ᠰᠤᠷᠪᠤᠯᠵᠢᠯᠠᠭᠴᠢ ᠡᠷᠳᠡᠨᠢᠠᠠᠭᠤᠯᠠ ᠴᠢᠮᠡᠭᠡᠯᠡᠭᠴᠢ ᠡᠷᠳᠡᠨᠢᠬᠦᠦ | ᠰᠢᠨ᠎ᠠ ᠤᠨ ᠡᠬᠢᠯᠡᠭᠰᠡᠨ ᠠᠴᠠ ᠨᠠᠭᠠᠰᠢ ︽ᠡᠵᠡᠨ᠎ᠠ ᠨᠤᠳᠤᠭ︾ ᠸᠢᠴᠠᠲ ᠬᠤᠯᠪᠤᠭ᠎ᠠ ᠳᠤ ︽ᠴᠠᠭᠠᠨ | ᠰᠠᠷ᠎ᠠ ᠵᠢᠨᠦᠳᠡᠰᠢᠯᠡᠭᠡ︾᠂ ︽ᠤᠨᠢᠰᠤᠭ᠎ᠠ ᠳᠠᠭᠠᠬᠤ︾ ᠵᠡᠷᠬᠡ ᠶᠢᠨ ᠤᠯᠠᠨ ᠵᠦᠢᠯ ᠤᠨ ᠰᠤᠶᠤᠯ ᠤᠨ ᠠᠵᠢᠯᠯᠠᠭ᠎ᠠ | ᠳᠠᠰᠤᠷᠠᠯᠳᠠ ᠦᠬᠡᠢᠶᠠᠪᠤᠭᠳᠠᠵᠦ ᠤᠯᠠᠮᠵᠢᠯᠠᠯᠳᠤ ᠰᠤᠶᠤᠯ ᠤᠨ ᠤᠶᠤᠨ ᠤ ᠰᠢᠮ᠎ᠠ ᠶᠢ ᠦᠵᠡᠭᠴᠢ ᠤᠯᠠᠨ ᠳᠠᠭᠠᠨ | ᠬᠦᠷᠳᠡᠬᠡᠨ᠎ᠠ᠃ ᠡᠨᠡᠬᠦ ᠰᠠᠶᠢᠬᠠᠨᠪᠤᠶᠠᠨᠳᠤ ᠠᠵᠢᠯᠯᠠᠭ᠎ᠠ ᠶᠢ ᠦᠷᠨᠢᠬᠦᠯᠵᠦ ᠪᠠᠶᠢᠭ᠎ᠠ ᠬᠤᠯᠪᠤᠭ᠎ᠠ ᠶᠢᠨ ᠠᠬᠠᠯᠠᠭᠴᠢ ᠶᠢ | ᠪᠤᠶᠠᠨᠵᠢᠷᠭᠠᠯ ᠬᠡᠳᠡᠭ 76 ᠨᠠᠰᠤᠳᠠᠢ ᠨᠠᠰᠤᠳᠠᠨᠪᠠᠶᠢᠭᠠ ᠶᠤᠮ᠃ | ᠪᠤᠶᠠᠨᠵᠢᠷᠭᠠᠯ᠂ ᠡᠵᠡᠨ᠎ᠠ ᠬᠤᠰᠢᠭᠤᠨ ᠤ ᠰᠠᠶᠢᠬᠠᠨᠳᠤᠤᠷᠠᠢ ᠰᠤᠮᠤᠨ ᠤ ︵ᠤᠯᠠᠭᠠᠬᠤᠳᠤᠨ ᠪᠠᠷᠢᠭᠠᠳᠠ︶ | ᠤᠤᠭᠠᠯ᠃ ᠳᠡᠷᠡᠭᠠᠨᠰᠦ ᠮᠤᠵᠢ ᠶᠢᠨ ᠮᠠᠯ ᠳᠠᠷᠢᠶᠠᠯᠠᠩ ᠤᠨ ᠰᠤᠷᠭᠠᠭᠤᠯᠢ ᠳᠤ ᠮᠠᠯ ᠡᠮᠨᠡᠯᠬᠡ ᠰᠤᠷᠴᠦ᠂ ᠦᠪᠦᠷ | ᠮᠤᠩᠭᠤᠯ ᠤᠨ ᠶᠡᠭᠡ ᠰᠤᠷᠭᠠᠭᠤᠯᠢᠵᠢᠨ ᠮᠤᠩᠭᠤᠯ ᠬᠡᠯᠡ ᠤᠳᠬ᠎ᠠ ᠵᠤᠬᠢᠶᠠᠯ ᠤᠨ ᠰᠠᠯᠪᠤᠷᠢ ᠶᠢᠨ ᠶᠡᠭᠡ ᠰᠤᠷᠭᠠᠭᠤᠯᠢ | ᠶᠢᠨ ᠵᠢᠩᠬᠢᠨᠢ ᠠᠩᠬᠢ ᠠᠴᠠ ᠳᠡᠬᠦᠰᠦᠭᠰᠡᠨᠡᠵᠡᠨᠠ ᠨᠤᠳᠤᠭ ᠤᠨ ᠰᠡᠬᠡᠬᠡᠳᠡᠨ ᠤ ᠨᠢᠬᠡ᠃ ᠰᠠᠶᠢᠬᠠᠨᠳᠤᠤᠷᠠᠢ | ᠰᠤᠮᠤᠨ ᠳᠤ ᠠᠵᠢᠯ ᠤᠨ ᠠᠩᠬᠠᠨ ᠤ ᠭᠠᠷᠤᠭ᠎ᠠ ᠪᠠᠨ ᠠᠪᠴᠦ᠂ᠤᠷᠢᠳ ᠬᠤᠵᠢᠳ ᠵᠢᠷᠭᠠᠯᠠᠩᠳᠤ ᠰᠤᠮᠤ᠂ ᠬᠤᠰᠢᠭᠤᠨ | ᠤ ᠪᠠᠶᠢᠴᠠᠭᠠᠬᠤ ᠬᠤᠷᠢᠶ᠎ᠠ᠂ ᠬᠠᠤᠯᠢ ᠴᠠᠭᠠᠵᠠ ᠶᠢᠨ ᠳᠤᠪᠴᠢᠶ᠎ᠠ᠂ ᠤᠯᠤᠰᠲ᠋ᠦ᠋ᠷᠦ ᠬᠠᠤᠯᠢ ᠴᠠᠭᠠᠵᠠ ᠶᠢᠨ ᠬᠤᠷᠢᠶ᠎ᠠ | ᠶᠢᠨ ᠤᠳᠤᠷᠢᠳᠤᠯᠭ᠎ᠠ ᠪᠠᠷ ᠠᠵᠢᠯᠯᠠᠵᠦ ᠪᠠᠶᠢᠭᠠᠳ 2000 ᠤᠨ ᠳᠤ ᠠᠵᠢᠯ ᠤᠨᠠᠮᠠᠷᠠᠯᠳᠠ ᠪᠠᠨ ᠠᠪᠤᠭᠰᠠᠨ | ᠪᠠᠶᠢᠨ᠎ᠠ᠃ ᠬᠤᠷᠢᠭᠠᠳ ᠵᠢᠯ ᠬᠠᠤᠯᠢ ᠴᠠᠭᠠᠵᠠ ᠶᠢᠨ ᠠᠵᠢᠯ ᠬᠢᠵᠦ ᠶᠠᠪᠤᠬᠤ ᠳᠠᠭᠠᠨ᠂ ᠪᠡᠬᠡᠵᠢᠩ ᠤᠨᠬᠠᠤᠯᠢ ᠴᠠᠭᠠᠵᠠ | ᠶᠢᠨ ᠶᠡᠭᠡ ᠰᠤᠷᠭᠠᠭᠤᠯᠢ᠂ ᠦᠪᠦᠷ ᠮᠤᠩᠭᠤᠯ ᠤᠨ ᠬᠠᠤᠯᠢ ᠴᠠᠭᠠᠵᠠ ᠶᠢᠨ ᠰᠤᠷᠭᠠᠭᠤᠯᠢ ᠳᠤ ᠰᠤᠷᠤᠯᠴᠠᠵᠦ᠂ᠬᠠᠤᠯᠢ | ᠶᠢᠨ ᠮᠡᠳᠡᠯᠬᠡ ᠪᠠᠨ ᠳᠡᠭᠡᠭᠰᠢᠯᠡᠬᠦᠯᠵᠦ ᠪᠠᠶᠢᠭᠰᠠᠨ ᠪᠦᠬᠡᠳ ᠨᠢᠬᠡ᠂ ᠬᠤᠶᠠᠷ᠂ ᠭᠤᠷᠪᠠᠳᠤᠭᠠᠷ ᠳᠠᠪᠤᠨ ᠵᠢᠯ ᠤᠨ | ᠬᠠᠤᠯᠢᠲ᠋ᠦ᠋ᠬᠡᠮᠡᠯᠵᠢᠬᠦᠯᠬᠦ ᠠᠵᠢᠯ ᠳᠤ ᠰᠢᠭᠤᠷᠬᠠᠶᠢᠯᠠᠨ ᠠᠵᠢᠯᠯᠠᠵᠦ᠂ ᠤᠷᠤᠨ ᠠᠶᠢᠮᠠᠭ ᠤᠨ ᠬᠠᠤᠯᠢ | ᠳᠦᠬᠡᠮᠡᠯᠵᠢᠬᠦᠯᠦᠭᠰᠡᠨ ᠳᠡᠷᠢᠬᠦᠨ ᠤᠬᠤᠪᠢ ᠬᠦᠮᠦᠨ ᠢᠶᠠᠷ ᠬᠦᠬᠢᠬᠦᠯᠦᠭᠳᠡᠵᠦ ᠶᠠᠪᠤᠭᠰᠠᠨ ᠳᠡᠦᠬᠡ ᠲᠠᠢ᠃ | ᠪᠤᠶᠠᠨᠵᠢᠷᠭᠠᠯ ᠨᠠᠰᠤᠳᠠᠨ ᠠᠵᠢᠯ ᠤᠨ ᠠᠮᠠᠷᠠᠯᠳᠠ ᠠᠪᠤᠭᠰᠠᠨ ᠤ ᠳᠠᠷᠠᠭ᠎ᠠ ᠤᠯᠠᠮᠵᠢᠯᠠᠯᠳᠤ ᠰᠤᠶᠤᠯ ᠤᠨ | ᠬᠡᠭᠡᠭᠳᠡᠵᠦᠤᠷᠬᠢᠭᠳᠠᠵᠦ ᠪᠠᠶᠢᠭ᠎ᠠ ᠶᠢ ᠬᠠᠷᠠᠭᠠᠳ᠂ ᠦᠪ ᠰᠤᠶᠤᠯ ᠢᠶᠠᠨ ᠦᠪᠯᠡᠵᠦ ᠵᠠᠯᠭᠠᠮᠵᠢᠯᠠᠬᠤ ᠳᠠᠯ᠎ᠠ ᠪᠠᠷ ᠶᠠᠭᠤ | ᠨᠢᠬᠡ ᠶᠢ ᠬᠢᠵᠦᠤᠷᠤᠯᠳᠤᠬᠤ ᠶᠢ ᠬᠦᠰᠡᠭᠡᠭᠰᠡᠬᠡᠷ ᠢᠷᠡᠵᠡᠢ᠃ ᠤᠶᠢᠷ᠎ᠠ ᠶᠢᠨ ᠵᠢᠯ ᠳᠤ ᠤᠶᠤᠨᠳᠦ ᠭᠠᠷ ᠤᠳᠠᠰᠤᠨ ᠤ | ᠬᠡᠷᠡᠭᠯᠡᠯᠳᠡ ᠳᠦᠬᠡᠮᠡᠯᠵᠢᠯᠳᠡᠪᠠᠷ ᠳᠠᠮᠵᠢᠨ ᠴᠠᠬᠢᠮ ᠶᠢᠷᠳᠢᠨᠴᠦ ᠨᠢ ᠬᠦᠮᠦᠰ ᠤᠨ ᠠᠮᠢᠳᠤᠷᠠᠯ ᠳᠤ ᠳᠤᠳᠠᠭᠳᠠᠵᠦ ᠪᠤᠯᠬᠤ | ᠦᠬᠡᠢ ᠵᠦᠢᠯ ᠪᠤᠯᠵᠡᠢ᠃ ᠡᠬᠦᠨ ᠤᠲ᠋ᠤᠳᠤᠷᠠ ᠸᠢᠴᠠᠲ ᠬᠤᠯᠪᠤᠭ᠎ᠠ ᠨᠢ ᠤᠯᠠᠨ ᠲᠦᠮᠡᠨ ᠤ ᠴᠢᠬᠤᠯᠠ ᠨᠢᠬᠡᠨ | ᠴᠤᠭᠯᠠᠷᠠᠯ ᠤᠨ ᠭᠠᠵᠠᠷ ᠪᠠᠶᠢᠭ᠎ᠠ ᠶᠢ ᠠᠵᠢᠭᠯᠠᠵᠦᠦᠵᠡᠬᠡᠳ᠂ ᠬᠤᠯᠪᠤᠭ᠎ᠠ ᠪᠠᠷ ᠳᠠᠮᠵᠢᠨ ᠵᠤᠬᠢᠬᠤ ᠬᠡᠮᠵᠢᠶᠠᠨ ᠤ | ᠠᠵᠢᠯ ᠢ ᠬᠢᠵᠦ ᠪᠤᠯᠤᠮᠠᠷ ᠰᠠᠨᠠᠭᠳᠠᠵᠡᠢ᠃ 2019 ᠤᠨ ᠡᠴᠠᠡᠬᠢᠯᠠᠨ ᠸᠢᠴᠠᠲ ᠬᠤᠯᠪᠤᠭ᠎ᠠ ᠪᠠᠶᠢᠭᠤᠯᠤᠨ᠂ ᠵᠤᠷᠢᠯᠭ᠎ᠠ | ᠲᠠᠢ ᠪᠠᠷ ᠤᠷᠤᠯᠳᠤᠭᠠᠨ᠂ ᠳᠡᠯᠬᠡᠴᠡ᠂ ᠦᠵᠡᠬᠦᠯᠬᠡ ᠵᠡᠷᠬᠡ ᠤᠯᠠᠨ ᠵᠦᠢᠯᠤᠨ ᠠᠷᠭ᠎ᠠ ᠬᠡᠯᠪᠡᠷᠢ ᠤᠯᠠᠨ ᠵᠦᠢᠯ ᠤᠨ | ᠠᠭᠤᠯᠭ᠎ᠠ ᠰᠡᠳᠦᠪ ᠢᠶᠠᠷ ᠦᠪ ᠰᠤᠶᠤᠯ ᠢᠶᠠᠨ ᠳᠡᠯᠬᠡᠨ ᠦᠵᠡᠬᠦᠯᠵᠦ᠂ ᠮᠠᠷᠳᠠᠭᠳᠠᠵᠦᠬᠡᠭᠡᠭᠳᠡᠵᠦ ᠪᠠᠶᠢᠭ᠎ᠠ ᠵᠦᠢᠯ ᠢ | ᠤᠯᠠᠮᠵᠢᠯᠠᠵᠦ ᠮᠡᠳᠡᠬᠦᠯᠬᠦ ᠪᠠᠷ ᠵᠤᠷᠢᠵᠡᠢ᠃ | ︽ᠮᠠᠨ ᠤ ᠮᠤᠩᠭᠤᠯ ᠦᠨᠳᠦᠰᠦᠳᠡᠨ ᠪᠤᠯ ᠳᠠᠭᠤᠴᠢ ᠪᠦᠵᠢᠭᠴᠢ ᠰᠢᠯᠦᠭᠴᠢ ᠦᠨᠳᠦᠰᠦᠳᠡᠨ᠂ | ᠪᠠᠶᠠᠯᠢᠭᠰᠠᠶᠢᠬᠠᠨᠰᠤᠶᠤᠯ ᠲᠠᠢ ᠦᠨᠳᠦᠰᠦᠳᠡᠨ᠃ ᠬᠡᠪᠡᠴᠦ ᠤᠳᠤ ᠮᠠᠰᠢ ᠤᠯᠠᠨ ᠰᠤᠶᠤᠯ ᠮᠠᠷᠳᠠᠭᠳᠠᠵᠦ ᠪᠠᠶᠢᠨ᠎ᠠ᠃ | ᠠᠷᠠᠳ ᠤᠨ ᠳᠠᠭᠤᠤᠪᠠᠷ ᠵᠢᠱᠢᠶᠡᠯᠡᠪᠡᠯ᠂ ᠮᠠᠨ ᠤ ᠳᠡᠬᠡᠳᠦ ᠦᠶ᠎ᠠ ᠶᠢᠨ ᠬᠢᠨ ᠤ ᠳᠠᠭᠤᠯᠠᠵᠦ ᠪᠠᠶᠢᠭᠰᠠᠨ ᠳᠡᠷᠡ | ᠰᠠᠶᠢᠬᠠᠨᠤᠷᠳᠦ ᠶᠢᠨ ᠳᠠᠭᠤᠤ ᠨᠤᠭᠤᠳᠢ ᠳᠠᠭᠤᠯᠠᠵᠦ ᠴᠢᠳᠠᠬᠤ ᠬᠦᠮᠦᠨ ᠴᠦᠬᠡᠷᠡᠵᠡᠢ᠃ ᠡᠬᠦᠨ ᠳᠤ ᠴᠢᠭᠯᠡᠬᠦᠯᠦᠬᠡᠳ | ᠳᠤᠰᠬᠠᠶᠢᠯᠠᠨ ᠳᠠᠭᠤᠤ ᠪᠦᠵᠢᠭ ᠤᠨ ᠬᠤᠯᠪᠤᠭ᠎ᠠ ᠵᠢᠪᠠᠶᠢᠭᠤᠯᠪᠠ᠃ ᠢᠩᠬᠢᠬᠡᠳ ᠮᠠᠰᠢ ᠠᠷᠪᠢᠨ ᠬᠦᠮᠦᠰ ᠤᠨ | ᠬᠦᠷᠢᠶᠡᠯᠡᠯ ᠢ ᠤᠯᠵᠤ᠂ 500 ᠬᠡᠰᠢᠬᠦᠨᠲ᠋ᠠᠢ ᠳᠦᠬᠦᠷᠡᠩ ᠬᠤᠯᠪᠤᠭᠠᠪᠤᠯᠤᠭᠰᠠᠨ ᠢᠶᠠᠷ ᠬᠤᠶᠠᠳᠤᠭᠠᠷ ᠬᠤᠯᠪᠤᠭ᠎ᠠ ᠶᠢ | ᠴᠦ ᠪᠠᠶᠢᠭᠤᠯᠤᠭᠰᠠᠨ ᠪᠠᠶᠢᠨ᠎ᠠ᠃ ︿ ᠳᠦᠮᠡᠨ ᠮᠡᠳᠡᠯᠬᠡ ᠬᠤᠯᠪᠤᠭ᠎ᠠ ﹀᠂ ︿ᠨᠠᠶᠢᠵᠠ ᠶᠢᠨ ᠬᠤᠯᠪᠤᠭ᠎ᠠ﹀ ᠳᠤ | ᠠᠷᠠᠳ ᠤᠨ ᠳᠠᠭᠤᠴᠢᠳ ᠢ ᠵᠤᠬᠢᠶᠠᠨ ᠪᠠᠶᠢᠭᠤᠯᠤᠨ᠂ ᠨᠢᠬᠡ ᠬᠦᠮᠦᠨ ᠨᠠᠶᠠᠨ ᠳᠠᠭᠤᠤ ᠳᠠᠭᠤᠯᠠᠬᠤᠤᠷᠤᠯᠳᠤᠭᠠᠨ ᠢ | ᠶᠠᠪᠤᠭᠳᠠᠭᠤᠯᠵᠠᠢ᠃ ᠡᠬᠦᠨ ᠳᠤ ᠨᠠᠢᠮᠠᠨ ᠮᠤᠵᠢ ᠤᠷᠤᠨ ᠤ 246 ᠠᠷᠠᠳ ᠤᠨ ᠳᠠᠭᠤᠴᠢᠨ ᠨᠡᠷ᠎ᠠ ᠮᠡᠳᠡᠬᠦᠯᠵᠦ᠂ᠬᠦᠮᠦᠨ | ᠪᠦᠷᠢ 80 ᠳᠠᠭᠤᠤ ᠶᠢᠨ ᠰᠢᠩᠭᠡᠭᠡᠯᠳᠡ ᠪᠠᠨ ᠭᠠᠷᠭᠠᠭᠠᠳ᠂ ᠨᠡᠶᠢᠳᠡ19680 ᠳᠠᠭᠤᠤ ᠶᠢ ᠳᠠᠭᠤᠯᠠᠭᠰᠠᠨ ᠪᠠᠶᠢᠪᠠ᠃ | ᠳᠠᠷᠠᠭᠠᠴᠢ ᠪᠠᠷ ᠨᠢ 60 ᠳᠠᠭᠤᠤ᠂ 40 ᠳᠠᠭᠤᠤ᠂ 20 ᠳᠠᠭᠤᠤ ᠳᠠᠭᠤᠯᠠᠬᠤ ᠪᠠᠭ᠎ᠠ ᠬᠡᠮᠵᠢᠶᠠᠨ ᠤ ᠤᠷᠤᠯᠳᠤᠭᠠᠨ ᠢ | ᠤᠯᠠᠨᠤᠳᠠᠭᠠ ᠦᠷᠨᠢᠬᠦᠯᠦᠭᠰᠡᠨ ᠶᠤᠮ᠃ ᠡᠬᠦᠨ ᠢᠶᠠᠷ ᠳᠠᠮᠵᠢᠭᠤᠯᠤᠨ᠂ ᠳᠠᠭᠤᠤ ᠮᠡᠳᠡᠳᠡᠭ ᠦᠬᠡᠢ ᠨᠢᠬᠡ ᠨᠢ | ᠳᠠᠭᠤᠤ ᠰᠤᠷᠤᠭᠠᠳᠠᠪᠤᠪᠠ᠂ ᠳᠠᠭᠤᠤ ᠪᠠᠨ ᠮᠡᠷᠳᠡᠭᠰᠡᠨ ᠨᠢᠬᠡ ᠨᠢ ᠳᠠᠭᠤᠤ ᠶᠢᠨ ᠦᠬᠡ ᠠᠶ᠎ᠠ ᠪᠠᠨ ᠰᠡᠷᠬᠦᠬᠡᠳ | ᠠᠪᠤᠪᠠ᠂ ᠮᠡᠨ ᠤ ᠮᠠᠷᠳᠠᠭᠳᠠᠵᠦᠬᠡᠬᠡᠭᠳᠡᠵᠦ ᠪᠠᠶᠢᠭᠰᠠᠨ ᠤᠷᠳᠤ ᠶᠢᠨ ᠳᠠᠭᠤᠤ ᠰᠡᠷᠬᠦᠬᠡᠳ ᠢᠷᠡᠭᠰᠡᠨ ᠰᠠᠶᠢᠬᠠᠨ | ᠠᠮᠵᠢᠯᠳᠠ ᠶᠢ ᠤᠯᠵᠡᠢ︾ ᠬᠡᠵᠦ ᠪᠤᠶᠠᠨᠵᠢᠷᠭᠠᠯᠨᠠᠰᠤᠳᠠᠨ ᠳᠠᠨᠢᠯᠴᠠᠭᠤᠯᠤᠯ᠎ᠠ᠃ | ︽ᠮᠠᠨ ᠤ ᠦᠨᠳᠦᠰᠦᠳᠡᠨ ᠳᠤ ᠭᠠᠷ ᠤᠷᠠᠨ ᠬᠦᠮᠦᠰ ᠤᠯᠠᠨ ᠪᠠᠶᠢᠳᠠᠭ᠃ ᠤᠷᠠᠴᠤᠳ | ᠳᠠᠷᠬᠠᠨᠴᠤᠳ ᠤᠨᠪᠦ᠋ᠳᠦᠭᠡᠭᠰᠡᠨ ᠮᠠᠰᠢ ᠰᠠᠶᠢᠬᠠᠨ ᠭᠠᠷ ᠤᠷᠠᠯᠠᠯ ᠤᠨ ᠰᠤᠶᠤᠯ ᠮᠠᠨᠢ ᠤᠳᠤ ᠤᠯᠠᠨ ᠵᠦᠢᠯ ᠨᠢ | ᠬᠡᠭᠡᠭᠳᠡᠵᠦ ᠮᠠᠷᠳᠠᠭᠳᠠᠵᠦ ᠪᠠᠶᠢᠨ᠎ᠠ᠃ᠡᠶᠢᠮᠦᠷᠬᠦ ᠪᠠᠶᠢᠳᠠᠯ ᠳᠤ ᠴᠢᠭᠯᠡᠬᠦᠯᠦᠨ᠂ ᠭᠠᠷ ᠤᠷᠠᠯᠠᠯ ᠤᠨ ᠦᠵᠡᠬᠦᠯᠬᠡ ᠶᠢ ︿ | ᠳᠦᠮᠡᠨ ᠮᠡᠳᠡᠯᠬᠡ﹀ ᠸᠢᠴᠠᠲ ᠬᠤᠯᠪᠤᠭ᠎ᠠ ᠲᠡᠭᠡᠷᠠᠨᠢᠳᠤᠨᠤᠨ ᠠᠩᠬ᠎ᠠ ᠤᠳᠠᠭ᠎ᠠ ᠬᠢᠭᠰᠡᠨ ᠶᠤᠮ᠃ 145 ᠬᠦᠮᠦᠨ | ᠨᠡᠷ᠎ᠠ ᠮᠡᠳᠡᠬᠦᠯᠦᠨ᠂ ᠦᠪᠡᠷ ᠦᠪᠡᠷ ᠤᠨ ᠤᠷᠠᠨ ᠪᠦᠳᠦᠬᠡᠯᠵᠢᠠᠨ ᠭᠠᠷᠭᠠᠵᠦ ᠦᠵᠡᠬᠦᠯᠦᠬᠡᠳ᠂ ᠨᠡᠶᠢᠬᠡᠮ ᠨᠡᠶᠢᠳᠡ | ᠶᠢᠨ ᠠᠩᠬᠠᠷᠤᠯ ᠢ ᠳᠠᠳᠠᠵᠦ᠂ ᠬᠦᠮᠦᠰ ᠤᠨ ᠪᠠᠭ᠋ᠠᠷᠬᠠᠯ ᠪᠢᠰᠢᠷᠠᠯ ᠢᠤᠯᠤᠭᠰᠠᠨ ᠪᠠᠶᠢᠨ᠎ᠠ᠃ ᠬᠤᠯᠪᠤᠭ᠎ᠠ ᠶᠢᠨ | ᠠᠬᠠᠯᠠᠭᠴᠢ ᠪᠤᠯᠤᠭᠰᠠᠨ ᠬᠤᠪᠢ ᠳᠤ ᠪᠢ ᠡᠳᠡᠬᠡᠷ ᠤᠷᠠᠨ ᠠᠪᠢᠶᠠᠰᠳᠠᠨ ᠳᠤ ᠦᠨᠳᠦᠷᠴᠤᠯᠠ ᠲᠠᠢ ᠭᠤᠶᠤ ᠬᠢᠴᠠ | ᠲᠠᠢ ᠬᠡᠮᠡᠷᠯᠢᠭ ᠳᠤᠭ ᠢ ᠬᠦᠮᠦᠨ ᠪᠦᠷᠢ ᠳᠤ ᠬᠦᠷᠬᠡᠵᠦ᠂ ᠤᠷᠮᠠᠰᠢᠭᠤᠯᠵᠤ ᠵᠤᠷᠢᠭᠵᠢᠭᠤᠯᠤᠭᠰᠠᠨᠪᠢᠯᠡ᠃ ᠡᠨᠡ ᠨᠢ | ᠨᠡᠶᠢᠬᠡᠮ ᠨᠡᠶᠢᠳᠠ ᠶᠢᠨ ᠠᠩᠬᠠᠷᠤᠯ ᠢ ᠳᠠᠳᠠᠵᠦ᠂ ᠠᠯᠠᠱᠠ ᠠᠶᠢᠮᠠᠭ ᠤᠨ ᠬᠠᠮ ᠵᠠᠭᠤᠴᠢᠯᠠᠭᠤᠷ ᠤᠨ ᠳᠦᠪ᠂ᠳᠦᠪ | ᠤᠨ ᠠᠷᠠᠳ ᠤᠨ ᠷᠠᠳᠢᠤ᠋ ᠬᠤᠷᠢᠶ᠎ᠠ ᠵᠡᠷᠬᠡ ᠵᠠᠭᠤᠴᠢᠯᠠᠭᠤᠷ ᠤᠨ ᠮᠡᠳᠡᠬᠡᠯᠡᠯ ᠬᠢᠭᠰᠡᠨ ᠢᠶᠠᠷ ᠡᠨᠡᠬᠦ ᠰᠤᠶᠤᠯ ᠤᠨ | ᠠᠵᠢᠯᠯᠠᠭᠠᠵᠢᠨ ᠨᠡᠷ᠎ᠠ ᠨᠦᠯᠦᠬᠡ ᠶᠡᠬᠡᠪᠡᠷ ᠨᠡᠮᠡᠭᠳᠡᠵᠡᠢ᠃ ᠢᠩᠬᠢᠬᠡᠳ ᠭᠠᠷ ᠤᠷᠠᠯᠠᠯ ᠤᠨ ᠦᠵᠡᠬᠦᠯᠬᠡ ᠪᠠᠨ | ᠭᠠᠷᠭᠠᠬᠤ ᠬᠡᠰᠡᠨ ᠬᠦᠮᠦᠰᠤᠯᠠᠮ ᠢᠶᠠᠷ ᠠᠷᠪᠢᠳᠴᠦ᠂ ᠨᠢᠳᠤᠨᠤᠨ ᠵᠤᠨᠬᠤᠶᠠᠳᠠᠬᠢ ᠤᠳᠠᠭᠠᠨ ᠤ ᠭᠠᠷ ᠤᠨ | ᠦᠵᠡᠬᠦᠯᠬᠡ ᠶᠢ ︿ ᠳᠦᠮᠡᠨ ᠮᠡᠳᠡᠯᠬᠡ ﹀ᠨᠢᠬᠡᠳᠦᠬᠡᠷ᠂ ᠬᠤᠶᠠᠳᠤᠭᠠᠷ ᠬᠤᠯᠪᠤᠭ᠎ᠠ ᠳᠡᠬᠡᠷ᠎ᠠ ᠵᠤᠬᠢᠶᠠᠨ ᠪᠠᠶᠢᠭᠤᠯᠵᠤ᠂ | ᠨᠠᠢᠮᠠᠨ ᠮᠤᠵᠢ ᠤᠷᠤᠨ ᠤ 320 ᠭᠠᠷ ᠤᠷᠠᠯᠢᠭᠴᠢᠨ ᠤᠤᠷᠠᠨ ᠪᠦᠳᠦᠬᠡᠯ ᠢ ᠳᠡᠯᠬᠡᠨ ᠦᠵᠡᠬᠦᠯᠵᠡᠢ᠃ ᠳᠤᠰᠪᠤᠷᠢ | 500 ᠬᠡᠰᠢᠬᠦᠨ ᠲᠠᠢ ᠡᠨᠡᠬᠦ ᠬᠤᠶᠠᠷ ᠬᠤᠯᠪᠤᠭ᠎ᠠ ᠳᠤ ᠰᠢᠨᠠᠬᠡᠰᠢᠬᠦᠨ ᠪᠠᠭᠳᠠᠵᠦ ᠤᠷᠤᠵᠤ ᠢᠷᠡᠬᠡᠳ | ᠪᠦᠳᠦᠬᠡᠯ ᠢᠶᠠᠨ ᠭᠠᠷᠭᠠᠵᠦ ᠳᠡᠶᠢᠯᠬᠦ ᠦᠬᠡᠢ ᠪᠤᠯᠬᠤᠷ ᠨᠢᠳᠤᠨᠤᠨ ᠤ ᠵᠢᠯ ᠤᠨ ᠡᠴᠤᠰᠲ᠋ᠣ ᠳᠠᠬᠢᠨ ︿ᠡᠵᠡᠨ᠎ᠠ | ᠨᠤᠳᠤᠭ﹀ ᠬᠤᠯᠪᠤᠭ᠎ᠠ ᠳᠡᠬᠡᠷ᠎ᠠ ᠭᠤᠷᠪᠠᠳᠠᠬᠢ ᠤᠳᠠᠭᠠᠨ ᠤ ᠭᠠᠷ ᠤᠷᠠᠯᠠᠯ ᠤᠨ ᠳᠡᠯᠬᠡᠨ ᠦᠵᠡᠬᠦᠯᠬᠡᠭᠠᠷᠭᠠᠵᠦ᠂ | 96 ᠤᠷᠠᠨ ᠠᠪᠢᠶᠠᠰᠳᠠᠨ ᠤ ᠪᠦᠳᠦᠬᠡᠯ ᠢ ᠳᠡᠯᠬᠡᠨ ᠦᠵᠡᠬᠦᠯᠦᠭᠰᠡᠨ ᠶᠤᠮ᠃ ᠭᠤᠷᠪᠠᠨ ᠤᠳᠠᠭᠠᠨ ᠤ | ᠦᠵᠡᠬᠦᠯᠬᠡᠳᠥ561 ᠬᠦᠮᠦᠨ ᠤ ᠤᠷᠠᠨ ᠠᠪᠢᠶᠠᠰ ᠢ ᠦᠵᠡᠬᠦᠯᠬᠦ ᠪᠠᠷ ᠳᠠᠮᠵᠢᠨ ᠮᠠᠨ ᠤ ᠦᠨᠳᠦᠰᠦᠳᠡᠨ ᠤ ᠭᠠᠷ | ᠤᠷᠠᠯᠠᠯ ᠤᠨ ᠰᠤᠳᠤᠨᠪᠦ᠋ᠳᠦᠬᠡᠯ ᠤᠨ ᠭᠠᠶᠢᠬᠠᠮᠰᠢᠭ ᠢ ᠤᠯᠠᠨ ᠳᠤ ᠳᠠᠨᠢᠭᠤᠯᠤᠨ᠂ ᠦᠪ ᠰᠤᠶᠤᠯ ᠢᠶᠠᠨ ᠤᠶᠢᠯᠠᠭᠠᠵᠦ | ᠤᠯᠠᠮᠵᠢᠯᠠᠵᠦ ᠰᠡᠷᠬᠦᠬᠡᠬᠦ ᠳᠤ ᠮᠠᠰᠢᠰᠠᠶᠢᠬᠠᠨ ᠨᠦᠯᠦᠬᠡ ᠳᠤᠰᠬᠠᠯ ᠢ ᠭᠠᠷᠭᠠᠵᠦ ᠴᠢᠳᠠᠯ᠎ᠠ︾ ᠬᠡᠵᠦ ᠪᠤᠶᠠᠨᠵᠢᠷᠭᠠᠯ | ᠭᠤᠸᠠᠢ ᠵᠢᠱᠢᠶ᠎ᠠ ᠳᠠᠳᠠᠨ ᠶᠠᠷᠢᠵᠦ ᠪᠢᠯᠡ᠃ | ᠪᠤᠶᠠᠨᠵᠢᠷᠭᠠᠯ ᠨᠠᠰᠤᠳᠠᠨ 2019 ᠤᠨ ᠳᠤ ︽ᠨᠠᠶᠢᠵᠠ ᠶᠢᠨ ᠬᠤᠯᠪᠤᠭ᠎ᠠ︾ ᠪᠠᠨ ᠪᠠᠶᠢᠭᠤᠯᠤᠭᠰᠠᠨ ᠠᠴᠠ | ᠨᠠᠭᠠᠰᠢ᠂ᠤᠷᠢᠳ ᠬᠤᠵᠢᠳ ︽ᠳᠠᠭᠤᠤ ᠪᠦᠵᠢᠭ ᠤᠨ ᠬᠤᠯᠪᠤᠭ᠎ᠠ︾᠂ ︽ᠬᠦᠭᠵᠢᠮ ᠤᠨ ᠬᠤᠯᠪᠤᠭ᠎ᠠ︾᠂ ︽ᠦᠪ | ᠰᠤᠶᠤᠯ ᠤᠨᠬᠤᠯᠪᠤᠭ᠎ᠠ︾᠂ ︽ᠤᠨᠢᠰᠤᠭ᠎ᠠ ᠶᠢᠨ ᠬᠤᠯᠪᠤᠭ᠎ᠠ︾᠂ ︽ᠦᠯᠢᠬᠡᠷ ᠤᠨ ᠬᠤᠯᠪᠤᠭ᠎ᠠ︾᠂ ︽ᠢᠷᠦᠬᠡᠯ ᠮᠠᠭᠳᠠᠭᠠᠯ | ᠤᠨ ᠬᠤᠯᠪᠤᠭ᠎ᠠ︾᠂︽ᠮᠡᠳᠡᠭᠡ ᠵᠠᠩᠬᠢ ᠶᠢᠨ ᠬᠤᠯᠪᠤᠭ᠎ᠠ︾᠂ ︽ᠶᠡᠷᠦᠩᠬᠡᠢ ᠬᠤᠯᠪᠤᠭ᠎ᠠ︾᠂ ︽ᠵᠤᠬᠢᠶᠠᠯᠴᠢᠳ ᠤᠨ ᠬᠤᠯᠪᠤᠭ᠎ᠠ︾ | ᠂ ︽ᠳᠦᠮᠡᠨ ᠮᠡᠳᠡᠯᠬᠡᠬᠤᠯᠪᠤᠭᠠ︾᠂ ︽ᠸᠢᠴᠠᠲ ᠮᠡᠳᠡᠯᠬᠡ ᠶᠢᠨ ᠬᠤᠯᠪᠤᠭ᠎ᠠ︾᠂ ︽ᠡᠵᠡᠨ᠎ᠠ ᠨᠤᠳᠤᠭ ᠬᠤᠯᠪᠤᠭ᠎ᠠ︾ | ᠵᠡᠷᠬᠡ ᠨᠡᠶᠢᠳᠡ17 ᠸᠢᠴᠠᠲᠬᠤᠯᠪᠤᠭᠠ ᠪᠠᠶᠢᠭᠤᠯᠵᠤ᠂ ᠳᠤᠰ ᠪᠦᠷᠢ ᠶᠢ ᠳᠤᠰᠬᠠᠢ ᠵᠤᠷᠢᠯᠭ᠎ᠠ ᠲᠠᠢ ᠠᠳᠠᠯᠢ ᠪᠤᠰᠤ | ᠠᠭᠤᠯᠭ᠎ᠠ ᠰᠡᠳᠦᠪ ᠲᠠᠢ ᠡᠷᠬᠢᠯᠡᠨ᠂ ᠮᠠᠰᠢᠤᠯᠠᠨ ᠵᠦᠢᠯ ᠤᠨ ᠠᠵᠢᠯ ᠢ ᠬᠢᠵᠦ᠂ ᠬᠤᠯᠪᠤᠭ᠎ᠠ ᠪᠦᠷᠢ ᠶᠢᠨ ᠢᠶᠠᠨ | ᠡᠬᠦᠷᠬᠡ ᠠᠵᠢᠯ ᠢ ᠨᠢ ᠪᠠᠷᠠᠭᠠᠴᠢᠬᠠᠪᠠᠯ ᠳ᠋ᠦᠩᠨᠡᠵᠦᠬᠦ᠋ᠬᠢᠬᠦᠯᠦᠬᠡᠳᠲ᠋ᠠᠷᠬᠠᠴᠢᠬᠠᠳᠠᠭ᠃ ᠤᠯᠠᠨ ᠬᠤᠯᠪᠤᠭ᠎ᠠ ᠶᠢ | ᠵᠡᠷᠬᠡᠴᠡᠬᠦᠯᠵᠦ ᠠᠵᠢᠯᠯᠠᠭᠤᠯᠪᠠᠯ ᠬᠤᠯᠪᠤᠭ᠎ᠠ ᠶᠢᠨ ᠠᠬᠠᠯᠠᠭᠴᠢ ᠵᠢᠨᠠᠵᠢᠯ ᠡᠬᠦᠷᠬᠡ ᠨᠡᠮᠡᠭᠳᠡᠵᠦ᠂ ᠴᠢᠨᠠᠭᠰᠢᠳᠠ | ᠬᠡᠰᠢᠬᠦᠳ ᠤᠨ ᠤᠷᠤᠯᠴᠠᠬᠤ ᠳᠤ ᠳᠦᠬᠦᠮ ᠦᠬᠡᠢ ᠪᠤᠯᠳᠠᠭ ᠤᠴᠢᠷ ᠠᠴᠠ ᠢᠩᠬᠢᠵᠦᠬᠢᠳᠡᠭ ᠠᠵᠢ᠃ ᠨᠢᠳᠤᠨᠤᠨ ᠪᠦᠬᠦ | ᠵᠢᠯ ᠳᠤ ᠸᠢᠴᠠᠲ ᠬᠤᠯᠪᠤᠭ᠎ᠠ ᠪᠠᠷ ᠳᠠᠮᠵᠢᠭᠤᠯᠤᠨ ︽ᠰᠢᠨ᠎ᠠ ᠵᠢᠯ ᠤᠨ ᠳᠤᠭᠯᠠᠯᠳᠠ︾᠂ ︽ᠪᠢᠮᠡᠳᠡᠨᠠ︾᠂ ︽ᠭᠠᠷ | ᠤᠷᠠᠯᠠᠯ ᠤᠨ ᠦᠵᠡᠬᠦᠯᠬᠡ︾᠂ ︽ᠨᠢᠬᠡ ᠬᠦᠮᠦᠨ 60 ᠦᠯᠢᠬᠡᠷ ᠶᠠᠷᠢᠬᠤ ᠦᠵᠡᠬᠦᠯᠬᠡ︾᠂ ︽ᠪᠦᠵᠢᠭᠬᠦ᠋ᠭᠵᠢᠮ︾᠂ | ︽ᠰᠢᠯᠦᠭ ᠢᠷᠦᠬᠡᠯ ᠬᠤᠯᠪᠤᠭ᠎ᠠ᠂ ᠱᠤᠭ ᠶᠠᠷᠢᠶ᠎ᠠ︾᠂ ︽ᠴᠠᠭᠠᠬᠨ ᠤᠯᠠᠭᠠᠨ ᠢᠳᠡᠭᠡ︾᠂ ︽ᠨᠢᠬᠡ | ᠬᠦᠮᠦᠨ100ᠤᠨᠢᠰᠤᠭ᠎ᠠ ᠭᠠᠷᠭᠠᠵᠦ ᠬᠠᠷᠢᠭᠤᠯᠬᠤ ᠦᠵᠡᠬᠦᠯᠬᠡ︾᠂ ︽ᠳᠠᠭᠤᠴᠢᠳ ᠤᠨ ᠳᠠᠭᠤᠤ ᠶᠢᠨ ᠢᠯᠡ | ᠰᠢᠩᠭᠡᠭᠡᠯᠳᠡ︾ ᠵᠡᠷᠬᠡ ᠶᠢᠨ11ᠤᠳᠠᠭᠠᠨ ᠤ ᠠᠵᠢᠯᠯᠠᠭ᠎ᠠ ᠦᠷᠨᠢᠬᠦᠯᠵᠦ᠂ ᠳᠤᠩ ᠶᠡᠭᠡ ᠬᠦᠳᠡᠯᠮᠦᠷᠢ ᠬᠦᠴᠦ ᠪᠠᠨ | ᠵᠠᠷᠤᠴᠠᠭᠤᠯᠤᠭᠰᠠᠨ ᠪᠠᠶᠢᠨ᠎ᠠ᠃ ᠤᠳᠤᠬᠠᠨ ᠳ᠋ᠥᠲ᠋ᠡᠷᠡ᠂ ︽ᠡᠵᠡᠨ᠎ᠠ ᠨᠤᠳᠤᠭ︾ ᠨᠢᠬᠡᠳᠦᠬᠡᠷ ᠬᠤᠯᠪᠤᠭ᠎ᠠ᠂ ᠬᠤᠶᠠᠳᠤᠭᠠᠷ | ᠬᠤᠯᠪᠤᠭ᠎ᠠ ︽ᠸᠢᠴᠠᠲ ᠮᠡᠳᠡᠯᠬᠡ︾ ᠶᠢᠨ ᠬᠤᠶᠠᠳᠤᠭᠠᠷᠬᠤᠯᠪᠤᠭᠠ ᠶᠢ ᠦᠷᠬᠦᠯᠵᠢᠯᠡᠨ ᠠᠵᠢᠯᠯᠠᠭᠤᠯᠵᠤ ᠪᠠᠶᠢᠨ᠎ᠠ᠃ | ᠡᠨᠡ ᠵᠢᠯ ︽ᠡᠵᠡᠨ᠎ᠠ ᠨᠤᠳᠤᠭ︾ ᠬᠤᠯᠪᠤᠭ᠎ᠠ᠂ ︽ᠳᠦᠮᠡᠨ ᠮᠡᠳᠡᠯᠬᠡ︾ᠬᠤᠯᠪᠤᠭ᠎ᠠ ᠳᠡᠬᠡᠷ᠎ᠠ ︽ᠰᠢᠨ᠎ᠠ ᠵᠢᠯ ᠢ ᠤᠭᠳᠤᠬᠤ | ᠴᠠᠭᠠᠨ ᠰᠠᠷ᠎ᠠ ᠶᠢᠨ ᠦᠳᠡᠰᠢᠯᠡᠭᠡ︾ ᠭᠠᠷᠭᠠᠵᠦ᠂ ᠳᠠᠭᠤᠤ ᠳᠠᠭᠤᠯᠠᠵᠦ ᠪᠦᠵᠢᠭᠪᠦ᠋ᠵᠢᠭᠯᠡᠬᠦ᠂ ᠦᠯᠢᠬᠡᠷ ᠬᠤᠯᠪᠤᠭ᠎ᠠ | ᠶᠠᠷᠢᠬᠤ᠂ ᠰᠢᠯᠦᠭ ᠢᠷᠦᠬᠡᠯ ᠤᠩᠰᠢᠬᠤ ᠵᠡᠷᠬᠡ ᠡᠯᠪᠡᠭ ᠪᠠᠶᠠᠯᠢᠭ ᠠᠭᠤᠯᠭ᠎ᠠ ᠲᠠᠢᠶᠠᠪᠤᠭᠳᠠᠭᠤᠯᠵᠡᠢ᠃ ᠴᠠᠭᠠᠨ | ᠰᠠᠷ᠎ᠠ ᠠᠴᠠ ᠡᠮᠦᠨ᠎ᠠ ᠬᠤᠶᠠᠳᠠᠬᠢ ︽ᠤᠨᠢᠰᠤᠭ᠎ᠠ︾ ᠶᠢᠨ ᠬᠤᠯᠪᠤᠭ᠎ᠠ ᠪᠠᠶᠢᠭᠤᠯᠤᠭᠠᠳ ᠨᠢᠬᠡᠬᠦ᠋ᠮᠦᠨ100 | ᠤᠨᠢᠰᠤᠭ᠎ᠠ ᠭᠠᠷᠭᠠᠵᠦ ᠬᠠᠷᠢᠭᠤᠯᠬᠤ ᠤᠷᠤᠯᠳᠤᠭᠠᠨ ᠬᠢᠬᠡᠳ᠂ 15 ᠬᠦᠮᠦᠨ ᠤ ᠤᠨᠢᠰᠤᠭ᠎ᠠ | ᠶᠠᠷᠢᠬᠤᠦᠵᠡᠬᠦᠯᠬᠡ ᠶᠢ ᠨᠡᠶᠢᠳᠡᠯᠡᠵᠦ᠂ ᠤᠨᠢᠰᠤᠭ᠎ᠠ ᠰᠤᠷᠬᠤ ᠬᠡᠰᠡᠨ ᠬᠦᠮᠦᠨ ᠤ ᠬᠦᠰᠡᠯ ᠢ ᠬᠠᠩᠭᠠᠨ᠂ ᠠᠮᠵᠢᠯᠳᠠ ᠲᠠᠢ | ᠪᠠᠷ ᠬᠤᠯᠪᠤᠭᠠᠪᠠᠨ ᠳᠠᠷᠬᠠᠭᠰᠠᠨ ᠪᠠᠶᠢᠨ᠎ᠠ᠃ ᠤᠳᠤ ᠭᠤᠷᠪᠠᠳᠠᠬᠢ ᠤᠳᠠᠭᠠᠨ ᠤ ᠤᠨᠢᠰᠤᠭ᠎ᠠ ᠶᠠᠷᠢᠬᠤ ᠤᠷᠤᠯᠳᠤᠭᠠᠨ | ᠢ ᠡᠷᠬᠢᠯᠡᠨ᠂ ︽ᠡᠵᠡᠨᠠᠨᠤᠳᠤᠭ︾ ᠨᠢᠬᠡ ᠬᠤᠶᠠᠳᠤᠭᠠᠷ ᠬᠤᠯᠪᠤᠭ᠎ᠠ ᠳᠤ ᠵᠡᠷᠬᠡᠪᠡᠷ ᠶᠠᠪᠤᠭᠳᠠᠭᠤᠯᠵᠤ᠂ ᠨᠢᠬᠡ | ᠬᠦᠮᠦᠨ30 ᠤᠨᠢᠰᠤᠭ᠎ᠠ ᠶᠢ ᠴᠡᠬᠡᠵᠢ ᠪᠠᠷᠭᠠᠷᠭᠠᠵᠦ ᠴᠡᠬᠡᠵᠢ ᠪᠠᠷ ᠬᠠᠷᠢᠭᠤᠯᠬᠤ ᠢᠯᠡ ᠰᠢᠩᠭᠡᠭᠡᠯᠳᠡ ᠶᠢᠨ | ᠦᠵᠡᠬᠦᠯᠬᠡ ᠬᠢᠬᠦ ᠪᠠᠷ ᠪᠡᠯᠡᠳᠬᠡᠬᠡᠳ 3 ᠰᠠᠷ᠎ᠠ ᠶᠢᠨ10 ᠳ᠋ᠥᠵᠢᠩᠬᠢᠨᠢ ᠪᠠᠷ ᠡᠬᠢᠯᠡᠬᠦᠯᠵᠡᠢ᠃ 3 ᠰᠠᠷ᠎ᠠ ᠶᠢᠨ12 ᠤᠨ | ᠡᠳᠦᠷ ᠠᠴᠠ4 ᠰᠠᠷ᠎ᠠ ᠶᠢᠨ12 ᠤᠨ ᠡᠳᠦᠷ ᠪᠤᠯᠳᠠᠯ᠎ᠠ ︽ᠮᠢᠨᠤ ᠬᠢᠵᠦᠴᠢᠳᠠᠳᠠᠭ ᠬᠤᠭᠤᠯᠠ︾ ᠬᠡᠬᠦ ᠦᠵᠡᠬᠦᠯᠬᠡ ᠳᠤ | ᠨᠡᠷ᠎ᠠ ᠪᠠᠨ ᠮᠡᠳᠡᠬᠦᠯᠬᠦ ᠶᠢ ᠨᠢᠬᠡᠨᠳᠡ ᠵᠠᠷᠯᠠᠭᠠᠳ ᠪᠤᠢ᠃ ᠡᠨᠡᠬᠦ ᠦᠵᠡᠬᠦᠯᠬᠡ ᠪᠠᠷᠲ᠋ᠠᠮᠵᠢᠨ ᠦᠪᠡᠷ ᠤᠨ ᠬᠢᠵᠦ | ᠴᠢᠳᠠᠳᠠᠭ ᠠᠮᠳᠠᠳᠤ ᠬᠤᠭᠤᠯᠠ ᠪᠠᠨᠢᠯᠡ ᠰᠢᠩᠭᠡᠭᠡᠯᠳᠡ ᠳᠤ ᠭᠠᠷᠭᠠᠵᠦ᠂ ᠤᠯᠠᠨ ᠳ᠋ᠥᠲ᠋ᠠᠶᠢᠯᠪᠤᠷᠢᠯᠠᠵᠦ | ᠵᠢᠭᠠᠵᠦ ᠦᠵᠡᠬᠦᠯᠬᠦ ᠠᠵᠢᠯᠯᠠᠭ᠎ᠠ ᠦᠷᠨᠢᠬᠦᠯᠬᠦ ᠪᠤᠯᠤᠨ᠎ᠠ᠃ | ᠪᠤᠶᠠᠨᠵᠢᠷᠭᠠᠯ ᠨᠠᠰᠤᠳᠠᠨ ᠤ ᠪᠤᠶᠠᠨᠳᠦ ᠦᠢᠯᠡ ᠠᠵᠢᠯᠯᠠᠭ᠎ᠠ ᠦᠷᠬᠦᠯᠵᠢᠯᠡᠭᠰᠡᠭᠡᠷ᠂ ᠤᠯᠠᠮᠵᠢᠯᠠᠯᠳᠤ | ᠰᠤᠶᠤᠯ ᠵᠢᠠᠨᠦᠪᠯᠡᠨ ᠳᠡᠯᠬᠡᠷᠡᠬᠦᠯᠵᠦ ᠶᠠᠪᠤᠬᠤ ᠶᠢᠨ ᠬᠦᠰᠡᠯ ᠵᠤᠷᠢᠯᠳᠠ ᠨᠢ ᠴᠢᠷᠮᠠᠶᠢᠯᠭ᠎ᠠ ᠵᠢᠳᠬᠦᠯ ᠤᠨ ᠬᠢᠨᠢ | ᠳᠤᠮᠳᠠ ᠬᠢᠯᠠᠯᠵᠠᠭᠰᠠᠭᠠᠷ᠃ |