ᠮᠣᠩᠭᠤᠯ ᠦᠨᠳᠦᠰᠦᠲᠡᠨ ᠤ ᠤᠷᠲᠤ ᠶᠢᠨ ᠳᠠᠭᠤᠤ
ᠨᠡᠶᠢᠲᠡᠯᠡᠭᠰᠡᠨ ᠴᠠᠭ᠄
2023/9/22
        ᠮᠣᠩᠭᠤᠯ ᠦᠨᠳᠦᠰᠦᠲᠡᠨ ᠤ ᠣᠷᠳᠣ  ᠶᠢᠨ ᠳᠠᠭᠤᠤ ᠪᠣᠯ ᠤᠮᠠᠷᠠᠲᠤ  ᠶᠢᠨ ᠲᠠᠯ᠎ᠠ  ᠨᠤᠲᠤᠭ ᠤᠨ ᠨᠡᠭᠦᠳᠡᠯᠴᠢᠨ ᠦᠨᠳᠦᠰᠦᠲᠡᠨ ᠤ ᠮᠠᠯ ᠠᠵᠤ ᠠᠬᠤᠢ  ᠶᠢᠨ ᠦᠢᠯᠡᠳᠪᠦᠷᠢᠯᠡᠯ ᠬᠥᠳᠡᠯᠮᠦᠷᠢ  ᠶᠢᠨ ᠳᠤᠮᠳᠠ ᠡᠭᠦᠳᠦᠨ ᠪᠦᠲᠦᠭᠡᠭᠰᠡᠨ᠂  ᠬᠦᠳᠡᠭᠡ ᠲᠠᠯ᠎ᠠ  ᠳᠤ ᠮᠠᠯ  ᠢᠶᠠᠨ ᠬᠠᠷᠢᠭᠤᠯᠬᠤ ᠪᠠ ᠤᠯᠠᠮᠵᠢᠯᠠᠯᠲᠤ ᠪᠠᠶᠠᠷ ᠳᠤᠷᠠᠰᠬᠠᠯ ᠤᠨ ᠦᠶ᠎ᠡ ᠳᠤ ᠳᠠᠭᠤᠯᠠᠳᠠᠭ ᠨᠢᠭᠡ  ᠵᠦᠢᠯ ‍ᠦᠨ‌ᠠᠷᠠᠳ ᠤᠨ ᠳᠠᠭᠤᠤ ᠪᠣᠯᠣᠨ᠎ᠠ᠃ ᠤᠷᠳᠤ  ᠶᠢᠨ ᠳᠠᠭᠤᠤ  ᠶᠢᠨ ᠬᠥᠭ ᠠᠶᠠᠰ  ᠨᠢ ᠣᠷᠳᠣ ᠨᠠᠮᠤᠭᠤᠬᠠᠨ᠂ ᠰᠠᠨᠠᠭ᠎ᠠ ᠠᠬᠤᠢ  ᠨᠢ ᠠᠭᠤᠵᠢᠮ᠂ ᠬᠥᠭ ᠠᠶᠠᠰ  ᠨᠢ ᠴᠢᠮᠡᠭᠯᠡᠯ ᠤᠨ ᠰᠢᠨᠵᠢ ᠪᠠᠷ ᠮᠠᠰᠢ ᠪᠠᠶᠠᠯᠢᠭ᠂ ᠢᠯᠠᠩᠭᠤᠶ᠎ᠠ ︽ᠨᠤᠭᠤᠯᠤᠭ᠎ᠠ︾ ︵ᠡᠷᠡᠦ ᠨᠤᠭᠤᠯᠤᠭ᠎ᠠ᠂  ᠲᠠᠩᠨᠠᠢ ᠨᠤᠭᠤᠯᠤᠭ᠎ᠠ︶  ᠶᠢᠨ ᠳᠠᠭᠤᠯᠠᠬᠤ ᠬᠡᠯᠪᠡᠷᠢ ᠪᠠᠷ ᠪᠦᠷᠢᠯᠳᠦᠭᠰᠡᠨ ᠢᠷᠠᠭᠤ ᠰᠠᠶᠢᠬᠠᠨ ᠳᠠᠭᠤᠯᠠᠬᠤ ᠠᠷᠭ᠎ᠠ  ᠨᠢ ᠬᠠᠮᠤᠭ  ᠠᠴᠠ ᠥᠪᠡᠷᠮᠢᠴᠡ ᠣᠨᠴᠠᠯᠢᠭ ᠲᠠᠢ ᠪᠠᠶᠢᠳᠠᠭ᠃              ᠠᠯᠢ ᠡᠷᠲᠡ ᠮᠢᠩᠭ᠎ᠠ ᠭᠠᠷᠤᠢ ᠵᠢᠯ ᠤᠨ ᠡᠮᠦᠨ᠎ᠡ᠂  ᠮᠣᠩᠭᠤᠯᠴᠤᠳ ᠤᠨ ᠡᠪᠦᠭᠡ ᠳᠡᠭᠡᠳᠦᠰ ᠡᠷᠭᠦᠨ᠎ᠡ ᠭᠤᠣᠯ ᠤᠨ ᠬᠤᠶᠠᠷ ᠬᠥᠪᠡᠭᠡᠨ ᠤ ᠠᠭᠤᠯᠠᠨ ᠣᠶ  ᠠᠴᠠ ᠭᠠᠷᠴᠤ ᠮᠣᠩᠭᠤᠯ ᠤᠨ ᠥᠨᠳᠦᠷᠯᠢᠭ ᠵᠦᠭ ᠨᠡᠭᠦᠳᠡᠯᠯᠡᠵᠦ᠂ ᠦᠢᠯᠡᠳᠪᠦᠷᠢᠯᠡᠯ ᠤᠨ ᠠᠷᠭ᠎ᠠ ᠮᠠᠶ᠋ᠢᠭ  ᠨᠢ ᠴᠦ ᠠᠩ ᠠᠩᠨᠠᠯ ᠠᠴᠠ ᠮᠠᠯ ᠠᠵᠤ ᠠᠬᠤᠢ ᠪᠣᠯᠣᠨ ᠬᠤᠪᠢᠷᠠᠵᠤ᠂ ᠣᠷᠳᠣ  ᠶᠢᠨ ᠳᠠᠭᠤᠤ ᠭᠡᠬᠦ ᠡᠨᠡ ᠬᠦ ᠰᠢᠨ᠎ᠡ ᠠᠷᠠᠳ ᠤᠨ ᠳᠠᠭᠤᠤ  ᠶᠢᠨ ᠬᠡᠯᠪᠡᠷᠢ ᠪᠣᠶ ᠪᠣᠯᠵᠤ ᠬᠥᠭᠵᠢᠭᠰᠡᠨ ᠪᠠᠶᠢᠨ᠎ᠠ᠃ ᠨᠡᠯᠢᠶᠡᠳ ᠤᠷᠲᠤ ᠬᠤᠭᠤᠴᠠᠭᠠᠨ ᠤ ᠲᠡᠦᠬᠡ  ᠶᠢᠨ ᠬᠤᠭᠤᠴᠠᠭᠠᠨ ᠳᠤ ᠲᠡᠭᠰᠢ ᠪᠦᠲᠦᠴᠡ ᠲᠠᠢ ᠠᠩ ᠠᠩᠨᠠᠯ ᠤᠨ ᠳᠠᠭᠤᠤ  ᠶᠢ ᠢᠲᠡᠭ ᠢᠲᠡᠭ  ᠢᠶᠠᠷ ᠣᠷᠣᠯᠠᠵᠤ᠂ ᠮᠣᠩᠭᠤᠯ ᠠᠷᠠᠳ ᠤᠨ ᠳᠠᠭᠤᠤ  ᠶᠢᠨ ᠭᠤᠣᠯᠯᠠᠬᠤ ᠪᠠᠶᠢᠷᠢ  ᠶᠢ ᠡᠵᠡᠯᠡᠵᠦ᠂ ᠡᠴᠦᠰ ᠲᠡᠭᠡᠨ ᠮᠣᠩᠭᠤᠯ ᠦᠨᠳᠦᠰᠦᠲᠡᠨ ᠤ ᠳᠠᠭᠤᠤ ᠬᠥᠭᠵᠢᠮ ᠤᠨ ᠨᠡᠶᠢᠲᠡᠯᠢᠭ ᠬᠡᠪ ᠨᠠᠮᠪᠠ  ᠶᠢ ᠪᠦᠷᠢᠯᠳᠦᠭᠦᠯᠦᠭᠰᠡᠨ ᠪᠥᠭᠡᠳ ᠮᠣᠩᠭᠤᠯ ᠦᠨᠳᠦᠰᠦᠲᠡᠨ ᠤ ᠳᠠᠭᠤᠤ ᠬᠥᠭᠵᠢᠮ ᠤᠨ ᠪᠤᠰᠤᠳ ᠬᠡᠯᠪᠡᠷᠢ ᠳᠤ ᠭᠦᠨ ᠭᠦᠨᠵᠡᠭᠡᠢ ᠨᠥᠯᠥᠭᠡ ᠦᠵᠡᠭᠦᠯᠦᠭᠰᠡᠨ ᠪᠠᠶᠢᠨ᠎ᠠ᠃ ᠣᠷᠳᠣ ᠬᠤᠭᠤᠴᠠᠭᠠᠨ ᠤ ᠴᠤᠭᠯᠠᠭᠤᠯᠤᠯᠲᠠ ᠳᠤ ᠮᠣᠩᠭᠤᠯ ᠨᠡᠭᠦᠳᠡᠯ ᠰᠣᠶᠣᠯ ᠤᠨ ᠣᠨᠴᠠᠯᠢᠭ ᠪᠠ ᠣᠨᠴᠠᠯᠢᠭ  ᠢ ᠢᠯᠡᠷᠡᠭᠦᠯᠵᠦ᠂ ᠮᠣᠩᠭᠤᠯ ᠦᠨᠳᠦᠰᠦᠲᠡᠨ ᠤ ᠦᠭᠡ ᠬᠡᠯᠡ᠂ ᠤᠳᠬ᠎ᠠ ᠵᠣᠬᠢᠶᠠᠯ᠂ ᠲᠡᠦᠬᠡ᠂  ᠱᠠᠰᠢᠨ ᠰᠤᠷᠲᠠᠬᠤᠨ᠂  ᠰᠡᠳᠬᠢᠴᠡ᠂  ᠶᠢᠷᠲᠢᠨᠴᠦ  ᠶᠢᠨ ᠦᠵᠡᠯᠲᠡ᠂  ᠠᠮᠢ ᠠᠬᠤᠢ  ᠶᠢᠨ   ᠦᠵᠡᠯᠲᠡ᠂ ᠠᠮᠢᠳᠤᠷᠠᠬᠤᠢ  ᠶᠢᠨ ᠦᠵᠡᠯᠲᠡ᠂ ᠵᠠᠩ ᠳᠠᠳᠬᠠᠯ ᠵᠡᠷᠭᠡ ᠲᠠᠢ ᠨᠢᠭᠲᠠ ᠬᠤᠯᠪᠣᠵᠤ᠂  ᠮᠣᠩᠭᠤᠯ ᠦᠨᠳᠦᠰᠦᠲᠡᠨ ᠤ ᠪᠥᠬᠦ ᠲᠡᠦᠬᠡ ᠪᠠ ᠨᠡᠶᠢᠭᠡᠮ ᠤᠨ ᠠᠮᠢᠳᠤᠷᠠᠯ ᠳᠤ ᠲᠤᠭᠤᠰᠢᠯᠠᠭᠳᠠᠵᠤ ᠪᠠᠶᠢᠳᠠᠭ ᠭᠡᠵᠦ ᠬᠡᠯᠡᠵᠦ ᠪᠣᠯᠣᠨ᠎ᠠ᠃         ᠤᠷᠲᠤ  ᠶᠢᠨ ᠳᠠᠭᠤᠤ  ᠶᠢᠨ ᠦᠨᠳᠦᠰᠦᠨ ᠰᠡᠳᠦᠪᠯᠡᠬᠦᠨ ᠳᠤ ᠮᠠᠯᠵᠢᠯ  ᠤᠨ ᠳᠠᠭᠤᠤ᠂  ᠨᠤᠲᠤᠭ ᠢᠶᠠᠨ ᠰᠠᠨᠠᠬᠤ ᠳᠠᠭᠤᠤ᠂  ᠮᠠᠭᠲᠠᠭᠠᠯ  ᠳᠠᠭᠤᠤ᠂ ᠬᠤᠷᠢᠮ ᠤᠨ ᠳᠠᠭᠤᠤ ᠪᠠ ᠳᠠᠶᠢᠯᠠᠯᠭ᠎ᠠ  ᠶᠢᠨ ᠳᠠᠭᠤᠤ ︵ᠪᠠᠰᠠ ᠠᠷᠢᠬᠢᠨ ᠳᠠᠭᠤᠤ ᠭᠡᠳᠡᠭ︶ ᠵᠡᠷᠭᠡ ᠪᠤᠶ᠃ ᠤᠷᠲᠤ  ᠶᠢᠨ ᠳᠠᠭᠤᠤ  ᠶᠢᠨ ᠰᠡᠳᠦᠪᠯᠡᠬᠦᠨ  ᠨᠢ ᠮᠣᠩᠭᠤᠯᠴᠤᠳ ᠤᠨ ᠨᠡᠶᠢᠭᠡᠮ ᠤᠨ ᠠᠮᠢᠳᠤᠷᠠᠯ ᠲᠠᠢ ᠨᠢᠭᠲᠠ ᠬᠤᠯᠪᠣᠭ᠎ᠠ ᠲᠠᠢ ᠪᠠᠶᠢᠳᠠᠭ᠂ ᠮᠣᠩᠭᠤᠯᠴᠤᠳ  ᠪᠦᠬᠦᠶᠢᠯᠡ ᠪᠠᠶᠠᠷ ᠳᠤᠷᠠᠰᠬᠠᠯ ᠤᠨ ᠡᠳᠦᠷ᠂ ᠬᠤᠷᠢᠮ  ᠨᠠᠶᠢᠷ᠂  ᠲᠥᠷᠥᠯ  ᠰᠠᠳᠤᠨ ᠨᠠᠶᠢᠵᠠ ᠨᠥᠬᠦᠳ ᠲᠠᠢ ᠪᠠᠨ ᠠᠭᠤᠯᠵᠠᠬᠤ᠂ ︽ᠨᠠᠭᠠᠳᠤᠮ︾ ᠵᠡᠷᠭᠡ ᠠᠵᠢᠯᠯᠠᠭ᠎ᠠ ᠳᠤ ᠵᠠᠪᠠᠯ ᠳᠠᠭᠤᠯᠠᠳᠠᠭ ᠳᠠᠭᠤᠤ ᠶᠤᠮ᠂ ᠡᠨᠡ  ᠨᠢ ᠮᠣᠩᠭᠤᠯᠴᠤᠳ ᠤᠨ ᠣᠶᠤᠨ ᠰᠠᠨᠠᠭᠠᠨ ᠤ ᠲᠡᠦᠬᠡ ᠪᠠ ᠰᠣᠶᠣᠯ ᠤᠨ ᠬᠡᠪ ᠨᠠᠮᠪᠠ  ᠶᠢ ᠪᠥᠬᠦ ᠲᠠᠯ᠎ᠠ ᠪᠠᠷ ᠲᠤᠰᠬᠠᠭᠰᠠᠨ ᠶᠤᠮ᠂ ᠡᠨᠡ  ᠨᠢ ᠮᠣᠩᠭᠤᠯ ᠦᠨᠳᠦᠰᠦᠲᠡᠨ ᠤ ᠠᠷᠠᠳ ᠲᠦᠮᠡᠨ ᠤ ᠣᠶᠤᠨ ᠰᠠᠨᠠᠭᠠᠨ ᠤ ᠲᠡᠦᠬᠡ ᠪᠠ  ᠰᠣᠶᠣᠯ ᠤᠨ ᠬᠡᠪ ᠨᠠᠮᠪᠠ  ᠶᠢ  ᠪᠥᠬᠦ ᠲᠠᠯ᠎ᠠ ᠪᠠᠷ ᠬᠠᠷᠠᠭᠤᠯᠵᠤ ᠪᠠᠶᠢᠭ᠎ᠠ ᠶᠤᠮ᠃ ᠤᠷᠲᠤ  ᠶᠢᠨ ᠳᠠᠭᠤᠤ  ᠶᠢᠨ ᠰᠤᠳᠤᠯᠤᠯ  ᠨᠢ ᠳᠠᠭᠤᠤ ᠬᠥᠭᠵᠢᠮ ᠤᠨ ᠤᠬᠠᠭᠠᠨ ᠤ ᠠᠯᠢ ᠣᠯᠠᠨ ᠰᠠᠯᠪᠤᠷᠢ ᠰᠢᠨᠵᠢᠯᠡᠭᠡᠨ ᠳᠤ ᠬᠤᠯᠪᠣᠭᠳᠠᠵᠤ᠂ ᠲᠡᠭᠦᠨ ᠤ ᠲᠤᠬᠠᠢ ᠰᠤᠳᠤᠯᠤᠯ ᠪᠠ ᠬᠠᠮᠠᠭᠠᠯᠠᠯᠲᠠ  ᠨᠢ ᠦᠨᠡᠨ ᠳᠡᠭᠡᠨ ᠥᠨᠢ ᠤᠳᠠᠭᠠᠨ ᠲᠡᠦᠬᠡ ᠲᠠᠢ ᠲᠠᠯ᠎ᠠ ᠨᠤᠲᠤᠭ ᠤᠨ ᠪᠣᠯᠪᠠᠰᠤᠨ ᠪᠠ ᠲᠠᠯ᠎ᠠ ᠨᠤᠲᠤᠭ ᠤᠨ ᠰᠣᠶᠣᠯ ᠤᠨ ᠲᠥᠷᠥᠯ ᠵᠦᠢᠯ ᠤᠨ ᠲᠤᠬᠠᠢ ᠬᠠᠮᠤᠭ ᠤᠨ ᠬᠦᠴᠦᠲᠡᠢ ᠤᠯᠠᠮᠵᠢᠯᠠᠯ ᠪᠠ ᠬᠠᠮᠠᠭᠠᠯᠠᠯᠲᠠ ᠪᠣᠯᠬᠤ ᠶᠤᠮ᠃      
 
ᠢᠷᠡᠯᠲᠡ᠄ ᠳᠤᠮᠳᠠᠳᠤ ᠤᠯᠤᠰ ᠤᠨ ᠪᠣᠳᠠᠰ ᠤᠨ ᠪᠤᠰᠤ ᠰᠣᠶᠣᠯ ᠤᠨ ᠥᠪ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号