ᠢᠰᠡᠬᠡᠢ ᠤᠷᠠᠯᠠᠯ ᠢᠶᠠᠨ ᠲᠡᠭᠡᠳᠦᠯᠡᠵᠦ ᠶᠠᠪᠤᠭ᠎ᠠ ᠲᠠᠯᠠᠶᠢᠴᠡᠴᠡᠭ ᠪᠠᠭᠰᠢ
ᠨᠡᠶᠢᠲᠡᠯᠡᠭᠰᠡᠨ ᠴᠠᠭ᠄
2024/1/30
F202307211450323796700901.jpg
        ᠤᠳᠤ ᠨᠡᠶᠢᠬᠡᠮ ᠬᠦᠭᠵᠢᠵᠦ᠂ ᠤᠯᠠᠩᠬᠢ ᠮᠠᠯᠴᠢᠳ ᠬᠤᠳᠠ ᠤᠷᠤᠵᠦ᠂ ᠮᠠᠯᠵᠢᠬᠤ ᠠᠮᠢᠳᠦᠷᠠᠯ ᠠᠴᠠ ᠪᠠᠨ  ᠵᠠᠶᠢᠳᠠᠵᠦ᠂ ᠢᠰᠡᠬᠡᠢ ᠡᠳ᠋ᠯᠡᠵᠦ ᠬᠡᠷᠡᠭᠯᠡᠬᠦ ᠬᠦᠮᠦᠨ ᠴᠦᠬᠡᠷᠡᠵᠦ᠂  ᠶᠡᠭᠡ  ᠤᠯᠠᠨ  ᠮᠠᠯᠵᠢᠬᠤ  ᠠᠮᠢᠳᠦᠷᠠᠯ  ᠤᠨ  ᠬᠡᠷᠡᠭᠴᠡᠭᠡ  ᠲᠠᠢ  ᠶᠠᠭᠤᠮ᠎ᠠ ᠬᠠᠶᠠᠬᠳᠠᠵᠦ ᠤᠷᠬᠢᠬᠳᠠᠵᠦ ᠪᠠᠶᠢᠭ᠎ᠠ ᠦᠨᠦᠳᠦᠷ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠦᠨ ᠡᠮᠦᠨᠡᠳᠤ  ᠬᠤᠰᠢᠭᠤᠨ  ᠤ ᠠᠯᠳᠠᠷ ᠰᠤᠮᠤ ᠶᠢᠨ ᠲᠤᠮᠳᠠᠳᠤ ᠰᠤᠷᠭᠠᠭᠤᠯᠢ ᠠᠴᠠ ᠠᠵᠢᠯ ᠤᠨ ᠠᠮᠠᠷᠠᠯᠳᠠ ᠪᠠᠨ ᠠᠪᠤᠬᠰᠠ  ᠲᠠᠯᠠᠶᠢᠴᠡᠴᠡᠭ  ᠡᠨᠡᠬᠦ  ᠬᠠᠶᠠᠬᠳᠠᠮᠠᠷ ᠪᠤᠯᠤᠬᠰᠠᠨ ᠢᠰᠡᠬᠡᠢ ᠤᠷᠠᠯᠠᠯ ᠤᠨ ᠰᠤᠶᠤᠯ ᠢᠶᠠᠨ ᠡᠯᠬᠦᠵᠦ ᠠᠪᠴᠦ᠂  ᠨᠡᠩ  ᠤᠯᠠᠨ  ᠬᠦᠮᠦᠨ  ᠳᠤ  ᠤᠯᠠᠮᠵᠢᠯᠠᠯᠳᠤ  ᠢᠰᠡᠬᠡᠢ ᠤᠷᠠᠯᠠᠯ ᠤᠨ ᠷᠢᠳᠢ ᠰᠢᠳᠢ ᠶᠢ ᠲᠠᠬᠢᠨᠳᠠ ᠦᠵᠡᠬᠦᠯᠵᠦ᠂ ᠢᠰᠡᠬᠡᠢ ᠤᠷᠠᠯᠠᠯ ᠢ ᠰᠢᠨ᠎ᠠ ᠨᠡᠶᠢᠬᠡᠮ ᠤᠨ ᠤᠷᠤᠰᠬᠠᠯ ᠲᠠᠢ ᠨᠡᠶᠢᠴᠡᠭᠰᠡᠨ ᠲᠠᠸᠠᠷ ᠤᠨ ᠪᠦᠳᠦᠭᠡᠭᠳᠡᠬᠦᠨ ᠪᠤᠯᠭᠠᠬᠤ ᠳᠤ ᠦᠪᠡᠷ ᠤᠨ ᠬᠦᠴᠦᠨ ᠴᠢᠳᠠᠯ ᠢᠶᠠᠨ ᠰᠢᠪᠬᠠᠵᠦ ᠶᠠᠪᠤᠭ᠎ᠠ ᠶᠤᠮ᠃                  ᠲᠠᠯᠠᠶᠢᠴᠡᠴᠡᠭ᠂ ᠬᠤᠷᠴᠢᠨ ᠪᠠᠷᠠᠭᠤᠨ ᠭᠠᠷᠦᠨ ᠡᠮᠦᠨᠡᠳᠤ ᠬᠤᠰᠢᠭᠤᠨ ᠤ ᠤᠯᠠᠭᠠᠨᠮᠤᠳᠤ ᠰᠤᠮᠤ ᠳᠤ ᠲᠦᠷᠦᠵᠦ᠂ ᠪᠠᠯᠴᠢᠷ ᠪᠠᠭ᠎ᠠ ᠠᠴᠠ ᠪᠠᠨ ᠠᠪᠦ ᠡᠵᠢ ᠪᠠᠨ ᠲᠠᠭᠠᠵᠦ᠂ ᠤᠳᠤᠷ ᠮᠠᠯᠵᠢᠯ ᠤᠨ ᠠᠮᠢᠳᠦᠷᠠᠯ ᠢ ᠦᠩᠭᠡᠷᠡᠬᠦᠯᠵᠦ ᠢᠷᠡᠵᠡᠢ᠃ ᠲᠡᠬᠦᠨ ᠤ  ᠡᠵᠢ ᠨᠢ ᠲᠤᠶᠢᠯ ᠤᠨ ᠭᠠᠷ ᠤᠷᠠᠨ᠂ ᠬᠠᠶᠢᠴᠢᠯᠠᠮᠠᠯ᠂ ᠬᠠᠳᠬᠤᠮᠠᠯ  ᠢ  ᠭᠤᠶᠢᠳᠠ  ᠰᠠᠶᠢᠬᠠᠨ  ᠬᠠᠶᠢᠴᠢᠯᠠᠳᠠᠭ  ᠠᠴᠠ  ᠪᠠᠯᠴᠢᠷ  ᠪᠠᠭ᠎ᠠ ᠲᠠᠯᠠᠶᠢᠴᠡᠴᠡᠭ ᠴᠤ ᠡᠵᠢ ᠶᠢᠨ ᠢᠶᠠᠨ ᠨᠦᠯᠦᠬᠡ  ᠪᠠᠷ  ᠦᠢᠯᠡ  ᠤᠶᠤᠳᠠᠯ   ᠳᠤ  ᠲᠤᠶᠢᠯ  ᠤᠨ  ᠲᠤᠷ᠎ᠠ  ᠪᠠᠬ᠎ᠠ  ᠲᠠᠢ  ᠪᠤᠯᠵᠦ ᠬᠦᠮᠦᠵᠢᠭᠳᠡᠵᠡᠢ᠃ ᠬᠤᠵᠢᠮ ᠨᠢ ᠰᠤᠷᠭᠠᠭᠤᠯᠢ ᠰᠤᠶᠤᠯ ᠤᠨ ᠮᠦᠷ ᠬᠦᠬᠡᠬᠡᠵᠦ᠂ ᠠᠵᠢᠯ ᠤᠨ ᠪᠠᠶᠢᠷᠢ ᠳᠤ ᠭᠠᠷᠦᠬᠰᠠᠨ ᠤ  ᠲᠠᠷᠠᠭ᠎ᠠ ᠲᠠᠯᠠᠶᠢᠴᠡᠴᠡᠭ᠂ ᠦᠢᠯᠡ ᠤᠶᠤᠳᠠᠯ ᠢᠶᠠᠨ ᠶᠡᠷᠦ  ᠠᠴᠠ ᠬᠠᠶᠠᠬᠰᠠᠨ ᠦᠬᠡᠢ ᠶᠠᠪᠤᠵᠠᠢ᠃ ᠲᠡᠷᠡ ᠤᠯᠠᠮᠵᠢᠯᠠᠯᠳᠤ ᠢᠰᠡᠬᠡᠢ  ᠤᠷᠠᠯᠠᠯ ᠢᠶᠠᠨ ᠬᠤᠶᠢᠴᠢ ᠦᠶ᠎ᠡ ᠳᠡᠭᠡᠨ ᠤᠯᠠᠮᠵᠢᠯᠠᠵᠦ ᠶᠠᠪᠤᠪᠠᠯ ᠲᠡᠭᠡᠷ᠎ᠡ ᠭᠡᠳ ᠮᠠᠯᠴᠢᠨ ᠬᠦᠮᠦᠨ ᠤ ᠪᠠᠭᠤᠴᠠᠨ ᠳᠤ ᠮᠢᠩᠭᠠᠨ ᠯᠠᠩ ᠠᠯᠳᠠ ᠲᠠᠢ ᠬᠡᠳᠡᠭ ᠲᠤ ᠪᠠᠳᠦ ᠢᠳᠡᠬᠡᠵᠦ᠂ ᠤᠯᠠᠮᠵᠢᠯᠠᠯᠳᠤ ᠮᠠᠯᠵᠢᠬᠤ ᠠᠮᠢᠳᠦᠷᠠᠯ ᠳᠠᠭᠠᠨ ᠡᠳ᠋ᠯᠡᠵᠦ ᠪᠠᠶᠢᠬᠰᠠᠨ ᠢᠰᠡᠬᠡᠢ  ᠤᠷᠠᠯᠠᠯ  ᠢᠶᠠᠨ ᠠᠵᠢᠯ ᠤᠨ ᠴᠢᠯᠦᠬᠡ ᠪᠠᠷ ᠢᠶᠠᠨ ᠬᠢᠵᠦ᠂ ᠡᠳ᠋ᠯᠡᠬᠦ ᠬᠦᠮᠦᠨ ᠦᠬᠡᠢ ᠪᠤᠯᠤᠬᠰᠠᠨ ᠴᠤ ᠰᠢᠨ᠎ᠠ ᠴᠠᠭ ᠦᠶ᠎ᠡ ᠳᠤ ᠨᠡᠶᠢᠴᠡᠭᠰᠡᠨ ᠲᠠᠸᠠᠷ ᠪᠤᠯᠭᠠᠬᠤ ᠵᠠᠮ ᠢ ᠠᠷᠪᠠᠭᠠᠳ ᠵᠢᠯ ᠰᠢᠨᠳᠠᠷᠠᠰᠢ ᠦᠬᠡᠢ ᠡᠷᠢᠯᠬᠢᠯᠡᠵᠦ᠂ ᠤᠷᠢᠳ ᠬᠤᠵᠢᠳ ᠬᠦᠯᠦᠨ ᠪᠤᠶᠢᠷ᠂ ᠰᠢᠯᠢᠨ ᠭᠤᠤᠯ ᠵᠡᠷᠭᠡ ᠭᠠᠵᠠᠷ ᠢᠶᠠᠷ ᠶᠠᠪᠤᠵᠦ ᠤᠷ᠎ᠠ ᠮᠡᠷᠬᠡᠵᠢᠯ ᠢᠶᠠᠨ ᠲᠡᠭᠡᠭᠰᠢᠯᠡᠬᠦᠯᠵᠡᠢ᠃                 ᠴᠢᠷᠮᠠᠶᠢᠯᠭ᠎ᠠ ᠶᠡᠷᠦ ᠠᠴᠠ ᠬᠦᠮᠦᠨ ᠢ ᠭᠤᠮᠤᠳᠠᠭᠠᠬᠤ ᠦᠬᠡᠢ ᠭᠡᠳᠡᠭᠴᠢᠯᠡᠨ᠂ ᠲᠠᠯᠠᠶᠢᠴᠡᠴᠡᠭ  ᠪᠠᠭᠰᠢ  ᠶᠢᠨ  ᠰᠢᠷᠭᠠᠭᠤ ᠴᠢᠷᠮᠠᠶᠢᠯᠭ᠎ᠠ ᠪᠠᠷ ᠨᠡᠶᠢᠬᠡᠮ ᠲᠡᠭᠡᠷ᠎ᠡ ᠬᠠᠯᠠᠭᠤᠨ ᠨᠦᠯᠦᠬᠡ ᠲᠤᠰᠬᠠᠯ ᠭᠠᠷᠴᠦ᠂ ᠤᠯᠠᠩᠬᠢ ᠬᠦᠮᠦᠨ ᠤᠯᠠᠮᠵᠢᠯᠠᠯᠳᠤ ᠢᠰᠡᠬᠡᠢ ᠤᠷᠠᠯᠠᠯ ᠤᠨ ᠷᠢᠳᠢ ᠰᠢᠳᠢ ᠶᠢ ᠲᠠᠨᠢᠵᠦ ᠡᠬᠢᠯᠡᠭᠰᠡᠨ ᠪᠠᠶᠢᠨ᠎ᠠ᠃ ᠤᠷᠢᠳ  ᠬᠤᠵᠢᠳ  ᠳ᠋ᠠᠱᠢᠵᠠᠢ  ᠮᠤᠩᠭᠤᠯ  ᠦᠨᠳᠦᠰᠦᠳᠡᠨ  ᠤ  ᠪᠠᠭ᠎ᠠ ᠰᠤᠷᠭᠠᠭᠤᠯᠢ᠂ ᠤᠯᠠᠭᠠᠨᠮᠤᠳᠤ ᠪᠠᠭ᠎ᠠ ᠰᠤᠷᠭᠠᠭᠤᠯᠢ ᠳᠤ ᠢᠰᠡᠬᠡᠢ ᠤᠷᠠᠯᠠᠯ ᠤᠨ ᠪᠠᠭᠰᠢ ᠪᠠᠷ ᠤᠷᠢᠬᠳᠠᠬᠰᠠᠨ ᠢᠶᠠᠷ ᠪᠠᠷᠠᠬᠤ  ᠦᠬᠡᠢ 2018 ᠤᠨ ᠳᠤ ᠬᠢᠩᠭᠠᠨ ᠠᠶᠢᠮᠠᠭ ᠤᠨ ᠲᠠᠪᠤᠳᠤᠭᠠᠷ ᠪᠦᠯᠦᠭ ᠪᠤᠳᠠᠰ ᠤᠨ ᠪᠤᠰᠤ ᠰᠤᠶᠤᠯ ᠤᠨ ᠦᠪ  ︽ᠢᠰᠡᠬᠡᠢ  ᠬᠢᠬᠦ ᠤᠷ᠎ᠠ ᠮᠡᠷᠬᠡᠵᠢᠯ  ︾ ᠤᠨ ᠦᠪᠯᠡᠨ ᠤᠯᠠᠮᠵᠢᠯᠠᠬᠴᠢ ᠪᠤᠯᠤᠬᠰᠠᠨ ᠨᠢ ᠲᠠᠯᠠᠶᠢᠴᠡᠴᠡᠭ ᠤᠨ ᠵᠤᠷᠢᠭ ᠢ ᠨᠡᠩ ᠶᠡᠭᠡ  ᠬᠦᠪᠴᠢᠯᠡᠵᠡᠢ᠃ ᠲᠠᠯᠠᠶᠢᠴᠡᠴᠡᠭ ᠪᠠᠭᠰᠢ 2017 ᠤᠨ ᠠᠴᠠ 2019 ᠤᠨ ᠪᠤᠯᠳᠠᠯ᠎ᠠ᠂ ᠤᠷᠠᠨ ᠪᠢᠴᠢᠯᠬᠡ ᠤᠷᠠᠨ ᠵᠢᠷᠤᠭ ᠤᠨ ᠦᠵᠡᠰᠬᠦᠯᠡᠩ᠂  ︽ᠰᠤᠶᠤᠯ ᠬᠢᠭᠡᠳ ᠪᠠᠶᠢᠭᠠᠯᠯᠢᠭ ᠦᠪ ᠤᠨ ᠡᠳᠦᠷᠯᠢᠭ ︾ ᠵᠡᠷᠭᠡ  ᠠᠵᠢᠯᠯᠠᠭ᠎ᠠ  ᠳᠤ  ᠤᠷᠤᠯᠴᠠᠵᠦ  ᠠᠯᠢ  ᠤᠯᠠᠨ  ᠱᠠᠩᠨᠠᠯ ᠬᠦᠬᠢᠬᠦᠯᠦᠯ ᠢᠶᠠᠷ ᠡᠩᠬᠡᠷ ᠢᠶᠠᠨ ᠮᠢᠯᠢᠶᠠᠯᠭᠠᠵᠦ ᠶᠠᠪᠤᠵᠠᠢ᠃                ᠲᠠᠯᠠᠶᠢᠴᠡᠴᠡᠭ ᠤᠨ ᠰᠢᠷᠭᠠᠭᠤ ᠠᠵᠢᠯᠯᠠᠭ᠎ᠠ ᠪᠠᠷ᠂ ᠨᠤᠳᠤᠭ ᠤᠨ ᠮᠠᠯᠴᠢᠳ ᠴᠤ ᠢᠰᠡᠬᠡᠢ ᠤᠷᠠᠯᠠᠯ᠂ ᠮᠠᠯ  ᠤᠨ  ᠠᠰᠢᠭ ᠰᠢᠮ᠎ᠠ ᠪᠠᠨ ᠰᠠᠶᠢᠳᠦᠷ ᠠᠰᠢᠬᠯᠠᠪᠠᠯ ᠪᠠᠰᠠ ᠲᠠᠸᠠᠷ ᠪᠤᠯᠭᠠᠬᠤ ᠪᠤᠯᠬᠤ ᠶᠢ ᠤᠶᠢᠯᠠᠭᠠᠵᠦ ᠡᠬᠢᠯᠡᠵᠡᠢ᠃ ᠲᠠᠯᠠᠶᠢᠴᠡᠴᠡᠭ ᠪᠠᠭᠰᠢ ᠤᠳᠤ ᠪᠤᠯᠳᠠᠯ᠎ᠠ ᠬᠤᠶᠠᠷ ᠵᠠᠭᠤ ᠭᠠᠷᠦᠢ ᠰᠤᠷᠤᠬᠴᠢ ᠬᠦᠮᠦᠵᠢᠬᠦᠯᠵᠦ᠂ ᠲᠡᠬᠦᠨ ᠤ ᠢᠰᠡᠬᠡᠢ ᠤᠷᠠᠯᠠᠯ ᠤᠨ ᠪᠦᠳᠦᠭᠡᠭᠳᠡᠬᠦᠨ  ᠢ  ᠬᠤᠷᠴᠢᠨ ᠪᠠᠷᠠᠭᠤᠨ ᠭᠠᠷᠦᠨ ᠡᠮᠦᠨᠡᠳᠤ ᠬᠤᠰᠢᠭᠤ· ᠪᠡᠬᠡᠵᠢᠩ ᠬᠤᠳᠠ ᠶᠢᠨ ᠬᠠᠢ ᠳ᠋ᠢᠶᠠᠨ ᠲᠤᠭᠤᠷᠢᠭ ᠤᠨ ᠤᠯᠠᠭ᠎ᠠ ᠦᠷᠳᠡᠭᠡ᠂  ᠬᠤᠷᠴᠢᠨ ᠪᠠᠷᠠᠭᠤᠨ ᠭᠠᠷᠦᠨ ᠡᠮᠦᠨᠡᠳᠤ ᠬᠤᠰᠢᠭᠤᠨ ᠤ ᠤᠯᠠᠭᠠᠨᠮᠤᠳᠤ ᠪᠠᠭ᠎ᠠ ᠰᠤᠷᠭᠠᠭᠤᠯᠢ ᠳᠤ ᠲᠡᠯᠬᠡᠨ ᠦᠵᠡᠬᠦᠯᠵᠦ ᠪᠤᠢ᠃                 ᠡᠬᠡ ᠪᠢᠴᠢᠭ ᠢ ᠬᠢᠩᠭᠠᠨ ᠤ ᠡᠳᠦᠷ ᠤᠨ ᠰᠤᠨᠢᠨ  ᠤ ᠬᠤᠷᠢᠶ᠎ᠠ ᠶᠢᠨ ᠡᠤ ᠰᠡᠷᠬᠦᠯᠡᠩ ᠬᠠᠩᠭᠠᠪᠠ
 
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号