ᠰᠠᠶᠢᠨ ᠮᠣᠷᠢ ᠳᠤ ᠰᠠᠶᠢᠨ ᠡᠮᠡᠭᠡᠯ ᠲᠠᠭᠠᠷᠠᠭᠤᠯᠤᠨ᠎ᠠ᠂ ᠰᠠᠶᠢᠨ ᠮᠣᠷᠢ ᠳᠤ ︽ᠰᠠᠶᠢᠨ ᠱᠠᠬᠠᠢ︾ | ᠲᠠᠭᠠᠷᠠᠭᠤᠯᠤᠨ᠎ᠠ᠃ ᠮᠣᠷᠢᠨ ᠮᠡᠷᠭᠡᠵᠢᠯ ᠤᠨ ᠤᠷᠤᠯᠳᠤᠭᠠᠨ ᠳᠤ᠂ ᠡᠮᠡᠭᠡᠯ ᠲᠠᠢ ᠠᠳᠠᠯᠢᠳᠬᠠᠪᠠᠯ᠂ ᠮᠣᠷᠢᠨ ᠲᠤᠭᠤᠷᠠᠢ ᠶᠢᠨ | ᠳᠣᠣᠷᠠᠬᠢ ᠲᠠᠬ᠎ᠠ ᠶᠢ ᠬᠥᠮᠥᠰ ᠦᠷᠭᠦᠯᠵᠢ ᠣᠮᠲᠣᠭᠠᠶᠢᠯᠠᠳᠠᠭ᠂ ᠡᠨᠡ ᠬᠦ ᠵᠢᠵᠢᠭᠬᠡᠨ ᠲᠠᠬ᠎ᠠ ᠨᠢ ᠤᠷᠤᠯᠳᠤᠭᠠᠨ ᠳᠤ | ᠵᠠᠩᠭᠢᠯᠠᠭ᠎ᠠ ᠶᠢᠨ ᠦᠢᠯᠡᠳᠦᠯ ᠦᠵᠡᠭᠦᠯᠵᠦ ᠪᠠᠶᠢᠳᠠᠭ᠃ ᠲᠤᠭᠤᠷᠠᠢ ᠬᠠᠳᠠᠭᠴᠢ ᠨᠢ ᠮᠣᠷᠢᠨ ᠮᠡᠷᠭᠡᠵᠢᠯ ᠤᠨ | ᠤᠷᠤᠯᠳᠤᠭᠠᠨ ᠤ ᠬᠥᠰᠢᠭᠡᠨ ᠠᠷᠤ ᠶᠢᠨ ᠠᠵᠢᠯᠲᠠᠨ ᠪᠣᠯᠤᠭᠰᠠᠨ ᠤ ᠬᠤᠪᠢ ᠳᠤ᠂ ᠬᠥᠮᠥᠰ ᠰᠠᠶᠢᠨ ᠮᠡᠳᠡᠬᠦ ᠦᠭᠡᠢ᠂ | ᠭᠡᠲᠡᠯ᠎ᠡ ᠲᠡᠳᠡ ᠬᠠᠷᠢᠨ ᠶᠡᠷᠦ ᠪᠤᠰᠤ ᠶᠢᠨ ᠠᠵᠢᠯ ᠬᠢᠵᠦ ᠪᠠᠶᠢᠨ᠎ᠠ᠃ | ᠵᠢᠱᠢᠶᠡᠯᠡᠪᠡᠯ᠂ ᠲᠦᠷᠦᠭᠦᠬᠡᠨ ᠶᠠᠪᠤᠭᠳᠠᠭᠰᠠᠨ ᠬᠠᠩᠵᠧᠦ ᠶᠢᠨ ᠠᠽᠢᠶ᠎ᠠ ᠲᠢᠪ ᠤᠨ ᠪᠡᠶ᠎ᠡ ᠶᠢᠨ ᠲᠠᠮᠢᠷ ᠤᠨ | ᠴᠤᠭᠯᠠᠭᠠᠨ ᠤ ᠮᠣᠷᠢᠨ ᠮᠡᠷᠭᠡᠵᠢᠯ ᠤᠨ ᠤᠷᠤᠯᠳᠤᠭᠠᠨ ᠳᠤ᠂ ᠤᠷᠤᠯᠳᠤᠭᠠᠨ ᠤ ᠲᠠᠯᠠᠪᠤᠷ ᠲᠠᠬᠢ ᠲᠠᠮᠢᠷᠴᠢᠨ ᠪᠠ ᠮᠣᠷᠢ | ᠤᠨᠤᠬᠤ ᠨᠢ ᠲᠤᠭᠤᠷᠠᠢ ᠬᠠᠳᠠᠭᠴᠢ ᠶᠢᠨ ᠬᠠᠮᠠᠭᠠᠯᠠᠯᠲᠠ ᠠᠴᠠ ᠰᠠᠯᠵᠤ ᠴᠢᠳᠠᠬᠤ ᠦᠭᠡᠢ᠃ ᠲᠣᠰ ᠤᠳᠠᠭᠠᠨ ᠤ | ᠬᠠᠩᠵᠧᠦ ᠶᠢᠨ ᠠᠽᠢᠶ᠎ᠠ ᠲᠢᠪ ᠤᠨ ᠪᠡᠶ᠎ᠡ ᠶᠢᠨ ᠲᠠᠮᠢᠷ ᠤᠨ ᠴᠤᠭᠯᠠᠭᠠᠨ ᠳᠤ ᠨᠡᠶᠢᠲᠡ 6 ᠲᠤᠭᠤᠷᠠᠢ ᠬᠠᠳᠠᠭᠴᠢ | ᠪᠠᠭᠰᠢ ᠲᠠᠢ᠂ ᠡᠭᠦᠨ ᠳᠤ 2 ᠨᠢ ᠠᠩᠭ᠍ᠯᠢ ᠠᠴᠠ ᠢᠷᠡᠵᠦ᠂ ᠨᠥᠭᠦᠭᠡ 4 ᠨᠢ ᠴᠥᠮ ᠥᠪᠥᠷ ᠮᠣᠩᠭᠤᠯ ᠤᠨ | ᠲᠠᠷᠢᠶᠠᠯᠠᠩ ᠤᠨ ᠶᠡᠭᠡ ᠰᠤᠷᠭᠠᠭᠤᠯᠢ ᠶᠢᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠠᠴᠠ ᠢᠷᠡᠭᠰᠡᠨ ᠶᠤᠮ᠃ | ᠲᠤᠭᠤᠷᠠᠢ ᠬᠠᠳᠠᠬᠤ ᠶᠠᠪᠤᠴᠠ ᠨᠢ ᠶᠠᠭᠤ ᠪᠤᠢ︖ ᠥᠪᠥᠷ ᠮᠣᠩᠭᠤᠯ ᠤᠨ ᠲᠠᠷᠢᠶᠠᠯᠠᠩ ᠤᠨ ᠶᠡᠭᠡ | ᠰᠤᠷᠭᠠᠭᠤᠯᠢ ᠶᠢᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠶᠢᠨ ᠮᠣᠷᠢᠨ ᠮᠡᠷᠭᠡᠵᠢᠯ ᠤᠨ ᠦᠢᠯᠡᠳᠦᠯᠭᠡ ᠶᠢᠨ | ᠰᠠᠭᠤᠷᠢᠨ ᠭᠠᠵᠠᠷ ᠤᠨ ᠡᠷᠬᠢᠯᠡᠭᠴᠢ᠂ ᠮᠥᠨ ᠴᠦ ᠲᠣᠰ ᠤᠳᠠᠭᠠᠨ ᠤ ᠠᠽᠢᠶ᠎ᠠ ᠲᠢᠪ ᠤᠨ ᠪᠡᠶ᠎ᠡ ᠶᠢᠨ ᠲᠠᠮᠢᠷ ᠤᠨ | ᠴᠤᠭᠯᠠᠭᠠᠨ ᠤ ᠮᠣᠷᠢᠨ ᠮᠡᠷᠭᠡᠵᠢᠯ ᠤᠨ ᠲᠥᠷᠥᠯ ᠵᠦᠢᠯ ᠤᠨ ᠮᠣᠷᠢᠨ ᠮᠡᠷᠭᠡᠵᠢᠯ ᠤᠨ ᠬᠠᠮᠢᠶᠠᠷᠤᠯᠲᠠ ᠶᠢᠨ | ᠳᠤᠭᠤᠶᠢᠯᠠᠩ ᠤᠨ ᠲᠤᠭᠤᠷᠠᠢ ᠬᠠᠳᠠᠬᠤ ᠪᠦᠯᠬᠦᠮ ᠤᠨ ᠪᠦᠷᠢᠯᠳᠦᠭᠦᠨ ᠸᠠᠩ ᠶᠦᠩ ᠪᠢᠳᠡᠨ ᠳᠤ ︽ᠲᠤᠭᠤᠷᠠᠢ ᠬᠠᠳᠠᠬᠤ | ︾ ᠨᠢᠭᠤᠴᠠᠭᠠᠢ ᠨᠢᠭᠤᠷ ᠤᠨ ᠱᠠ ᠶᠢ ᠨᠡᠭᠡᠭᠡᠵᠦ ᠥᠭᠪᠡ᠃ | ᠥᠪᠥᠷ ᠮᠣᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠠᠵᠢᠯ ᠮᠡᠷᠭᠡᠵᠢᠯ ᠤᠨ ᠳᠡᠭᠡᠳᠦ | ᠰᠤᠷᠭᠠᠭᠤᠯᠢ ᠶᠢᠨ ᠪᠡᠶ᠎ᠡ ᠶᠢᠨ ᠲᠠᠮᠢᠷ ᠤᠨ ᠮᠣᠷᠢ ᠰᠤᠷᠭᠠᠬᠤ ᠰᠠᠭᠤᠷᠢᠨ ᠤ ᠲᠤᠭᠤᠷᠠᠢ ᠬᠠᠳᠠᠬᠤ ᠲᠠᠰᠤᠭ ᠲᠤ᠂ ᠸᠠᠩ | ᠶᠦᠩ ᠰᠤᠷᠤᠭᠴᠢ ᠭᠦᠸᠧ ᠴᠦᠨ ᠶᠣᠣ ᠲᠠᠢ ᠬᠠᠮᠲᠤ ᠨᠢᠭᠡ ᠮᠣᠷᠢᠨ ᠳᠤ ᠲᠤᠭᠤᠷᠠᠢ ᠵᠠᠰᠠᠵᠤ ᠪᠠᠶᠢᠪᠠ᠂ ᠸᠠᠩ ᠶᠦᠩ | ᠪᠣᠯᠪᠠᠰᠤᠷᠠᠩᠭᠤᠢ ᠪᠠᠷ ᠮᠣᠷᠢᠨ ᠬᠥᠯ ᠢ ᠡᠷᠭᠦᠵᠦ᠂ ᠬᠠᠭᠤᠴᠢᠨ ᠲᠤᠭᠤᠷᠠᠢ ᠶᠢ ᠠᠪᠴᠤ᠂ ᠮᠣᠷᠢᠨ ᠲᠤᠭᠤᠷᠠᠢ ᠶᠢ | ᠴᠡᠪᠡᠷᠯᠡᠵᠦ᠂ ᠢᠯᠡᠭᠦᠴᠡ ᠡᠪᠡᠷᠯᠢᠭ ᠡᠳ᠋ ᠢ ᠬᠠᠶᠢᠴᠢᠯᠠᠵᠤ᠂ ᠲᠤᠭᠤᠷᠠᠢ ᠶᠢᠨ ᠬᠡᠯᠪᠡᠷᠢ ᠶᠢ ᠵᠠᠰᠠᠵᠤ᠂ ᠳᠠᠷᠠᠭ᠎ᠠ ᠨᠢ ᠲᠡᠷᠡ | ᠲᠤᠭᠤᠷᠠᠢ ᠶᠢ ᠤᠯᠠᠶᠢᠯᠭᠠᠨ᠂ ᠮᠣᠷᠢᠨ ᠲᠤᠭᠤᠷᠠᠢ ᠳᠡᠭᠡᠷ᠎ᠡ ᠲᠠᠯᠪᠢᠵᠤ᠂ ᠮᠣᠷᠢ ᠪᠠᠷ ︽ᠲᠤᠷᠰᠢᠨ ᠡᠮᠦᠰᠦᠭᠦᠯᠦᠨᠡ︾᠃ | ᠭᠡᠳᠤ ᠤᠳᠠᠭ᠎ᠠ ᠲᠤᠷᠰᠢᠵᠤ᠂ ᠳᠦᠷᠢ ᠱᠤᠭᠤᠭᠠᠳ᠂ ᠰᠢᠷᠡᠮᠦ᠋ᠢᠨ ᠬᠡᠮᠵᠢᠶ᠎ᠡ ᠶᠢ ᠵᠣᠬᠢᠴᠠᠭᠤᠯᠵᠠᠢ᠂ ᠰᠢᠷᠡᠮᠦ ᠬᠥᠷᠦᠮᠡᠭᠴᠡ᠂ | ᠮᠣᠷᠢ ᠳᠤ ᠰᠢᠷᠡᠮᠦ ᠰᠢᠭᠠᠭᠰᠠᠨ ᠪᠠᠶᠢᠨ᠎ᠠ᠃ ︽ᠳ᠋ᠢᠩ ᠳ᠋ᠠᠩ︾ ᠠᠯᠤᠬ᠎ᠠ ᠶᠢᠨ ᠲᠦᠪᠡᠷᠭᠡᠨ ᠢ ᠳᠠᠭᠠᠯᠳᠤᠨ᠂ ᠤᠳᠠᠯ ᠦᠭᠡᠢ | ᠮᠣᠷᠢ ︽ᠰᠢᠨ᠎ᠡ ᠱᠠᠬᠠᠢ︾ ᠪᠠᠨ ᠭᠢᠰᠬᠢᠨ ᠪᠣᠯᠪᠠᠰᠤᠷᠠᠯ ᠤᠨ ᠲᠠᠯᠠᠪᠠᠢ ᠵᠦᠭ ᠳᠠᠪᠬᠢᠪᠠ᠃ | ᠸᠠᠩ ᠶᠦᠩ ᠲᠠᠨᠢᠯᠴᠠᠭᠤᠯᠬᠤ ᠳᠠᠭᠠᠨ᠂ ᠪᠡᠶ᠎ᠡ ᠶᠢᠨ ᠲᠠᠮᠢᠷ ᠤᠨ ᠮᠣᠷᠢᠨ ᠤ ᠬᠥᠳᠡᠯᠭᠡᠭᠡᠨ ᠤ ᠳᠠᠪᠲᠠᠮᠵᠢ ᠮᠠᠰᠢ | ᠥᠨᠳᠥᠷ᠂ ᠮᠣᠷᠢᠨ ᠲᠤᠭᠤᠷᠠᠢ ᠶᠢᠨ ᠡᠯᠡᠭᠳᠡᠯ ᠤᠨ ᠬᠤᠷᠳᠤᠴᠠ ᠲᠦᠷᠭᠡᠨ᠂ ᠮᠣᠷᠢᠨ ᠲᠤᠭᠤᠷᠠᠢ ᠳᠤ ᠲᠡᠮᠦᠷ ᠬᠠᠳᠠᠪᠠᠯ | ᠡᠯᠡᠭᠳᠡᠯ ᠢ ᠪᠠᠭᠠᠰᠬᠠᠵᠤ᠂ ᠮᠣᠷᠢᠨ ᠳᠤ ᠬᠠᠮᠠᠭᠠᠯᠠᠬᠤ ᠦᠢᠯᠡᠳᠦᠯ ᠦᠵᠡᠭᠦᠯᠳᠡᠭ᠃ ᠭᠡᠲᠡᠯ᠎ᠡ ᠲᠤᠭᠤᠷᠠᠢ ᠶᠡᠭᠡ ᠪᠣᠯᠪᠠᠯ | ᠰᠤᠯᠠᠷᠠᠨ᠎ᠠ︔ ᠲᠤᠭᠤᠷᠠᠢ ᠤᠨᠠᠪᠠᠯ ᠲᠤᠭᠤᠷᠠᠢ ᠶᠢᠨ ᠬᠠᠨ᠎ᠠ ᠤᠷᠠᠭᠳᠠᠵᠤ᠂ ᠮᠣᠷᠢ ᠰᠢᠷᠬᠠᠲᠤᠨ᠎ᠠ︔ ᠲᠤᠭᠤᠷᠠᠢ ᠪᠠᠭ᠎ᠠ | ᠪᠣᠯᠪᠠᠯ ᠮᠣᠷᠢᠨ ᠳᠤ ᠨᠢᠭᠡ ᠱᠠᠬᠠᠢ ᠡᠮᠦᠰᠬᠡᠭᠰᠡᠨ ᠲᠠᠢ ᠠᠳᠠᠯᠢ᠂ ᠮᠣᠷᠢ ᠡᠪᠡᠳᠴᠦ ᠳᠣᠭᠤᠯᠠᠩ ᠪᠣᠯᠣᠨ᠎ᠠ᠃ ᠮᠣᠷᠢᠨ | ᠮᠡᠷᠭᠡᠵᠢᠯ ᠤᠨ ᠤᠷᠤᠯᠳᠤᠭᠠᠨ ᠳᠤ ᠮᠣᠷᠢ ᠳᠣᠭᠤᠯᠠᠩ ᠪᠣᠯᠪᠠᠯ ᠲᠡᠷᠡ ᠳᠣᠣᠷ᠎ᠠ ᠪᠠᠨ ᠰᠢᠭᠰᠢᠭᠳᠡᠳᠡᠭ᠂ ᠡᠶᠢᠮᠦ ᠠᠴᠠ | ᠨᠢᠭᠡᠨ ᠲᠤᠭᠤᠷᠠᠢ ᠬᠠᠳᠠᠭᠴᠢ ᠳᠤ ᠠᠪᠴᠤ ᠬᠡᠯᠡᠪᠡᠯ᠂ ᠨᠢᠭᠡ ᠤᠳᠠᠭᠠᠨ ᠤ ᠲᠤᠭᠤᠷᠠᠢ ᠬᠠᠳᠠᠬᠤ ᠠᠵᠢᠯ ᠢ ᠪᠡᠶᠡᠯᠡᠭᠦᠯᠬᠦ | ᠨᠢ ᠨᠢᠭᠡᠨ ᠨᠠᠷᠢᠯᠢᠭ ᠰᠠᠶᠢᠬᠠᠨ ᠤᠷᠠᠯᠢᠭ ᠤᠨ ᠪᠦᠲᠦᠭᠡᠯ ᠢ ᠪᠡᠶᠡᠯᠡᠭᠦᠯᠬᠦ ᠠᠴᠠ ᠳᠤᠲᠠᠭᠤ ᠦᠭᠡᠢ ᠶᠤᠮ᠃ | ᠣᠶᠢᠯᠠᠭᠠᠭᠰᠠᠨ ᠢᠶᠠᠷ᠂ ᠲᠤᠭᠤᠷᠠᠢ ᠬᠠᠳᠠᠭᠴᠢ ᠪᠠᠭᠰᠢ ᠤᠯᠤᠰ ᠤᠨ ᠳᠣᠲᠣᠭᠠᠳᠤ ᠳᠤ ᠮᠠᠰᠢ ᠳᠤᠲᠠᠭᠳᠠᠵᠤ | ᠪᠠᠶᠢᠨ᠎ᠠ᠂ ᠸᠠᠩ ᠶᠦᠩ ᠤᠨ ᠪᠠᠭᠰᠢᠯᠠᠵᠤ ᠪᠠᠶᠢᠭ᠎ᠠ ᠥᠪᠥᠷ ᠮᠣᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ | ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠪᠣᠯ ᠤᠯᠤᠰ ᠤᠨ ᠳᠣᠲᠣᠭᠠᠳᠤ ᠶᠢᠨ ᠲᠤᠭᠤᠷᠠᠢ ᠬᠠᠳᠠᠭᠴᠢ ᠪᠠᠭᠰᠢ ᠶᠢ | ᠬᠥᠮᠥᠵᠢᠭᠦᠯᠵᠦ ᠴᠢᠳᠠᠬᠤ ᠲᠤᠰᠬᠠᠢ ᠮᠡᠷᠭᠡᠵᠢᠯ ᠤᠨ ᠴᠥᠭᠡᠨ ᠲᠣᠭᠠᠨ ᠤ ᠳᠡᠭᠡᠳᠦ ᠰᠤᠷᠭᠠᠭᠤᠯᠢ ᠪᠣᠯᠣᠨ᠎ᠠ᠃ 2010 | ᠣᠨ ᠳᠤ ᠮᠠᠯ ᠠᠵᠤ ᠠᠬᠤᠢ᠂ ᠮᠠᠯ ᠡᠮᠨᠡᠯᠭᠡ ᠶᠢᠨ ᠡᠮᠴᠢ ︵ᠰᠫᠣᠷᠲᠦ ᠮᠣᠷᠢ ᠶᠢ ᠳᠠᠰᠬᠠᠨ ᠲᠡᠵᠢᠭᠡᠬᠦ ᠪᠠ ᠬᠠᠮᠢᠶᠠᠷᠬᠤ︶ | ᠶᠢᠨ ᠲᠤᠰᠬᠠᠢ ᠮᠡᠷᠭᠡᠵᠢᠯ ᠢ ᠪᠠᠶᠢᠭᠤᠯᠤᠭᠰᠠᠨ ᠠᠴᠠ ᠤᠳᠤ ᠪᠣᠯᠲᠠᠯ᠎ᠠ᠂ ᠠᠷᠪᠠ ᠭᠠᠷᠤᠢ ᠵᠢᠯ ᠤᠨ ᠬᠥᠭᠵᠢᠯᠲᠡ ᠶᠢ | ᠥᠩᠭᠡᠷᠡᠭᠡᠭᠡᠳ᠂ ᠲᠤᠰ ᠳᠡᠭᠡᠳᠦ ᠰᠤᠷᠭᠠᠭᠤᠯᠢ ᠨᠢ ᠳᠤᠮᠳᠠᠳᠤ ᠤᠯᠤᠰ ᠤᠨ ᠠᠳᠤᠭᠤᠨ ᠦᠢᠯᠡᠰ ᠤᠨ | ᠴᠢᠳᠠᠪᠤᠷᠢᠲᠠᠨ ᠢ ᠬᠥᠮᠥᠵᠢᠭᠦᠯᠬᠦ ᠳᠠᠭᠠᠭᠤᠯᠤᠭᠴᠢ ᠪᠣᠯᠵᠠᠢ᠃ ᠡᠳᠦᠭᠡ᠂ ᠪᠤᠭᠤᠲᠤ ︽ᠳᠤᠮᠳᠠᠳᠤ ᠤᠯᠤᠰ ᠤᠨ | ᠠᠳᠤᠭᠤᠨ ᠤ ᠬᠤᠲᠠ︾ ᠶᠢ ᠡᠭᠦᠳᠦᠨ ᠪᠠᠶᠢᠭᠤᠯᠵᠤ᠂ ᠳᠡᠭᠡᠳᠦ ᠰᠤᠷᠭᠠᠭᠤᠯᠢ ᠠᠳᠤᠭᠤᠨ ᠤ ᠦᠢᠯᠡᠰ ᠤᠨ | ᠴᠢᠳᠠᠪᠤᠷᠢᠲᠠᠨ ᠢ ᠬᠥᠮᠥᠵᠢᠭᠦᠯᠬᠦ ᠰᠢᠨ᠎ᠡ ᠪᠠᠶᠢᠳᠠᠯ ᠢ ᠲᠠᠰᠤᠷᠠᠯᠲᠠ ᠦᠭᠡᠢ ᠡᠭᠦᠳᠴᠦ᠂ ᠪᠤᠭᠤᠲᠤ ᠶᠢᠨ ᠠᠳᠤᠭᠤᠨ ᠤ | ᠠᠵᠤ ᠦᠢᠯᠡᠰ ᠤᠨ ᠬᠦᠴᠦᠨ ᠢᠶᠠᠨ ᠲᠥᠪᠯᠡᠷᠡᠭᠦᠯᠦᠨ ᠰᠦᠷ ᠬᠦᠴᠦᠨ ᠪᠣᠯᠵᠤ᠂ ᠪᠤᠭᠤᠲᠤ ᠶᠢᠨ ︽ᠳᠤᠮᠳᠠᠳᠤ | ᠤᠯᠤᠰ ᠤᠨ ᠠᠳᠤᠭᠤᠨ ᠤ ᠬᠤᠲᠠ︾ ᠶᠢᠨ ᠲᠦᠷᠦᠯ ᠲᠡᠮᠳᠡᠭ ᠢ ᠬᠡᠷᠡᠯᠳᠦᠬᠦᠯᠬᠦ ᠳᠤ ᠬᠦᠴᠦᠷᠬᠡᠭ ᠶᠡᠭᠡ | ᠴᠢᠳᠠᠪᠤᠷᠢᠲᠠᠨ ᠤ ᠲᠤᠯᠭᠠᠭᠤᠷᠢᠯᠠᠯ ᠬᠠᠩᠭᠠᠪᠠ᠃ | | | | | | |