| ᠤᠶᠠᠬᠠᠨ ᠰᠠᠯᠬᠢ ᠬᠠᠴᠠᠷ ᠢ ᠢᠯᠪᠢᠭᠰᠡᠨ ᠤᠷᠢᠬᠠᠨ ᠬᠠᠪᠤᠷ ᠤᠨ ᠰᠠᠶᠢᠬᠠᠨ ᠡᠳᠦᠷ᠂ ᠪᠢᠳᠡ ᠪᠠᠶᠠᠨᠨᠠᠭᠤᠷ | ᠬᠤᠲᠠ ᠵᠢᠨᠤᠷᠠᠳ ᠤᠨ ᠬᠤᠶᠢᠲᠤ ᠬᠤᠰᠢᠭᠤᠨ ᠤ ᠴᠣᠭ᠋ᠥ᠌ᠨᠳᠥᠷ ᠪᠠᠯᠭᠠᠰᠤᠨ ᠤ ᠰᠢᠨᠡᠤ᠋ᠰᠤ ᠭᠠᠴᠠᠭᠠᠨ ᠤ ᠮᠠᠯᠴᠢᠨ | ᠠᠯᠲᠠᠨ᠋ᠠ᠋ᠭᠤᠯᠠ ᠵᠢᠨᠨᠤᠲᠤᠭᠰᠢᠭᠠ ᠭᠠᠰᠢᠭᠤᠨ ᠰᠡᠷᠪᠡᠩ ᠭᠡᠬᠦ ᠭᠠᠵᠠᠷ ᠲᠤ ᠬᠦᠷᠴᠦ ᠰᠤᠷᠪᠤᠯᠵᠢᠯᠠᠭ᠎ᠠ ᠠᠪᠴᠠᠢ᠃ | ᠡᠨᠡ ᠡᠳᠦᠷ ᠠᠯᠲᠠᠨ᠋ᠠ᠋ᠭᠤᠯᠠ ᠶᠢᠨ ᠳᠤ ᠨᠤᠲᠤᠭ ᠤᠨ ᠠᠬᠠᠮᠠᠳ ᠲᠣᠮᠣᠭᠠᠲᠠᠳ᠂ ᠠᠶᠢᠯ ᠠᠶᠢᠮᠠᠭ ᠤᠨ ᠬᠢᠨ | ᠰᠡᠭᠦᠳᠡᠷᠯᠡᠬᠦᠪᠠᠭ ᠤᠨ ᠬᠢᠨ ᠵᠡᠷᠭᠡ ᠠᠷᠪᠠᠭᠠᠳ ᠢᠯᠡᠭᠦᠦ ᠬᠥᠮᠦᠨ ᠴᠤᠭᠯᠠᠷᠠᠵᠤ᠂ ᠮᠣᠩᠭᠤᠯ ᠭᠡᠷ ᠪᠠᠭᠤᠯᠭᠠᠬᠤ᠂ | ᠲᠡᠮᠡᠭᠡ ᠪᠠᠷ ᠨᠡᠭᠦᠬᠦ᠂ᠮᠣᠩᠭᠤᠯ ᠭᠡᠷ ᠪᠠᠷᠢᠬᠤ ᠵᠡᠷᠭᠡ ᠨᠡᠭᠦᠳᠡᠯ ᠠᠮᠢᠳᠤᠷᠠᠯ ᠤᠨ ᠦᠢᠯᠡ ᠶᠠᠪᠤᠴᠠ ᠶᠢ ᠳᠠᠬᠢᠨ | ᠰᠡᠷᠭᠦᠭᠡᠭᠰᠡᠨ ᠨᠡᠭᠦᠳᠡᠯ ᠰᠣᠶᠣᠯ ᠤᠨᠦᠵᠡᠭᠦᠯᠭᠡ ᠪᠣᠯᠤᠯ᠎ᠠ᠃ | ᠲᠤᠰ ᠠᠵᠢᠯᠯᠠᠭ᠎ᠠ ᠶᠢᠨ ᠭᠤᠣᠯ ᠰᠠᠨᠠᠭᠠᠴᠢᠯᠠᠭᠴᠢ ᠮᠠᠯᠴᠢᠨ ᠠᠯᠲᠠᠨ᠋ᠠ᠋ᠭᠤᠯᠠ ᠶᠢᠨ | ᠢᠯᠡᠷᠬᠡᠶᠢᠯᠡᠭᠰᠡᠨ ᠢᠶᠠᠷ᠂ ᠡᠪᠦᠭᠡᠲ᠋ᠡᠭᠡᠳᠦᠰ ᠠᠴᠠ ᠤᠯᠠᠮᠵᠢᠯᠠᠭᠰᠠᠨ ᠨᠡᠭᠦᠳᠡᠯ ᠤᠨ ᠥᠪ ᠰᠣᠶᠣᠯ ᠢ ᠥᠪᠯᠡᠨ | ᠵᠠᠯᠭᠠᠮᠵᠢᠯᠠᠵᠤ᠂ ᠤᠷᠠᠳ ᠭᠤᠪᠢ ᠶᠢᠨ ᠤᠯᠠᠭᠠᠨᠲ᠋ᠡᠮᠡᠭᠡᠨ ᠤ ᠦᠢᠯᠡᠰ ᠤᠨ ᠨᠡᠶᠢᠭᠡᠮᠯᠢᠭ ᠤᠨ ᠲᠡᠷᠢᠭᠦᠯᠡᠭᠴᠢ᠂ | ᠣᠷᠣᠨ ᠤ ᠳᠡᠰ ᠤᠨ ᠲᠡᠮᠡᠭᠡ ᠮᠠᠯᠵᠢᠬᠤ ᠰᠣᠶᠣᠯ ᠤᠨ ᠥᠪᠯᠡᠨᠤᠯᠠᠮᠵᠢᠯᠠᠭᠴᠢ᠂ ᠰᠢᠨᠡᠤ᠋ᠰᠤ ᠭᠠᠴᠠᠭᠠᠨ ᠤ | ᠠᠵᠢᠯ ᠠᠴᠠ ᠪᠠᠨ ᠠᠮᠠᠷᠠᠭᠰᠠᠨ ᠱᠦᠵᠢ ᠪᠤᠶᠠᠨᠳᠡᠯᠭᠡᠷ ᠭᠤᠸᠠᠢ ᠲᠦᠷᠦᠭᠦᠲᠡᠢᠨᠤᠲᠤᠭ ᠤᠨ ᠠᠬᠠᠮᠠᠳ | ᠲᠣᠮᠣᠭᠠᠳ ᠠᠴᠠ ᠵᠢᠯᠣᠭᠤᠳᠤᠯᠭ᠎ᠠ ᠵᠥᠪᠯᠡᠮᠵᠢ ᠠᠪᠴᠤ᠂ ᠭᠠᠳᠠᠨ᠎ᠠ ᠪᠠᠨ ᠨᠥᠬᠦᠴᠡᠯ ᠪᠣᠯᠤᠮᠵᠢᠲᠠᠢᠪᠠᠶᠢᠳᠠᠯ | ᠳᠣᠣᠷ᠎ᠠ᠂ ᠥᠪᠡᠷ ᠤᠨ ᠪᠡᠶ᠎ᠡ ᠪᠠᠷ ᠢᠶᠠᠨ ᠨᠡᠭᠦᠳᠡᠯ ᠮᠠᠯᠵᠢᠯ ᠤᠨ ᠠᠮᠢᠳᠤᠷᠠᠯ ᠢ ᠳᠠᠬᠢᠨ ᠰᠡᠷᠭᠦᠭᠡᠵᠦ᠂ | ᠦᠷᠡᠬᠤᠶᠢᠴᠢᠰ ᠲᠠᠭᠠᠨ ᠶᠠᠭᠤ ᠨᠢᠭᠡ ᠶᠢ ᠬᠠᠳᠠᠭᠠᠯᠠᠨ ᠦᠯᠡᠳᠡᠭᠡᠬᠦ ᠵᠣᠷᠢᠯᠭ᠎ᠠ ᠪᠠᠷ ᠡᠨᠡ ᠠᠵᠢᠯᠯᠠᠭ᠎ᠠ ᠶᠢ ᠰᠡᠳᠦᠵᠦ | ᠬᠢᠭᠰᠡᠨ ᠪᠠᠶᠢᠨᠠᠭᠡᠵᠡᠢ᠃ | ᠠᠯᠲᠠᠨ᠋ᠠ᠋ᠭᠤᠯᠠ᠄ ︽ᠡᠨᠡ ᠤᠳᠠᠭ᠎ᠠ ᠮᠣᠩᠭᠤᠯ ᠭᠡᠷ ᠲᠡᠭᠡᠨ ᠶᠠᠭᠠᠬᠢᠵᠤ ᠠᠮᠢᠳᠤᠷᠠᠵᠤ ᠪᠠᠶᠢᠭ᠍ᠰᠠᠨ᠂ | ᠬᠠᠪᠤᠷ ᠲᠠᠭᠠᠨᠶᠠᠭᠠᠬᠢᠵᠤ ᠨᠡᠭᠦᠵᠦ ᠪᠠᠶᠢᠭᠰᠠᠨ᠂ ᠪᠠᠶᠢᠭᠠᠯᠢ ᠲᠠᠢ ᠪᠠᠨ ᠬᠡᠷᠬᠢᠨ ᠬᠠᠷᠢᠴᠠᠵᠤ ᠪᠠᠶᠢᠭᠰᠠᠨ ᠢ | ᠬᠠᠷᠠᠭᠤᠯᠬᠤ ᠪᠠᠷ ᠵᠣᠷᠢᠭᠰᠠᠨ ᠶᠤᠮ᠃ᠶᠡᠷᠦ ᠨᠢ ᠪᠢ ᠬᠡᠳᠦᠨ ᠵᠢᠯ ᠤᠨ ᠡᠮᠦᠨ᠎ᠡ ᠠᠴᠠ ᠴᠠᠭ ᠵᠠᠪ ᠲᠠᠢ ᠪᠣᠯ ᠡᠨᠡ | ᠠᠵᠢᠯ ᠢ ᠬᠢᠶ᠎ᠡ ᠭᠡᠵᠦ ᠪᠣᠳᠣᠵᠤ ᠢᠷᠡᠭᠰᠡᠨ ᠶᠤᠮ᠃ᠣᠳᠣ ᠠᠬᠠᠮᠠᠳ ᠪᠤᠭᠤᠷᠤᠯᠴᠤᠳ ᠯᠠᠭᠱᠠᠨ ᠲᠤᠩᠭᠠᠯᠠᠭ | ᠪᠠᠶᠢᠨ᠎ᠠ᠂ ᠭᠠᠳᠠᠨ᠎ᠠ ᠪᠠᠨ ᠪᠠᠰᠠ ᠬᠡᠳᠦᠨ ᠠᠴᠢᠶᠠᠨ ᠤ ᠲᠡᠮᠡᠭᠡ ᠪᠠᠶᠢᠨ᠎ᠠ᠂ᠲᠤᠰᠬᠠᠢ ᠰᠡᠭᠦᠳᠡᠷᠯᠡᠭᠴᠢ ᠨᠠᠷ ᠤᠨ ᠮᠠᠰᠢᠨ | ᠮᠡᠷᠭᠡᠵᠢᠯ ᠪᠠᠶᠢᠨ᠎ᠠ᠃ ᠲᠡᠭᠡᠬᠦᠯᠡᠷ ᠨᠥᠬᠦᠴᠡᠯ ᠪᠣᠯᠤᠮᠵᠢᠲᠠᠢ ᠳᠡᠭᠡᠷ᠎ᠡ ᠪᠠᠨ ᠬᠤᠷᠳᠤᠬᠠᠨᠠᠮᠵᠢᠭᠤᠯᠤᠶᠠ ᠭᠡᠰᠡᠨ ᠶᠤᠮ᠃ | ᠨᠢᠳᠤᠨᠤᠨ ᠬᠠᠪᠤᠷ ᠪᠢᠳᠡ ᠠᠶᠠᠨ ᠵᠢᠩ ᠤᠨ ᠲᠤᠬᠠᠢ ᠹᠢᠯᠢᠮ ᠰᠢᠩᠭᠡᠭᠡᠯᠲᠡ ᠬᠢᠯ᠎ᠡ᠃ᠳᠠᠷᠠᠭᠠᠴᠢ ᠪᠠᠷ ᠪᠠᠰᠠ | ᠭᠠᠵᠠᠷ ᠤᠰᠤᠨ ᠤ ᠨᠡᠷᠡᠶᠢᠳᠦᠯ ᠤᠨ ᠢᠷᠡᠯᠲᠡ᠂ ᠦᠦᠬᠡ ᠲᠡᠦᠬᠡ ᠶᠢ ᠹᠢᠯᠢᠮ ᠰᠢᠩᠭᠡᠭᠡᠯᠲᠡ ᠠᠪᠤᠨ᠎ᠠ᠃ᠨᠤᠲᠤᠭ ᠤᠨ | ᠡᠪᠡᠰᠦ ᠤᠷᠭᠤᠮᠠᠯ ᠤᠨ ᠲᠤᠬᠠᠢ ᠮᠠᠲ᠋ᠧᠷᠢᠶᠠᠯ ᠴᠤᠭᠯᠠᠭᠠᠨᠠ》 ᠭᠡᠵᠦ ᠪᠠᠶᠢᠯ᠎ᠠ᠃ | ᠮᠠᠯᠴᠢᠨ ᠠᠯᠲᠠᠨ᠋ᠠ᠋ᠭᠤᠯᠠ ᠶᠢᠨ ᠬᠢᠨ ᠭᠠᠳᠠᠨ᠎ᠠ ᠪᠠᠨ ᠳᠥᠴᠢᠭᠡᠳ ᠲᠡᠮᠡᠭᠡ ᠲᠠᠢ᠃ ᠲᠡᠷᠡ ᠦᠷᠭᠦᠯᠵᠢ | ᠶᠠᠭᠠᠬᠢᠵᠤᠪᠡᠯᠴᠢᠭᠡᠷ ᠢᠶᠠᠨ ᠰᠡᠷᠭᠦᠭᠡᠬᠦ᠂ ᠴᠥᠭᠡᠨ ᠮᠠᠯ ᠠᠴᠠ ᠢᠯᠡᠭᠦᠦ ᠠᠰᠢᠭ ᠬᠦᠷᠲᠡᠬᠦ᠂ ᠮᠠᠯᠴᠢᠳ ᠤᠨ ᠭᠠᠷᠬᠤ ᠵᠠᠮ | ᠬᠠᠮᠢᠭ᠎ᠠ ᠪᠠᠶᠢᠨᠠᠭᠡᠰᠡᠨ ᠢ ᠪᠣᠳᠣᠯᠬᠢᠯᠠᠵᠤ ᠶᠠᠪᠤᠳᠠᠭ ᠨᠢᠭᠡ᠃ ᠲᠡᠷᠡ ᠭᠠᠳᠠᠨ᠎ᠠ ᠪᠠᠨ ᠨᠢᠭᠡ ᠵᠠᠭ ᠤᠨ ᠬᠦᠷᠢᠶ᠎ᠡ ᠲᠠᠢ | ᠪᠠᠶᠢᠵᠤ ᠲᠡᠭᠦᠨ ᠢ ᠪᠠᠨ ᠬᠡᠳᠦᠨᠵᠢᠯ ᠮᠠᠯ ᠣᠷᠣᠭᠤᠯᠬᠤ ᠦᠭᠡᠢ ᠬᠠᠶᠢᠷᠠᠯᠠᠨ ᠬᠠᠮᠠᠭᠠᠯᠠᠭᠰᠠᠭᠠᠷ ᠢᠷᠡᠵᠦ᠂ ᠶᠠᠭ ᠭᠠᠳᠠᠭᠰᠢ | ᠶᠠᠪᠤᠬᠤ ᠤᠴᠢᠷ ᠲᠠᠢ ᠪᠣᠯ ᠪᠣᠲᠣᠭᠤ ᠲᠠᠢᠢᠩᠭᠡ ᠪᠠᠨ ᠵᠠᠭ ᠤᠨ ᠬᠦᠷᠢᠶ᠎ᠡ ᠳᠡᠭᠡᠨ ᠣᠷᠣᠭᠤᠯᠴᠢᠬᠠᠳᠠᠭ᠃ | ᠠᠯᠲᠠᠨ᠋ᠠ᠋ᠭᠤᠯᠠ ᠲᠡᠮᠡᠭᠡ ᠬᠠᠷᠢᠭᠤᠯᠬᠤ ᠶᠢᠨ ᠳᠠᠭᠠᠤ ᠰᠠᠭᠠᠯᠢ ᠪᠠᠷᠢᠭᠠᠳ ᠪᠠᠰᠠ ᠭᠤᠷᠪᠠᠨ ᠵᠢᠯ ᠤᠨ ᠨᠢᠭᠤᠷ | ᠦᠵᠡᠵᠦᠪᠠᠶᠢᠨᠠ᠃ ᠡᠬᠢᠨ ᠤ ᠵᠢᠯ ᠳᠡᠭᠡᠨ ᠲᠠᠪᠤ ᠳᠣᠯᠣᠭᠠᠨ ᠢᠩᠭᠡ ᠰᠠᠭᠠᠵᠤ᠂ ᠰᠦ ᠠᠶᠢᠷᠠᠭ ᠵᠶ᠋ᠠᠨᠥᠪᠡᠷ ᠢᠶᠠᠨ | ᠤᠤᠭᠤᠳᠠᠭ ᠪᠠᠶᠢᠭᠰᠠᠨᠪᠣᠯ ᠬᠤᠶᠠᠳᠤᠭᠠᠷ ᠵᠢᠯ ᠠᠴᠠ 11 ᠢᠩᠭᠡ ᠠᠴᠠ ᠡᠳᠦᠷ ᠤᠨ ᠬᠤᠷᠢᠭᠠᠳ ᠵᠢᠩ ᠰᠦ | ᠰᠠᠭᠠᠵᠤ ᠤᠤᠭᠤᠵᠤ ᠪᠠᠷᠠᠬᠤ ᠦᠭᠡᠢᠪᠣᠯᠬᠤᠷ ᠬᠤᠳᠠᠯᠳᠤᠵᠤ ᠡᠬᠢᠯᠡᠵᠡᠢ᠃ ᠲᠡᠭᠦᠨ ᠤ ᠬᠡᠯᠡᠬᠦ ᠪᠠᠷ ᠨᠠᠭᠠᠳᠤ | ᠵᠠᠬ᠎ᠠ ᠳᠠᠭᠠᠨ ᠪᠣᠷᠳᠤᠭ᠎ᠠ ᠡᠪᠡᠰᠦᠨ ᠤ ᠵᠣᠭᠤᠰ ᠢᠶᠠᠨ ᠣᠯᠵᠤᠢᠷᠡᠳᠡᠭ ᠪᠠᠶᠢᠨ᠎ᠠ᠃ ᠥᠨᠥ ᠵᠢᠯ ᠠᠴᠠ | ᠲᠤᠰᠬᠠᠢᠢᠯᠠᠨ ᠰᠠᠭᠠᠯᠢ ᠪᠠᠷᠢᠬᠤ ᠪᠠᠷ ᠰᠢᠢᠳᠴᠦ᠂ ᠬᠡᠳᠦᠨ ᠢᠩᠭᠡ ᠪᠠᠨᠬᠤᠳᠠᠯᠳᠤᠭᠰᠠᠨ ᠤ ᠳᠠᠷᠠᠭ᠎ᠠ ᠠᠯᠢ ᠪᠣᠯᠤᠮᠵᠢᠲᠠᠢ | ᠭᠡᠰᠡᠨ 7 ᠢᠩᠭᠡ ᠪᠠᠨ ᠦᠯᠡᠳᠡᠭᠡᠵᠦ ᠡᠷᠴᠢᠮ ᠲᠠᠢ ᠲᠡᠵᠢᠭᠡᠵᠦ ᠡᠬᠢᠯᠡᠵᠡᠢ᠃ᠣᠳᠣ ᠨᠢᠭᠡ ᠢᠩᠭᠡᠨ ᠠᠴᠠ | ᠡᠳᠦᠷ ᠤᠨ 3 ᠠᠴᠠ 4 ᠵᠢᠩ ᠰᠦ ᠰᠠᠭᠠᠵᠤ ᠦᠨᠳᠦᠰᠦᠨ ᠳᠡᠭᠡᠨ ᠪᠦᠬᠦᠨ ᠢ ᠬᠤᠳᠠᠯᠳᠤᠴᠢᠬᠠᠳᠠᠭᠪᠠᠶᠢᠨᠠ᠃ | ᠬᠠᠨᠠᠭᠠᠷ ᠠᠭᠤᠳᠠᠮ ᠬᠢᠯᠢ ᠨᠤᠲᠤᠭ ᠲᠠᠭᠠᠨ ᠭᠤᠪᠢ ᠶᠢᠨ ᠤᠯᠠᠭᠠᠨ ᠲᠡᠮᠡᠭᠡ ᠪᠠᠨ ᠥᠰᠭᠡᠵᠦ᠂ | ᠬᠠᠶᠢᠷᠠᠲᠠᠢᠮᠠᠯ ᠤᠨ ᠢᠶᠠᠨ ᠠᠰᠢᠭ ᠰᠢᠮ᠎ᠡ ᠪᠠᠷ ᠠᠮᠢᠳᠤᠷᠠᠯ ᠢᠶᠠᠨ ᠥᠭᠡᠳᠡ ᠪᠠᠨ ᠲᠠᠲᠠᠵᠤ᠂ ᠬᠠᠷᠢᠭᠤᠴᠠᠯᠭᠠᠲᠤ | ᠰᠡᠳᠭᠢᠯ ᠢᠶᠠᠷ ᠰᠣᠶᠣᠯᠲ᠋ᠡᠦᠬᠡ ᠪᠠᠨ ᠥᠪᠯᠡᠨ ᠤᠯᠠᠮᠵᠢᠯᠠᠵᠤ ᠶᠠᠪᠤᠭ᠎ᠠ ᠬᠠᠰᠢᠷ ᠮᠠᠯᠴᠢᠨ ᠠᠯᠲᠠᠨ᠋ᠠ᠋ᠭᠤᠯᠠ ᠳᠠᠭᠠᠨ | ᠠᠯᠢᠪᠠ ᠰᠠᠶᠢᠨ ᠰᠠᠶᠢᠬᠠᠨ ᠢ ᠬᠦᠰᠡᠨᠵᠥ᠋ᠩᠨᠡᠶᠡ᠃ | ᠪᠠᠶᠠᠨᠨᠠᠭᠤᠷ ᠤᠨ ᠡᠳᠦᠷ ᠤᠨ ᠰᠣᠨᠢᠨ ᠤ ᠬᠤᠷᠢᠶᠠᠨ ᠤ ᠰᠤᠷᠪᠤᠯᠵᠢᠯᠠᠭᠴᠢ ᠴᠡᠯᠡᠭᠡᠷ ᠭᠠᠯᠲᠠᠢ ᠰᠦᠨᠳᠡᠷ |