ᠭᠠᠶᠢᠬᠠᠯᠲᠠᠢ ᠨᠠᠭᠠᠳᠤᠮ ᠲᠡᠮᠡᠭᠡᠨ ᠪᠦᠮᠪᠦᠭᠡ
ᠨᠡᠶᠢᠲᠡᠯᠡᠭᠰᠡᠨ ᠴᠠᠭ᠄
2023/10/11
        ᠦᠪᠦᠷ  ᠮᠣᠩᠭᠤᠯ ᠤᠨ  ᠦᠪᠡᠷᠲᠡᠭᠡᠨ  ᠵᠠᠰᠠᠬᠤ  ᠣᠷᠤᠨ ᠤ  ᠠᠷᠪᠠᠳᠤᠭᠠᠷ  ᠬᠤᠭᠤᠴᠠᠭᠠᠨ ᠤ  ᠴᠦᠬᠡᠨ  ᠲᠤᠭᠠᠳᠤ ᠦᠨᠳᠤᠰᠤᠳᠡᠨ ᠤ ᠣᠯᠠᠮᠵᠢᠯᠠᠯᠲᠤ ᠪᠡᠶ᠎ᠡ ᠶᠢᠨ ᠲᠠᠮᠢᠷ ᠤᠨ ᠴᠤᠭᠯᠠᠭᠠᠨ ᠤ ᠲᠦᠷᠪᠡᠳ ᠬᠤᠰᠢᠭᠤᠨ ᠳᠠᠬᠢ ᠬᠤᠪᠢᠶᠠᠷᠢ ᠲᠠᠯᠠᠪᠠᠢ ᠵᠢᠨ‌ᠣᠷᠤᠯᠳᠤᠭᠠᠨ ᠤ ᠬᠤᠭᠤᠴᠠᠭᠠᠨ ᠳᠤ᠂  ᠮᠠᠯᠵᠢᠯ  ᠰᠤᠶᠤᠯ  ᠪᠠ  ᠪᠡᠶ᠎ᠡ ᠶᠢᠨ  ᠲᠠᠮᠢᠷ ᠢ  ᠣᠷᠭᠠᠨᠢᠭ ᠢᠶᠠᠷ  ᠤᠶᠠᠯᠳᠤᠭᠤᠯᠤᠭᠰᠠᠨ‌‍ᠰᠤᠨᠢᠷᠬᠠᠯᠲᠤ ᠨᠠᠭᠠᠳᠤᠮ ᠲᠡᠮᠡᠭᠡᠨ  ᠪᠦᠮᠪᠦᠭᠡ ᠶᠢᠨ  ᠣᠷᠤᠯᠳᠤᠭᠠᠨ   ᠤ  ᠦᠵᠡᠬᠦᠯᠦᠯᠭᠡ ᠶᠢᠨ  ᠲᠤᠭᠯᠠᠯᠳᠠ  ᠨᠢ  ᠦᠵᠡᠭᠴᠢᠳ‌ᠣᠯᠠᠨ ᠤ ᠪᠠᠭ᠋ᠠᠷᠬᠠᠯ ᠰᠤᠨᠢᠷᠬᠠᠯ ᠢ ᠲᠠᠳᠠᠵᠦ᠂ ᠲᠠᠮᠢᠷᠴᠢᠳ ᠤᠨ ᠭᠠᠶᠢᠬᠠᠯᠳᠠᠢ ᠴᠢᠳᠠᠮᠠᠭᠠᠢ ᠤᠷ᠎ᠠ ᠴᠢᠳᠠᠪᠦᠷᠢ᠂ ᠪᠤᠰᠢᠭᠤ  ᠱᠠᠯᠠᠮᠠᠭᠠᠢ‌ᠦᠢᠯᠡ ᠬᠦᠳᠡᠯᠦᠯ᠂ ᠡᠷᠡᠯᠬᠡᠭ ᠲᠠᠶᠢᠴᠢᠨ ᠰᠦᠰᠤ ᠵᠣᠷᠢᠭ ᠪᠠ ᠬᠦᠮᠤᠨ ᠲᠡᠮᠡᠭᠡ ᠨᠢᠭᠡ ᠴᠤᠭᠴᠠᠵᠢᠭᠰᠠᠨ ᠤᠶᠠᠯᠳᠤᠯ ᠵᠤᠬᠢᠴᠠᠯᠳᠤᠯ‌ᠨᠢ ᠮᠣᠩᠭᠤᠯᠴᠤᠳ ᠤᠨ  ᠡᠷᠲᠡ  ᠢᠵᠡᠭᠤᠷ ᠠᠴᠠ  ᠲᠠᠪᠤᠨ  ᠬᠤᠰᠢᠭᠤ  ᠮᠠᠯ ᠢᠶᠠᠨ  ᠠᠷᠠᠴᠢᠯᠠᠨ  ᠳᠤᠳᠤᠮᠳᠠᠵᠦ᠂  ᠬᠠᠶᠢᠷᠠᠯᠠᠵᠦ ᠬᠢᠮᠠᠭᠠᠳᠠᠨ᠂ ᠵᠦᠢᠲᠠᠢ ᠠᠰᠢᠭᠯᠠᠵᠦ ᠢᠷᠡᠭᠰᠡᠨ ᠴᠡᠴᠠᠨ ᠮᠡᠷᠭᠡᠨ ᠣᠢ ᠪᠢᠯᠢᠭ ᠢ ᠬᠦᠢᠴᠡᠳ ᠬᠠᠷᠠᠭᠤᠯᠵᠦ᠂ ᠡᠭᠦᠪᠡᠷ  ᠲᠠᠮᠵᠢᠭᠤᠯᠤᠨ‌ᠦᠨᠳᠤᠰᠤᠳᠡᠨ ᠤ ᠰᠢᠯᠢᠳᠡᠭ ᠤᠯᠠᠮᠵᠢᠯᠠᠯᠲᠤ ᠥᠪ ᠰᠤᠶᠤᠯ ᠢ ᠣᠯᠠᠨ ᠲᠠᠶᠠᠭᠠᠷ ᠲᠤ ᠲᠠᠨᠢᠭᠤᠯᠤᠨ  ᠮᠡᠳᠡᠷᠡᠬᠦᠯᠵᠦ᠂  ᠤᠯᠠᠮᠵᠢᠯᠠᠨ ᠬᠥᠭᠵᠢᠬᠦᠯᠬᠦ ᠶᠢ ᠠᠬᠢᠭᠤᠯᠤᠭᠰᠠᠨ ᠪᠠᠶᠢᠨ᠎ᠠ᠃
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号