ᠪᠤᠭᠤᠲᠤ ᠬᠤᠲᠠ ᠶᠢᠨ ᠨᠠᠢᠮᠠᠳᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ ᠶᠡᠭᠡ | ᠬᠤᠷᠠᠯ ᠤᠨ ᠪᠠᠶᠢᠩᠭᠤ ᠶᠢᠨ ᠬᠤᠷᠢᠶᠠᠨ ᠤ ᠠᠷᠪᠠᠨ ᠲᠠᠪᠤᠳᠤᠭᠠᠷ ᠤᠳᠠᠭ᠎ᠠ ᠶᠢᠨ ᠬᠤᠷᠠᠯ ᠠᠴᠠ ︽ᠭᠠᠴᠤᠷ᠎ᠠ᠂ ᠵᠢᠵᠢᠭ | ᠤᠳᠪᠠᠯᠠ ᠶᠢ ᠪᠤᠭᠤᠲᠤ ᠬᠤᠳᠠ ᠶᠢᠨ ᠬᠤᠲᠠ ᠶᠢᠨ ᠮᠣᠳᠣ᠂ ᠬᠤᠲᠠ ᠶᠢᠨ ᠴᠡᠴᠡᠭ ᠢᠶᠠᠷ ᠰᠣᠩᠭᠤᠨ ᠲᠣᠭᠲᠠᠭᠠᠬᠤ | ᠲᠤᠬᠠᠢ ᠲᠣᠳᠣᠷᠬᠠᠶᠢᠯᠠᠯᠲᠠ︾ ᠶᠢ ᠬᠢᠨᠠᠨ ᠵᠥᠪᠯᠡᠵᠦ᠂ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ︽ | ᠭᠠᠴᠤᠷ᠎ᠠ ᠶᠢ ᠪᠤᠭᠤᠲᠤ ᠬᠤᠲᠠ ᠶᠢᠨ ᠮᠣᠳᠣ᠂ ᠵᠢᠵᠢᠭ ᠤᠳᠪᠠᠯᠠ ᠶᠢ ᠪᠤᠭᠤᠲᠤ ᠬᠤᠲᠠ ᠶᠢᠨ ᠬᠤᠳᠠ ᠶᠢᠨ ᠴᠡᠴᠡᠭ | ᠪᠣᠯᠭᠠᠨ ᠲᠣᠭᠲᠠᠭᠠᠬᠤ ᠲᠤᠬᠠᠢ ᠰᠠᠨᠠᠯ ᠵᠥᠪᠯᠡᠯᠭᠡ︾ ᠶᠢ ᠬᠢᠨᠠᠨ ᠵᠥᠪᠯᠡᠪᠡ᠃ ᠬᠤᠷᠠᠯ ᠠᠴᠠ ᠭᠠᠴᠤᠷ᠎ᠠ ᠶᠢ ᠪᠤᠭᠤᠲᠤ | ᠬᠤᠲᠠ ᠶᠢᠨ ᠮᠣᠳᠣ᠂ ᠵᠢᠵᠢᠭ ᠤᠳᠪᠠᠯᠠ ᠶᠢ ᠪᠤᠭᠤᠲᠤ ᠬᠤᠲᠠ ᠶᠢᠨ ᠴᠡᠴᠡᠭ ᠭᠡᠵᠦ ᠨᠡᠷᠡᠯᠡᠬᠦ ᠪᠠᠷ ᠲᠣᠭᠲᠠᠪᠠ᠃ ︵ | ︽ᠪᠤᠭᠤᠲᠤ ᠬᠤᠲᠠ ᠶᠢᠨ ᠰᠦᠯᠳᠡ︾ ᠳᠤ ᠨᠠᠷᠢᠪᠴᠢᠯᠠᠨ ᠦᠵᠡᠭᠡᠷᠡᠢ︶ | | ᠵᠢᠷᠤᠭ ᠳᠦᠷᠰᠦ ᠶᠢᠨ ᠲᠣᠳᠣᠷᠬᠠᠶᠢᠯᠠᠯᠲᠠ᠄ ᠵᠢᠷᠤᠭ ᠳᠦᠷᠰᠦ ᠶᠢᠨ ᠭᠤᠣᠯ ᠳᠤᠮᠳᠠ ᠨᠢ ᠨᠢᠭᠡᠨ ᠪᠤᠭᠤ | ᠲᠡᠭᠷᠢ ᠥᠭᠡᠳᠡ ᠬᠠᠨᠳᠤᠨ ᠤᠷᠤᠮᠳᠠᠵᠤ᠂ ᠲᠡᠮᠡᠦᠯᠦᠨ ᠳᠡᠭᠦᠯᠢᠬᠦ ᠠᠵᠢ᠃ ᠬᠤᠶᠠᠷ ᠵᠤᠷᠪᠤᠰ ᠵᠡᠷᠭᠡᠴᠡᠭᠡ ᠰᠢᠯᠤᠭᠤᠨ | ᠪᠠ ᠬᠤᠶᠠᠷ ᠳᠣᠲᠣᠭᠰᠢ ᠪᠠᠨ ᠮᠤᠷᠦ᠋ᠢᠭᠰᠡᠨ ᠲᠣᠭᠤᠷᠠᠭ ᠨᠤᠮᠤ ᠪᠠᠷ ᠪᠦᠷᠢᠯᠳᠦᠭᠰᠡᠨ ︽工 ᠦᠰᠦᠭ ᠤᠨ ᠬᠡᠯᠪᠡᠷᠢᠲᠦ | ᠪᠣᠯᠣᠳ︾ ᠤᠨ ᠵᠢᠷᠤᠭ ᠳᠦᠷᠰᠦ ᠶᠢ ᠪᠦᠷᠢᠯᠳᠦᠭᠦᠯᠵᠦ᠂ ᠭᠡᠬᠦ ᠳᠡᠭᠡᠨ ︽工 ᠦᠰᠦᠭ ᠤᠨ ᠬᠡᠯᠪᠡᠷᠢᠲᠦ ᠪᠣᠯᠣᠳ︾ ᠨᠢ | ᠨᠢᠭᠡᠨ ᠲᠣᠭᠤᠷᠠᠭ ᠬᠡᠯᠪᠡᠷᠢᠲᠡᠢ ︽ᠪᠣᠯᠣᠳ ᠴᠠᠭᠠᠷᠢᠭ︾ ᠯᠤᠭ᠎ᠠ ᠨᠢᠭᠲᠠ ᠪᠥᠭᠡᠳ ᠵᠢᠭᠳᠡ ᠵᠠᠯᠭᠠᠯᠳᠤᠵᠤ᠂ ᠲᠡᠭᠦᠯᠳᠡᠷ | ᠰᠠᠶᠢᠬᠠᠨ᠂ ᠲᠣᠪᠴᠢ ᠠᠪᠰᠠᠷᠬᠠᠨ᠂ ᠢᠯᠭᠤᠮ ᠲᠣᠳᠣ᠂ ᠲᠥᠪ ᠡᠷᠬᠢᠮᠰᠦᠭ ᠵᠢᠷᠤᠭ ᠳᠦᠷᠰᠦ ᠶᠢ ᠪᠦᠷᠢᠯᠳᠦᠭᠦᠯᠦᠭᠰᠡᠨ | ᠪᠠᠶᠢᠨ᠎ᠠ᠃ | ᠪᠤᠭᠤᠲᠤ ᠬᠤᠲᠠ ᠶᠢᠨ ᠰᠦᠯᠳᠡ ᠶᠢᠨ ᠵᠢᠷᠤᠭ ᠳᠦᠷᠰᠦ ᠳᠤ ᠠᠭᠤᠯᠤᠭᠳᠠᠬᠤ ᠰᠠᠨᠠᠭ᠎ᠠ᠄ ᠪᠤᠭᠤᠲᠤ ᠬᠤᠲᠠ | ᠨᠢ ᠠᠭᠤᠯᠠ ᠶᠢ ᠲᠦᠰᠢᠵᠦ ᠤᠰᠤ ᠶᠢ ᠢᠰᠬᠦᠯᠦᠨ ᠪᠠᠶᠢᠷᠢᠰᠢᠵᠤ᠂ ᠡᠮᠦᠨᠡᠰᠢ ᠪᠠᠨ ᠬᠠᠳᠤᠨ ᠭᠤᠣᠯ ᠲᠠᠢ ᠨᠢᠭᠤᠷᠯᠠᠵᠤ᠂ | ᠤᠮᠠᠷᠠᠰᠢ ᠪᠠᠨ ᠳᠠᠯᠠᠨ ᠬᠠᠷ᠎ᠠ ᠠᠭᠤᠯᠠ ᠶᠢ ᠲᠦᠰᠢᠵᠦ᠂ ᠵᠡᠭᠦᠨ ᠲᠠᠯ᠎ᠠ ᠪᠠᠷ ᠢᠶᠠᠨ ᠲᠦᠮᠡᠳ ᠤᠨ ᠥᠷᠭᠡᠨ ᠲᠠᠯ᠎ᠠ | ᠯᠤᠭ᠎ᠠ ᠵᠠᠯᠭᠠᠯᠳᠤᠵᠤ᠂ ᠪᠠᠷᠠᠭᠤᠨ ᠲᠠᠯ᠎ᠠ ᠪᠠᠷ ᠢᠶᠠᠨ ᠤᠷᠠᠳ ᠤᠨ ᠲᠠᠯ᠎ᠠ ᠭᠠᠵᠠᠷ ᠲᠠᠢ ᠬᠥᠷᠰᠢᠯᠡᠵᠦ᠂ | ᠲᠡᠦᠬᠡᠨ ᠠᠴᠠ ᠪᠠᠨ ᠠᠪᠤᠭᠠᠳ ᠬᠥᠷᠥᠰᠥ ᠰᠢᠷᠣᠢ ᠥᠭ ᠰᠢᠮᠡᠯᠢᠭ᠂ ᠡᠪᠡᠰᠦ ᠨᠢ ᠰᠣᠷᠭᠤᠭ ᠤᠰᠤ ᠨᠢ ᠲᠤᠩᠭᠠᠯᠠᠭ | ᠰᠠᠶᠢᠬᠠᠨ ᠭᠠᠵᠠᠷ ᠪᠠᠶᠢᠵᠤ᠂ ᠪᠤᠭᠤ ᠰᠣᠭᠤ ᠵᠢᠴᠢ ᠪᠤᠰᠤᠳ ᠬᠤᠪᠣᠷ ᠴᠤᠬᠠᠭ ᠠᠮᠢᠲᠠᠨ ᠭᠤᠣᠯᠲᠠᠨ ᠡᠨᠡ | ᠨᠤᠲᠤᠭ ᠲᠤ ᠦᠷᠡᠵᠢᠨ ᠲᠥᠯᠵᠢᠵᠦ᠂ ᠮᠠᠰᠢ ᠣᠯᠠᠨ ᠢᠷᠠᠭᠤ ᠰᠠᠶᠢᠬᠠᠨ ᠳᠣᠮᠤᠭ ᠶᠠᠷᠢᠶ᠎ᠠ ᠤᠯᠠᠮᠵᠢᠯᠠᠭᠳᠠᠵᠤ | ᠪᠠᠶᠢᠭᠰᠠᠨ ᠢᠶᠠᠷ ᠢᠶᠠᠨ ︽ᠪᠤᠭᠤᠲᠤ︾ ᠭᠡᠬᠦ ᠨᠡᠷ᠎ᠡ ᠣᠯᠣᠭᠰᠠᠨ ᠪᠠᠶᠢᠨ᠎ᠠ᠃ ᠳᠠᠷᠤᠢ ᠪᠤᠭᠤ ᠶᠢᠨ ᠬᠤᠲᠠ ᠭᠡᠰᠡᠨ ᠦᠭᠡ ᠃ | ᠬᠢᠲᠠᠳ ᠤᠨ ︽鹿︾᠂ ︽禄︾ ᠭᠡᠬᠦ ᠦᠰᠦᠭ ᠨᠢ ᠢᠵᠢᠯ ᠳᠠᠭᠤᠳᠠᠯᠭ᠎ᠠ ᠲᠠᠢ ᠪᠠᠶᠢᠵᠤ᠂ ᠥᠯᠵᠡᠢ ᠪᠡᠯᠭᠡ ᠬᠡᠰᠢᠭ | ᠳᠡᠮᠪᠡᠷᠢᠯ ᠢ ᠪᠡᠯᠭᠡᠳᠡᠵᠦ ᠪᠠᠶᠢᠳᠠᠭ᠃ ᠵᠢᠷᠤᠭ ᠳᠦᠷᠰᠦᠨ ᠳᠠᠬᠢ ᠪᠤᠭᠤ ᠲᠡᠭᠷᠢ ᠥᠭᠡᠳᠡ ᠬᠠᠨᠳᠤᠨ ᠤᠷᠤᠮᠳᠠᠵᠤ᠂ | ᠲᠡᠮᠡᠦᠯᠦᠨ ᠳᠡᠭᠦᠯᠢᠬᠦ ᠨᠢ ᠣᠮᠤᠭ ᠰᠦᠷ ᠪᠠᠳᠠᠷᠠᠨ᠂ ᠴᠤᠭ ᠵᠢᠪᠬᠤᠭ᠎ᠠ ᠲᠠᠢ ᠪᠥᠭᠡᠳ ᠴᠣᠪᠣᠭᠤ ᠳᠡᠭᠵᠢᠨ | ᠬᠠᠷᠠᠭᠳᠠᠨ᠎ᠠ᠃ ᠡᠶᠢᠮᠦᠷᠬᠦᠦ ᠥᠯᠵᠡᠢ ᠪᠡᠯᠭᠡᠲᠦ ᠭᠥᠷᠥᠭᠡᠰᠦ ᠪᠠᠷ ᠬᠤᠳᠠ ᠶᠢᠨ ᠰᠦᠯᠳᠡ ᠪᠤᠯᠭᠠᠬᠰᠠᠨ ᠨᠢ ᠂ | ᠨᠢᠭᠡ ᠳᠤ᠂ ᠪᠦᠬᠦ ᠬᠤᠲᠠ ᠶᠢᠨ ᠦᠨᠳᠦᠰᠦᠲᠡᠨ ᠨᠦᠭᠦᠳ ᠤᠨ ᠠᠷᠠᠳ ᠲᠦᠮᠡᠨ ᠤ ᠬᠠᠮᠲᠤ ᠶᠢᠨ ᠬᠦᠰᠡᠯ ᠡᠷᠡᠮᠡᠯᠵᠡᠯ ᠢ | ᠢᠯᠡᠳᠬᠡᠵᠦ᠂ ᠪᠤᠭᠤᠲᠤ ᠬᠤᠲᠠ ᠨᠢ ᠨᠢᠭᠡᠨ ᠦᠵᠡᠰᠬᠦᠯᠡᠩᠲᠦ ᠰᠠᠶᠢᠬᠠᠨ᠂ ᠪᠠᠶᠠᠨ ᠴᠢᠨᠡᠭᠡᠯᠢᠭ᠂ ᠠᠮᠤᠷ ᠠᠮᠤᠭᠤᠯᠠᠩ | ᠭᠡᠷ ᠣᠷᠣᠨ ᠪᠣᠯᠬᠤ ᠶᠢ ᠬᠦᠰᠡᠨ ᠵᠥᠩᠨᠡᠵᠦ ᠪᠠᠶᠢᠨ᠎ᠠ︔ ᠬᠤᠶᠠᠷ ᠲᠤ᠂ ᠡᠨᠡ ᠬᠦ ᠰᠦᠷ ᠳᠠᠯᠠᠶᠢᠴᠠᠲᠠᠢ ᠪᠠᠶᠢᠳᠠᠯ ᠨᠢ | ᠪᠤᠭᠤᠲᠤ ᠬᠤᠲᠠ ᠶᠢᠨ ᠬᠤᠶᠠᠷ ᠪᠣᠯᠪᠠᠰᠤᠨ ᠤ ᠪᠠᠶᠢᠭᠤᠯᠤᠯᠲᠠ ᠨᠢ ᠶᠠᠭ ᠡᠬᠢᠯᠡᠵᠦ ᠪᠠᠶᠢᠬᠤ ᠪᠥᠭᠡᠳ ᠤᠳᠠᠯ ᠦᠭᠡᠢ | ᠬᠥᠭᠵᠢᠨ ᠮᠠᠨᠳᠤᠬᠤ ᠶᠢ ᠢᠯᠡᠳᠬᠡᠵᠦ ᠪᠠᠶᠢᠨ᠎ᠠ᠃ ᠪᠤᠭᠤᠲᠤ ᠬᠤᠲᠠ ᠪᠣᠯ ᠪᠦᠬᠦ ᠤᠯᠤᠰ ᠤᠨ ᠭᠤᠣᠯᠳᠠᠯᠭ᠎ᠠ ᠲᠠᠢ | ᠪᠣᠯᠣᠳ ᠲᠡᠮᠦᠷ ᠤᠨ ᠰᠠᠭᠤᠷᠢᠨ ᠤ ᠨᠢᠭᠡ᠂ ︽ᠲᠠᠯ᠎ᠠ ᠨᠤᠲᠤᠭ ᠤᠨ ᠪᠣᠯᠣᠳ ᠬᠤᠲᠠ︾ ᠭᠡᠬᠦ ᠰᠠᠶᠢᠬᠠᠨ ᠠᠯᠳᠠᠷ ᠲᠠᠢ | ᠶᠤᠮ᠂ ᠡᠨᠡ ᠪᠣᠯ ᠪᠦᠬᠦ ᠬᠤᠲᠠ ᠶᠢᠨ ᠦᠨᠳᠦᠰᠦᠲᠡᠨ ᠨᠦᠭᠦᠳ ᠤᠨ ᠠᠷᠠᠳ ᠲᠦᠮᠡᠨ ᠤ ᠣᠮᠣᠭᠰᠢᠯ᠃ ︽工 | ᠦᠰᠦᠭ ᠤᠨ ᠬᠡᠯᠪᠡᠷᠢ ᠶᠢᠨ ᠪᠣᠯᠣᠳ︾ ᠢᠶᠠᠷ ︽ᠲᠠᠯ᠎ᠠ ᠨᠤᠲᠤᠭ ᠤᠨ ᠪᠣᠯᠣᠳ ᠬᠤᠲᠠ︾ ᠶᠢᠨ ᠣᠨᠴᠠᠯᠢᠭ ᠢ | ᠲᠣᠪᠤᠶᠢᠯᠭᠠᠨ ᠢᠯᠡᠷᠡᠭᠦᠯᠵᠦ᠂ ︽工 ᠦᠰᠦᠭ ᠤᠨ ᠬᠡᠯᠪᠡᠷᠢ ᠶᠢᠨ ᠪᠣᠯᠣᠳ︾ ᠤᠨ ᠣᠭᠲᠣᠯᠣᠭᠠᠰᠤ ᠨᠢ ᠢᠯᠡ ᠲᠣᠳᠣ | ᠪᠥᠭᠡᠳ ᠲᠥᠪ ᠴᠢᠬᠢᠮᠡᠢ ᠪᠠᠶᠢᠵᠤ᠂ ᠪᠤᠭᠤᠲᠤ ᠬᠤᠲᠠ ᠶᠢᠨ ᠠᠵᠤ ᠠᠬᠤᠢ ᠶᠢᠨ ᠬᠢᠵᠠᠭᠠᠯᠠᠰᠢ ᠦᠭᠡᠢ ᠳᠠᠯᠳᠠ | ᠬᠦᠴᠦᠨ ᠲᠠᠢ ᠭᠡᠳᠡᠭ ᠢ ᠬᠠᠷᠠᠭᠤᠯᠵᠤ ᠪᠠᠶᠢᠨ᠎ᠠ᠃ | ᠨᠢᠭᠡᠨ ᠪᠦᠷᠢᠨ ᠪᠦᠲᠦᠨ ᠵᠠᠭᠠᠳᠠᠰᠤ ᠦᠭᠡᠢ ︽ᠪᠣᠯᠣᠳ ᠴᠠᠭᠠᠷᠢᠭ︾ ᠢᠶᠠᠷ ︽ᠪᠤᠭᠤ︾ ᠪᠣᠯᠣᠨ ︽工 | ᠦᠰᠦᠭ ᠤᠨ ᠬᠡᠯᠪᠡᠷᠢ ᠶᠢᠨ ᠪᠣᠯᠣᠳ︾ ᠢ ᠨᠢᠭᠲᠠ ᠬᠦᠷᠢᠶᠡᠯᠡᠭᠰᠡᠨ ᠨᠢ ᠪᠦᠬᠦ ᠬᠤᠲᠠ ᠶᠢᠨ | ᠦᠨᠳᠦᠰᠦᠲᠡᠨ ᠨᠦᠭᠦᠳ ᠤᠨ ᠠᠷᠠᠳ ᠲᠦᠮᠡᠨ ᠤ ᠪᠦᠯᠬᠦᠮᠳᠡᠨ ᠲᠡᠮᠡᠴᠡᠵᠦ᠂ ᠪᠦᠲᠦᠭᠡᠨ ᠪᠠᠶᠢᠭᠤᠯᠵᠤ ᠪᠠᠶᠢᠭ᠎ᠠ ︽ᠲᠠᠯ᠎ᠠ | ᠨᠤᠲᠤᠭ ᠤᠨ ᠪᠣᠯᠣᠳ ᠬᠤᠲᠠ︾ ᠨᠢ ᠥᠨᠢᠳᠡ ᠥᠷᠨᠢᠨ ᠬᠥᠭᠵᠢᠵᠦ ᠪᠠᠶᠢᠬᠤ ᠶᠢ ᠬᠠᠷᠠᠭᠤᠯᠪᠠ᠃ ᠪᠠᠰᠠ | ᠦᠨᠳᠦᠰᠦᠲᠡᠨ ᠨᠦᠭᠦᠳ ᠤᠨ ᠠᠷᠠᠳ ᠲᠦᠮᠡᠨ ᠤ ᠨᠢᠭᠲᠠᠷᠠᠯ ᠪᠦᠯᠬᠦᠮᠳᠡᠯ ᠢᠶᠠᠨ ᠴᠢᠩᠭᠠᠳᠬᠠᠵᠤ᠂ ᠬᠠᠲᠠᠭᠤ | ᠪᠡᠷᠬᠡᠰᠢᠶᠡᠯ ᠢ ᠬᠠᠮᠲᠤ ᠪᠠᠷ ᠳᠤᠭᠤᠯᠵᠤ ᠪᠦᠬᠦ ᠬᠤᠲᠠ ᠶᠢᠨ ᠬᠤᠶᠠᠷ ᠪᠣᠯᠪᠠᠰᠤᠨ ᠤ ᠪᠠᠶᠢᠭᠤᠯᠤᠯᠲᠠ ᠪᠠᠨ ᠲᠦᠷᠭᠡᠳᠬᠡᠬᠦ | ᠡᠷᠴᠢ ᠵᠣᠷᠢᠭ ᠢ ᠬᠠᠷᠠᠭᠤᠯᠤᠭᠰᠠᠨ ᠲᠡᠳᠦᠢ ᠦᠭᠡᠢ ᠪᠤᠭᠤᠲᠤ ᠬᠤᠲᠠ ᠶᠢᠨ ᠮᠠᠰᠢ ᠴᠢᠩᠭ᠎ᠠ ᠣᠷᠣᠨ ᠨᠤᠲᠤᠭ ᠤᠨ | ᠣᠨᠴᠠᠯᠢᠭ ᠢ ᠢᠯᠡᠷᠡᠭᠦᠯᠦᠭᠰᠡᠨ ᠪᠠᠶᠢᠨ᠎ᠠ᠃ |