᠠᠷᠠᠭᠤᠨ ᠱᠦ  ᠰᠢᠶᠠᠩ ᠴᠧᠩ ᠬᠤᠳᠠ ᠳᠤ ᠠᠷᠠᠯᠵᠢᠶ᠎ᠠ ᠬᠢᠬᠦ ᠭᠠᠵᠠᠷ ᠪᠤᠯᠬᠤ ᠶᠢ ᠵᠥᠪᠰᠢᠶᠡᠷᠡᠵᠦ᠂ ᠵᠢᠯ ᠪᠦᠷᠢ ᠬᠡᠳᠦᠨ ᠠᠷᠪᠠᠨ  ᠲᠦᠮᠡᠨ ᠪᠦᠬᠦᠯᠢ ᠬᠡᠰᠡᠭ ᠱᠣ ᠲᠣᠷᠭ᠎ᠠ ᠬᠡᠮᠡᠷᠯᠢᠭ ᠢ ᠠᠪᠴᠤ᠂ ᠬᠢᠵᠠᠭᠠᠷ ᠲᠤᠷ ᠢᠷᠡᠵᠤ ᠲᠡᠳᠡᠨ ᠳᠤ ᠦᠭᠳᠡᠭ᠃︾ ︵︽ᠬᠠᠭᠤᠴᠢᠨ ᠳᠠᠩ ᠤᠯᠤᠰ ᠤᠨ ᠪᠢᠴᠢᠭ · ᠲᠦᠷᠺ ᠤᠨ ᠨᠠᠮᠲᠠᠷ︾ 194 ᠳ᠋ᠦ᠋ᠭᠡᠷ ᠪᠣᠳᠢ ᠶᠢᠨ ᠳᠣᠣᠷᠠᠳᠤ︶  ᠡᠨᠡ ᠨᠢ ᠲᠠᠩ ᠤᠯᠤᠰ ᠤᠨ ᠲᠡᠭᠷᠢ ᠬᠠᠨ ᠵᠠᠮ ᠨᠢ ᠮᠥᠨ ᠴᠤ ᠲᠣᠷᠭᠠᠨ ᠵᠠᠮ ᠪᠣᠯᠣᠨ᠎ᠠ ᠬᠡᠳᠡᠭ ᠢ ᠭᠡᠷᠡᠴᠢᠯᠡᠵᠦ ᠪᠤᠢ᠃  ᠤᠶᠢᠭᠤᠷ ᠵᠠᠮ ᠳᠡᠭᠡᠷ᠎ᠡ ᠤᠶᠢᠭᠤᠷ ᠤᠨ ᠮᠣᠷᠢ ᠪᠣᠯᠣᠨ ᠲᠤᠮᠳᠠᠳᠤ ᠣᠷᠣᠨ ᠤ ᠲᠣᠷᠭ᠎ᠠ ᠳᠤᠷᠳᠤᠩ ᠤᠨ ᠠᠷᠠᠯᠵᠢᠶ᠎ᠠ  ᠮᠠᠰᠢ ᠬᠥᠭᠵᠢᠶᠡᠨ ᠲᠠᠢ ᠪᠠᠶᠢᠵᠠᠢ᠃ ᠪᠠᠢ ᠵᠢᠦᠢ ᠢ ᠶᠢᠨ ︽ᠮᠤᠨᠢ ᠠᠭᠤᠯᠠ ᠶᠢᠨ ᠵᠠᠮ︾ ᠳᠤ ᠲᠡᠮᠳᠡᠭᠯᠡᠭᠰᠡᠨ ᠨᠢ᠄ ︽ᠮᠤᠨᠢ ᠠᠭᠤᠯᠠ ᠶᠢᠨ ᠵᠠᠮ᠂ ᠮᠤᠨᠢ ᠠᠭᠤᠯᠠ ᠶᠢᠨ ᠵᠠᠮ᠂ ᠡᠪᠡᠰᠦ ᠨᠢ ᠰᠣᠷᠭᠤᠭ ᠤᠰᠤ ᠨᠢ ᠲᠤᠩᠭᠠᠯᠠᠭ᠂ ᠴᠡᠷᠢᠭ ᠤᠨ  ᠬᠥᠮᠥᠨ ᠮᠣᠷᠢ ᠪᠠᠨ ᠬᠦᠷᠭᠡᠬᠦ ᠦᠶᠡᠰ ᠵᠠᠮ ᠤᠨ ᠬᠠᠵᠠᠭᠤᠳᠠᠭᠢ ᠮᠢᠩᠭᠠᠨ ᠭᠠᠵᠠᠷ ᠲᠢ ᠨᠠᠷᠢᠨ ᠡᠪᠡᠰᠦ ᠦᠭᠡᠢ᠃︾  ᠴᠠᠩ ᠴᠢᠩ ᠤᠨ ᠬᠤᠶᠠᠳᠤᠭᠠᠷ ᠣᠨ ︵ᠨᠠᠶᠢᠳᠠ ᠶᠢᠨ ᠣᠨ ᠲᠣᠭᠠᠯᠠᠯ ᠤᠨ 822 ᠣᠨ︶ ᠳᠤ ︽ᠬᠤᠶᠠᠷ ᠳ᠋ᠤᠭᠠᠷ  ᠰᠠᠷ᠎ᠠ ᠳᠤ ᠤᠶᠢᠭᠤᠷ ᠲᠤ ᠲᠠᠪᠤᠨ ᠲᠦᠮᠡᠨ ᠪᠦᠬᠦᠯᠢ ᠬᠡᠰᠡᠭ ᠮᠣᠷᠢᠨ ᠦᠨ᠎ᠡ ᠪᠠᠷ ᠨᠤᠭᠤᠯᠵᠤ ᠪᠤᠳᠤᠬᠰᠠᠨ ᠱᠣ᠋  ᠲᠣᠷᠭ᠎ᠠ ᠥᠭᠴᠡᠢ᠂ ᠭᠤᠷᠪᠠ ᠳ᠋ᠤᠭᠠᠷ ᠰᠠᠷ᠎ᠠ ᠳᠤ ᠨᠢ ᠪᠠᠰᠠ ᠮᠣᠷᠢᠨ ᠦᠨ᠎ᠡ ᠪᠠᠷ ᠨᠤᠭᠤᠯᠵᠤ ᠪᠤᠳᠤᠬᠰᠠᠨ ᠳᠣᠯᠣᠭᠠᠨ  ᠲᠦᠮᠡᠨ ᠪᠦᠬᠦᠯᠢ ᠬᠡᠰᠡᠭ ᠱᠣ ᠲᠣᠷᠭ᠎ᠠ ᠰᠣᠶᠣᠷᠬᠠᠭᠰᠠᠨ ᠪᠠᠶᠢᠨ᠎ᠠ ᠁ ᠤᠶᠢᠭᠤᠷ ᠨᠢᠭᠡᠨᠲᠡ ᠹᠧᠩᠵᠧᠦ ᠶᠢᠨ  ᠬᠤᠶᠢᠲᠤ ᠬᠢᠵᠠᠭᠠᠷ ᠲᠤ ᠬᠦᠷᠴᠡᠢ ᠬᠡᠮᠡᠨ ᠵᠠᠷᠯᠢᠭ ᠢ ᠳᠠᠭᠠᠬᠤ ᠦᠭᠡᠢ᠂ ᠬᠠᠭᠠᠨ ᠵᠠᠷᠯᠢᠭ ᠪᠠᠭᠤᠵᠤ ᠳᠣᠯᠣᠭᠠᠨ ᠲᠦᠮᠡᠨ  ᠪᠦᠬᠦᠯᠢ ᠬᠡᠰᠡᠭ ᠲᠣᠷᠭ᠎ᠠ ᠲᠤᠷᠳᠤᠩ ᠰᠣᠶᠣᠷᠬᠠᠭᠰᠠᠨ ᠳᠤ ᠰᠠᠶ᠋ᠢ ᠪᠤᠴᠠᠵᠤ ᠢᠷᠠᠵᠠᠢ᠃︾  ᠳ᠋ᠠ ᠾᠧ ᠶᠢᠨ ᠲᠡᠷᠢᠭᠦᠨ  ᠣᠨ ︵ᠨᠠᠶᠢᠳᠠ ᠶᠢᠨ ᠣᠨ ᠲᠣᠭᠠᠯᠠᠯ ᠤᠨ 827 ᠣᠨ︶ ᠳᠤ᠂ ︽ᠣᠷᠳᠣᠨ ᠤ ᠡᠯᠴᠢᠨ ᠢ ᠵᠠᠷᠯᠢᠭᠳᠠᠵᠤ ᠬᠤᠷᠢᠨ  ᠲᠦᠮᠡᠨ ᠪᠦᠬᠦᠯᠢ ᠬᠡᠰᠡᠭ  ᠱᠣ ᠲᠣᠷᠭ᠎ᠠ ᠶᠢ ᠬᠡᠷᠡᠭᠯᠡᠵᠦ ᠬᠤᠩ ᠯᠦ ᠰᠧ ᠳᠤ ᠲᠤᠰᠢᠶᠠᠨ ᠥᠭᠴᠦ ᠤᠶᠢᠭᠤᠷ ᠤᠨ  ᠮᠣᠷᠢᠨ ᠤ ᠦᠨ᠎ᠡ ᠶᠢ ᠣᠷᠣᠯᠠᠭᠤᠯᠵᠤ᠂ ᠭᠤᠷᠪᠠᠳᠤᠭᠠᠷ ᠵᠢᠯ ᠤᠨ ᠴᠠᠭᠠᠨ ᠰᠠᠷ᠎ᠠ ᠳᠤ ᠬᠤᠷᠢᠨ ᠲᠦᠮᠡᠨ ᠪᠦᠬᠦᠯᠢ  ᠬᠡᠰᠡᠭ ᠱᠣ ᠲᠣᠷᠭ᠎ᠠ ᠶᠢ ᠬᠡᠷᠡᠭᠯᠡᠵᠦ ᠤᠶᠢᠭᠤᠷ ᠲᠤ ᠬᠦᠷᠭᠡᠵᠦ ᠮᠣᠷᠢᠨ ᠤ ᠦᠨ᠎ᠡ ᠶᠢ ᠣᠷᠣᠯᠠᠭᠤᠯᠵᠠᠢ᠃︾ ︵︽ᠬᠠᠭᠤᠴᠢᠨ ᠳᠠᠩ ᠤᠯᠤᠰ ᠤᠨ ᠪᠢᠴᠢᠭ · ᠤᠶᠢᠭᠤᠷ ᠤᠨ ᠨᠠᠮᠲᠠᠷ︾ 195 ᠳ᠋ᠤᠭᠠᠷ ᠪᠣᠳᠢ︶ ︽ᠸᠧᠨᠽᠦ᠋ᠩ  ᠬᠠᠭᠠᠨ ᠤ ᠡᠬᠢᠨ ᠤ ᠦᠶ᠎ᠡ ᠳᠤ ᠪᠠᠰᠠ ᠮᠣᠷᠢᠨ ᠤ ᠣᠷᠣᠨ ᠳᠤ ᠰᠢᠭᠤᠳ ᠲᠠᠪᠢᠨ ᠲᠦᠮᠡᠨ ᠪᠦᠬᠦᠯᠢ ᠬᠡᠰᠡᠭ  ᠱᠣ  ᠲᠣᠷᠭ᠎ᠠ ᠬᠠᠶᠢᠷᠠᠯᠠᠵᠠᠢ︾ ︵︽ᠰᠢᠨ᠎ᠡ ᠳᠠᠩ ᠤᠯᠤᠰ ᠤᠨ ᠪᠢᠴᠢᠭ · ᠤᠶᠢᠭᠤᠷ ᠤᠨ ᠨᠠᠮᠲᠠᠷ︾ 217 ᠳ᠋ᠤᠭᠠᠷ  ᠪᠣᠳᠢ ᠶᠢᠨ ᠳᠣᠣᠷᠠᠳᠤ︶ ᠲᠠᠯ᠎ᠠ ᠨᠤᠲᠤᠭ ᠤᠨ ᠲᠣᠷᠭᠠᠨ ᠵᠠᠮ ᠪᠣᠯ ᠮᠥᠨ ᠴᠦ ᠲᠤᠷᠤᠨ᠎ᠠ ᠦᠷᠦᠨ᠎ᠠ ᠶᠢᠨ ᠠᠵᠤ  ᠠᠬᠤᠢ ᠰᠣᠶᠣᠯ ᠤᠨ ᠰᠣᠯᠢᠯᠴᠠᠭᠠᠨ ᠤ ᠵᠠᠮ ᠪᠣᠯᠣᠨ᠎ᠠ᠂ ᠲᠦᠮᠡᠳ ᠵᠡᠭᠦᠨ ᠬᠤᠰᠢᠭᠤᠨ ᠤ ᠱᠦᠢ ᠮᠦᠸᠧ ᠭᠧᠦ ᠠᠴᠠ  ᠮᠠᠯᠲᠠᠨ ᠭᠠᠷᠭᠠᠭᠰᠠᠨ ᠰᠠᠷᠠᠨ ᠬᠡᠯᠪᠡᠷᠢᠲᠡᠢ ᠠᠯᠲᠠᠨ ᠲᠢᠲᠢᠮ ᠵᠠᠰᠠᠯ ᠤᠨ ᠦᠯᠡᠳᠡᠭᠳᠡᠯ ᠪᠠ ᠵᠡᠭᠦᠨ ᠷᠣᠮᠠ ᠶᠢᠨ  ᠬᠤᠳᠠᠯᠳᠤᠭᠠᠴᠢᠨ ᠤ ᠣᠩᠭᠤᠨ ᠡᠭᠦᠨ ᠢ ᠭᠡᠷᠡᠴᠢᠯᠡᠵᠦ ᠪᠣᠯᠣᠨ᠎ᠠ᠃
 
ᠢᠷᠡᠯᠲᠡ᠄ ᠪᠣᠭᠤᠳᠤ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号